ᠨᠠᠮᠤᠷ ᠤᠨ ᠰᠡᠷᠢᠬᠦᠨ ᠤᠷᠤᠬᠤ ᠦᠶ᠎ᠠ ᠶᠢᠨ ᠮᠠᠯ ᠤᠨ ᠬᠠᠷᠢᠭᠤᠯᠭ᠎ᠠ ᠮᠠᠯᠯᠠᠭ᠎ᠠ ︵ᠬᠤᠶᠠᠷ︶
ᠨᠡᠶᠢᠲᠡᠯᠡᠭᠰᠡᠨ ᠴᠠᠭ᠄
2018/11/27
              ᠦᠭᠡᠷ ᠤᠨ ᠬᠠᠷᠢᠭᠤᠯᠭ᠎ᠠ ᠮᠠᠯᠯᠠᠭ᠎ᠠ       ᠵᠤᠨ ᠤ ᠰᠡᠬᠦᠯᠴᠢ ᠨᠠᠮᠤᠷ ᠤᠨ ᠡᠬᠢᠨ ᠤ ᠦᠶ᠎ᠠ ᠳᠤ ᠦᠭᠡᠷ ᠦᠭᠡᠬᠦᠨ ᠲᠠᠷᠭᠤ ᠠᠪᠳᠠᠭ ᠪᠦᠭᠡᠳ ᠶᠦᠷᠬᠦᠭ᠂ ᠲᠦᠷᠸᠠ᠂ ᠬᠦᠴᠢᠩᠬᠢ᠂ ᠬᠡᠷᠡᠰᠤ᠂ ᠲᠠᠷᠠᠰᠤ ᠵᠡᠷᠭᠡ ᠦᠳᠭᠡᠨ ᠰᠠᠬᠤᠯᠢᠭ ᠨᠤᠭᠤᠭ᠎ᠠ ᠲᠠᠢ ᠠᠬᠢ᠂ ᠲᠠᠭᠠᠨ᠎ᠠ᠂ ᠬᠦᠮᠡᠯᠢ᠂ ᠮᠠᠩᠬᠢᠷ ᠵᠡᠷᠭᠡ ᠠᠮᠳᠠᠯᠢᠭ ᠤᠷᠭᠤᠮᠠᠯ ᠡᠯᠪᠡᠭᠳᠠᠢ ᠤᠰᠤ ᠬᠤᠵᠢᠷ ᠰᠠᠶᠢᠳᠠᠢ ᠬᠦᠳᠡᠭᠡ ᠬᠡᠭᠡᠷ᠎ᠠ ᠶᠢᠨ ᠪᠡᠯᠴᠢᠭᠡᠷ  ᠲᠤ ᠲᠡᠮᠡᠦᠯᠡᠳᠡᠭ ᠤᠴᠢᠷ ᠡᠨᠡ ᠪᠠᠶᠢᠳᠠᠯ ᠢ ᠬᠠᠷᠠᠭᠠᠯᠵᠠᠨ ᠨᠠᠮ ᠲᠤᠤᠷ᠎ᠠ ᠴᠠᠭᠠᠨ ᠭᠠᠵᠠᠷ ᠤᠨ ᠨᠤᠳᠤᠭ ᠪᠡᠯᠴᠢᠭᠡᠷ ᠢ ᠰᠤᠩᠭᠤᠨ ᠠᠪᠴᠤ ᠮᠠᠯᠯᠠᠬᠤ ᠨᠢ ᠲᠤᠬᠢᠷᠠᠮᠵᠢᠳᠠᠢ᠃ ᠪᠡᠯᠴᠢᠭᠡᠷ ᠤᠨ ᠡᠪᠡᠰᠤ ᠤᠷᠭᠤᠮᠠᠯ ᠬᠠᠳᠠᠵᠤ ᠬᠠᠭᠳᠠᠷᠠᠵᠤ ᠡᠬᠢᠯᠡᠬᠦ ᠶᠢᠨ ᠬᠠᠮᠳᠤ ᠡᠪᠡᠰᠤ ᠨᠤᠭᠤᠭ᠎ᠠ ᠶᠢ ᠰᠤᠷᠭᠤᠭᠯᠠᠨ ᠢᠳᠡᠬᠦ ᠬᠡᠵᠤ ᠦᠭᠡᠷ ᠤᠨ ᠶᠠᠪᠤᠯᠳᠠ ᠶᠡᠭᠡᠰᠳᠡᠭ ᠲᠤᠯᠨ ᠲᠠᠷᠨ ᠪᠦᠷᠢ ᠲᠤᠷ᠎ᠠ ᠪᠠᠷ ᠨᠢ ᠶᠠᠪᠤᠭᠤᠯᠬᠤ ᠦᠭᠡᠢ ᠲᠤᠭᠳᠠᠭᠠᠵᠤ ᠬᠠᠷᠢᠭᠤᠯᠬᠤ ᠨᠢ ᠴᠢᠬᠤᠯᠨ᠃ ᠦᠭᠡᠬᠦᠨ ᠲᠠᠷᠭᠤ ᠪᠠᠨ ᠬᠦᠢᠴᠡᠳ ᠠᠪᠴᠤ ᠪᠠᠶᠢᠭ᠎ᠠ ᠦᠭᠡᠷ ᠢ ᠡᠳᠦᠷ ᠤᠨ ᠴᠠᠭ ᠢᠶᠠᠷ ᠬᠠᠳᠠᠭᠤ ᠲᠠᠭᠵᠢᠭᠤᠷ ᠬᠦᠷᠦᠰᠤ ᠲᠠᠢ ᠲᠡᠭᠰᠢ ᠲᠠᠯᠪᠢᠭᠤᠨ ᠭᠠᠵᠠᠷ ᠪᠤᠶᠤ ᠨᠠᠭᠤᠷ ᠭᠤᠤᠯ ᠤᠨ ᠤᠶᠢᠷᠠᠯᠴᠠᠭ᠎ᠠ ᠪᠡᠯᠴᠢᠭᠡᠷ ᠲᠤ ᠤᠰᠤᠨ ᠤ ᠴᠢᠬᠢᠭ ᠲᠠᠢ ᠭᠠᠵᠠᠷ ᠲᠤ ᠠᠮᠤᠰᠬᠢᠭᠤᠯᠤᠨ ᠬᠡᠪᠳᠡᠬᠦᠯᠵᠤ ᠠᠮᠠᠷᠠᠭᠠᠭᠠᠳ ᠠᠯᠪᠠᠳᠠᠨ ᠪᠤᠰᠬᠠᠵᠤ ᠦᠢᠮᠡᠬᠦᠯᠬᠦ ᠦᠭᠡᠢ ᠪᠠᠷ ᠠᠶᠠᠨᠳᠠᠭᠠᠨ ᠪᠤᠰᠴᠤ ᠡᠬᠢᠯᠡᠬᠦ ᠳᠤᠨᠢ ᠵᠦᠭᠡᠯᠡᠨ ᠬᠦᠳᠡᠯᠬᠡᠬᠦ ᠳᠤ ᠪᠡᠯᠴᠢᠭᠡᠷ ᠲᠡᠭᠡᠨ ᠲᠠᠪᠠᠯᠢᠭ ᠲᠤᠭᠳᠠᠪᠤᠷᠢᠳᠠᠢ᠂ ᠨᠠᠯᠠᠭᠠᠷ ᠲᠠᠶᠢᠪᠤᠩ ᠢᠳᠡᠰᠢᠯᠡᠨ᠎ᠠ᠃ ᠬᠦᠢᠳᠡᠨ ᠪᠤᠷᠤᠭ᠎ᠠ ᠲᠠᠢ ᠪᠠ ᠪᠦᠷᠬᠦᠭ ᠰᠡᠷᠢᠬᠦᠨ ᠡᠳᠦᠷ ᠲᠤ ᠦᠭᠡᠷ ᠢ ᠡᠩᠭᠡᠷ ᠪᠠᠯ ᠲᠠᠭᠠᠭᠤᠯᠵᠤ ᠡᠮᠬᠢᠨᠡᠬᠦᠨ ᠪᠠᠶᠢᠳᠠᠯ ᠲᠠᠢ ᠬᠠᠷᠢᠭᠤᠯᠬᠤ ᠨᠢ ᠵᠦᠢᠳᠠᠢ᠃ ᠦᠭᠡᠷ ᠨᠢ ᠡᠪᠡᠰᠤ ᠨᠤᠭᠤᠭ᠎ᠠ ᠰᠤᠷᠴᠢᠯᠠᠨ ᠢᠳᠡᠰᠢᠯᠡᠵᠤ ᠶᠠᠪᠤᠬᠤ ᠳᠠᠭᠠᠨ ᠶᠠᠮᠠᠷ ᠨᠢᠭᠡ ᠬᠠᠷᠭᠤᠢ ᠲᠤᠬᠢᠶᠠᠯᠳᠤᠬᠤ ᠳᠤ ᠲᠡᠬᠦᠨ ᠢ ᠲᠠᠭᠠᠵᠤ ᠴᠤᠪᠤᠬᠤ ᠲᠤᠷ᠎ᠠ ᠲᠠᠢ ᠪᠠᠶᠢᠳᠠᠭ ᠢ ᠠᠩᠬᠠᠷᠴᠤ᠂ ᠬᠡᠷᠪᠡ ᠵᠠᠮ ᠳᠤ ᠤᠷᠤᠭᠠᠳ ᠴᠤᠪᠤᠵᠤ ᠡᠬᠢᠯᠡᠪᠡᠯ ᠲᠠᠷᠤᠢ ᠭᠠᠷᠭᠠᠨ ᠪᠡᠯᠴᠢᠭᠡᠷ ᠲᠤᠨᠢ ᠵᠠᠯᠠᠵᠤ ᠲᠤᠭᠳᠠᠭᠤᠨ ᠲᠠᠶᠢᠪᠤᠩ ᠬᠠᠷᠢᠭᠤᠯᠵᠤ ᠪᠠᠶᠢᠪᠠᠯ ᠵᠤᠬᠢᠨ᠎ᠠ᠃ ᠡᠪᠡᠰᠤᠨ ᠤ ᠲᠤᠯᠤᠭᠠᠢ ᠰᠢᠷᠠᠯᠠᠬᠤ ᠦᠶ᠎ᠠ ᠠᠴᠠ ᠦᠭᠡᠷ ᠰᠦᠨᠢ ᠪᠡᠯᠴᠢᠭᠡᠷᠯᠡᠬᠦ ᠲᠤᠷ᠎ᠠ ᠲᠠᠢ ᠪᠠᠶᠢᠳᠠᠭ ᠲᠤᠯᠨ ᠴᠦᠭᠡᠨ ᠴᠠᠭ ᠪᠤᠯᠪᠠᠴᠤ ᠰᠦᠨᠢ ᠪᠡᠯᠴᠢᠭᠡᠷᠯᠡᠬᠦᠯᠦᠨ ᠢᠳᠡᠰᠢᠯᠡᠬᠦᠯᠵᠤ ᠪᠠᠶᠢᠪᠠᠯ ᠲᠠᠷᠭᠤ ᠬᠦᠴᠤ ᠶᠢ ᠨᠢ ᠨᠡᠮᠡᠭᠳᠡᠬᠦᠯᠬᠦ ᠳᠤ ᠨᠡᠯᠢᠶᠡᠳ ᠲᠤᠰᠨ ᠲᠦᠬᠦᠮ ᠪᠤᠯᠤᠨ᠎ᠠ᠃       ᠦᠭᠡᠷ ᠨᠢ ᠨᠠᠮᠤᠷᠰᠢᠬᠤ ᠲᠤᠳᠤᠮ ᠶᠡᠭᠡ ᠴᠠᠩᠭᠠᠬᠤ ᠪᠤᠯᠳᠠᠭ ᠤᠴᠢᠷ ᠦᠷᠯᠦᠭᠡ ᠤᠷᠤᠢ ᠶᠢᠨ ᠴᠠᠭ ᠢᠶᠠᠷ ᠡᠳᠦᠷ ᠲᠤ ᠬᠤᠶᠠᠷ ᠤᠳᠠᠭ᠎ᠠ ᠤᠰᠤᠯᠠᠵᠤ ᠪᠠᠶᠢᠪᠠᠯ ᠵᠤᠬᠢᠨ᠎ᠠ᠃ ᠮᠠᠯ ᠢ ᠠᠯᠢ ᠴᠤ ᠤᠯᠠᠷᠢᠯ ᠳᠤ ᠤᠰᠤ ᠪᠠᠷ ᠭᠠᠴᠢᠭᠳᠠᠭᠤᠯᠵᠤ ᠪᠤᠯᠬᠤ ᠦᠭᠡᠢ᠃ ︽ᠤᠰᠤ ᠪᠤᠯ ᠤᠤᠭᠤᠪᠠᠯ ᠤᠮᠳᠠᠭ᠎ᠠ᠂ ᠤᠤᠭᠤᠭᠰᠠᠨ ᠬᠤᠶᠢᠨ᠎ᠠ ᠪᠠᠨ ᠲᠤᠰᠤ︾ ᠬᠡᠵᠤ ᠮᠠᠨ ᠤ ᠲᠡᠷᠢᠬᠦᠨ ᠤ ᠬᠠᠰᠢᠷ ᠲᠤᠷᠰᠢᠯᠭ᠎ᠠ ᠲᠠᠢ ᠮᠠᠯᠴᠢᠳ ᠵᠦᠪᠯᠡᠳᠡᠭ᠃ ᠢᠩᠬᠢᠬᠦᠯᠡᠷ ᠮᠠᠯ ᠢ ᠤᠰᠤ ᠪᠠᠷ ᠲᠤᠭᠳᠠᠮᠠᠯ ᠰᠠᠶᠢᠨ ᠬᠠᠩᠭᠠᠵᠤ ᠪᠠᠶᠢᠬᠤ ᠨᠢ ᠴᠢᠬᠤᠯᠨ᠃ ᠬᠤᠯᠨ ᠶᠢᠨ ᠪᠡᠯᠴᠢᠭᠡᠷ ᠲᠤ ᠶᠠᠪᠤᠵᠤ ᠢᠳᠡᠰᠢᠯᠡᠬᠦ ᠪᠤᠶᠤ ᠤᠰᠤ ᠤᠮᠳᠠᠭᠠᠨ ᠳᠠᠭᠠᠨ ᠠᠯᠤᠰ ᠠᠴᠠ ᠴᠤᠪᠤᠵᠤ ᠢᠷᠡᠬᠦ ᠶᠠᠪᠤᠳᠠᠯ ᠠᠴᠠ ᠤᠷᠢᠳᠴᠢᠯᠠᠨ ᠪᠤᠯᠭᠤᠮᠵᠢᠯᠠᠵᠤ ᠤᠰᠤ᠂ ᠪᠡᠯᠴᠢᠭᠡᠷ ᠤᠨ ᠬᠤᠭᠤᠷᠤᠨᠳᠤ ᠶᠢᠨ ᠵᠠᠢ ᠶᠢ ᠲᠤᠬᠢᠷᠠᠭᠤᠯᠬᠤ ᠳᠠᠭᠠᠨ ᠦᠭᠡᠷ ᠪᠡᠯᠴᠢᠭᠡᠷ ᠲᠡᠭᠡᠨ ᠬᠡᠰᠡᠭ ᠵᠠᠭᠤᠷ᠎ᠠ ᠢᠳᠡᠰᠢᠯᠡᠭᠡᠳ ᠤᠰᠤ ᠪᠠᠨ ᠤᠤᠭᠤᠵᠤ ᠪᠠᠶᠢᠬᠤ ᠪᠠᠷ ᠨᠦᠬᠦᠴᠡᠯᠳᠦᠬᠦᠯᠦᠨ ᠤᠰᠤᠨ ᠤ ᠤᠶᠢᠷ᠎ᠠ ᠲᠦᠬᠦᠮ ᠪᠠᠶᠢᠯᠭᠠᠪᠠᠯ ᠲᠤᠩ ᠰᠠᠶᠢᠨ ᠪᠤᠯᠤᠨ᠎ᠠ᠃ ᠦᠭᠡᠷ ᠤᠨ ᠪᠡᠯᠴᠢᠭᠡᠷᠯᠡᠬᠦᠯᠬᠦ᠂ ᠬᠤᠳᠠᠯᠠᠬᠤ᠂ ᠤᠰᠤ ᠬᠤᠵᠢᠷ ᠲᠤ ᠤᠷᠤᠬᠤ ᠵᠢᠮ ᠵᠦᠷᠢᠭ ᠨᠢ ᠵᠦᠭᠡᠯᠡᠨ ᠬᠦᠷᠦᠰᠤ ᠲᠠᠢ ᠭᠠᠵᠠᠷ ᠪᠠᠶᠢᠬᠤ ᠨᠢ ᠲᠤᠬᠢᠷᠠᠮᠵᠢᠳᠠᠢ᠃ ᠬᠡᠷᠪᠡ ᠲᠠᠭᠵᠢᠭᠤᠷ ᠬᠠᠳᠠᠭᠤ᠂ ᠬᠠᠶᠢᠷᠭᠤ ᠴᠢᠯᠠᠭᠤ ᠲᠠᠢ ᠪᠤᠯ ᠦᠭᠡᠷ ᠮᠠᠯ ᠨᠢ ᠵᠠᠮᠨᠠᠵᠤ ᠶᠠᠪᠤᠬᠤ ᠳᠠᠭᠠᠨ ᠪᠡᠷᠬᠡᠰᠢᠶᠡᠬᠦ᠂ ᠤᠯᠨ ᠲᠤᠭᠤᠷᠠᠢ ᠨᠢ ᠡᠯᠡᠭᠳᠡᠨ ᠨᠢᠮᠭᠡᠷᠡᠵᠤ ᠬᠢᠰᠬᠢᠬᠦ ᠳᠡᠭᠡᠨ ᠡᠮᠵᠡᠭᠯᠡᠨ᠂ ᠢᠳᠡᠰᠢᠯᠡᠬᠦ ᠳᠡᠭᠡᠨ ᠲᠤᠬᠢ ᠠᠯᠳᠠᠵᠤ ᠲᠠᠷᠭᠤ ᠬᠦᠴᠤ ᠪᠠᠨ ᠲᠤᠳᠠᠭᠤ ᠲᠤᠯᠢ ᠠᠪᠬᠤ ᠳᠤ ᠬᠦᠷᠦᠨ᠎ᠠ᠃ ᠨᠠᠮᠤᠷ ᠤᠨ ᠤᠯᠠᠷᠢᠯ ᠳᠤ ᠦᠭᠡᠷ ᠨᠢ ᠬᠦᠯᠦᠷᠡᠭᠰᠡᠨ ᠠᠴᠠ ᠪᠤᠯᠵᠤ ᠠᠮᠠᠷᠬᠠᠨ ᠬᠠᠶᠢᠯᠵᠤ ᠲᠠᠷᠭᠤ ᠬᠦᠴᠤ ᠨᠢ ᠮᠠᠭᠤᠳᠠᠨ᠎ᠠ᠃ ᠡᠶᠢᠮᠤ ᠠᠴᠠ ᠦᠷᠯᠦᠭᠡ ᠪᠡᠯᠴᠢᠭᠡᠬᠦ᠂ ᠤᠷᠤᠢ ᠬᠤᠳᠠᠯᠠᠭᠤᠯᠬᠤ᠂ ᠡᠳᠦᠷ ᠬᠠᠷᠢᠭᠤᠯᠵᠤ ᠢᠳᠡᠰᠢᠯᠡᠬᠦᠯᠬᠦ ᠳᠡᠭᠡᠨ ᠰᠢᠷᠦᠬᠦᠨ ᠬᠦᠭᠡᠭᠡᠵᠤ ᠲᠠᠭᠤᠵᠤ ᠬᠦᠯᠦᠷᠡᠭᠡᠬᠦ᠂ ᠦᠷᠬᠦᠵᠤ ᠴᠤᠴᠢᠭᠠᠬᠤ ᠠᠴᠠ ᠠᠯᠢ ᠪᠤᠯᠬᠤ ᠪᠠᠷ ᠪᠤᠯᠭᠤᠮᠵᠢᠯᠠᠪᠠᠯ ᠵᠤᠬᠢᠨ᠎ᠠ᠃ ᠰᠠᠭᠠᠯᠢ ᠶᠢᠨ ᠬᠤᠭᠤᠴᠠᠭ᠎ᠠ ᠲᠠᠭᠤᠰᠤᠭᠰᠠᠨ ᠤ ᠲᠠᠷᠠᠭ᠎ᠠ ᠴᠠᠭ ᠤᠨ ᠤᠷᠢᠨ ᠲᠤᠯᠠᠭᠠᠨ᠂ ᠡᠪᠡᠰᠤ ᠨᠤᠭᠤᠭᠠᠨ  ᠤ ᠰᠢᠮ᠎ᠠ ᠲᠠᠢ ᠪᠠᠶᠢᠬᠤ ᠦᠶ᠎ᠠ ᠳᠤ ᠲᠤᠭᠤᠯ ᠪᠢᠷᠠᠭᠤ ᠶᠢ ᠡᠬᠡ ᠠᠴᠠ ᠨᠢ ᠢᠯᠭᠠᠵᠤ ᠲᠤᠰ ᠲᠤᠰ ᠲᠤᠨᠢ ᠰᠦᠷᠦᠭᠯᠡᠨ ᠪᠡᠶ᠎ᠠ ᠪᠠᠨ ᠲᠠᠭᠠᠭᠠᠵᠤ ᠪᠡᠯᠴᠢᠭᠡᠷᠯᠡᠬᠦᠯᠬᠦ ᠳᠤ ᠲᠠᠰᠬᠠᠨ ᠬᠦᠢᠳᠡᠨ ᠤ ᠠᠮᠢᠰᠬᠤᠯ ᠤᠷᠤᠬᠤ ᠠᠴᠠ ᠡᠮᠦᠨ᠎ᠠ ᠲᠠᠷᠭᠤ ᠬᠦᠴᠤ ᠰᠠᠶᠢᠨ ᠠᠪᠤᠭᠤᠯᠬᠤ ᠨᠢ ᠴᠢᠬᠤᠯᠨ᠃ ᠵᠤᠨ ᠨᠠᠮᠤᠷ ᠤᠨ ᠤᠯᠠᠷᠢᠯ ᠳᠤ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠨᠢ ᠲᠤᠬᠢᠷᠠᠵᠤ ᠮᠢᠬ᠎ᠠ᠂ ᠦᠭᠡᠬᠦᠨ ᠲᠠᠷᠭᠤ ᠰᠠᠶᠢᠨ ᠠᠪᠤᠭᠰᠠᠨ ᠦᠭᠡᠷ ᠤᠨ ᠪᠡᠶ᠎ᠠ ᠶᠢᠨ ᠶᠡᠷᠦᠩᠭᠡᠢ ᠪᠠᠶᠢᠳᠠᠯ ᠬᠦᠯᠢᠭᠡᠷ ᠪᠦᠭᠡᠷᠡᠩᠭᠡᠢ᠂ ᠤᠭᠤᠴᠨ ᠨᠢᠷᠤᠭᠤ ᠨᠢ ᠵᠤᠵᠠᠭᠠᠨ ᠬᠠᠪᠳᠠᠭᠠᠢ᠂ ᠲᠠᠰᠢᠶᠠᠨ ᠲᠤᠯᠤᠭᠠᠢ ᠨᠢ ᠪᠤᠯᠬᠤᠭᠤᠷ ᠪᠠᠶᠢᠳᠠᠯ ᠲᠠᠢ ᠪᠠᠶᠢᠬᠤ ᠠᠴᠠ ᠭᠠᠳᠠᠨ᠎ᠠ ᠬᠦᠯ ᠢᠶᠠᠨ ᠵᠢᠬᠢᠵᠤ ᠰᠠᠯᠬᠢᠨ ᠤ ᠦᠭᠡᠳᠠ ᠬᠠᠷᠠᠵᠤ ᠬᠡᠪᠳᠡᠬᠦ ᠲᠤᠷ᠎ᠠ ᠲᠠᠢ ᠪᠤᠯᠤᠨ᠎ᠠ᠃ ᠰᠦᠨᠢ ᠬᠡᠪᠳᠡᠷᠢ ᠳᠡᠭᠡᠨ ᠢᠨᠴᠠᠭᠯᠠᠨ ᠢᠷᠠᠭᠯᠠᠵᠤ ᠨᠡᠯᠢᠶᠡᠳ ᠠᠪᠢᠶ᠎ᠠ ᠴᠢᠮᠡᠭᠡ ᠲᠠᠢ ᠬᠡᠪᠢᠬᠦ᠂ ᠦᠰᠤ ᠨᠢ ᠴᠢᠬᠢᠭ ᠲᠠᠭᠠᠭᠠᠭᠰᠠᠨ ᠪᠠᠶᠢᠳᠠᠭ ᠪᠤᠯᠪᠠᠴᠤ ᠬᠢᠯᠠᠯᠵᠠᠭᠰᠠᠨ ᠰᠤᠷ ᠲᠠᠢ ᠦᠩᠭᠡ ᠵᠢᠰᠤ ᠨᠢ ᠰᠠᠶᠢᠬᠠᠨ᠂ ᠨᠤᠵᠤᠭᠤᠢ ᠤᠳᠠᠭᠠᠨ ᠶᠠᠪᠤᠳᠠᠯ ᠲᠠᠢ ᠪᠡᠯᠴᠢᠭᠡᠷ  ᠲᠡᠭᠡᠨ ᠪᠠᠶᠢᠨ ᠪᠠᠶᠢᠨ ᠬᠡᠪᠳᠡᠵᠤ ᠪᠤᠰᠴᠤ ᠪᠠᠶᠢᠳᠠᠭ ᠪᠠ ᠨᠤᠭᠤᠯᠤᠭᠤᠷ ᠤᠯᠠᠨ ᠲᠠᠢ ᠠᠭᠯᠢᠭᠤᠨ ᠲᠤᠮᠤ ᠪᠠᠭᠠᠰᠤ ᠲᠠᠢ ᠪᠠᠶᠢᠨ᠎ᠠ᠃ ᠨᠡᠶᠢᠳᠠ ᠰᠦᠷᠦᠭ ᠤᠨ ᠪᠠᠶᠢᠳᠠᠯ ᠢ ᠠᠵᠢᠭᠯᠠᠬᠤ ᠳᠤ ᠴᠢᠬᠢᠷ᠎ᠠ ᠰᠠᠶᠢᠬᠠᠨ ᠲᠠᠢ᠂ ᠲᠠᠶᠢᠪᠤᠩ ᠨᠠᠯᠠᠭᠠᠷ ᠪᠠᠶᠢᠨ᠎ᠠ᠃ ᠶᠡᠷᠦ ᠨᠢ ᠮᠠᠯ ᠳᠤ ᠲᠡᠭᠡᠳᠤ ᠵᠡᠷᠭᠡ ᠶᠢᠨ ᠲᠠᠷᠭᠤ ᠬᠦᠴᠤ ᠠᠪᠤᠭᠤᠯᠤᠨ᠎ᠠ ᠬᠡᠳᠡᠭ ᠨᠢ ᠮᠠᠯ ᠢ ᠠᠯᠢ ᠨᠢᠭᠡ ᠲᠠᠭᠠᠷᠠᠯᠳᠤᠭᠰᠠᠨ ᠭᠠᠵᠠᠷ ᠲᠠᠭᠠᠨ ᠪᠡᠯᠴᠢᠭᠡᠵᠤ ᠯᠡ ᠪᠠᠶᠢᠪᠠᠯ ᠲᠠᠷᠭᠤᠯᠠᠭᠠᠳ ᠪᠠᠶᠢᠳᠠᠭ ᠪᠢᠰᠢ᠂ ᠬᠠᠷᠢᠨ ᠮᠠᠯᠴᠢᠨ ᠬᠦᠮᠦᠨ ᠤᠯᠠᠷᠢᠯ ᠤᠨ ᠪᠠᠶᠢᠳᠠᠯ ᠢᠶᠠᠷ ᠮᠠᠯ ᠳᠠᠭᠠᠨ ᠲᠤᠬᠢᠷᠠᠬᠤ ᠨᠤᠳᠤᠭ ᠪᠡᠯᠴᠢᠭᠡᠷ ᠢ ᠰᠤᠩᠭᠤᠨ ᠤᠯᠵᠤ ᠮᠠᠯ ᠤᠨ  ᠢᠶᠠᠨ ᠬᠠᠷᠢᠭᠤᠯᠭ᠎ᠠ ᠮᠠᠯᠯᠠᠭ᠎ᠠ ᠶᠢ ᠲᠤᠬᠠᠢ ᠶᠢᠨ ᠡᠳᠦᠷ ᠤᠨ ᠴᠠᠭ ᠠᠭᠤᠷ ᠤᠨ ᠪᠠᠶᠢᠳᠠᠯ ᠳᠤ ᠵᠤᠬᠢᠴᠠᠭᠤᠯᠤᠨ ᠤᠶᠢᠭ᠎ᠠ ᠦᠭᠡᠢ ᠮᠠᠬᠠᠷᠠᠨ ᠠᠵᠢᠯᠯᠠᠪᠠᠯ ᠰᠠᠶ᠋ᠢ ᠪᠡᠶᠡᠯᠡᠬᠦ ᠨᠠᠷᠢᠨ ᠲᠦᠪᠡᠭᠳᠠᠢ ᠵᠦᠢᠯ ᠶᠤᠮ᠃ ᠡᠶᠢᠮᠤ ᠠᠴᠠ ᠮᠠᠯ ᠢᠶᠠᠨ ᠰᠠᠶᠢᠨ ᠲᠠᠷᠭᠤᠯᠠᠭᠤᠯᠬᠤ ᠶᠢᠨ ᠲᠤᠯᠠᠳᠠ ᠬᠦᠴᠤ ᠪᠦᠷᠢᠨ ᠠᠪᠬᠤ ᠦᠶ᠎ᠠ ᠱᠠᠳᠤ ᠶᠢᠨ ᠲᠠᠭᠠᠤ ᠤᠳᠤᠷ ᠨᠡᠬᠦᠳᠡᠯ ᠬᠢᠵᠤ ᠲᠤᠬᠢᠷᠠᠬᠤ ᠨᠤᠳᠤᠭ ᠪᠡᠯᠴᠢᠭᠡᠷ ᠲᠤᠨᠢ ᠴᠢᠳᠠᠮᠠᠭᠠᠢ ᠰᠠᠶᠢᠨ ᠬᠠᠷᠢᠭᠤᠯᠵᠤ ᠮᠠᠯᠯᠠᠬᠤ ᠨᠢ ᠲᠦᠢᠯ ᠤᠨ ᠴᠢᠬᠤᠯᠨ᠃      ︽ᠴᠠᠭ ᠠᠭᠠᠷ ᠮᠠᠯ ᠤᠨ ᠬᠠᠷᠢᠭᠤᠯᠭ᠎ᠠ︾ ᠨᠤᠮ ᠠᠴᠠ       ᠵᠤᠬᠢᠶᠠᠭᠴᠢ᠄ ︵ᠮᠤᠩᠭᠤᠯ︶  ᠪ᠊ · ᠵᠢᠭᠮᠡᠳᠳᠤᠷᠵᠢ᠂ ᠯ᠊  · ᠪᠠᠯᠳᠠᠨᠳᠠᠰᠢ᠂  ᠬ᠋᠊ · ᠨᠠᠮᠬᠠᠶᠢᠵᠠᠨᠽᠠᠨ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号