ᠨᠠᠮᠤᠷ ᠤᠨ ᠰᠡᠷᠢᠬᠦᠨ ᠤᠷᠤᠬᠤ ᠦᠶ᠎ᠠ ᠶᠢᠨ ᠮᠠᠯ ᠤᠨ ᠬᠠᠷᠢᠭᠤᠯᠭ᠎ᠠ ᠮᠠᠯᠯᠠᠭ᠎ᠠ ︵ᠭᠤᠷᠪᠠ︶
ᠨᠡᠶᠢᠲᠡᠯᠡᠭᠰᠡᠨ ᠴᠠᠭ᠄
2018/11/27
             ᠠᠳᠤᠭᠤᠨ ᠤ ᠬᠠᠷᠢᠭᠤᠯᠭ᠎ᠠ ᠮᠠᠯᠯᠠᠭ᠎ᠠ       ᠨᠠᠮᠤᠷ ᠤᠨ ᠰᠡᠷᠢᠬᠦᠨ ᠤᠷᠤᠬᠤ ᠦᠶ᠎ᠠ ᠳᠤ ᠠᠳᠤᠭᠤᠨ ᠤ ᠨᠤᠳᠤᠭ ᠪᠡᠯᠴᠢᠭᠡᠷ ᠨᠢ ᠡᠪᠤᠯᠵᠢᠶ᠎ᠠ᠂ ᠬᠠᠪᠤᠷᠵᠢᠶᠠᠨ  ᠤ ᠭᠠᠵᠠᠷ ᠠᠴᠠ ᠬᠤᠯᠨ ᠵᠠᠶᠢᠳᠠᠭᠤ ᠵᠤᠨ ᠤ ᠴᠠᠭ ᠲᠤ ᠮᠠᠯ ᠪᠡᠯᠴᠢᠭᠡᠷᠯᠡᠬᠦᠯᠵᠤ ᠢᠳᠡᠰᠢᠯᠡᠭᠡ ᠦᠭᠡᠢ ᠠᠬᠢ᠂ ᠬᠢᠶᠠᠭ᠂ ᠬᠢᠯᠭᠠᠨ᠎ᠠ᠂ ᠬᠠᠵᠠᠭᠠᠷ ᠡᠪᠡᠰᠤ᠂ ᠶᠦᠷᠬᠦᠭ᠂ ᠪᠤᠳᠢᠭᠤᠯ᠂ ᠪᠤᠵᠢᠮᠤᠭ᠂ ᠬᠠᠶ᠋ᠨ ᠲᠠᠭᠠᠨ᠎ᠠ᠂ ᠬᠦᠮᠡᠯᠢ᠂ ᠮᠠᠩᠬᠢᠷ᠂ ᠭᠤᠭᠤᠳ᠂ ᠬᠦᠴᠢᠩᠬᠢ ᠵᠡᠷᠭᠡ ᠰᠤᠷᠭᠤᠭ ᠨᠠᠷᠢᠨ ᠡᠪᠡᠰᠤ ᠨᠤᠭᠤᠭ᠎ᠠ ᠲᠠᠢ ᠪᠦᠭᠡᠳ ᠤᠰᠤ ᠤᠮᠳᠠ ᠨᠢ ᠪᠡᠯᠴᠢᠭᠡᠷ  ᠲᠡᠭᠡᠨ ᠬᠤᠯᠨ ᠦᠭᠡᠢ ᠬᠤᠵᠢᠷ ᠮᠠᠷ᠎ᠠ ᠰᠠᠶᠢᠳᠠᠢ ᠭᠠᠵᠠᠷ ᠪᠠᠶᠢᠬᠤ ᠨᠢ ᠲᠤᠬᠢᠷᠠᠮᠵᠢᠳᠠᠢ᠃ ᠨᠠᠮᠤᠷ ᠤᠨ ᠰᠢᠷ᠎ᠠ ᠨᠠᠷᠠᠨ ᠤ ᠲᠡᠯᠭᠡᠷ ᠰᠠᠶᠢᠬᠠᠨ ᠴᠠᠭ ᠲᠤ ᠠᠳᠤᠭᠤ ᠪᠠᠨ ᠬᠢᠷ᠎ᠠ᠂ ᠲᠤᠯᠤᠭᠠᠳ ᠰᠡᠷᠪᠡᠩ ᠤᠨ ᠠᠷᠤ ᠶᠢᠨ ᠠᠯᠢ ᠰᠡᠬᠦᠳᠡᠷ ᠲᠠᠢ ᠰᠡᠷᠢᠬᠦᠨ ᠭᠠᠵᠠᠷ ᠢ ᠲᠠᠭᠠᠭᠤᠯᠤᠨ ᠪᠡᠯᠴᠢᠭᠡᠷᠯᠡᠬᠦᠯᠵᠤ᠂ ᠪᠦᠭᠡᠮᠨᠡᠷᠡᠨ ᠬᠤᠷᠠᠵᠤ ᠵᠤᠭᠰᠤᠮᠠᠷ ᠪᠤᠯ ᠰᠠᠯᠬᠢ ᠰᠦᠷᠦᠬᠦᠯᠵᠤ ᠬᠦᠳᠡᠯᠭᠡᠨ ᠲᠠᠷᠠᠤ ᠰᠢᠭ᠋ ᠪᠠᠶᠢᠳᠠᠯ ᠢᠶᠠᠷ ᠢᠳᠡᠰᠢᠯᠡᠬᠦᠯᠵᠤ ᠪᠠᠶᠢᠪᠠᠯ ᠵᠤᠬᠢᠨ᠎ᠠ᠃ ᠡᠪᠡᠰᠤ ᠤᠷᠭᠤᠮᠠᠯ ᠤᠨ ᠬᠠᠳᠠᠵᠤ ᠰᠢᠷᠠᠯᠠᠬᠤ ᠶᠢᠨ ᠡᠮᠦᠨ᠎ᠠ ᠠᠯᠢ ᠠᠮᠳᠠ ᠰᠢᠮ᠎ᠠ ᠰᠠᠶᠢᠳᠠᠢ ᠰᠤᠷᠭᠤᠭ ᠨᠠᠷᠢᠨ ᠡᠪᠡᠰᠤ ᠨᠤᠭᠤᠭ᠎ᠠ ᠲᠠᠢ ᠭᠠᠵᠠᠷ ᠲᠤ ᠰᠡᠯᠬᠦᠭᠡᠨ ᠪᠠᠯᠴᠢᠭᠡᠷᠯᠡᠬᠦᠯᠵᠤ ᠦᠭᠡᠬᠦᠨ ᠲᠠᠷᠭᠤ ᠬᠦᠢᠴᠡᠳ ᠠᠪᠤᠭᠤᠯᠬᠤ ᠬᠡᠷᠡᠭᠳᠠᠢ᠃ ᠢᠩᠬᠢᠬᠦ ᠳᠡᠭᠡᠨ ᠠᠯᠢ ᠲᠤᠭᠳᠠᠪᠤᠷᠢᠳᠠᠢ ᠰᠠᠶᠢᠨ ᠢᠳᠡᠰᠢᠯᠡᠵᠤ ᠪᠠᠶᠢᠭ᠎ᠠ ᠪᠡᠯᠴᠢᠭᠡᠷ ᠲᠤᠨᠢ ᠨᠡᠯᠢᠶᠡᠳ ᠬᠤᠭᠤᠴᠠᠭ᠎ᠠ ᠪᠠᠷ ᠬᠠᠷᠢᠭᠤᠯᠵᠤ ᠪᠠᠶᠢᠭᠠᠳ ᠬᠡᠷᠪᠡ ᠲᠤᠭᠳᠠᠪᠤᠷᠢ ᠠᠯᠳᠠᠨ ᠬᠤᠯᠬᠢᠵᠤ ᠡᠶᠢᠰᠢ ᠲᠡᠶᠢᠰᠢ ᠪᠠᠨ ᠶᠠᠪᠤᠮᠠᠷ ᠪᠠᠶᠢᠳᠠᠯ ᠲᠠᠢ ᠪᠤᠯᠪᠠᠯ ᠪᠡᠯᠴᠢᠭᠡᠷ ᠢ ᠨᠢ ᠰᠡᠯᠬᠦᠬᠦᠯᠦᠨ ᠰᠤᠯᠢᠵᠤ ᠡᠪᠡᠰᠤ ᠨᠤᠭᠤᠭ᠎ᠠ ᠤᠰᠤ ᠬᠤᠵᠢᠷ ᠢ ᠲᠡᠭᠰᠢ ᠲᠤᠬᠢᠷᠠᠭᠤᠯᠵᠤ ᠪᠠᠶᠢᠬᠤ ᠶᠢ ᠡᠷᠡᠮᠡᠯᠵᠡᠯᠡᠬᠦ ᠨᠢ ᠴᠢᠬᠤᠯᠨ᠃ ᠵᠤᠨ ᠤ ᠰᠡᠬᠦᠯ ᠰᠢᠪᠳᠤᠷᠴᠤ᠂ ᠨᠠᠮᠤᠷᠰᠢᠵᠤ ᠪᠠᠶᠢᠭ᠎ᠠ ᠴᠠᠭ ᠲᠤ ᠠᠳᠤᠭᠤ ᠶᠢ ᠪᠡᠯᠴᠢᠭᠡᠷ ᠲᠤ ᠭᠠᠷᠭᠠᠭᠠᠳ ᠰᠠᠯᠬᠢᠨ ᠤ ᠤᠷᠤᠭᠤ ᠲᠠᠳᠠᠵᠤ ᠪᠦᠭᠡᠮᠳᠡᠬᠦᠤ ᠪᠠᠶᠢᠳᠠᠯ ᠢᠶᠠᠷ ᠢᠳᠡᠰᠢᠯᠡᠬᠦᠯᠦᠨ ᠪᠡᠯᠴᠢᠭᠡᠷ ᠤᠨ ᠴᠢᠭ ᠢ ᠲᠠᠭᠠᠷᠠᠭᠤᠯᠤᠨ ᠲᠤᠭᠳᠠᠭᠠᠵᠤ ᠤᠷᠬᠢᠬᠤ ᠳᠤ ᠰᠦᠨᠢ ᠳᠡᠭᠡᠨ ᠲᠠᠶᠢᠪᠤᠩ ᠲᠤᠭᠳᠠᠭᠤᠨ ᠢᠳᠡᠰᠢᠯᠡᠵᠤ ᠦᠦ᠋ᠷ ᠴᠠᠶᠢᠮᠠᠭᠴᠨ ᠠᠭᠠᠵᠢᠮ  ᠢᠶᠠᠷ ᠲᠠᠷᠬᠠᠵᠤ ᠪᠡᠯᠴᠢᠭᠡᠷᠯᠡᠨ᠎ᠠ᠃ ᠰᠦᠨᠢ ᠶᠢᠨ ᠪᠡᠯᠴᠢᠭᠡᠷ ᠢ ᠦᠷᠯᠦᠭᠡ ᠳᠡᠭᠡᠨ ᠵᠠᠪᠠᠯ ᠰᠡᠯᠬᠦᠵᠤ ᠪᠠᠶᠢᠪᠠᠯ ᠵᠤᠬᠢᠨ᠎ᠠ᠃ ᠪᠠᠷᠢᠵᠤ ᠰᠠᠭᠠᠯᠢ ᠰᠦ᠋ ᠶᠢ ᠨᠢ ᠠᠰᠢᠭᠯᠠᠭᠰᠠᠨ ᠬᠡᠬᠦᠤ ᠪᠠᠨ ᠡᠪᠡᠰᠤ ᠤᠷᠭᠤᠮᠠᠯ ᠬᠠᠳᠠᠵᠤ ᠭᠠᠩᠳᠠᠬᠤ ᠶᠢᠨ ᠡᠮᠦᠨ᠎ᠠ ᠪᠤᠶᠤ ᠨᠤᠭᠤᠭᠠᠨ ᠰᠦᠯ ᠲᠠᠢ ᠪᠠᠶᠢᠬᠤ ᠳᠤ ᠲᠠᠯᠪᠢᠵᠤ ᠬᠡᠬᠦᠤ᠂ ᠤᠨᠠᠭ᠎ᠠ ᠪᠠᠨ ᠲᠠᠷᠭᠤᠯᠠᠭᠤᠯᠤᠨ᠎ᠠ᠃ ᠴᠠᠭ  ᠤᠨ ᠪᠠᠶᠢᠳᠠᠯ ᠨᠠᠮᠤᠷᠰᠢᠵᠤ ᠡᠪᠡᠰᠤ ᠤᠷᠭᠤᠮᠠᠯ ᠭᠠᠩᠳᠠᠵᠤ ᠡᠬᠢᠯᠡᠬᠦ ᠦᠶ᠎ᠠ ᠳᠤ ᠠᠳᠤᠭᠤᠨ ᠤ ᠨᠤᠳᠤᠭ ᠪᠡᠯᠴᠢᠭᠡᠷ ᠢ ᠤᠶᠢᠷ᠎ᠠ ᠤᠶᠢᠷᠠᠬᠠᠨ ᠬᠤᠭᠤᠴᠠᠭᠠᠨ ᠳᠤ ᠰᠡᠯᠬᠦᠨ ᠰᠤᠯᠢᠵᠤ ᠨᠠᠮ ᠲᠤᠤᠷ᠎ᠠ᠂ ᠲᠠᠯ᠎ᠠ ᠬᠦᠨᠳᠡᠢ ᠭᠠᠵᠠᠷ ᠤᠨ ᠰᠦᠯ ᠰᠠᠶᠢᠳᠠᠢ ᠪᠡᠯᠴᠢᠭᠡᠷ ᠲᠤ ᠬᠠᠷᠢᠭᠤᠯᠵᠤ ᠮᠠᠯᠯᠠᠬᠤ ᠨᠢ ᠵᠤᠬᠢᠷᠠᠮᠵᠢᠳᠠᠢ᠃ ᠡᠨᠡ ᠦᠶ᠎ᠠ ᠳᠤ ᠠᠳᠤᠭᠤ ᠪᠠᠨ ᠤᠰᠤᠨ ᠳᠤ ᠲᠠᠭᠤᠪᠤᠷᠢᠰᠢᠭᠤᠯᠬᠤ ᠦᠭᠡᠢ ᠶᠢᠨ ᠲᠤᠯᠠᠳᠠ ᠤᠰᠤ ᠪᠡᠯᠴᠢᠭᠡᠷ ᠤᠨ ᠬᠤᠭᠤᠷᠤᠨᠳᠤ ᠶᠢᠨ ᠵᠠᠢ ᠶᠢ ᠠᠯᠢ ᠪᠤᠯᠬᠤᠷ ᠤᠶᠢᠷ᠎ᠠ ᠪᠠᠶᠢᠯᠭᠠᠵᠤ ᠤᠨᠳᠤᠷᠤᠭ᠎ᠠ ᠰᠠᠶᠢᠳᠠᠢ ᠬᠦᠢᠳᠡᠨ ᠤᠰᠤ ᠪᠠᠷ ᠬᠤᠶᠠᠷ ᠤᠳᠠᠭ᠎ᠠ ᠦᠷᠯᠦᠭᠡ᠂ ᠤᠷᠤᠢ ᠪᠦᠷᠢ ᠤᠰᠤᠯᠠᠵᠤ᠂ ᠪᠠᠶᠢᠩᠭᠤ ᠶᠢᠨ ᠬᠤᠵᠢᠷ ᠲᠠᠢ ᠭᠠᠵᠠᠷ ᠪᠤᠯ ᠵᠤᠷᠢᠭᠤᠳᠠ ᠬᠤᠵᠢᠷᠯᠠᠬᠤ ᠶᠠᠪᠤᠳᠠᠯ ᠦᠭᠡᠢ᠂ ᠬᠤᠵᠢᠷ ᠦᠭᠡᠢ ᠭᠠᠵᠠᠷ ᠪᠤᠯ ᠠᠳᠤᠭᠤ ᠶᠢ ᠲᠤᠯᠤᠭ᠎ᠠ ᠬᠤᠨᠤᠭ ᠲᠤ ᠬᠤᠶᠠᠷ ᠤᠳᠠᠭ᠎ᠠ ᠬᠤᠵᠢᠷᠯᠠᠵᠤ ᠪᠠᠶᠢᠪᠠᠯ ᠲᠠᠷᠭᠤ ᠬᠦᠴᠤ  ᠨᠢ ᠲᠦᠷᠭᠡᠨ ᠨᠡᠮᠡᠭᠳᠡᠨ᠎ᠠ᠃ ᠬᠠᠩᠭᠠᠢ ᠭᠠᠵᠠᠷ ᠪᠤᠯ ᠠᠳᠤᠭᠤ ᠶᠢ ᠪᠦᠷᠬᠦᠭ ᠰᠡᠷᠢᠬᠦᠨ ᠡᠳᠦᠷ ᠬᠠᠷᠢᠭᠤᠯᠭ᠎ᠠ ᠪᠠᠷ ᠨᠢ ᠲᠠᠭᠤᠪᠤᠷᠢᠯᠠᠨ ᠬᠤᠵᠢᠷᠯᠠᠵᠤ ᠪᠠᠶᠢᠬᠤ ᠨᠢ ᠵᠤᠬᠢᠮᠵᠢ ᠲᠠᠢ᠃ ᠬᠤᠵᠢᠷᠰᠢᠭᠰᠠᠨ ᠮᠠᠯ ᠪᠡᠯᠴᠢᠭᠡᠷᠯᠡᠬᠦ ᠳᠡᠭᠡᠨ ᠲᠤᠭᠳᠠᠪᠤᠷᠢ ᠦᠭᠡᠢ ᠪᠤᠯᠵᠤ᠂ ᠦᠩᠭᠡ ᠵᠢᠰᠤ ᠪᠠᠨ ᠠᠯᠳᠠᠨ ᠦᠰᠤ ᠨᠢ ᠬᠤᠷᠪᠤᠶᠢᠨ᠎ᠠ᠃ ᠮᠥᠨ ᠲᠡᠬᠦᠨᠴᠢᠯᠡᠨ ᠵᠢᠯ ᠤᠨ ᠠᠯᠢ ᠴᠤ ᠤᠯᠠᠷᠢᠯ ᠳᠤ ᠶᠠᠮᠠᠷ ᠴᠤ ᠲᠦᠷᠦᠯ ᠤᠨ ᠮᠠᠯ ᠢ ᠤᠰᠤᠯᠠᠬᠤ ᠳᠠᠭᠠᠨ ᠬᠡᠪᠰᠢᠵᠤ᠂ ᠲᠤᠭᠳᠠᠭᠰᠠᠨ ᠴᠠᠭ ᠲᠤᠨᠢ ᠤᠰᠤᠯᠠᠵᠤ ᠪᠠᠶᠢᠬᠤ ᠦᠭᠡᠢ ᠡᠳᠦᠷ ᠡᠳᠦᠷ ᠲᠤ ᠦᠭᠡᠷ᠎ᠠ ᠦᠭᠡᠷ᠎ᠠ ᠴᠠᠭ ᠬᠤᠭᠤᠴᠠᠭᠠᠨ ᠳᠤ ᠤᠰᠤᠯᠠᠵᠤ ᠵᠠᠮᠪᠠᠷᠠᠭ᠎ᠠ ᠦᠭᠡᠢ ᠪᠠᠶᠢᠳᠠᠯ ᠲᠠᠢ ᠪᠠᠶᠢᠪᠠᠯ ᠮᠠᠯ ᠳᠠᠭᠠᠨ ᠲᠤᠩ ᠲᠤᠬᠢᠷᠠᠮᠵᠢ ᠦᠭᠡᠢ ᠪᠠᠶᠢᠳᠠᠭ ᠢ ᠢᠮᠠᠭᠳᠠ ᠠᠩᠬᠠᠷᠴᠤ ᠪᠠᠶᠢᠬᠤ ᠨᠢ ᠴᠢᠬᠤᠯᠨ᠃       ᠨᠠᠮᠤᠷ ᠤᠨ ᠤᠯᠠᠷᠢᠯ ᠨᠢ ᠠᠳᠤᠭᠤ ᠮᠠᠯ ᠦᠭᠡᠬᠦᠨ ᠪᠤᠶᠤ ᠲᠤᠰᠤᠨ ᠲᠠᠷᠭᠤ ᠠᠪᠳᠠᠭ ᠤᠨ ᠵᠡᠷᠭᠡᠴᠡᠭᠡ ᠠᠶᠠᠳᠠᠢ ᠡᠪᠳᠠᠢ ᠬᠠᠷᠢᠭᠤᠯᠵᠤ ᠮᠠᠯᠯᠠᠬᠤ ᠦᠭᠡᠢ ᠪᠤᠯ ᠠᠪᠤᠭᠰᠠᠨ ᠲᠠᠷᠭᠤ ᠪᠠᠨ ᠬᠠᠶᠢᠯᠤᠭᠤᠯᠵᠤ ᠠᠯᠳᠠᠳᠠᠭ ᠬᠠᠮᠤᠭ ᠤᠨ ᠡᠭᠡᠵᠡᠭᠳᠠᠢ ᠦᠶ᠎ᠠ ᠶᠤᠮ᠃ ᠡᠶᠢᠮᠤ ᠠᠴᠠ ᠠᠳᠤᠭᠤᠨ ᠰᠦᠷᠦᠭ ᠢ ᠪᠡᠯᠴᠢᠭᠡᠷᠯᠡᠬᠦᠯᠬᠦ ᠳᠡᠭᠡᠨ ᠬᠡᠳᠤ ᠪᠦᠬᠡᠮᠨᠡᠷᠡᠬᠦᠯᠵᠤ ᠬᠤᠷᠢᠬᠤ ᠦᠭᠡᠢ᠂ ᠠᠯᠤᠰ ᠠᠴᠠ ᠨᠢ ᠲᠤᠳᠤᠭᠰᠢᠯᠠᠭᠤᠯᠬᠤ ᠵᠢᠷᠦᠮ ᠢᠶᠠᠷ ᠬᠤᠮᠢᠵᠤ ᠲᠤᠭᠳᠠᠭᠠᠭᠠᠳ᠂ ᠵᠦᠭᠡᠯᠡᠨ ᠲᠦᠯᠭᠡᠨ ᠪᠠᠶᠢᠳᠠᠯ ᠲᠠᠢ ᠬᠠᠷᠢᠭᠤᠯᠬᠤ ᠮᠠᠯᠯᠠᠬᠤ ᠶᠢᠨ ᠬᠠᠮᠳᠤ ᠠᠳᠤᠭᠤ ᠶᠢ ᠪᠡᠯᠴᠢᠭᠡᠷ ᠲᠤ ᠭᠠᠷᠭᠠᠬᠤ ᠴᠤᠭᠯᠠᠭᠤᠯᠬᠤ᠂ ᠤᠰᠤ ᠬᠤᠵᠢᠷ ᠲᠤ ᠤᠷᠤᠭᠤᠯᠬᠤ ᠳᠠᠭᠠᠨ ᠰᠢᠷᠦᠬᠦᠨ ᠬᠦᠭᠡᠭᠡᠵᠤ ᠲᠠᠭᠤᠬᠤ ᠦᠭᠡᠢ᠂ ᠦᠷᠬᠦᠭᠡᠵᠤ ᠰᠤᠴᠢᠭᠠᠬᠤ ᠦᠭᠡᠢ᠂ ᠬᠦᠯᠦᠷᠡᠭᠡᠵᠤ ᠠᠮᠢᠰᠬᠤᠳᠠᠭᠤᠯᠬᠤ ᠦᠭᠡᠢ᠂ ᠠᠯᠢ ᠪᠤᠯᠬᠤ ᠪᠠᠷ ᠲᠠᠶᠢᠪᠤᠩ ᠲᠤᠭᠳᠠᠭᠤᠨ ᠶᠠᠪᠤᠭᠤᠯᠵᠤ ᠪᠠᠶᠢᠬᠤ ᠶᠢ ᠡᠷᠬᠢᠮᠯᠡᠨ᠎ᠠ᠃ ᠠᠳᠤᠭᠤ ᠶᠢ ᠰᠢᠷᠦᠬᠦᠨ ᠬᠦᠶᠦᠯᠭᠡᠵᠤ ᠬᠦᠳᠡᠯᠭᠡᠬᠦ ᠦᠭᠡᠢ ᠶᠢᠨ ᠲᠤᠯᠠᠳᠠ ᠤᠨᠤᠭᠠᠨ ᠤ ᠮᠤᠷᠢ ᠶᠢ ᠠᠳᠤᠭᠤᠨ ᠤ ᠵᠠᠬ᠎ᠠ ᠳᠤ ᠶᠡᠬᠦᠯᠡᠵᠤ᠂ ᠦᠷᠯᠦᠭᠡ ᠡᠷᠳᠠ ᠨᠠᠷᠠ ᠲᠤᠰᠬᠤ ᠠᠴᠠ ᠡᠮᠦᠨ᠎ᠠ ᠰᠡᠷᠢᠬᠦᠨ ᠢᠶᠠᠷ ᠠᠳᠤᠭᠤ ᠪᠠᠨ ᠬᠤᠮᠢᠵᠤ ᠪᠠᠶᠢᠬᠤ ᠨᠢ ᠵᠦᠢᠳᠠᠢ᠃ ᠡᠨᠡ ᠦᠶ᠎ᠠ ᠳᠤ ᠤᠯᠠᠨ ᠤᠳᠠᠭ᠎ᠠ ᠬᠦᠯᠦᠷᠡᠭᠰᠡᠨ ᠠᠳᠤᠭᠤ ᠬᠦᠴᠤ ᠲᠠᠷᠭᠤ ᠪᠠᠨ ᠠᠮᠠᠷᠬᠠᠨ ᠠᠯᠳᠠᠨ᠎ᠠ᠃ ᠢᠯᠠᠩᠭᠤᠶ᠎ᠠ ᠪᠠᠭ᠎ᠠ ᠨᠠᠰᠤᠨ ᠤ ᠠᠳᠤᠭᠤ ᠰᠤᠯᠠᠳᠠᠨ ᠶᠠᠳᠠᠷᠠᠵᠤ ᠲᠠᠷᠭᠤ ᠬᠦᠴᠤ  ᠪᠠᠨ ᠠᠯᠳᠠᠬᠤ ᠨᠢ ᠤᠯᠠᠮ ᠴᠤ ᠢᠯᠡᠬᠦᠤ ᠪᠠᠶᠢᠳᠠᠭ᠃ ᠠᠳᠤᠭᠤᠨ ᠤ ᠲᠠᠷᠭᠤ ᠬᠦᠴᠤ ᠠᠪᠤᠯᠳᠠ ᠶᠢᠨ ᠪᠠᠶᠢᠳᠠᠯ ᠢ ᠠᠵᠢᠭᠯᠠᠬᠤ ᠳᠤ ᠵᠤ᠋ ᠨᠢᠷᠤᠭᠤ ᠪᠠᠷ ᠢᠶᠠᠨ ᠤᠨᠴᠨ ᠮᠡᠳᠡᠭᠳᠡᠬᠦ ᠦᠭᠡᠢ᠂ ᠬᠠᠷᠢᠨ ᠲᠠᠯᠤ᠂ ᠬᠠᠪᠢᠷᠭ᠎ᠠ᠂ ᠬᠡᠳᠡᠰᠦᠨ ᠲᠠᠯ᠎ᠠ ᠪᠠᠷ ᠢᠶᠠᠨ ᠰᠠᠶᠢᠨ ᠮᠡᠳᠡᠭᠳᠡᠨ᠎ᠠ᠃ ᠲᠠᠷᠭᠤ ᠬᠦᠴᠤ ᠰᠠᠶᠢᠨ ᠠᠪᠴᠤ ᠪᠠᠶᠢᠭ᠎ᠠ ᠠᠳᠤᠭᠤᠨ ᠤ ᠲᠡᠯ ᠤᠨ ᠤᠷᠭᠤᠯᠳᠠ ᠵᠢᠭᠳᠡ ᠪᠤᠰᠤᠭ᠎ᠠ ᠪᠦᠭᠡᠳ ᠶᠠᠪᠤᠬᠤ ᠳᠤᠨᠢ ᠰᠠᠭᠰᠠᠯᠵᠠᠬᠤ ᠪᠠᠶᠢᠳᠠᠯ ᠲᠠᠢ ᠪᠠᠶᠢᠨ᠎ᠠ᠃ ᠠᠯᠢ ᠨᠢᠭᠡ ᠲᠠᠶᠢᠰᠢ ᠪᠠᠨ ᠨᠠᠯᠠᠭᠤ ᠲᠠᠯ ᠲᠠᠢ ᠠᠳᠤᠭᠤᠨ ᠤ ᠡᠰᠡᠷᠬᠦ ᠲᠠᠯ᠎ᠠ  