ᠨᠠᠮᠤᠷ ᠤᠨ ᠰᠡᠷᠢᠬᠦᠨ ᠤᠷᠤᠬᠤ ᠦᠶ᠎ᠠ ᠶᠢᠨ ᠮᠠᠯ ᠤᠨ ᠬᠠᠷᠢᠭᠤᠯᠭ᠎ᠠ ᠮᠠᠯᠯᠠᠭ᠎ᠠ ︵ᠨᠢᠭᠡ︶
ᠨᠡᠶᠢᠲᠡᠯᠡᠭᠰᠡᠨ ᠴᠠᠭ᠄
2018/11/27
      ᠨᠠᠮᠤᠷ ᠤᠨ ᠰᠡᠷᠢᠬᠦᠨ ᠤᠷᠤᠬᠤ ᠦᠶ᠎ᠠ ᠳᠤ ᠲᠦᠷᠦᠯ ᠪᠦᠷᠢ ᠶᠢᠨ ᠮᠠᠯ ᠤᠨ ᠬᠠᠷᠢᠭᠤᠯᠭ᠎ᠠ ᠮᠠᠯᠯᠠᠭ᠎ᠠ ᠶᠢᠨ ᠭᠤᠤᠯ ᠵᠤᠷᠢᠯᠳᠠ ᠨᠢ ᠠᠯᠤᠰ ᠤᠨ ᠤᠳᠤᠷ ᠲᠤ ᠭᠠᠷᠴᠤ ᠤᠶᠢᠷ᠎ᠠ ᠤᠶᠢᠷᠠᠬᠠᠨ ᠬᠤᠭᠤᠴᠠᠭᠠᠨ ᠳᠤ ᠲᠤᠪᠰᠢᠨ ᠨᠡᠬᠦᠵᠤ ᠰᠤᠷᠭᠤᠭ ᠰᠠᠶᠢᠨ ᠨᠤᠳᠤᠭ ᠪᠡᠯᠴᠢᠭᠡᠷ ᠰᠡᠯᠬᠦᠴᠡᠬᠦᠯᠬᠦ ᠵᠢᠷᠦᠮ ᠢᠶᠠᠷ ᠮᠠᠯ ᠳᠤ ᠦᠭᠡᠬᠦᠨ ᠲᠠᠷᠭᠤ ᠠᠪᠤᠭᠤᠯᠬᠤ ᠶᠠᠪᠤᠳᠠᠯ ᠶᠤᠮ᠃ ᠮᠥᠨ ᠡᠬᠦᠨ ᠤ ᠵᠡᠷᠭᠡᠴᠡᠭᠡ ᠪᠤᠭ ᠮᠠᠯ ᠤᠨ ᠬᠡᠭᠡᠯᠳᠦᠬᠦᠯᠭᠡ ᠶᠠᠪᠤᠭᠤᠯᠬᠤ᠂ ᠬᠤᠨᠢ ᠠᠬᠤᠷᠯᠠᠬᠤ᠂ ᠰᠠᠭᠠᠯᠢ  ᠶᠢᠨ ᠦᠨᠢᠶ᠎ᠠ ᠲᠤᠭᠤᠯ ᠢ ᠤᠳᠤᠷᠯᠠᠨ ᠲᠠᠷᠭᠤᠯᠠᠭᠤᠯᠬᠤ᠂ ᠬᠡᠬᠦᠤ ᠶᠢᠨ ᠰᠠᠭᠠᠯᠢ ᠰᠦ᠋ ᠶᠢ ᠠᠰᠢᠭᠯᠠᠬᠤ ᠵᠡᠷᠭᠡ ᠠᠵᠢᠯ ᠶᠠᠪᠤᠭᠳᠠᠨ᠎ᠠ᠃              ᠪᠤᠭ ᠮᠠᠯ ᠤᠨ ᠬᠠᠷᠢᠭᠤᠯᠭ᠎ᠠ ᠮᠠᠯᠯᠠᠭ᠎ᠠ       ᠵᠤᠨ ᠤ ᠰᠡᠬᠦᠯᠴᠢ᠂ ᠨᠠᠮᠤᠷ ᠤᠨ ᠡᠬᠢᠨ ᠦᠶ᠎ᠠ ᠳᠤ ᠴᠠᠭ ᠠᠭᠠᠷ ᠤᠨ ᠪᠠᠶᠢᠳᠠᠯ ᠬᠠᠷᠢᠴᠠᠩᠭᠤᠢ ᠲᠤᠯᠠᠭᠠᠨ ᠪᠠᠶᠢᠬᠤ ᠪᠤᠯᠪᠠᠴᠤ ᠬᠠᠯᠠᠭᠤᠨ ᠤ ᠡᠷᠴᠢ ᠪᠠᠭᠤᠷᠠᠵᠤ ᠨᠠᠮᠤᠷ ᠤᠨ ᠰᠡᠷᠢᠬᠦᠨ ᠤᠷᠤᠵᠤ ᠡᠬᠢᠯᠡᠳᠡᠭ ᠤᠨ ᠬᠠᠮᠳᠤ ᠢᠯᠠᠭ᠎ᠠ ᠰᠢᠮᠠᠭᠤᠯ ᠪᠠᠭᠠᠰᠴᠤ ᠰᠡᠬᠦᠯ ᠳᠡᠭᠡᠨ ᠪᠠᠶᠢᠬᠤ ᠦᠭᠡᠢ ᠪᠤᠯᠳᠠᠭ ᠤᠴᠢᠷ ᠮᠠᠯ ᠪᠠᠯᠴᠢᠭᠡᠷ ᠲᠤ ᠲᠠᠪᠠᠳᠠᠢ ᠢᠳᠡᠰᠢᠯᠡᠵᠤ ᠲᠠᠷᠭᠤ ᠬᠦᠴᠦ ᠰᠠᠶᠢᠨ ᠠᠪᠬᠤ ᠬᠠᠮᠤᠭ ᠤᠨ ᠲᠠᠭᠠᠳᠠᠢ ᠦᠶ᠎ᠠ ᠪᠠᠶᠢᠳᠠᠭ᠃ ᠨᠠᠮᠤᠷ ᠤᠨ ᠬᠤᠨᠢ ᠢᠮᠠᠭ᠎ᠠ ᠶᠢ ᠨᠢᠭᠡ ᠨᠤᠳᠤᠭ ᠪᠡᠯᠴᠢᠭᠡᠷ ᠲᠤ ᠤᠳᠠᠭᠠᠨ ᠬᠤᠭᠤᠴᠠᠭ᠎ᠠ ᠪᠠᠷ ᠪᠠᠶᠢᠯᠭᠠᠪᠠᠯ ᠲᠤᠬᠠᠢ ᠶᠢᠨ ᠪᠡᠯᠴᠢᠭᠡᠷ ᠤᠨ ᠡᠪᠡᠰᠤ ᠤᠷᠭᠤᠮᠠᠯ ᠶᠡᠭᠡ ᠬᠡᠮᠵᠢᠶ᠎ᠠ ᠪᠠᠷ ᠬᠢᠰᠭᠢᠭᠳᠡᠨ ᠲᠠᠯᠬᠢᠯᠠᠭᠳᠠᠵᠤ ᠮᠠᠯ ᠠᠮᠠᠷᠬᠠᠨ ᠤᠶᠢᠳᠵᠤ ᠰᠢᠨ᠎ᠠ ᠰᠤᠷᠭᠤᠭ ᠪᠡᠯᠴᠢᠭᠡᠷ ᠮᠦᠷᠦᠭᠡᠳᠦᠨ ᠲᠠᠷᠭᠤᠯᠠᠬᠤ ᠨᠢ ᠮᠠᠭᠤᠳᠠᠨ᠎ᠠ᠃ ᠡᠶᠢᠮᠤ ᠠᠴᠠ ᠪᠡᠯᠴᠢᠭᠡᠷ ᠤᠨ ᠡᠪᠡᠰᠤ ᠤᠷᠭᠤᠮᠠᠯ ᠤᠨ ᠰᠢᠮᠡᠳᠤ ᠴᠢᠨᠠᠷ ᠰᠠᠶᠢᠨ ᠪᠤᠯᠤᠨ ᠴᠠᠭ ᠠᠭᠠᠷ ᠤᠨ ᠬᠤᠪᠢ ᠳᠤ ᠮᠠᠰᠢ ᠲᠠᠭᠠᠯᠠᠮᠵᠢᠳᠠᠢ ᠨᠠᠮᠤᠷ  ᠤᠨ ᠰᠢᠷ᠎ᠠ ᠨᠠᠷᠠᠨ ᠤ ᠨᠠᠯᠠᠭᠠᠷ ᠰᠠᠶᠢᠬᠠᠨ ᠡᠨᠡ ᠦᠶ᠎ᠠ ᠶᠢ ᠠᠰᠢᠭᠯᠠᠵᠤ ᠰᠤᠷᠭᠤᠭ ᠰᠠᠶᠢᠬᠠᠨ ᠤᠰᠤ ᠪᠡᠯᠴᠢᠭᠡᠷ ᠲᠠᠢ ᠨᠤᠳᠤᠭ ᠲᠤ ᠴᠠᠭ ᠤᠯᠠᠷᠢᠯ ᠦᠭᠡᠢ ᠤᠳᠤᠷ ᠨᠡᠬᠦᠳᠡᠯ ᠬᠢᠵᠤ ᠮᠠᠯ ᠳᠠᠭᠠᠨ ᠲᠡᠭᠡᠳᠤ ᠵᠡᠷᠭᠡ ᠶᠢᠨ ᠲᠠᠷᠭᠤ ᠬᠦᠴᠤ ᠠᠪᠤᠭᠤᠯᠬᠤ ᠠᠵᠢᠯ ᠢ ᠡᠷᠴᠢᠮᠳᠠᠢ ᠵᠤᠬᠢᠶᠠᠬᠤ ᠨᠢ ᠴᠢᠬᠤᠯᠨ᠃ ᠢᠩᠬᠢᠵᠤ ᠰᠦᠯ ᠰᠠᠶᠢᠳᠠᠢ ᠨᠤᠳᠤᠭ ᠪᠡᠯᠴᠢᠭᠡᠷ ᠲᠠᠭᠠᠵᠤ ᠤᠶᠢᠳᠤᠭ᠎ᠠ ᠦᠭᠡᠢ ᠨᠡᠬᠦᠵᠤ ᠤᠳᠤᠷᠯᠠᠪᠠᠯ ᠮᠠᠯ ᠨᠢ 12 ᠳ᠋ᠤᠭᠠᠷ ᠰᠠᠷ᠎ᠠ ᠭᠠᠷᠳᠠᠯ᠎ᠠ ᠴᠤ ᠲᠠᠷᠭᠤᠯᠠᠬᠤ ᠪᠤᠯᠤᠮᠵᠢᠳᠠᠢ᠃ ᠨᠠᠮᠤᠷ ᠤᠨ ᠡᠬᠢᠨ ᠤ ᠦᠶ᠎ᠠ ᠳᠤ ᠬᠢᠶᠠᠭ᠂ ᠬᠠᠵᠠᠭᠠᠷ᠂ ᠶᠦᠷᠬᠦᠭ᠂ ᠠᠬᠢ᠂ ᠪᠠᠭᠠᠯᠤᠤᠷ᠂ ᠵᠠᠭ ᠤᠨ ᠨᠠᠪᠴᠢ ᠵᠡᠷᠭᠡ ᠰᠢᠮ᠎ᠠ ᠲᠡᠵᠢᠭᠡᠯ ᠰᠠᠶᠢᠳᠠᠢ᠂ ᠨᠠᠷᠢᠨ ᠰᠤᠷᠭᠤᠭ ᠡᠪᠡᠰᠤ ᠤᠷᠭᠤᠮᠠᠯ ᠲᠠᠢ ᠦᠨᠳᠦᠷᠳᠡᠬᠦᠤ ᠭᠠᠵᠠᠷ ᠪᠠ ᠰᠡᠷᠢᠬᠦᠨ ᠠᠮᠢᠰᠬᠤᠯ ᠤᠷᠤᠵᠤ ᠨᠠᠮᠤᠷᠰᠢᠬᠤ ᠲᠤᠳᠤᠮ ᠪᠠᠷᠳᠠᠭ᠎ᠠ ᠪᠠᠭ᠎ᠠ ᠲᠠᠢ᠂ ᠨᠠᠮ ᠲᠤᠤᠷ᠎ᠠ ᠭᠠᠵᠠᠷ ᠤᠨ ᠤᠰᠤ ᠬᠤᠵᠢᠷ ᠡᠯᠪᠡᠭᠳᠠᠢ ᠲᠦᠷᠸᠠ᠂ ᠬᠡᠷᠡᠰᠤ᠂ ᠪᠤᠵᠢᠮᠤᠭ᠂ ᠬᠦᠮᠡᠯᠢ᠂ ᠭᠤᠭᠤᠳ᠂ ᠪᠤᠳᠢᠭᠤᠯ᠂ ᠪᠤᠳᠤᠷᠭᠠᠨ᠎ᠠ᠂ ᠬᠦᠴᠢᠩᠬᠢ᠂ ᠰᠢᠷᠠᠯᠵᠢ᠂ ᠴᠤᠯᠢᠬᠢᠷ᠂ ᠪᠠᠭᠠᠯᠤᠤᠷ᠂ ᠬᠤᠷᠠᠭᠠᠨ ᠴᠢᠬᠢ᠂ ᠲᠠᠭᠠᠨ᠎ᠠ᠂ ᠮᠠᠩᠬᠢᠷ᠂ ᠬᠢᠶᠠᠭ᠂ ᠬᠠᠵᠠᠭᠠᠷ᠂ ᠶᠦᠷᠬᠦᠭ᠂ ᠠᠬᠢ᠂ ᠬᠢᠯᠭᠠᠨ᠎ᠠ ᠵᠡᠷᠭᠡ ᠤᠷᠭᠤᠮᠠᠯ ᠲᠠᠢ ᠪᠡᠯᠴᠢᠭᠡᠷ ᠤᠨ ᠰᠦᠯ ᠬᠦᠭᠡᠭᠡᠵᠤ 10 —15 ᠬᠤᠨᠤᠭ ᠤᠨ ᠬᠤᠭᠤᠴᠠᠭᠠᠨ ᠳᠤ ᠤᠶᠢᠷ᠎ᠠ ᠤᠶᠢᠷᠠᠬᠠᠨ ᠲᠤᠪᠰᠢᠨ ᠨᠡᠬᠦᠬᠦ ᠵᠢᠷᠦᠮ ᠢᠶᠠᠷ ᠤᠳᠤᠷᠯᠠᠬᠤ ᠨᠢ ᠤᠨᠴᠨ ᠰᠠᠶᠢᠨ ᠲᠤᠬᠢᠷᠠᠮᠵᠢᠳᠠᠢ᠃ ᠬᠠᠷᠢᠨ ᠲᠡᠬᠡᠬᠦ ᠳᠡᠭᠡᠨ ᠨᠡᠬᠦᠳᠡᠯᠯᠡᠨ ᠤᠴᠢᠬᠤ ᠭᠠᠵᠠᠷ ᠤᠨ ᠪᠡᠯᠴᠢᠭᠡᠷ ᠢ ᠤᠷᠢᠳᠴᠢᠯᠠᠨ ᠦᠵᠡᠵᠤ ᠬᠠᠮᠢᠭ᠎ᠠ ᠪᠠᠭᠤᠬᠤ ᠪᠠᠨ ᠲᠤᠭᠳᠠᠭᠠᠵᠤ ᠪᠠᠶᠢᠪᠠᠯ ᠵᠤᠬᠢᠨ᠎ᠠ ᠃ ᠡᠬᠦᠨ ᠤ ᠲᠤᠯᠠᠳᠠ ᠤᠶᠢᠷ᠎ᠠ ᠤᠷᠴᠢᠮ ᠤᠨ ᠦᠨᠳᠦᠷᠯᠢᠭ ᠲᠡᠭᠡᠷ᠎ᠠ ᠭᠠᠷᠴᠤ ᠠᠯᠤᠰᠯᠠᠨ ᠬᠠᠷᠠᠬᠤ ᠳᠤ ᠡᠪᠡᠰᠤ ᠨᠤᠭᠤᠭᠠᠨ ᠤ ᠦᠩᠭᠡ ᠬᠦᠷᠡᠩ ᠪᠤᠷᠤ ᠪᠠᠶᠢᠪᠠᠯ ᠲᠡᠷᠨ ᠭᠠᠵᠠᠷ ᠲᠤ ᠰᠢᠮᠡᠳᠤ ᠴᠢᠨᠠᠷ ᠰᠠᠶᠢᠳᠠᠢ ᠤᠯᠠᠨ ᠵᠦᠢᠯ ᠤᠨ ᠪᠤᠷᠴᠠᠭᠳᠤ ᠤᠷᠭᠤᠮᠠᠯ ᠶᠡᠭᠡ ᠪᠠᠶᠢᠭ᠎ᠠ ᠶᠢᠨ ᠰᠢᠨᠵᠢ ᠲᠡᠮᠳᠡᠭ ᠪᠤᠯᠬᠤ ᠪᠠ ᠬᠤᠸᠠ ᠰᠢᠷᠭᠠᠯ ᠦᠩᠭᠡ ᠲᠠᠢ ᠬᠠᠷᠠᠭᠳᠠᠪᠠᠯ ᠲᠡᠷᠨ ᠬᠡᠰᠡᠭ ᠤᠨ ᠡᠪᠡᠰᠤ ᠤᠷᠭᠤᠮᠠᠯ ᠤᠨ ᠰᠢᠮ᠎ᠠ ᠲᠡᠵᠢᠭᠡᠯ ᠨᠢ ᠲᠡᠭᠡᠷᠡᠬᠢ ᠶᠢ ᠬᠦᠢᠴᠡᠬᠦ ᠦᠭᠡᠢ ᠪᠤᠯᠪᠠᠴᠤ ᠪᠠᠰᠠ ᠯᠡ ᠰᠠᠶᠢᠨ ᠪᠠᠶᠢᠭ᠎ᠠ ᠶᠢᠨ ᠰᠢᠨᠵᠢ ᠲᠡᠮᠳᠡᠭ ᠪᠤᠯᠤᠨ᠎ᠠ᠃ ᠬᠡᠷᠪᠡ ᠪᠡᠯᠴᠢᠭᠡᠷ ᠤᠨ ᠡᠪᠡᠰᠤ ᠤᠷᠭᠤᠮᠠᠯ ᠨᠢ ᠬᠤᠯᠤᠰᠤᠨ ᠰᠢᠷ᠎ᠠ ᠦᠩᠭᠡ ᠲᠠᠢ ᠪᠠᠶᠢᠪᠠᠯ ᠰᠢᠮᠡᠳᠤ ᠴᠢᠨᠠᠷ ᠢᠶᠠᠷ ᠲᠠᠭᠠᠷᠠᠤᠬᠠᠨ ᠪᠠᠶᠢᠨ᠎ᠠ ᠬᠡᠵᠤ ᠦᠵᠡᠨ᠎ᠠ᠃       ᠨᠠᠮᠤᠷ ᠤᠨ ᠤᠯᠠᠷᠢᠯ ᠳᠤ ᠤᠳᠤᠷᠯᠠᠨ ᠨᠡᠬᠦᠳᠡᠯᠯᠡᠬᠦ ᠳᠤ ᠬᠦᠷᠳᠡᠯ᠎ᠠ ᠤᠴᠢᠷ ᠶᠡᠭᠡ ᠪᠠᠶᠢᠳᠠᠭ᠃ ᠢᠯᠠᠩᠭᠤᠶ᠎ᠠ ᠬᠤᠯᠨ ᠭᠠᠵᠠᠷ ᠲᠤ ᠨᠡᠬᠦᠳᠡᠯᠯᠡᠬᠦ ᠳᠤ ᠠᠴᠢᠶ᠎ᠠ ᠬᠦᠰᠭᠡ ᠶᠢᠨ ᠢᠶᠠᠨ ᠠᠶᠠᠰ ᠢᠶᠠᠷ ᠬᠤᠨᠢ ᠮᠠᠯ ᠢᠶᠠᠨ ᠲᠠᠭᠤᠪᠤᠷᠢᠯᠠᠬᠤ ᠪᠢᠰᠢ᠃ ᠬᠠᠷᠢᠨ ᠬᠤᠨᠢ ᠮᠠᠯ ᠤᠨ ᠢᠶᠠᠨ ᠲᠠᠪᠠ ᠪᠠᠷ ᠨᠡᠬᠦᠵᠤ ᠵᠠᠮ ᠵᠠᠭᠤᠷ᠎ᠠ ᠪᠠᠨ ᠬᠤᠨᠤᠵᠤ ᠦᠨᠵᠢᠬᠦ ᠵᠢᠷᠦᠮ ᠢᠶᠠᠷ ᠶᠠᠭᠠᠷᠠᠯ ᠦᠭᠡᠢ ᠶᠠᠪᠤᠪᠠᠯ ᠰᠢᠨ᠎ᠠ ᠨᠤᠳᠤᠭ ᠲᠠᠭᠠᠨ ᠬᠦᠷᠬᠦ ᠵᠠᠮ ᠳᠤ ᠮᠠᠯ ᠤᠨ ᠪᠡᠯᠴᠢᠭᠡᠷ ᠲᠤ ᠢᠳᠡᠰᠢᠯᠡᠬᠦ ᠡᠳᠦᠷ ᠤᠨ ᠴᠠᠭ ᠬᠤᠭᠤᠴᠠᠭ᠎ᠠ ᠠᠯᠳᠠᠭᠳᠠᠬᠤ ᠦᠭᠡᠢ ᠬᠡᠪ ᠤᠨ ᠪᠠᠶᠢᠳᠠᠯ ᠢᠶᠠᠷ ᠪᠦᠷᠢᠨ ᠴᠠᠳᠴᠤ ᠪᠠᠶᠢᠬᠤ ᠪᠤᠯᠤᠮᠵᠢ ᠲᠠᠢ᠃ ᠨᠠᠮᠤᠷ ᠤᠨ ᠡᠬᠢᠨ ᠤ ᠦᠶ᠎ᠠ ᠪᠠᠷ ᠬᠤᠨᠢ ᠮᠠᠯ ᠤᠨ ᠲᠠᠷᠭᠤ ᠬᠦᠴᠤ ᠪᠦᠷᠢᠨ ᠬᠦᠢᠴᠡᠭᠡ ᠦᠭᠡᠢ ᠪᠠᠶᠢᠳᠠᠭ ᠤᠨ ᠲᠡᠭᠡᠷ᠎ᠠ ᠡᠪᠡᠰᠤ ᠤᠷᠭᠤᠮᠠᠯ ᠤᠨ ᠰᠢᠮ᠎ᠠ ᠡᠳᠦᠷ ᠠᠴᠠ ᠡᠳᠦᠷ ᠮᠠᠭᠤᠳᠠᠳᠠᠭ ᠤᠴᠢᠷ ᠬᠤᠨᠢ ᠮᠠᠯ ᠢᠶᠠᠨ ᠦᠷᠬᠦᠯᠵᠢ ᠴᠠᠳᠬᠤᠯᠠᠩ ᠪᠠᠶᠢᠯᠭᠠᠬᠤ ᠶᠢᠨ ᠲᠤᠯᠠᠳᠠ ᠦᠷᠯᠦᠭᠡ ᠡᠷᠳᠠ ᠪᠡᠯᠴᠢᠭᠡᠵᠤ ᠦᠳᠡᠰᠢ ᠤᠷᠤᠢ ᠬᠤᠳᠠᠯᠠᠭᠤᠯᠤᠨ ᠡᠳᠦᠷ ᠤᠨ ᠪᠡᠯᠴᠢᠭᠡᠷ  ᠲᠤ ᠢᠳᠡᠰᠢᠯᠡᠬᠦ ᠴᠠᠭ ᠢ 10 ᠴᠠᠭ ᠠᠴᠠ ᠲᠤᠷᠤᠭᠰᠢ ᠦᠭᠡᠢ ᠪᠠᠶᠢᠬᠤ ᠪᠠᠷ ᠪᠤᠳᠤᠵᠤ ᠠᠯᠢ ᠪᠤᠯᠬᠤ ᠪᠠᠷ ᠤᠷᠳᠤᠰᠬᠠᠬᠤ ᠶᠢ ᠢᠮᠠᠭᠳᠠ ᠠᠩᠬᠠᠷᠤᠯ ᠤᠨ ᠲᠦᠪ ᠲᠤ ᠪᠠᠶᠢᠯᠭᠠᠨ᠎ᠠ᠃ ᠦᠷᠯᠦᠭᠡ ᠡᠷᠳᠠ ᠪᠡᠯᠴᠢᠭᠡᠷᠯᠡᠬᠦᠯᠦᠭᠰᠡᠨ ᠬᠤᠨᠢ ᠶᠢ ᠦᠳᠠ ᠶᠢᠨ ᠡᠮᠦᠨᠡᠭᠡᠨ ᠤᠰᠤᠯᠠᠵᠤ ᠪᠡᠯᠴᠢᠭᠡᠷ ᠲᠡᠭᠡᠷ᠎ᠠ ᠨᠢ ᠲᠦᠷ ᠠᠮᠠᠷᠠᠭᠠᠵᠤ ᠬᠡᠪᠳᠡᠬᠦᠯᠦᠭᠡᠳ ᠤᠷᠤᠢ  ᠶᠢᠨ ᠨᠠᠷᠠ ᠰᠢᠩᠭᠡᠬᠦ ᠶᠢᠨ ᠦᠶ᠎ᠠ ᠳᠤ ᠠᠭᠠᠵᠢᠮ ᠢᠶᠠᠷ ᠢᠳᠡᠰᠢᠯᠡᠬᠦᠯᠦᠨ ᠬᠤᠳᠠᠯᠠᠭᠤᠯᠬᠤ ᠵᠢᠷᠦᠮ ᠢᠶᠠᠷ ᠬᠠᠷᠢᠭᠤᠯᠵᠤ ᠪᠠᠶᠢᠪᠠᠯ ᠲᠠᠷᠭᠤ ᠬᠦᠴᠤ ᠨᠢ ᠤᠯᠠᠮ ᠵᠤᠵᠠᠭᠠᠷᠠᠨ᠎ᠠ᠃ ᠪᠡᠯᠴᠢᠭᠡᠷ ᠪᠠᠷᠠᠭᠠᠨ ᠪᠠᠶᠢᠬᠤ ᠦᠶ᠎ᠠ ᠶᠢᠨ ᠬᠤᠨᠢ ᠬᠦᠶᠦᠵᠤ ᠶᠠᠪᠤᠭᠤᠳᠠ ᠢᠳᠡᠰᠢᠯᠡᠬᠦ ᠭᠡᠳ ᠪᠠᠶᠢᠳᠠᠭ ᠪᠠ ᠪᠡᠯᠴᠢᠭᠡᠷ ᠲᠤ ᠲᠡᠷᠢᠬᠦᠨ ᠳᠤᠨᠢ ᠢᠳᠡᠰᠢᠯᠡᠵᠤ ᠶᠠᠪᠤᠵᠤ ᠪᠠᠶᠢᠭ᠎ᠠ ᠨᠢ ᠡᠪᠡᠰᠦᠨ ᠤ ᠲᠤᠯᠤᠭᠠᠢ ᠰᠢᠬᠦᠷᠡᠭᠡᠳ ᠢᠳᠡᠰᠢᠯᠡᠳᠡᠭ ᠪᠠᠶᠢᠬᠤ ᠳᠤ ᠬᠠᠷᠢᠨ ᠰᠡᠬᠦᠯ ᠳᠤᠨᠢ ᠪᠡᠯᠴᠢᠭᠡᠵᠤ ᠶᠠᠪᠤᠭ᠎ᠠ ᠨᠢ ᠢᠯᠡᠬᠦᠤ ᠶᠡᠭᠡ ᠢᠳᠡᠰᠢᠯᠡᠳᠡᠭ ᠲᠤᠯᠨ ᠡᠨᠡ ᠦᠶ᠎ᠠ ᠳᠤ ᠬᠤᠨᠢ ᠶᠢ ᠲᠤᠭᠳᠠᠭᠠᠨ ᠬᠠᠷᠢᠭᠤᠯᠬᠤ ᠨᠢ ᠴᠢᠬᠤᠯᠨ᠃ ᠨᠠᠮᠤᠷ  ᠤᠨ ᠤᠯᠠᠷᠢᠯ ᠳᠤ ᠬᠤᠨᠢ ᠶᠢ ᠦᠷᠯᠦᠭᠡ ᠠᠶ᠎ᠠ ᠲᠠᠪᠠ ᠪᠠᠷ ᠨᠢ ᠪᠡᠯᠴᠢᠭᠡᠷ ᠲᠤ ᠭᠠᠷᠭᠠᠵᠤ᠂ ᠦᠳᠠ ᠶᠢᠨ ᠴᠠᠭ ᠢᠶᠠᠷ ᠲᠤᠭᠳᠠᠭᠤᠨ ᠲᠦᠯᠬᠡᠨ ᠬᠠᠷᠢᠭᠤᠯᠵᠤ᠂ ᠬᠡᠪᠳᠡᠬᠦ ᠪᠦᠷᠢ ᠳᠤᠨᠢ ᠲᠦᠷ ᠵᠠᠭᠤᠷ᠎ᠠ ᠠᠮᠠᠷᠠᠭᠠᠵᠤ ᠪᠠᠶᠢᠭᠠᠳ ᠤᠷᠢᠳᠠ ᠶᠢᠨ ᠠᠳᠠᠯᠢ ᠪᠠᠷ ᠲᠤᠭᠳᠠᠭᠤᠨ ᠬᠠᠷᠢᠭᠤᠯᠵᠤ ᠢᠳᠡᠰᠢᠯᠡᠬᠦᠯᠦᠨ ᠬᠤᠳᠠᠯᠠᠭᠤᠯᠤᠨ᠎ᠠ᠃ ᠶᠡᠷᠦ ᠨᠢ 10 ᠳ᠋ᠤᠭᠠᠷ ᠰᠠᠷ᠎ᠠ ᠶᠢᠨ ᠲᠤᠮᠳᠠ ᠦᠶ᠎ᠠ ᠠᠴᠠ ᠨᠠᠮᠤᠷ ᠤᠨ ᠰᠡᠷᠢᠬᠦᠨ ᠤᠷᠤᠵᠤ ᠬᠤᠨᠢ ᠮᠠᠯ ᠢᠶᠠᠨ ᠰᠦᠢᠵᠤ ᠲᠠᠷᠭᠤ ᠬᠦᠴᠤ ᠶᠢ ᠲᠤᠭᠳᠠᠭᠠᠬᠤ ᠠᠵᠢᠯ ᠡᠬᠢᠯᠡᠳᠡᠭ ᠤᠴᠢᠷ ᠦᠷᠯᠦᠭᠡ ᠪᠡᠯᠴᠢᠭᠡᠬᠦ᠂ ᠡᠳᠦᠷ ᠬᠠᠷᠢᠭᠤᠯᠬᠤ᠂ ᠤᠰᠤ ᠬᠤᠵᠢᠷ ᠲᠤ ᠤᠷᠤᠭᠤᠯᠬᠤ᠂ ᠤᠷᠤᠢ ᠬᠤᠳᠠᠯᠠᠭᠤᠯᠬᠤ ᠶᠢᠨ ᠠᠯᠢᠨ ᠳᠤ ᠴᠤ ᠬᠡᠰᠡᠨ ᠰᠢᠷᠦᠬᠦᠨ ᠬᠦᠭᠡᠭᠡᠵᠤ ᠲᠠᠭᠤᠬᠤ᠂ ᠦᠭᠡᠳᠠ ᠭᠠᠵᠠᠷ ᠮᠠᠴᠤᠭᠤᠯᠬᠤ᠂ ᠤᠷᠤᠭᠤ ᠭᠠᠵᠠᠷ ᠭᠤᠯᠠᠰᠤᠭᠤᠯᠵᠤ ᠰᠢᠷᠦᠬᠦᠨ ᠪᠠᠭᠤᠯᠭᠠᠬᠤ᠂ ᠪᠠᠷᠳᠠᠭ᠎ᠠ ᠲᠠᠢ ᠭᠠᠵᠠᠷ ᠢ ᠬᠡᠭᠵᠡᠯᠡᠬᠦᠯᠬᠦ᠂ ᠭᠤᠤ ᠵᠢᠯᠠᠭ᠎ᠠ᠂ ᠡᠷᠬᠢ ᠭᠠᠩᠭ᠎ᠠ ᠳᠤ ᠲᠤᠭᠯᠠᠭᠤᠯᠵᠤ ᠲᠤᠩᠭᠤᠴᠠᠭᠤᠯᠬᠤ᠂ ᠦᠷᠬᠦᠭᠡᠵᠤ ᠴᠤᠴᠢᠭᠠᠬᠤ ᠵᠡᠷᠭᠡ ᠮᠠᠯ  ᠤᠨ ᠲᠠᠷᠭᠤ ᠬᠦᠴᠤ ᠠᠪᠤᠯᠳᠠ᠂ ᠲᠤᠭᠳᠠᠭᠠᠯᠳᠠ ᠳᠤ ᠬᠠᠷᠰᠢᠯᠠᠬᠤ ᠪᠦᠬᠦᠨ ᠢ ᠭᠠᠷᠭᠠᠬᠤ ᠦᠭᠡᠢ ᠪᠠᠶᠢᠬᠤ ᠶᠢ ᠢᠮᠠᠭᠳᠠ ᠡᠷᠬᠢᠮᠯᠡᠬᠦ ᠬᠡᠷᠡᠭᠳᠠᠢ᠃       ᠨᠠᠮᠤᠷ ᠤᠷᠦ᠋ᠢᠰᠢᠨ ᠡᠪᠡᠰᠤ ᠤᠷᠭᠤᠮᠠᠯ ᠭᠠᠩᠳᠠᠵᠤ᠂ ᠬᠤᠷ᠎ᠠ ᠪᠤᠷᠤᠭ᠎ᠠ ᠲᠠᠳᠠᠷᠠᠬᠤ ᠳᠤ ᠮᠠᠯ ᠮᠠᠰᠢ ᠴᠢᠩᠭ᠎ᠠ ᠪᠤᠯᠳᠠᠭ ᠤᠴᠢᠷ ᠡᠳᠦᠷ ᠪᠦᠷᠢ ᠤᠰᠤᠯᠠᠵᠤ᠂ 3 — 4 ᠬᠤᠨᠤᠭ ᠲᠤᠳᠤᠮ ᠳᠤ ᠰᠠᠶᠢᠨ ᠬᠤᠵᠢᠷᠯᠠᠵᠤ ᠪᠠᠶᠢᠪᠠᠯ ᠠᠷᠠᠰᠤᠨ ᠤ ᠬᠦᠷᠦᠰᠤ ᠵᠤᠵᠠᠭᠠᠷᠠᠵᠤ᠂ ᠦᠰᠤ ᠨᠤᠤᠰᠤ ᠨᠢ ᠰᠠᠬᠤᠯᠢᠭ ᠪᠤᠯᠬᠤ ᠶᠢᠨ ᠬᠠᠮᠳᠤ ᠮᠢᠬ᠎ᠠ᠂ ᠦᠭᠡᠬᠦ ᠨᠢ ᠠᠯᠠᠭᠯᠠᠨ᠂ ᠠᠮᠳᠠ ᠴᠢᠨᠠᠷ ᠨᠢ ᠰᠠᠶᠢᠵᠢᠷᠠᠨ᠎ᠠ᠃ ᠡᠶᠢᠮᠤ ᠴᠤ ᠤᠴᠢᠷ ᠠᠴᠠ ︽ᠲᠠᠪᠤᠰᠤ ᠬᠤᠵᠢᠷ ᠨᠢ ᠮᠠᠯ ᠲᠠᠷᠭᠤᠯᠠᠬᠤ ᠳᠤ ᠲᠠᠰᠢᠭᠤᠷ ᠪᠤᠯᠤᠨ᠎ᠠ︾ ᠬᠡᠳᠡᠭ᠃ ᠨᠠᠮᠤᠷ ᠤᠨ ᠡᠬᠢᠨ ᠦᠶ᠎ᠠ ᠳᠤ ᠦᠷᠯᠦᠭᠡ ᠦᠳᠡᠰᠢ ᠶᠢᠨ ᠬᠠᠷ᠎ᠠ ᠴᠢᠬᠢᠭ ᠲᠤ ᠬᠤᠨᠢ ᠮᠠᠯ ᠢᠶᠠᠨ ᠤᠰᠤᠨ ᠱᠠᠯᠪᠠ ᠲᠤᠮᠳᠠᠭᠤᠷ ᠪᠡᠯᠴᠢᠭᠡᠷᠯᠡᠬᠦᠯᠪᠡᠯ ᠤᠯᠨ ᠲᠤᠭᠤᠷᠠᠢ ᠨᠢ ᠲᠡᠪᠳᠦᠵᠤ ᠰᠠᠯᠠᠭ᠎ᠠ ᠰᠠᠭᠠᠭ ᠨᠢ ᠰᠢᠷᠠᠭᠯᠠᠨ ᠲᠤᠭᠤᠯᠳᠠᠬᠤ ᠳᠤ ᠬᠦᠷᠴᠤ ᠪᠤᠯᠤᠨ᠎ᠠ᠃ ᠡᠶᠢᠮᠤ ᠠᠴᠠ ᠦᠷᠯᠦᠭᠡ ᠶᠢᠨ ᠬᠠᠷ᠎ᠠ ᠴᠢᠬᠢᠭ ᠠᠷᠢᠯᠤᠭᠰᠠᠨ ᠤ ᠲᠠᠷᠠᠭ᠎ᠠ ᠪᠡᠯᠴᠢᠭᠡᠵᠤ ᠦᠳᠡᠰᠢ ᠶᠢᠨ ᠬᠠᠷ᠎ᠠ ᠴᠢᠬᠢᠭ ᠪᠠᠭᠤᠬᠤ ᠠᠴᠠ ᠡᠮᠦᠨ᠎ᠠ ᠬᠤᠳᠠᠯᠠᠭᠤᠯᠵᠤ ᠪᠠᠶᠢᠬᠤ ᠨᠢ ᠵᠦᠢᠳᠠᠢ᠃ ᠨᠠᠮᠤᠷ ᠬᠤᠷ᠎ᠠ ᠪᠤᠷᠤᠭ᠎ᠠ ᠲᠠᠢ ᠦᠶ᠎ᠠ ᠳᠤ ᠰᠢᠷ᠎ᠠ ᠪᠠᠭᠤᠴᠠᠨ ᠳᠤ ᠤᠯᠠᠨ ᠬᠤᠨᠤᠭ ᠢᠶᠠᠷ ᠬᠡᠪᠳᠡᠭᠰᠡᠨ ᠬᠤᠨᠢ ᠢᠮᠠᠭ᠎ᠠ ᠬᠠᠯᠠᠭᠤᠴᠠᠵᠤ ᠬᠠᠶᠢᠯᠳᠠᠭ ᠤᠴᠢᠷ ᠬᠡᠪᠳᠡᠷᠢ ᠪᠠᠭᠤᠴᠨ ᠶᠢ ᠲᠤᠭᠳᠠᠮᠠᠯ ᠬᠤᠭᠤᠴᠠᠭᠠᠨ ᠳᠤ ᠰᠡᠯᠬᠦᠵᠤ ᠲᠦᠪᠦᠭᠡᠷ ᠰᠡᠷᠢᠬᠦᠨ᠂ ᠲᠠᠭᠵᠢᠭᠤᠷ ᠬᠦᠷᠦᠰᠤ ᠲᠠᠢ ᠨᠠᠯᠠᠭᠤ ᠬᠡᠪᠡᠭᠡᠢ ᠭᠠᠵᠠᠷ ᠲᠤ ᠬᠡᠪᠳᠡᠬᠦᠯᠵᠤ ᠪᠠᠶᠢᠬᠤ ᠨᠢ ᠲᠤᠬᠢᠷᠠᠮᠵᠢᠳᠠᠢ᠃ ᠬᠡᠷᠪᠡ ᠲᠡᠭᠰᠢ ᠭᠠᠵᠠᠷ ᠲᠤ ᠬᠡᠪᠳᠡᠬᠦᠯᠪᠡᠯ ᠬᠡᠳᠡᠰᠤ ᠬᠦᠵᠡᠭᠡ ᠨᠢ ᠰᠢᠬᠠᠭᠳᠠᠵᠤ ᠰᠠᠪᠡᠰᠤ ᠪᠠᠨ ᠬᠡᠳᠤ ᠭᠤᠯᠬᠢᠨ ᠬᠡᠪᠢᠳᠡᠰᠤ ᠪᠠᠨ ᠲᠠᠪᠠ ᠲᠠᠢ ᠲᠤᠬᠢᠳᠠᠢ ᠬᠡᠪᠢᠵᠤ ᠴᠢᠳᠠᠳᠠᠭ ᠦᠭᠡᠢ ᠪᠤᠯᠤᠨ᠎ᠠ᠃ ᠨᠠᠮᠤᠷ ᠤᠨ ᠬᠦᠢᠳᠡᠨ ᠰᠡᠷᠢᠬᠦᠨ ᠤᠷᠤᠵᠤ ᠬᠢᠷᠠᠭᠤ ᠤᠨᠠᠬᠤ ᠦᠶ᠎ᠠ ᠠᠴᠠ ᠡᠬᠢᠯᠡᠨ ᠮᠠᠯ ᠢᠶᠠᠨ ᠰᠠᠯᠬᠢ ᠰᠡᠪᠢᠯᠵᠡᠭᠰᠡᠨ ᠦᠨᠳᠦᠷᠯᠢᠭ ᠰᠡᠷᠢᠬᠦᠨ ᠭᠠᠵᠠᠷ  ᠲᠤ ᠲᠦᠷ ᠵᠠᠭᠤᠷ᠎ᠠ ᠬᠡᠪᠳᠡᠬᠦᠯᠵᠤ᠂ ᠬᠦᠢᠳᠡᠨ ᠨᠦᠬᠦᠴᠡᠯ ᠳᠤ ᠡᠳᠦᠷ ᠡᠳᠦᠷ ᠢᠶᠠᠷ ᠠᠭᠠᠵᠢᠮ ᠲᠠᠰᠬᠠᠵᠤ ᠴᠢᠬᠢᠷᠠᠭᠵᠢᠭᠤᠯᠵᠤ ᠪᠠᠶᠢᠪᠠᠯ ᠵᠤᠬᠢᠨ᠎ᠠ᠃ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠨᠢ ᠲᠤᠬᠢᠷᠠᠵᠤ ᠵᠤᠵᠠᠭᠠᠨ ᠲᠠᠷᠭᠤ ᠬᠦᠴᠤ ᠠᠪᠴᠤ ᠪᠠᠶᠢᠭ᠎ᠠ ᠬᠤᠨᠢ ᠢᠮᠠᠭᠠᠨ ᠤ ᠦᠰᠤ ᠨᠤᠤᠰᠤ ᠨᠢ ᠵᠠᠳᠠᠭᠠᠢ᠂ ᠰᠤᠷᠯᠢᠭ ᠰᠠᠶᠢᠬᠠᠨ ᠦᠩᠭᠡ ᠲᠠᠢ᠂ ᠢᠯᠠᠩᠭᠤᠶ᠎ᠠ ᠠᠯᠤᠰ ᠠᠴᠠ ᠬᠠᠷᠠᠬᠤ ᠳᠤ ᠬᠤᠨᠢᠨ ᠤ ᠨᠤᠤᠰᠤ ᠰᠢᠷᠭᠠᠯᠳᠠᠭᠤ ᠦᠩᠭᠡ ᠲᠠᠢ ᠪᠠᠶᠢᠬᠤ ᠪᠠ ᠦᠷᠯᠦᠭᠡ ᠪᠡᠯᠴᠢᠬᠦ᠂ ᠤᠷᠤᠢ ᠬᠤᠳᠠᠯᠠᠬᠤ᠂ ᠬᠡᠪᠳᠡᠬᠦ ᠳᠡᠭᠡᠨ ᠲᠤᠭᠳᠠᠭᠤᠨ ᠲᠠᠶᠢᠪᠤᠩ᠂ ᠬᠤᠳᠠᠨ ᠳᠠᠭᠠᠨ ᠰᠠᠯᠬᠢ ᠵᠢᠪᠠᠷ ᠤᠨ ᠡᠰᠡᠷᠬᠦ ᠬᠠᠷᠠᠵᠤ᠂ ᠬᠦᠯ ᠢᠶᠠᠨ ᠵᠢᠬᠢᠨ ᠰᠡᠬᠦᠵᠢᠯᠳᠦᠨ ᠬᠡᠪᠳᠡᠬᠦ ᠪᠠ ᠰᠦᠨᠢ ᠶᠢᠨ ᠴᠠᠭ ᠲᠤ ᠦᠰᠤ ᠨᠤᠤᠰᠤ ᠨᠢ ᠴᠢᠬᠢᠭ ᠲᠠᠭᠠᠵᠤ᠂ ᠢᠷᠠᠭᠯᠠᠵᠤ ᠶᠠᠩᠵᠤᠯᠠᠵᠤ ᠪᠠᠶᠢᠳᠠᠭ᠃ ᠪᠠᠭᠠᠰᠤ ᠨᠢ ᠲᠤᠮᠤ ᠵᠠᠳᠠᠭᠠᠢ᠂ ᠠᠭᠯᠢᠭᠤᠨ ᠪᠠᠶᠢᠬᠤ ᠪᠤᠶᠤ ᠬᠡᠷᠪᠡ ᠬᠤᠷᠭᠤᠯ ᠢᠶᠠᠷ ᠪᠠᠭᠠᠪᠠᠯ ᠬᠤᠷᠭᠤᠯ ᠨᠢ ᠪᠦᠭᠡᠷᠡᠩᠭᠡᠢ ᠪᠠᠶᠢᠨ᠎ᠠ᠃ ᠨᠡᠶᠢᠳᠠ ᠰᠦᠷᠦᠭ ᠤᠨ ᠪᠠᠶᠢᠳᠠᠯ ᠰᠡᠷᠬᠦᠯᠡᠩ ᠴᠤᠪᠤᠭᠤ ᠬᠡᠳᠡᠰᠤ ᠬᠡᠪᠡᠯᠢ ᠰᠠᠶᠢᠳᠠᠢ ᠪᠠᠶᠢᠨ᠎ᠠ᠃ ᠢᠮᠠᠭᠠᠨ ᠤ ᠶᠠᠪᠤᠳᠠᠯ ᠨᠢ ᠤᠳᠠᠭᠠᠰᠢᠷᠠᠨ᠂ ᠬᠤᠨᠢᠨ ᠠᠴᠠ ᠰᠡᠬᠦᠯᠳᠡᠵᠤ ᠲᠤᠭᠳᠠᠪᠤᠷᠢ  ᠲᠠᠢ ᠢᠳᠡᠰᠢᠯᠡᠨ᠎ᠠ᠃ ᠮᠥᠨ ᠬᠦᠵᠦᠬᠦᠤ ᠪᠦᠭᠡᠷᠡᠨ ᠤ ᠬᠢᠨᠢ ᠦᠰᠤ ᠬᠠᠭᠠᠷᠠᠵᠤ ᠡᠷᠬᠢᠬᠦᠯᠭᠡ ᠲᠠᠢ ᠪᠤᠯᠬᠤ᠂ ᠬᠡᠪᠡᠭᠡᠢ ᠭᠠᠵᠠᠷ ᠲᠤ ᠬᠡᠪᠳᠡᠬᠦ᠂ ᠵᠠᠬᠠᠯᠠᠵᠤ ᠪᠡᠯᠴᠢᠬᠦ ᠲᠤᠷ᠎ᠠ ᠲᠠᠢ ᠪᠤᠯᠤᠨ᠎ᠠ᠃ ᠲᠠᠪᠬᠤᠷ ᠲᠠᠷᠭᠤ ᠬᠦᠴᠤ ᠠᠪᠤᠭᠰᠠᠨ ᠬᠤᠨᠢᠨ  ᠤ ᠤᠭᠤᠴᠠᠨ ᠤ ᠤᠯᠠᠨ ᠠᠭᠤᠯᠵᠠᠬᠤ ᠦᠶ᠎ᠠ ᠶᠢᠨ ᠲᠡᠭᠡᠷ᠎ᠠ ᠭᠠᠷ ᠢᠶᠠᠷ ᠢᠶᠠᠨ ᠲᠠᠷᠤᠵᠤ ᠦᠵᠡᠬᠦ ᠳᠤ ᠲᠡᠬᠦᠨ ᠤ ᠶᠠᠰᠤ ᠭᠠᠷ ᠲᠤ ᠦᠯᠤ ᠲᠡᠮᠳᠡᠷᠢᠭᠳᠡᠬᠦ ᠪᠠ ᠵᠦᠪᠭᠡᠨ ᠦᠭᠡᠬᠦᠨ ᠲᠠᠷᠭᠤ ᠠᠪᠤᠭᠰᠠᠨ ᠪᠠᠶᠢᠪᠠᠯ ᠲᠤᠬᠠᠢ ᠶᠢᠨ ᠦᠶ᠎ᠠ ᠶᠢᠨ ᠶᠠᠰᠤ ᠪᠦᠷᠢᠨ ᠮᠡᠳᠡᠭᠳᠡᠬᠦ᠋ᠢᠴᠨ ᠲᠡᠮᠳᠡᠷᠢᠭᠳᠡᠨ᠎ᠠ᠃ ᠮᠦᠨ ᠲᠠᠪᠬᠤᠷ ᠲᠠᠷᠭᠤ ᠬᠦᠴᠤ ᠠᠪᠤᠭᠠᠨ ᠢᠮᠠᠭᠠᠨ ᠤ ᠬᠦᠵᠦᠬᠦᠤ ᠮᠤᠨᠳᠤᠭᠤᠷ ᠪᠠᠬᠢᠮ᠂ ᠪᠦᠳᠦᠬᠦᠨ ᠪᠠᠶᠢᠳᠠᠭ᠃ ᠬᠡᠷᠪᠡ ᠨᠠᠮᠤᠷ ᠤᠨ ᠬᠤᠨᠢ ᠴᠠᠶᠢᠯᠠᠯᠵᠠᠭᠰᠠᠨ ᠴᠠᠭᠠᠨ ᠨᠤᠤᠰᠤ ᠲᠠᠢ ᠪᠠᠶᠢᠪᠠᠯ ᠲᠠᠷᠭᠤ ᠬᠦᠴᠤ ᠮᠠᠭᠤ ᠠᠪᠴᠤ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠨᠢ ᠲᠤᠬᠢᠷᠠᠬᠤ ᠦᠭᠡᠢ ᠪᠠᠶᠢᠭ᠎ᠠ ᠶᠢᠨ ᠰᠢᠨᠵᠢ ᠪᠤᠯᠤᠨ᠎ᠠ᠃ ᠨᠠᠮᠤᠷ ᠤᠨ ᠤᠯᠠᠷᠢᠯ ᠨᠢ ᠬᠤᠨᠢ ᠮᠠᠯ ᠳᠤ ᠦᠭᠡᠬᠦᠨ ᠲᠠᠷᠭᠤ ᠠᠪᠤᠭᠤᠯᠵᠤ ᠲᠠᠷᠭᠤ ᠬᠦᠴᠤ ᠶᠢ ᠬᠦᠢᠴᠡᠭᠡᠬᠦ᠂ ᠬᠦᠢᠴᠡᠭᠰᠡᠨ ᠲᠠᠷᠭᠤ ᠬᠦᠴᠤ ᠶᠢ ᠨᠢ ᠴᠢᠮᠪᠠᠶᠢᠷᠠᠭᠤᠯᠵᠤ ᠲᠤᠭᠳᠠᠭᠠᠬᠤ ᠲᠦᠢᠯ ᠤᠨ ᠬᠠᠷᠢᠭᠤᠴᠠᠯᠭ᠎ᠠ ᠲᠠᠢ ᠦᠶ᠎ᠠ ᠪᠠᠶᠢᠳᠠᠭ᠃ ᠬᠡᠳᠡᠯ᠎ᠠ ᠡᠨᠡ ᠦᠶ᠎ᠠ ᠳᠤ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠶᠢ ᠲᠤᠬᠢᠷᠠᠭᠤᠯᠵᠤ ᠴᠢᠳᠠᠬᠤ ᠦᠭᠡᠢ ᠪᠤᠯ ᠮᠠᠯ ᠤᠨ ᠲᠠᠷᠭᠤ ᠬᠦᠴᠤ ᠬᠠᠶᠢᠯᠵᠤ ᠤᠷᠳᠤ ᠤᠳᠠᠭᠠᠨ ᠬᠤᠭᠤᠴᠠᠭᠠᠨ ᠤ ᠨᠦᠷᠢ ᠶᠡᠭᠡ ᠠᠵᠢᠯ ᠤᠨ ᠦᠷ᠎ᠠ ᠳ᠋ᠦ᠋ᠩ ᠴᠦᠭᠡᠨ ᠬᠤᠨᠤᠭ ᠤᠨ ᠲᠤᠳᠤᠷ᠎ᠠ ᠠᠯᠳᠠᠭᠳᠠᠬᠤ ᠳᠤ ᠬᠦᠷᠳᠡᠭ ᠢ ᠠᠩᠬᠠᠷᠴᠤ ᠠᠵᠢᠯᠯᠠᠪᠠᠯ ᠵᠤᠬᠢᠨ᠎ᠠ᠃ ᠡᠶᠢᠮᠤ ᠠᠴᠠ ᠨᠠᠮᠤᠷ ᠤᠨ ᠮᠠᠯ ᠢ ᠬᠠᠶᠢᠯᠵᠤ ᠲᠠᠷᠭᠤ ᠬᠦᠴᠤ ᠪᠠᠨ ᠠᠯᠳᠠᠬᠤ ᠠᠴᠠ ᠰᠡᠷᠬᠡᠶᠢᠯᠡᠬᠦ ᠶᠢᠨ ᠲᠤᠯᠠᠳᠠ ᠲᠡᠭᠡᠷ᠎ᠠ ᠲᠤᠷᠠᠳᠤᠭᠰᠠᠨ ᠶᠤᠰᠤ ᠪᠠᠷ ᠮᠠᠯ ᠳᠤ ᠲᠠᠷᠭᠤ ᠬᠦᠴᠤ ᠠᠪᠤᠭᠤᠯᠬᠤ ᠪᠠ ᠲᠡᠬᠦᠨ ᠢ ᠲᠤᠭᠳᠠᠭᠠᠬᠤ ᠳᠤ ᠬᠠᠷᠰᠢᠯᠠᠬᠤ ᠪᠦᠬᠦᠳᠠ ᠶᠢ ᠮᠥᠨ ᠨᠢᠭᠡ ᠠᠳᠠᠯᠢ ᠮᠠᠯ ᠤᠨ ᠲᠠᠷᠭᠤ ᠬᠦᠴᠤ ᠬᠠᠶᠢᠯᠬᠤ ᠶᠢᠨ ᠰᠢᠯᠳᠠᠭᠠᠨ ᠪᠤᠯᠤᠨ᠎ᠠ ᠭᠡᠳᠡᠭ ᠢ ᠢᠮᠠᠭᠳᠠ ᠰᠠᠨᠠᠵᠤ ᠬᠠᠷᠢᠭᠤᠯᠭ᠎ᠠ ᠮᠠᠯᠯᠠᠭ᠎ᠠ ᠶᠢ ᠲᠤᠩ ᠰᠠᠶᠢᠨ ᠲᠤᠬᠢᠷᠠᠭᠤᠯᠵᠤ ᠪᠠᠶᠢᠪᠠᠯ ᠵᠤᠬᠢᠨ᠎ᠠ᠃ ᠲᠠᠷᠭᠤ ᠬᠦᠴᠤ  ᠨᠢ ᠬᠠᠶᠢᠯᠵᠤ ᠪᠠᠶᠢᠭ᠎ᠠ ᠬᠤᠨᠢ ᠬᠦᠯᠦᠷᠡᠬᠦ᠂ ᠬᠡᠳᠡᠰᠤ ᠬᠡᠪᠡᠯᠢ ᠪᠠᠨ ᠲᠠᠳᠠᠬᠤ᠂ ᠬᠠᠷ᠎ᠠ ᠠᠶᠠᠨᠳᠠᠭᠠᠨ ᠤᠯᠠᠳᠠᠵᠤ ᠲᠤᠭᠤᠯᠬᠤ᠂ ᠴᠠᠪᠢ ᠰᠤᠭᠤ ᠪᠠᠷ ᠢᠶᠠᠨ ᠬᠦᠯᠦᠷᠡᠵᠤ ᠦᠰᠤ ᠨᠤᠤᠰᠤ ᠨᠢ ᠴᠢᠬᠢᠭᠳᠦᠬᠦ ᠵᠡᠷᠭᠡ ᠰᠢᠨᠵᠢ ᠲᠠᠢ ᠪᠠᠶᠢᠨ᠎ᠠ᠃ ᠬᠠᠶᠢᠯᠵᠤ ᠪᠠᠶᠢᠭ᠎ᠠ ᠢᠮᠠᠭᠠᠨ ᠤ ᠦᠰᠦᠨ ᠤ ᠰᠤᠷᠯᠢᠭ ᠦᠩᠭᠡ ᠪᠠᠭᠤᠷᠠᠵᠤ ᠪᠤᠷᠵᠢᠬᠢᠷ ᠪᠤᠯᠬᠤ᠂ ᠮᠦᠨ ᠬᠤᠨᠢᠨ ᠤ ᠠᠳᠠᠯᠢ ᠪᠠᠷ ᠰᠤᠭᠤ ᠴᠠᠪᠢ ᠪᠠᠷ ᠢᠶᠠᠨ ᠬᠦᠯᠦᠷᠡᠵᠤ ᠦᠰᠤ ᠨᠤᠤᠰᠤ ᠨᠢ ᠴᠢᠬᠢᠭᠳᠦᠵᠤ ᠤᠯᠠᠳᠠᠵᠤ ᠲᠤᠭᠤᠯᠬᠤ ᠵᠡᠷᠭᠡ ᠪᠠᠶᠢᠳᠠᠯ ᠲᠠᠢ ᠪᠤᠯᠤᠨ᠎ᠠ ᠃ ᠨᠠᠮᠤᠷ ᠤᠨ ᠤᠯᠠᠷᠢᠯ ᠳᠤ ᠢᠩᠬᠢᠵᠤ ᠲᠠᠷᠭᠤ ᠬᠦᠴᠤ ᠨᠢ ᠬᠠᠶᠢᠯᠤᠭᠰᠠᠨ ᠮᠠᠯ ᠡᠪᠤᠯ ᠬᠠᠪᠤᠯ ᠤᠨ ᠤᠯᠠᠷᠢᠯ ᠳᠤ ᠲᠤᠷᠠᠵᠤ ᠡᠴᠡᠬᠦ ᠨᠢ ᠬᠢᠯᠪᠠᠷ ᠪᠠᠶᠢᠳᠠᠭ᠃       ᠮᠠᠨ ᠤ ᠲᠡᠷᠢᠬᠦᠨ ᠤ ᠬᠠᠰᠢᠷ ᠮᠠᠯᠴᠢᠳ ᠦᠭᠡᠬᠦᠨ ᠲᠠᠷᠭᠤ ᠶᠢᠨ ᠲᠠᠷᠠᠭ᠎ᠠ 10 ᠳ᠋ᠤᠭᠠᠷ ᠰᠠᠷ᠎ᠠ ᠶᠢᠨ ᠲᠤᠮᠳᠠ ᠬᠤᠪᠢ ᠠᠴᠠ ᠠᠷᠠᠰᠤᠨ ᠪᠤᠶᠤ ᠬᠠᠯᠢᠮ ᠤᠨ ᠲᠠᠷᠭᠤ ᠶᠢᠨ ᠦᠶ᠎ᠠ ᠡᠬᠢᠯᠡᠵᠤ 11 ᠳ᠋ᠤᠭᠡᠷ ᠰᠠᠷ᠎ᠠ ᠶᠢᠨ ᠲᠤᠮᠳᠠ ᠦᠶ᠎ᠠ ᠬᠦᠷᠳᠡᠯ᠎ᠠ ᠦᠷᠬᠦᠯᠵᠢᠯᠡᠨ ᠮᠠᠯ ᠤᠨ ᠦᠰᠤ ᠨᠤᠤᠰᠤ ᠶᠢᠨ ᠦᠩᠭᠡ ᠬᠦᠪᠭᠡᠷᠳᠡᠳᠡᠭ ᠤᠴᠢᠷ ᠭᠠᠳᠠᠷ ᠲᠠᠷᠭᠤ ᠨᠢ ᠠᠷᠠᠰᠤᠨ ᠳᠠᠭᠠᠨ ᠰᠢᠯᠵᠢᠭᠰᠡᠨ ᠰᠢᠨᠵᠢ ᠲᠡᠮᠳᠡᠭ ᠬᠡᠵᠤ ᠦᠵᠡᠳᠡᠭ᠃ ᠶᠠᠩᠵᠤ ᠪᠦᠷᠢ ᠶᠢᠨ ᠨᠠᠰᠤ᠂ ᠬᠦᠢᠰᠦᠨ ᠤ ᠮᠠᠯ ᠤᠨ ᠬᠠᠷᠢᠭᠤᠯᠭ᠎ᠠ ᠮᠠᠯᠯᠠᠭ᠎ᠠ ᠬᠠᠷᠢᠯᠴᠠᠨ ᠠᠳᠠᠯᠢ ᠦᠭᠡᠢ ᠦᠪᠡᠷᠮᠢᠴᠨ ᠠᠷᠭ᠎ᠠ ᠲᠠᠢ ᠪᠠᠶᠢᠳᠠᠭ᠃ ᠵᠢᠱᠢᠶ᠎ᠠ ᠨᠢ ᠨᠠᠰᠤ ᠬᠦᠢᠴᠡᠭᠰᠡᠨ ᠮᠠᠯ ᠪᠡᠯᠴᠢᠭᠡᠷ ᠲᠤ ᠲᠤᠭᠳᠠᠪᠤᠷᠢ ᠲᠠᠢ ᠢᠳᠡᠰᠢᠯᠡᠵᠤ ᠠᠮᠠᠷᠬᠠᠨ ᠲᠠᠷᠭᠤᠯᠠᠳᠠᠭ ᠪᠠᠶᠢᠬᠤ ᠳᠤ ᠦᠰᠪᠤᠷᠢ ᠨᠠᠰᠤᠨ ᠤ ᠮᠠᠯ ᠢᠳᠡᠭᠰᠡᠨ ᠲᠡᠵᠢᠭᠡᠯ ᠤᠨ ᠢᠶᠠᠨ ᠶᠡᠬᠡᠩᠭᠢ ᠶᠢ ᠡᠷᠬᠢ ᠭᠠᠩᠭ᠎ᠠ᠂ ᠬᠠᠳᠠ ᠠᠰᠬ᠎ᠠ ᠲᠠᠮᠵᠢᠨ ᠲᠤᠭᠯᠠᠵᠤ ᠲᠤᠩᠭᠤᠴᠠᠬᠤ᠂ ᠬᠦᠶᠦᠬᠦ ᠬᠠᠷᠠᠶᠢᠬᠤ ᠬᠦᠳᠡᠯᠭᠡᠭᠡᠨ ᠳᠡᠭᠡᠨ ᠪᠠ ᠦᠰᠦᠯᠳᠠ ᠬᠦᠭᠵᠢᠯᠳᠠ ᠳᠡᠭᠡᠨ ᠵᠠᠷᠤᠴᠠᠭᠤᠯᠳᠠᠭ ᠤᠴᠢᠷ ᠲᠠᠷᠭᠤ ᠬᠦᠴᠤ ᠠᠪᠬᠤ ᠨᠢ ᠤᠳᠠᠭᠠᠨ ᠪᠠᠶᠢᠳᠠᠭ᠃ ᠡᠮ᠎ᠠ ᠬᠤᠨᠢ᠂ ᠡᠮ᠎ᠠ ᠢᠮᠠᠭ᠎ᠠ 8 ᠳ᠋ᠤᠭᠠᠷ ᠰᠠᠷ᠎ᠠ ᠳᠤ ᠰᠠᠭᠠᠯᠢ ᠰᠦ᠋ ᠨᠢ ᠲᠠᠳᠠᠷᠠᠵᠤ ᠰᠢᠷᠬᠢᠬᠦ ᠪᠠᠶᠢᠳᠠᠯ ᠲᠠᠢ ᠪᠤᠯᠳᠠᠭ ᠲᠤᠯᠨ ᠬᠤᠷᠠᠭ᠎ᠠ᠂ ᠢᠰᠢᠭᠡ ᠶᠢ ᠪᠡᠯᠴᠢᠭᠡᠷ ᠤᠨ ᠡᠪᠡᠰᠤ ᠤᠷᠭᠤᠮᠠᠯ ᠰᠢᠮ᠎ᠠ ᠲᠡᠵᠢᠭᠡᠯ ᠰᠠᠶᠢᠳᠠᠢ ᠪᠠᠶᠢᠬᠤ ᠡᠨᠡ ᠦᠶ᠎ᠠ ᠳᠤ ᠡᠬᠡ ᠠᠴᠠ ᠨᠢ ᠢᠯᠭᠠᠵᠤ ᠲᠤᠰᠬᠠᠢ ᠰᠠᠭᠤᠷᠢᠯᠠᠨ ᠮᠠᠯᠯᠠᠵᠤ ᠪᠡᠶ᠎ᠠ ᠶᠢ ᠨᠢ ᠲᠠᠭᠠᠭᠠᠯᠭᠠᠵᠤ ᠰᠤᠷᠭᠠᠬᠤ ᠶᠠᠪᠤᠴᠨ ᠳᠤ ᠲᠠᠷᠭᠤ ᠬᠦᠴᠤ ᠠᠪᠤᠭᠤᠯᠤᠨ ᠡᠪᠤᠯ ᠤᠨ ᠤᠯᠠᠷᠢᠯ ᠳᠤ ᠪᠡᠯᠡᠳᠭᠡᠵᠤ ᠦᠯᠴᠢᠷᠵᠢᠬᠦᠯᠬᠦ ᠳᠤ ᠤᠨᠴᠠᠭᠠᠢ ᠠᠩᠬᠠᠷᠬᠤ ᠨᠢ ᠴᠢᠬᠤᠯᠨ᠃ ᠶᠠᠩᠵᠤ ᠪᠦᠷᠢ ᠶᠢᠨ ᠠᠵᠢᠯᠯᠠᠭ᠎ᠠ ᠲᠠᠢ ᠰᠠᠭᠤᠷᠢ ᠠᠴᠠ ᠢᠯᠭᠠᠭᠳᠠᠵᠤ ᠢᠷᠡᠭᠡᠳ ᠰᠠᠭᠤᠷᠢᠯᠠᠭᠳᠠᠭᠰᠠᠨ ᠬᠤᠷᠠᠭ᠎ᠠ ᠢᠰᠢᠭᠡ ᠨᠢ ᠦᠰᠦᠯᠳᠠ ᠪᠤᠶᠢᠵᠢᠯᠳᠠ ᠲᠠᠷᠭᠤ ᠬᠦᠴᠦᠨ ᠤ ᠪᠠᠶᠢᠳᠠᠯ ᠪᠤᠯᠤᠨ ᠠᠭᠠᠰᠢ ᠠᠷᠠᠨᠰᠢᠨ ᠢᠶᠠᠷ ᠢᠶᠠᠨ ᠬᠠᠷᠢᠯᠴᠠᠨ ᠠᠳᠠᠯᠢ ᠦᠭᠡᠢ ᠪᠠᠶᠢᠳᠠᠭ᠃ ᠢᠯᠭᠠᠭᠳᠠᠵᠤ ᠰᠠᠭᠤᠷᠢᠯᠠᠭᠰᠠᠨ ᠢᠵᠢᠯ ᠪᠤᠷᠤᠭᠤ ᠲᠦᠯ ᠮᠠᠯ᠂ ᠢᠯᠠᠩᠭᠤᠶ᠎ᠠ ᠡᠬᠢᠨ ᠤ ᠦᠶ᠎ᠠ ᠳᠡᠭᠡᠨ ᠡᠬᠡ ᠶᠢ ᠪᠠᠨ ᠦᠭᠡᠶᠢᠯᠡᠵᠤ ᠮᠠᠶᠢᠯᠠᠬᠤ᠂ ᠱᠤᠤᠬᠢᠬᠤ᠂ ᠰᠦᠷᠦᠭ ᠠᠴᠠ  ᠪᠠᠨ ᠬᠡᠰᠡᠭ ᠪᠦᠯᠦᠭ ᠢᠶᠠᠷ ᠲᠠᠰᠤᠷᠠᠵᠤ ᠡᠶᠢᠰᠢ ᠲᠡᠶᠢᠰᠢ ᠬᠤᠶᠢᠯᠠᠷᠠᠨ ᠬᠦᠶᠦᠬᠦ ᠨᠢ ᠶᠡᠭᠡ ᠪᠠᠶᠢᠳᠠᠭ ᠪᠠᠶᠢᠨ᠎ᠠ᠃ ᠡᠶᠢᠮᠤ  ᠠᠴᠠ ᠲᠦᠯ ᠮᠠᠯ ᠢ ᠵᠦᠭᠡᠯᠡᠨ᠂ ᠦᠪᠡᠷ ᠤᠨ ᠢᠶᠠᠨ ᠪᠡᠷ᠎ᠠ ᠪᠠᠨ ᠦᠭᠴᠤ ᠲᠠᠭᠠᠬᠤ ᠮᠠᠶ᠋ᠢᠭ ᠢᠶᠠᠷ ᠦᠷᠬᠦᠭᠡᠵᠤ ᠴᠤᠴᠢᠭᠠᠯ ᠦᠭᠡᠢ ᠬᠦᠶᠦᠯᠭᠡᠵᠤ ᠬᠠᠷᠠᠶᠢᠯᠭᠠᠬᠤ ᠦᠭᠡᠢ ᠪᠠᠷ ᠲᠤᠭᠳᠠᠭᠤᠨ ᠲᠠᠶᠢᠪᠤᠩ ᠪᠠᠶᠢᠳᠠᠯ ᠢᠶᠠᠷ ᠬᠠᠷᠢᠭᠤᠯᠵᠤ ᠢᠵᠢᠯᠢᠰᠢᠬᠦᠯᠬᠦ ᠨᠢ ᠵᠦᠢᠳᠠᠢ᠃ ᠶᠡᠷᠦ ᠨᠢ ᠲᠦᠯ ᠮᠠᠯ ᠡᠬᠢᠨ ᠤ ᠦᠶ᠎ᠠ ᠳᠤ ᠤᠴᠢᠷ ᠵᠦᠭ ᠢᠶᠠᠨ ᠤᠯᠬᠤ ᠦᠭᠡᠢ ᠠᠴᠠ ᠪᠤᠯᠵᠤ ᠪᠡᠯᠴᠢᠭᠡᠷ ᠲᠤ ᠢᠳᠡᠰᠢᠯᠡᠬᠦ ᠨᠢ ᠲᠠᠭᠠᠷᠠᠤᠬᠠᠨ ᠪᠠᠶᠢᠳᠠᠭ ᠤᠴᠢᠷ ᠴᠦᠭᠡᠨ ᠲᠤᠭᠠᠨ ᠤ ᠪᠦᠳᠦᠬᠦᠨ ᠬᠤᠨᠢ  ᠲᠠᠢ ᠬᠠᠮᠳᠤ ᠮᠠᠯᠯᠠᠵᠤ ᠲᠠᠭᠠᠯᠳᠤᠭᠤᠯᠤᠨ ᠰᠤᠷᠭᠠᠬᠤ ᠪᠠᠶᠢᠳᠠᠯ ᠢᠶᠠᠷ ᠬᠠᠷᠢᠭᠤᠯᠵᠤ ᠢᠵᠢᠯᠢᠰᠢᠬᠦᠯᠪᠡᠯ ᠰᠠᠶᠢᠨ᠃ ᠡᠶᠢᠮᠤᠷᠬᠦ ᠪᠠᠶᠢᠳᠠᠯ ᠢᠶᠠᠷ ᠮᠠᠯᠯᠠᠬᠤ ᠳᠤ ᠬᠤᠷᠠᠭ᠎ᠠ ᠢᠰᠢᠭᠡ ᠨᠢ ᠡᠬᠡ ᠪᠠᠨ ᠠᠮᠠᠷᠬᠠᠨ ᠮᠠᠷᠳᠠᠵᠤ ᠲᠦᠷᠭᠡᠨ ᠢᠵᠢᠯᠢᠰᠢᠭᠡᠳ ᠲᠤᠭᠳᠠᠪᠤᠷᠢ ᠲᠠᠢ ᠪᠤᠯᠵᠤ ᠡᠬᠢᠯᠡᠨ᠎ᠠ᠃ ᠬᠤᠷᠠᠭ᠎ᠠ ᠢᠰᠢᠭᠡ ᠨᠢ ᠤᠰᠤ ᠤᠤᠭᠤᠬᠤ ᠶᠢ ᠲᠡᠳᠦᠢ ᠯᠡ ᠰᠠᠶᠢᠨ ᠰᠤᠷᠤᠭ᠎ᠠ ᠦᠭᠡᠢ ᠪᠠᠶᠢᠳᠠᠭ ᠤᠴᠢᠷ ᠤᠰᠤ ᠤᠤᠭᠤᠯᠭᠠᠵᠤ ᠰᠤᠷᠭᠠᠬᠤ ᠬᠡᠷᠡᠭᠳᠠᠢ᠃ ᠲᠦᠯ ᠮᠠᠯ ᠢ ᠡᠬᠡ ᠠᠴᠠ  ᠨᠢ ᠢᠯᠭᠠᠭᠰᠠᠨ ᠤ ᠲᠠᠷᠠᠭ᠎ᠠ ᠭᠤᠤᠯ ᠭᠤᠷᠤᠬᠠᠨ ᠤ ᠤᠰᠤᠨ ᠳᠤ ᠤᠷᠤᠭᠤᠯᠬᠤ ᠳᠠᠭᠠᠨ ᠨᠠᠭᠠᠰᠢ ᠴᠠᠭᠠᠰᠢ ᠬᠡᠳᠤ ᠲᠠᠬᠢᠨ ᠭᠠᠳᠤᠯᠭᠠᠵᠤ ᠲᠤᠭᠳᠠᠭᠤᠨ ᠰᠠᠶᠢᠨ ᠤᠰᠤᠯᠠᠵᠤ ᠪᠠᠶᠢᠬᠤ ᠨᠢ ᠵᠦᠢᠳᠠᠢ᠃ ᠲᠦᠯ ᠮᠠᠯ ᠨᠢ ᠡᠬᠡ ᠶᠢ ᠪᠠᠨ ᠡᠳᠦᠷ ᠲᠤ ᠤᠯᠠᠨ ᠤᠳᠠᠭ᠎ᠠ ᠬᠦᠬᠦᠵᠤ ᠪᠠᠭ᠎ᠠ ᠬᠡᠮᠵᠢᠶᠠᠨ ᠤ ᠰᠦ᠋ ᠪᠠᠯᠭᠤᠵᠤ ᠰᠤᠷᠤᠭᠰᠠᠨ ᠪᠠᠶᠢᠳᠠᠭ ᠤᠴᠢᠷ ᠮᠥᠨ ᠤᠰᠤ ᠶᠢ ᠪᠠᠭ᠎ᠠ ᠪᠠᠭ᠎ᠠ ᠪᠠᠷ ᠤᠤᠭᠤᠵᠤ ᠲᠠᠰᠴᠤ ᠰᠤᠷᠤᠨ᠎ᠠ᠃ ᠢᠯᠠᠩᠭᠤᠶ᠎ᠠ ᠬᠤᠳᠳᠤᠭ ᠤᠨ ᠤᠩᠭᠤᠴᠠᠨ ᠠᠴᠠ ᠤᠰᠤ ᠤᠤᠭᠤᠵᠤ ᠰᠤᠷᠤᠭᠠᠳᠤᠢ ᠬᠤᠷᠠᠭ᠎ᠠ ᠢᠰᠢᠭᠡ ᠶᠢ ᠭᠠᠷᠳᠠᠨ ᠤᠰᠤᠯᠠᠬᠤ ᠶᠠᠪᠤᠳᠠᠯ ᠭᠠᠷᠴᠤ ᠪᠤᠯᠤᠨ᠎ᠠ᠃ ᠲᠤᠮᠤ ᠮᠠᠯ ᠦᠭᠡᠢ ᠲᠠᠩ ᠢᠶᠠᠷ ᠰᠠᠭᠤᠷᠢᠯᠠᠭᠳᠠᠭᠰᠠᠨ ᠲᠦᠯ ᠮᠠᠯ ᠰᠠᠯᠬᠢᠨ ᠳᠤ ᠤᠷᠤᠭᠤᠳᠠᠬᠤ ᠬᠠᠨᠳᠤᠯᠭ᠎ᠠ ᠲᠠᠢ ᠪᠠᠶᠢᠳᠠᠭ ᠲᠤᠯᠨ ᠵᠤᠷᠢᠭ ᠢᠶᠠᠷ ᠨᠢ ᠤᠷᠤᠭᠤᠳᠠᠭᠤᠯᠵᠤ ᠰᠤᠷᠭᠠᠵᠤ ᠪᠤᠯᠬᠤ ᠦᠭᠡᠢ᠃ ᠬᠡᠷᠪᠡ ᠰᠠᠯᠬᠢᠨ ᠳᠤ ᠤᠷᠤᠭᠤᠳᠠᠵᠤ ᠰᠤᠷᠪᠠᠯ ᠪᠡᠯᠴᠢᠭᠡᠷ ᠲᠤ ᠲᠤᠭᠳᠠᠪᠤᠷᠢᠳᠠᠢ ᠢᠳᠡᠰᠢᠯᠡᠵᠤ ᠲᠠᠷᠭᠤ ᠬᠦᠴᠤ ᠤᠯᠢᠭ ᠲᠠᠢ ᠠᠪᠴᠤ ᠴᠢᠳᠠᠬᠤ ᠦᠭᠡᠢ ᠳᠤ ᠬᠦᠷᠦᠨ᠎ᠠ᠃ ᠲᠦᠯ ᠮᠠᠯ ᠨᠢ ᠡᠬᠡ ᠠᠴᠠ ᠢᠯᠭᠠᠭᠰᠠᠨ ᠤ ᠲᠠᠷᠠᠭᠠᠬᠠᠨ ᠪᠤᠯᠤᠨ ᠡᠬᠢᠨ ᠤ ᠬᠦᠢᠳᠡᠷᠡᠯᠳᠠ ᠪᠠ ᠴᠠᠰᠤ  ᠪᠠᠷ ᠲᠠᠪᠠ ᠠᠯᠳᠠᠵᠤ ᠵᠤᠳᠠᠷᠠᠨ᠎ᠠ᠃ ᠡᠶᠢᠮᠤ ᠠᠴᠠ ᠠᠩᠬᠠᠨ ᠤ ᠬᠦᠢᠳᠡᠷᠡᠯᠳᠠ ᠪᠠ ᠴᠠᠰᠤᠨ ᠢᠶᠠᠷ ᠲᠤᠯᠠᠭᠠᠨ ᠬᠡᠪᠳᠡᠷᠢ ᠪᠠᠭᠤᠴᠨ ᠳᠤ ᠴᠦᠭᠡᠨ ᠬᠤᠨᠤᠭᠤᠯᠵᠤ ᠪᠠᠶᠢᠭᠠᠳ ᠲᠠᠬᠢᠨ ᠰᠡᠷᠢᠬᠦᠨ ᠪᠠᠭᠤᠴᠨ ᠳᠤ ᠪᠠᠭᠤᠵᠤ᠂ ᠨᠠᠰᠤ ᠬᠦᠢᠴᠡᠭᠰᠡᠨ ᠮᠠᠯ ᠤᠨ ᠠᠳᠠᠯᠢ ᠪᠠᠷ ᠦᠷᠯᠦᠭᠡ ᠪᠦᠷᠢ ᠰᠠᠯᠬᠢ ᠰᠦᠷᠦᠬᠦᠯᠦᠨ ᠪᠡᠯᠴᠢᠭᠡᠬᠦ ᠵᠡᠷᠭᠡ ᠪᠠᠷ ᠬᠠᠷᠢᠭᠤᠯᠭ᠎ᠠ ᠶᠢᠨ ᠭᠤᠷᠢᠮ  ᠳᠤ ᠰᠤᠷᠭᠠᠵᠤ ᠰᠦᠨᠢ ᠳᠤᠨᠢ ᠲᠦᠪᠤᠭᠡᠷ ᠲᠡᠨᠵᠢ ᠲᠡᠭᠡᠷ᠎ᠠ ᠬᠤᠳᠠᠯᠠᠭᠤᠯᠤᠨ᠂ ᠬᠦᠢᠳᠡᠨ ᠳᠤ ᠲᠠᠰᠬᠠᠵᠤ ᠲᠠᠰᠪᠤᠷᠢ ᠲᠠᠢ ᠪᠤᠯᠭᠠᠨ ᠦᠯᠴᠢᠷᠵᠢᠬᠦᠯᠦᠨ᠎ᠠ᠃ ᠡᠨᠡ ᠨᠢ ᠮᠠᠯ ᠢ ᠤᠨ ᠳᠤ ᠪᠦᠷᠢᠨ ᠮᠡᠨᠳᠤ ᠤᠷᠤᠭᠤᠯᠬᠤ ᠶᠢᠨ ᠨᠢᠭᠡ ᠴᠢᠬᠤᠯᠨ ᠨᠦᠬᠦᠴᠡᠯ ᠪᠤᠯᠤᠨ᠎ᠠ᠃ ᠲᠦᠯ ᠮᠠᠯ ᠨᠢ ᠠᠩᠬ᠎ᠠ ᠤᠳᠠᠭ᠎ᠠ ᠡᠪᠤᠯ᠂ ᠬᠠᠪᠤᠷ ᠤᠨ ᠬᠠᠳᠠᠭᠤ ᠰᠢᠷᠦᠬᠦᠨ ᠤᠯᠠᠷᠢᠯ ᠢ ᠦᠵᠡᠵᠤ ᠪᠠᠶᠢᠭ᠎ᠠ ᠪᠤᠯᠬᠤᠷ ᠦᠰᠦᠯᠳᠠ ᠲᠤᠷᠨᠢᠯᠳᠠ ᠪᠠᠷ ᠰᠤᠯᠨ ᠲᠤᠷᠤᠢ᠂ ᠲᠠᠷᠭᠤ ᠬᠦᠴᠤ ᠪᠠᠷ ᠲᠠᠭᠠᠷᠠᠤᠬᠠᠨ ᠢ ᠨᠢ ᠠᠩᠬᠠᠨ ᠤ ᠴᠠᠰᠤ ᠤᠷᠤᠵᠤ ᠬᠦᠢᠳᠡᠨ ᠰᠡᠷᠢᠬᠦᠨ ᠪᠤᠯᠬᠤ ᠦᠶ᠎ᠠ ᠪᠠᠷ ᠪᠤᠶᠤ ᠨᠠᠮᠤᠷ ᠤᠨ ᠰᠡᠬᠦᠯᠴᠢ᠂ ᠡᠪᠤᠯ ᠤᠨ ᠡᠬᠢ  ᠪᠠᠷ ᠰᠦᠷᠦᠭ ᠠᠴᠠ ᠨᠢ ᠢᠯᠭᠠᠨ ᠠᠪᠴᠤ ᠡᠪᠤᠯᠵᠢᠶ᠎ᠠ ᠪᠠᠭᠤᠴᠠᠨ ᠤ ᠪᠠᠨ ᠤᠶᠢᠷ᠎ᠠ ᠤᠷᠴᠢᠮ ᠤᠨ ᠰᠤᠷᠭᠤᠭ ᠪᠡᠯᠴᠢᠭᠡᠷ ᠲᠤ ᠬᠠᠷᠢᠭᠤᠯᠤᠨ᠂ ᠨᠡᠮᠡᠭᠳᠡᠯ ᠲᠡᠵᠢᠭᠡᠯ ᠦᠭᠴᠤ᠂ ᠰᠠᠶᠢᠨ ᠠᠷᠠᠴᠢᠯᠠᠵᠤ ᠲᠤᠷᠳᠠᠵᠤ ᠪᠠᠶᠢᠪᠠᠯ ᠵᠤᠬᠢᠨ᠎ᠠ᠃ ᠲᠦᠯᠦᠭᠡ ᠪᠤᠷᠯᠤᠩ ᠨᠢ ᠡᠪᠤᠯ᠂ ᠬᠠᠪᠤᠷ ᠤᠨ ᠪᠡᠯᠴᠢᠭᠡᠷ ᠤᠨ ᠬᠠᠭᠳᠠ ᠡᠪᠡᠰᠤᠨ ᠠᠴᠠ ᠬᠡᠷᠡᠭᠴᠡᠭᠡᠳᠤ ᠲᠡᠵᠢᠭᠡᠯ ᠤᠨ ᠢᠶᠠᠨ ᠲᠦᠩᠭᠡᠵᠢ 30% ᠤᠷᠴᠢᠮ ᠬᠤᠪᠢ ᠶᠢ ᠤᠯᠵᠤ ᠢᠳᠡᠨ᠎ᠠ᠃ ᠡᠶᠢᠮᠤ ᠳᠤ ᠨᠢᠭᠡ ᠨᠠᠰᠤᠳᠤ ᠮᠠᠯ  ᠤᠨ ᠲᠠᠷᠭᠤ ᠬᠦᠴᠤ ᠶᠢ ᠬᠡᠳᠤ ᠠᠯᠳᠠᠭᠳᠠᠭᠤᠯᠬᠤ ᠦᠭᠡᠢ ᠪᠠᠷ ