| | ᠪᠠᠶᠠᠰᠬᠤᠯᠠᠩ ᠠᠮᠤᠭᠤᠯᠠᠩᠳᠤ ᠰᠦᠮ᠎ᠡ ᠶᠢ ᠨᠤᠳᠤᠭ ᠤᠨ ᠠᠷᠠᠳ ᠪᠠᠰᠠ ︽ᠪᠢᠷᠠᠭᠤ ᠰᠦᠮ᠎ᠡ︾ ᠬᠡᠳᠡᠭ᠃ | ᠰᠦᠮ᠎ᠡ ᠪᠠᠶᠢᠭᠤᠯᠤᠭᠰᠠᠨ ᠭᠠᠵᠠᠷ ᠤᠨ ᠤᠷᠴᠢᠨ ᠳᠤ ᠬᠡᠰᠢᠭᠳᠡᠨ ᠵᠠᠰᠠᠭ ᠨᠤᠶᠠᠨ ᠤ ᠪᠢᠷᠠᠭᠤ ᠶᠢᠨ ᠰᠦᠷᠦᠭ ᠢ | ᠮᠠᠯᠵᠢᠵᠤ ᠪᠠᠶᠢᠭᠰᠠᠨ ᠢᠶᠠᠷ ᠨᠢ ᠡᠨᠡᠬᠦ ᠭᠠᠵᠠᠷ ᠢ ︽ᠪᠢᠷᠠᠭᠤ ᠰᠦᠮ᠎ᠡ︾ ᠭᠡᠵᠤ ᠤᠯᠠᠨ ᠢᠶᠠᠷ ᠢᠶᠠᠨ ᠨᠡᠷᠡᠯᠡᠵᠡᠭᠡᠵᠤ | ᠪᠠᠶᠢᠪᠠ᠃ ᠡᠶᠢᠮᠤ ᠨᠡᠷ᠎ᠡ ᠲᠠᠢ ᠭᠠᠵᠠᠷ ᠰᠦᠮ᠎ᠡ ᠪᠠᠶᠢᠭᠤᠯᠤᠭᠰᠠᠨ ᠠᠴᠠ ᠬᠡᠰᠢᠭᠳᠡᠨᠴᠤᠳ ︽ᠪᠢᠷᠠᠭᠤ ᠰᠦᠮ᠎ᠡ︾ ᠭᠡᠵᠤ | ᠭᠠᠵᠠᠷ ᠨᠤᠳᠤᠭ ᠤᠨ ᠨᠡᠷ᠎ᠡ ᠪᠠᠷ ᠰᠦᠮ᠎ᠡ ᠪᠠᠨ ᠨᠡᠷᠡᠯᠡᠨ ᠲᠠᠭᠤᠳᠠᠳᠠᠭ ᠪᠤᠯᠵᠠᠢ᠃ | ᠬᠡᠰᠢᠭᠳᠡᠨ ᠵᠠᠰᠠᠭ ᠨᠤᠶᠠᠨ ᠰᠡᠪᠡᠭᠵᠠᠪ ᠡᠷᠭᠡ ᠪᠠᠷᠢᠵᠤ ᠪᠠᠶᠢᠭᠰᠠᠨ ᠦᠶ᠎ᠡ᠂ ᠲᠠᠷᠤᠢ ᠴᠢᠩ ᠤᠯᠤᠰ ᠤᠨ ︽ | ᠲᠡᠭᠷᠢ ᠲᠡᠳᠭᠦᠭᠴᠢ︾ ᠬᠠᠭᠠᠨ ᠤ ᠬᠤᠷᠢᠨ ᠲᠠᠪᠤᠳᠤᠭᠠᠷ ᠤᠨ ︵1760 ᠤᠨ︶ ᠤ ᠠᠷᠪᠠᠨ ᠭᠤᠷᠪᠠᠳᠤᠭᠠᠷ | ᠷᠠᠪᠵᠤᠩ ᠤᠨ ᠴᠠᠭᠠᠨ ᠯᠤᠤ ᠵᠢᠯ ᠲᠤᠰ ᠰᠦᠮ᠎ᠡ ᠶᠢ ᠠᠩᠬ᠎ᠠ ᠪᠠᠶᠢᠭᠤᠯᠵᠠᠢ᠃ ᠤᠳᠤ ᠪᠤᠯᠳᠠᠯ᠎ᠠ ᠡᠨᠡ ᠰᠦᠮ᠎ᠡ | ᠬᠡᠳᠦᠨ ᠵᠠᠭᠤᠭᠠᠳ ᠵᠢᠯ ᠤᠨ ᠲᠡᠤᠭᠡ ᠲᠠᠢ ᠪᠤᠯᠤᠭᠰᠠᠨ ᠪᠠᠶᠢᠨ᠎ᠠ᠃ | ᠪᠠᠶᠠᠰᠬᠤᠯᠠᠩ ᠠᠮᠤᠭᠤᠯᠠᠩᠳᠤ ᠰᠦᠮ᠎ᠡ ᠬᠡᠰᠡᠨ ᠨᠡᠷ᠎ᠡ ᠪᠤᠯ ᠰᠦᠮ᠎ᠡ ᠬᠡᠶᠢᠳ ᠢᠶᠠᠨ ᠪᠠᠶᠢᠭᠤᠯᠵᠤ | ᠪᠦᠳᠦᠭᠡᠭᠰᠡᠨ ᠤ ᠰᠡᠭᠦᠯᠡᠷ ᠬᠤᠰᠢᠭᠤ ᠵᠠᠰᠠᠭ ᠠᠴᠠ ᠴᠢᠩ ᠤᠯᠤᠰ ᠤᠨ ᠲᠦᠷᠦ ᠳᠤ ᠵᠢᠩᠬᠢᠨᠢ ᠪᠠᠷ ᠮᠡᠳᠡᠬᠦᠯᠦᠭᠡᠳ | ᠲᠦᠷᠦ ᠶᠢᠨ ᠢᠯᠡᠷᠭᠡᠶᠢᠯᠡᠯ ᠤᠨ ᠪᠢᠴᠢᠭ ᠢ ᠤᠯᠭᠤᠨ ᠵᠦᠪᠰᠢᠶᠡᠷᠡᠭᠰᠡᠨ ︽庆宁寺︾ ᠬᠡᠮᠡᠭᠰᠡᠨ ᠨᠡᠷ᠎ᠡ ᠶᠢ | ᠮᠤᠩᠭᠤᠯ ᠢᠶᠠᠷ ᠤᠷᠴᠢᠭᠤᠯᠤᠭᠠᠳ ︽ᠪᠠᠶᠠᠰᠬᠤᠯᠠᠩ ᠠᠮᠤᠭᠤᠯᠠᠩᠳᠤ ᠰᠦᠮ᠎ᠡ︾ ᠪᠤᠯᠭᠠᠨ ᠲᠠᠭᠤᠳᠠᠪᠠ᠃ | ᠪᠢᠷᠠᠭᠤ ᠰᠦᠮ᠎ᠡ ᠪᠠᠶᠢᠭᠤᠯᠤᠭᠳᠠᠭᠰᠠᠨ ᠤ ᠰᠡᠭᠦᠯᠡᠷ ᠡᠨᠡ ᠭᠠᠵᠠᠷ ᠲᠤ ᠵᠠᠬ᠎ᠠ ᠲᠡᠯᠭᠡᠭᠦᠷ ᠤᠯᠠᠮ ᠢᠶᠠᠷ | ᠬᠦᠭᠵᠢᠭᠡᠳ ᠠᠷᠠᠯᠵᠢᠶ᠎ᠡ ᠮᠠᠶᠢᠮᠠᠢ ᠤᠯᠠᠰᠢᠷᠠᠨ ᠬᠡᠰᠢᠭᠳᠡᠨ ᠤ ᠭᠤᠤᠯ ᠬᠦᠢᠰᠤ ᠪᠤᠯᠵᠤ ︽ᠪᠢᠷᠠᠭᠤ ᠬᠤᠳᠠ︾ ᠬᠡᠭᠳᠡᠵᠤ | ᠬᠡᠰᠢᠭᠳᠡᠨ ᠵᠠᠰᠠᠭ ᠵᠠᠬᠢᠷᠭ᠎ᠠ ᠶᠢᠨ ᠲᠦᠪ ᠰᠠᠭᠤᠷᠢᠰᠢᠯ ᠤᠨ ᠭᠠᠵᠠᠷ ᠪᠤᠯᠪᠠ᠃ ᠬᠤᠰᠢᠭᠤ ᠵᠠᠰᠠᠭ ᠠᠴᠠ ᠪᠠᠶᠠᠰᠬᠤᠯᠠᠩ | ᠠᠮᠤᠭᠤᠯᠠᠩᠳᠤ ᠰᠦᠮ᠎ᠡ ᠪᠠᠨ ᠬᠤᠰᠢᠭᠤᠨ ᠤ ᠭᠤᠤᠯᠳᠠᠯᠭ᠎ᠠ ᠲᠠᠢ ᠰᠦᠮ᠎ᠡ ᠪᠤᠯᠭᠠᠬᠤ ᠪᠠᠷ ᠲᠤᠭᠳᠠᠭᠠᠵᠤ ᠪᠦᠬᠦ | ᠬᠤᠰᠢᠭᠤᠨ ᠤ ︽ᠲᠠᠪᠤᠨ ᠢᠯᠡᠷᠭᠡᠶᠢᠯᠡᠯ︾ ᠰᠦᠮ᠎ᠡ ᠬᠡᠶᠢᠳ ᠪᠠ ᠪᠤᠰᠤᠳ ᠰᠢᠷ᠎ᠡ ᠶᠢᠨ ᠱᠠᠰᠢᠨ ᠤ ᠰᠦᠮ᠎ᠡ ᠶᠢ | ᠶᠡᠷᠦᠩᠬᠡᠶᠢᠯᠡᠨ ᠬᠠᠮᠢᠶᠠᠷᠬᠤ ᠰᠦᠮ᠎ᠡ ᠬᠡᠵᠤ ᠲᠤᠭᠳᠠᠭᠠᠭᠠᠳ ᠬᠤᠰᠢᠭᠤ ᠵᠠᠰᠠᠭ ᠨᠤᠶᠠᠨ ᠠᠴᠠ ᠲᠤᠰᠬᠠᠶᠢᠯᠠᠨ | ᠶᠡᠷᠦᠩᠬᠡᠶᠢᠯᠡᠭᠴᠢ ᠯᠠᠮᠠ ᠲᠤᠮᠢᠯᠠᠨ ᠬᠠᠮᠢᠶᠠᠷᠤᠭᠤᠯᠵᠤ ᠪᠠᠶᠢᠵᠠᠢ᠃ ᠡᠨᠡᠬᠦ ᠲᠤᠰᠢᠶᠠᠯ ᠢ ᠬᠠᠷᠢᠭᠤᠴᠠᠵᠤ ᠪᠠᠶᠢᠭᠰᠠᠨ ᠨᠡᠷ᠎ᠡ | ᠬᠦᠨᠳᠦᠳᠤ ᠯᠠᠮᠠ ᠨᠠᠷ ᠠᠴᠠ ᠲᠤᠷᠠᠳᠪᠠᠯ ᠠᠭᠸᠠᠩᠸᠠᠩᠳᠠᠨ᠂ ᠯᠢᠭᠳᠡᠨ᠂ ᠨᠠᠴᠢᠨ ᠵᠡᠷᠭᠡ ᠶᠢᠨ ᠯᠠᠮᠠ ᠨᠠᠷ ᠪᠠᠶᠢᠵᠠᠢ᠃ | | ᠪᠢᠷᠠᠭᠤ ᠰᠦᠮ᠎ᠡ ᠨᠢ ᠬᠡᠳᠦᠨ ᠵᠠᠭᠤᠨ ᠵᠢᠯ ᠤᠨ ᠰᠠᠯᠬᠢ ᠪᠤᠷᠤᠭᠠᠨ ᠢ ᠠᠵᠢᠭ ᠦᠭᠡᠢ ᠦᠩᠭᠡᠷᠡᠭᠡᠵᠤ᠂ ᠤᠳᠤ | ᠪᠤᠯᠳᠠᠯ᠎ᠠ ᠰᠡᠭᠦᠶᠢᠨ ᠰᠦᠨᠳᠡᠷᠯᠡᠵᠤ ᠪᠤᠢ᠃ ᠡᠨᠡᠬᠦ ᠰᠦᠮ᠎ᠡ ᠶᠢᠨ ᠪᠠᠷᠢᠯᠭ᠎ᠠ ᠠᠴᠠ ᠦᠵᠡᠪᠡᠯ ᠰᠦᠮ᠎ᠡ ᠶᠢᠨ ᠬᠦᠷᠢᠶ᠎ᠡ | ᠶᠢᠨ ᠬᠠᠯᠬᠠᠪᠴᠢ ᠬᠡᠷᠡᠮ᠂ ᠵᠢᠭᠦᠷ ᠤᠨ ᠭᠡᠷ᠂ ᠮᠠᠬᠠᠷᠠᠨᠽᠠ ᠶᠢᠨ ᠰᠦᠮ᠎ᠡ᠂ ᠵᠡᠬᠦᠨ ᠪᠠᠷᠠᠭᠤᠨ ᠬᠠᠴᠠᠷ ᠤᠨ ᠰᠦᠮ᠎ᠡ᠂ | ᠭᠤᠤᠯ ᠶᠡᠭᠡ ᠰᠦᠮ᠎ᠡ ︵ᠰᠢᠳᠦᠭᠡᠨ ᠪᠤᠷᠬᠠᠨ ᠪᠠ ᠲᠠᠬᠢᠯᠭ᠎ᠠ ᠬᠤᠷᠠᠯ ᠬᠢᠬᠦ ᠭᠤᠤᠯ ᠤᠷᠳᠤᠨ︶᠂ ᠵᠤᠤ ᠶᠢᠨ ᠰᠦᠮ᠎ᠡ᠂ | ᠨᠢᠪᠳᠠᠭ ᠤᠨ ᠰᠦᠮ᠎ᠡ᠂ ᠮᠦᠩᠬᠡ ᠮᠠᠨᠢ ᠶᠢᠨ ᠰᠦᠮ᠎ᠡ ᠬᠡᠬᠦ ᠵᠡᠷᠭᠡ ᠡᠷᠳᠡᠨ ᠤ ᠪᠠᠷᠢᠯᠭ᠎ᠠ ᠪᠠᠷ ᠪᠦᠷᠢᠯᠳᠦᠭᠰᠡᠨ ᠲᠦᠮᠡ | ᠢᠯᠡᠬᠦᠤ ᠬᠠᠪᠳᠠᠭᠠᠢ ᠲᠦᠷᠪᠡᠯᠵᠢᠨ ᠮᠧᠲᠷ ᠭᠠᠵᠠᠷ ᠡᠵᠡᠯᠡᠵᠤ ᠪᠠᠶᠢᠭ᠎ᠠ ᠶᠤᠮ᠃ | ᠶᠡᠭᠡ ᠰᠦᠮ᠎ᠡ ᠶᠢᠨ ᠬᠦᠷᠢᠶ᠎ᠡ ᠠᠴᠠ ᠪᠠᠷᠠᠭᠤᠨ ᠡᠮᠦᠨ᠎ᠡ ᠪᠡᠶ᠎ᠡ ᠳᠤ ︽ᠴᠠᠭᠠᠨ ᠰᠢᠭᠦᠳᠡᠷᠢ ᠶᠢᠨ ᠰᠦᠮ᠎ᠡ︾ | ᠪᠤᠯᠤᠨ ︽ᠲᠠᠮᠠᠴᠤᠭ ᠤᠨ ᠰᠦᠮ᠎ᠡ︾ ᠬᠡᠵᠤ ᠪᠠᠶᠢᠵᠠᠢ᠃ ᠡᠨᠡ ᠬᠤᠶᠠᠷ ᠪᠠᠭ᠎ᠠ ᠰᠦᠮ᠎ᠡ ᠨᠢ 1945 ᠤᠨ ᠤ | ᠤᠷᠢᠳ ᠬᠤᠵᠢᠳ ᠢᠶᠠᠷ ᠠᠶᠠᠨᠳᠠᠭᠠᠨ ᠨᠤᠷᠠᠵᠤ ᠰᠦᠢᠳᠴᠠᠢ᠃ | ᠪᠢᠷᠠᠭᠤ ᠰᠦᠮ᠎ᠡ ᠶᠢᠨ ᠲᠠᠬᠢᠯᠭ᠎ᠠ ᠶᠢᠨ ᠬᠤᠷᠠᠯ ᠨᠢ ᠲᠤᠭᠳᠠᠭᠰᠠᠨ ᠰᠠᠷ᠎ᠠ ᠡᠳᠦᠷ ᠢᠶᠠᠨ ᠪᠠᠷᠢᠮᠳᠠᠯᠠᠨ ᠬᠤᠷᠠᠯ | ᠨᠤᠮ ᠢᠶᠠᠨ ᠬᠤᠷᠠᠳᠠᠭ᠃ ᠶᠡᠭᠡ ᠰᠢᠭ ᠲᠠᠬᠢᠯᠭ᠎ᠠ ᠶᠢᠨ ᠬᠤᠷᠠᠯ ᠨᠢ ᠪᠢᠯᠢᠭ ᠤᠨ ᠤᠯᠠᠷᠢᠯ ᠤᠨ ᠵᠢᠷᠭᠤᠳᠤᠭᠠᠷ ᠰᠠᠷ᠎ᠠ | ᠶᠢᠨ ᠰᠢᠨ᠎ᠡ ᠶᠢᠨ ᠲᠤᠯᠤᠭᠠᠨ ᠤ ᠡᠳᠦᠷ ᠠᠴᠠ ᠡᠬᠢᠯᠡᠨ ᠲᠤᠯᠤᠭᠠᠨ ᠡᠳᠦᠷ ᠤᠨ ᠪᠦᠬᠦ ᠬᠤᠰᠢᠭᠤᠨ ᠤ ᠶᠡᠭᠡ ᠢᠷᠦᠭᠡᠯ | ᠮᠤᠯᠤᠮ ᠤᠨ ᠲᠠᠬᠢᠯᠭ᠎ᠠ ᠶᠢ ᠬᠢᠳᠡᠭ᠃ ᠲᠠᠬᠢᠯᠭ᠎ᠠ ᠶᠢᠨ ᠬᠤᠷᠠᠯ ᠳᠤ ᠷᠠᠰᠢᠶᠠᠨ ᠰᠦᠮ᠎ᠡ᠂ ᠲᠤᠯᠢ ᠶᠢᠨ ᠰᠦᠮ᠎ᠡ᠂ | ᠬᠦᠬᠦᠷᠭᠡ ᠰᠦᠮ᠎ᠡ᠂ ᠮᠢᠰᠠᠩ ᠰᠦᠮ᠎ᠡ ᠠᠴᠠ ᠲᠤᠰᠪᠦᠷᠢ ᠠᠷᠪᠠ ᠠᠴᠠ ᠬᠤᠷᠢᠨ ᠯᠠᠮᠠ ᠵᠢᠯ ᠪᠦᠷᠢ ᠰᠠᠭᠠᠳᠣᠯ ᠦᠭᠡᠢ | ᠢᠷᠡᠵᠤ ᠲᠠᠬᠢᠯᠭ᠎ᠠ ᠳᠤ ᠤᠷᠤᠯᠴᠠᠳᠠᠭ᠃ ᠠᠷᠪᠠ ᠭᠤᠷᠪᠠᠨ ᠤ ᠡᠳᠦᠷ ᠰᠠᠬᠢᠭᠤᠰᠤ ᠲᠠᠬᠢᠵᠤ᠂ ᠰᠤᠷ ᠬᠠᠶᠠᠬᠤ ᠮᠡᠳᠤ | ᠶᠢᠨ ᠰᠢᠷ᠎ᠡ ᠶᠢᠨ ᠱᠠᠰᠢᠨ ᠤ ᠠᠵᠢᠯᠯᠠᠭ᠎ᠠ ᠶᠢ ᠶᠡᠭᠡ ᠪᠠᠷ ᠶᠠᠪᠤᠭᠳᠠᠭᠤᠯᠵᠤ ᠪᠠᠶᠢᠵᠠᠢ᠃ ᠡᠨᠡᠬᠦ ᠲᠠᠬᠢᠯᠭ᠎ᠠ ᠪᠠᠨ ︽ | ᠵᠢᠷᠭᠤᠳᠤᠭᠠᠷ ᠰᠠᠷ᠎ᠠ ᠶᠢᠨ ᠶᠡᠭᠡ ᠬᠤᠷᠠᠯ︾ ᠭᠡᠵᠤ ᠪᠦᠬᠦ ᠬᠤᠰᠢᠭᠤᠨ ᠤ ᠮᠠᠰᠢ ᠤᠯᠠᠨ ᠦᠭᠯᠢᠭᠡ ᠶᠢᠨ ᠡᠵᠡᠳ | ᠪᠤᠯᠤᠨ ᠮᠦᠷᠬᠦᠯᠴᠢᠨ ᠬᠤᠯᠠ ᠤᠶᠢᠷ᠎ᠠ ᠠᠴᠠ ᠴᠤᠭᠯᠠᠷᠠᠨ ᠢᠷᠡᠵᠤ᠂ ᠪᠤᠷᠬᠠᠨ ᠳᠤ ᠮᠦᠷᠬᠦᠨ ᠰᠦᠰᠦᠭ ᠪᠢᠰᠢᠷᠡᠯ | ᠢᠶᠠᠨ ᠬᠦᠢᠴᠡᠳᠭᠡᠵᠤ᠂ ︽ᠪᠤᠶᠠᠨ ᠦᠢᠯᠡᠳᠦᠨ ᠦᠭᠯᠢᠭᠡ ᠦᠭᠬᠦ︾᠂ ᠠᠶᠢᠯ ᠡᠷᠦᠭᠡ ᠶᠢᠨ ᠠᠯᠢᠪᠠ ᠦᠢᠯᠡᠰ ᠢᠶᠠᠨ | ᠲᠠᠭᠠᠳᠬᠠᠵᠤ᠂ ︽ᠴᠠᠮ ᠬᠠᠷᠠᠶᠢᠬᠤ︾ ᠶᠢ ᠰᠤᠨᠢᠷᠬᠠᠨ ᠦᠵᠡᠳᠡᠭ ᠵᠠᠩᠰᠢᠯ ᠲᠠᠢ᠃ | ᠪᠢᠷᠠᠭᠤ ᠰᠦᠮ᠎ᠡ ᠶᠢᠨ ᠯᠠᠮᠠ ᠬᠤᠸᠠᠷᠠᠭ ᠬᠠᠮᠤᠭ ᠠᠷᠪᠢᠨ ᠳᠠᠭᠠᠨ ᠵᠠᠭᠤ ᠢᠯᠡᠬᠦᠤ ᠳᠤ ᠬᠦᠷᠴᠤ ᠪᠠᠶᠢᠵᠠᠢ᠃ | 1937 ᠤᠨ ᠤ ᠲᠡᠤᠭᠡ ᠶᠢᠨ ᠲᠤᠭ᠎ᠠ ᠪᠦᠷᠢᠳᠭᠡᠯ ᠠᠴᠠ ᠦᠵᠡᠪᠡᠯ ᠨᠠᠶᠠᠨ ᠲᠦᠷᠪᠡᠨ ᠯᠠᠮᠠ ᠪᠠᠶᠢᠯ᠎ᠠ ᠭᠡᠵᠤ | ᠲᠡᠮᠳᠡᠭᠯᠡᠵᠤ ᠪᠤᠢ᠃ | ᠲᠦᠷᠦ ᠬᠤᠪᠢᠷᠠᠵᠤ ᠴᠢᠯᠦᠭᠡᠯᠡᠭᠳᠡᠬᠦ ᠦᠶ᠎ᠡ ᠳᠤ ᠯᠠᠮᠠ ᠨᠠᠷ ᠬᠦᠳᠡᠭᠡ ᠭᠡᠷ ᠲᠡᠭᠡᠨ ᠬᠠᠷᠢᠵᠤ᠂ ᠬᠤᠪᠢ ᠶᠢᠨ | ᠠᠵᠢᠯ ᠦᠢᠯᠡᠰ ᠢᠶᠠᠨ ᠡᠷᠬᠢᠯᠡᠬᠦ ᠪᠤᠶᠤ ᠵᠠᠷᠢᠮ ᠨᠢ ᠱᠠᠰᠢᠨ ᠤ ᠰᠠᠬᠢᠯ ᠢᠶᠠᠨ ᠬᠠᠮᠠᠭᠠᠯᠠᠨ ᠰᠤᠯᠠ ᠯᠠᠮᠠ ᠪᠤᠯᠪᠠ᠃ | ᠰᠦᠮ᠎ᠡ ᠶᠢᠨ ᠡᠵᠡᠨ ᠱᠠᠪᠷᠤᠩ ᠴᠤᠶᠢᠵᠢ ︵ᠲᠦᠭᠦᠮ ᠲᠠᠭᠤᠳᠠᠬᠤ ᠨᠡᠷ᠎ᠡ︶ ᠮᠠᠯᠵᠢᠯ ᠤᠨ ᠦᠭᠡᠷᠡᠴᠢᠯᠡᠯᠳᠡ ᠳᠤ | ᠤᠷᠤᠯᠴᠠᠨ᠂ ᠭᠠᠷᠤᠯ ᠲᠡᠤᠭᠡ ᠪᠠᠨ ᠲᠤᠳᠤᠷᠬᠠᠶᠢᠯᠠᠭᠠᠳ ᠲᠦᠷᠦᠭᠰᠡᠨ ᠨᠤᠳᠤᠭ ᠰᠢᠯᠢ ᠶᠢᠨ ᠭᠤᠤᠯ ᠠᠶᠢᠮᠠᠭ ᠤᠨ | ᠠᠪᠠᠭᠠᠨᠠᠷ ᠬᠤᠰᠢᠭᠤᠨ ᠤ ᠬᠦᠳᠡᠭᠡ ᠬᠡᠷ ᠲᠡᠭᠡᠨ ᠬᠠᠷᠢᠵᠠᠢ᠃ | ᠰᠦᠮ᠎ᠡ ᠶᠢᠨ ᠡᠳ᠋ ᠬᠦᠷᠦᠩᠭᠡ᠂ ᠮᠠᠯ ᠰᠦᠷᠦᠭ ᠨᠢ ᠮᠠᠯᠵᠢᠯ ᠤᠨ ᠦᠭᠡᠷᠡᠴᠢᠯᠡᠯᠳᠡ ᠶᠢᠨ ᠬᠦᠳᠡᠯᠭᠡᠭᠡᠨ ᠳᠤ | ᠬᠤᠷᠢᠶᠠᠮᠵᠢᠯᠠᠭᠳᠠᠵᠤ᠂ ᠰᠦᠮ᠎ᠡ ᠶᠢᠨ ᠠᠯᠳᠠ᠂ ᠮᠦᠩᠬᠦ᠂ ᠵᠡᠰ᠂ ᠭᠠᠤᠯᠢᠨ ᠪᠤᠷᠬᠠᠨ ᠪᠤᠯᠤᠨ ᠬᠤᠪᠤᠷ ᠦᠨᠡᠳᠤ | ᠡᠷᠳᠡᠨᠢᠰ ᠤᠨ ᠵᠦᠢᠯ ᠵᠢᠴᠢ ᠨᠤᠮ ᠰᠤᠳᠤᠷ ᠨᠢ ᠴᠡᠷᠢᠭ ᠲᠠᠶᠢᠨ ᠤ ᠬᠦᠯ᠂ ᠲᠡᠭᠡᠷᠡᠮ ᠬᠤᠯᠠᠭᠠᠢ ᠶᠢᠨ ᠭᠠᠷ ᠲᠤ | ᠰᠢᠭᠦᠷᠦᠭᠳᠡᠨ ᠰᠦᠢᠳᠪᠡ᠃ ᠭᠠᠭᠴᠠ ᠬᠦ᠋ ᠰᠦᠮ᠎ᠡ ᠶᠢᠨ ᠬᠡᠷ ᠪᠠᠷᠢᠯᠭ᠎ᠠ ᠡᠪᠳᠡᠷᠡᠵᠤ ᠰᠦᠢᠳᠦᠭᠰᠡᠨ ᠦᠭᠡᠢ ᠪᠠᠷ ᠤᠭ | ᠭᠡᠪ ᠢᠶᠠᠷ ᠦᠯᠡᠳᠡᠵᠤ᠂ 1949 ᠤᠨ ᠤ ᠦᠶ᠎ᠡ ᠪᠠᠷ ᠬᠤᠰᠢᠭᠤ ᠵᠠᠰᠠᠭ ᠤᠨ ᠤᠷᠳᠤᠨ ᠠᠴᠠ ᠬᠤᠰᠢᠭᠤᠨ ᠤ | ᠬᠠᠩᠭᠠᠨ ᠪᠤᠷᠤᠯᠠᠭᠤᠯᠬᠤ ᠬᠤᠷᠰᠢᠶ᠎ᠠ᠂ ᠠᠮᠤ ᠪᠤᠳᠠᠭ᠎ᠠ ᠶᠢᠨ ᠲᠤᠪᠴᠢᠶ᠎ᠠ ᠵᠡᠷᠭᠡ ᠶᠢᠨ ᠠᠯᠪᠠᠨ ᠪᠠᠶᠢᠭᠤᠯᠤᠯᠭ᠎ᠠ ᠳᠤ | ᠦᠭᠴᠤ ᠠᠰᠢᠭᠯᠠᠭᠤᠯᠤᠭᠰᠠᠨ ᠠᠴᠠ ᠤᠳᠤ ᠪᠤᠯᠳᠠᠯ᠎ᠠ ᠦᠨᠳᠦᠰᠦᠨ ᠳᠡᠭᠡᠨ ᠪᠦᠷᠢᠨ ᠪᠦᠳᠦᠨ ᠬᠡᠪ ᠢᠶᠠᠷ ᠢᠶᠠᠨ | ᠪᠠᠶᠢᠨ᠎ᠠ᠃ | 1974 ᠤᠨ ᠳᠤ ᠬᠤᠰᠢᠭᠤ ᠵᠠᠰᠠᠭ ᠤᠨ ᠤᠷᠳᠤᠨ ᠠᠴᠠ ᠲᠤᠭᠳᠠᠭᠠᠯ ᠭᠠᠷᠭᠠᠵᠤ᠂ ᠪᠢᠷᠠᠭᠤ ᠰᠦᠮ᠎ᠡ ᠶᠢᠨ | ᠪᠦᠬᠦ ᠪᠠᠷᠢᠯᠭ᠎ᠠ ᠶᠢ ᠴᠦᠮ ᠬᠤᠰᠢᠭᠤᠨ ᠤ ᠰᠤᠶᠤᠯ ᠤᠨ ᠲᠤᠪᠴᠢᠶ᠎ᠠ ᠳᠤ ᠲᠤᠰᠢᠶᠠᠨ ᠬᠠᠮᠢᠶᠠᠷᠠᠭᠤᠯᠵᠠᠢ᠃ 1975 | ᠤᠨ ᠤ ᠲᠠᠪᠤᠳᠤᠭᠠᠷ ᠰᠠᠷ᠎ᠠ ᠳᠤ ︽ᠬᠤᠰᠢᠭᠤᠨ ᠤ ᠭᠤᠤᠯ ᠪᠤᠯᠤᠭᠰᠠᠨ ᠲᠡᠤᠭᠡ ᠶᠢᠨ ᠲᠤᠷᠠᠰᠬᠠᠯᠳᠤ ᠰᠦᠮ᠎ᠡ︾ ᠪᠠᠷ | ᠬᠠᠮᠠᠭᠠᠯᠠᠬᠤ ᠲᠤᠬᠠᠢ ᠲᠤᠭᠳᠠᠭᠠᠯ ᠭᠠᠷᠭᠠᠵᠠᠢ᠃ 1984 ᠤᠨ ᠳᠤ ᠰᠤᠶᠤᠯ ᠤᠨ ᠲᠤᠪᠴᠢᠶ᠎ᠠ ᠶᠢᠨ ᠰᠤᠶᠤᠯ ᠲᠡᠤᠭᠡ | ᠶᠢᠨ ᠭᠠᠵᠠᠷ ᠲᠤ ᠭᠤᠤᠯᠯᠠᠨ ᠬᠠᠮᠢᠶᠠᠷᠠᠭᠤᠯᠵᠤ ᠡᠵᠡᠩᠨᠡᠬᠦ ᠶᠢᠨ ᠬᠠᠮᠳᠤ ᠬᠤᠰᠢᠭᠤᠨ ᠤ ᠦᠨᠳᠦᠰᠦᠳᠡᠨ ᠤ ᠬᠡᠷᠡᠭ | ᠡᠷᠬᠢᠯᠡᠬᠦ ᠵᠦᠪᠯᠡᠯ ᠡᠨᠡᠬᠦ ᠰᠦᠮ᠎ᠡ ᠶᠢ ᠬᠠᠮᠢᠶᠠᠷᠤᠨ ᠬᠠᠮᠠᠭᠠᠯᠠᠬᠤ ᠬᠡᠷᠡᠭᠳᠠᠢ ᠬᠡᠵᠤ ᠬᠤᠰᠢᠭᠤ ᠵᠠᠰᠠᠭ ᠤᠨ ᠤᠷᠳᠤᠨ | ᠠᠴᠠ ᠲᠤᠭᠳᠠᠭᠠᠪᠠ᠃ | ᠬᠡᠰᠢᠭᠳᠡᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠲᠤᠭᠳᠠᠭᠠᠯ ᠭᠠᠷᠭᠠᠵᠤ᠂ | ᠤᠷᠢᠳ ᠬᠤᠵᠢᠳ ᠰᠡᠯᠪᠢᠨ ᠵᠠᠰᠠᠵᠤ ᠬᠠᠮᠠᠭᠠᠯᠠᠭᠰᠠᠨ ᠠᠴᠠ ᠲᠤᠰ ᠰᠦᠮ᠎ᠡ ᠤᠳᠤ ᠪᠤᠯᠳᠠᠯ᠎ᠠ ᠦᠨᠳᠦᠰᠦᠨ ᠳᠡᠭᠡᠨ | ᠪᠦᠷᠢᠨ ᠪᠦᠳᠦᠨ ᠪᠠᠶᠢᠭ᠎ᠠ ᠴᠤᠷ ᠤᠨ ᠭᠠᠭᠴᠠ ᠰᠦᠮ᠎ᠡ ᠬᠡᠶᠢᠳ ᠪᠤᠯᠤᠨ ᠦᠯᠡᠳᠡᠭᠰᠡᠭᠡᠷ ᠪᠤᠢ᠃ | | |