ᠶᠢᠨ ᠲᠡᠯ ᠵᠢᠭᠳᠡ ᠪᠤᠰᠤᠭ᠎ᠠ ᠤᠷᠭᠤᠭᠰᠠᠨ ᠪᠠᠶᠢᠪᠠᠯ ᠲᠠᠷᠭᠤ ᠬᠦᠴᠤ ᠰᠠᠶᠢᠨ ᠠᠪᠴᠤ ᠪᠠᠶᠢᠭ᠎ᠠ ᠶᠢᠨ ᠰᠢᠨᠵᠢ᠃ ᠨᠠᠮᠤᠷ ᠤᠨ ᠤᠯᠠᠷᠢᠯ ᠤᠨ ᠦᠶ᠎ᠠ ᠠᠴᠠ ᠪᠠᠷᠢᠭᠰᠠᠨ ᠬᠡᠬᠦᠤ ᠪᠠᠨ ᠤᠨᠠᠭ᠎ᠠ ᠲᠠᠢ ᠨᠢ ᠲᠠᠯᠪᠢᠵᠤ ᠤᠳᠤᠷ ᠤᠨ ᠪᠡᠯᠴᠢᠭᠡᠷ ᠲᠤ ᠭᠠᠷᠭᠠᠨ ᠲᠠᠷᠭᠤ ᠬᠦᠴᠤ ᠰᠠᠶᠢᠨ ᠠᠪᠤᠭᠤᠯᠬᠤ ᠨᠢ ᠠᠰᠢᠭ ᠲᠠᠢ᠃ ᠬᠡᠷᠪᠡ ᠪᠠᠷᠢᠭᠰᠠᠨ ᠬᠡᠬᠦᠤ ᠶᠢ ᠡᠨᠡ ᠦᠶ᠎ᠠ ᠠᠴᠠ ᠬᠤᠶᠢᠰᠢ ᠤᠳᠠᠭᠠᠨ ᠬᠤᠭᠤᠴᠠᠭ᠎ᠠ ᠪᠠᠷ ᠰᠠᠭᠠᠵᠤ ᠠᠰᠢᠭᠯᠠᠪᠠᠯ ᠨᠤᠭᠤᠭᠠᠨ ᠤ ᠰᠦᠯ ᠲᠠᠰᠤᠷᠠᠵᠤ ᠡᠪᠡᠰᠤ ᠤᠷᠭᠤᠮᠠᠯ ᠭᠠᠩᠳᠠᠵᠤ ᠬᠠᠭᠳᠠᠷᠠᠳᠠᠭ ᠤᠴᠢᠷ ᠰᠠᠶᠢᠨ ᠲᠠᠷᠭᠤᠯᠠᠵᠤ ᠴᠢᠳᠠᠳᠠᠭ ᠦᠭᠡᠢ ᠶᠢ ᠠᠩᠬᠠᠷᠬᠤ ᠨᠢ ᠴᠢᠬᠤᠯᠨ᠃      ︽ᠴᠠᠭ ᠠᠭᠠᠷ ᠮᠠᠯ ᠤᠨ ᠬᠠᠷᠢᠭᠤᠯᠭ᠎ᠠ︾ ᠨᠤᠮ  ᠠᠴᠠ      ᠵᠤᠬᠢᠶᠠᠭᠴᠢ᠄ ︵ᠮᠤᠩᠭᠤᠯ︶  ᠪ᠊ · ᠵᠢᠭᠮᠡᠳᠳᠤᠷᠵᠢ᠂ ᠯ᠊  · ᠪᠠᠯᠳᠠᠨᠳᠠᠰᠢ᠂  ᠬ᠋᠊ · ᠨᠠᠮᠬᠠᠶᠢᠵᠠᠨᠽᠠᠨ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号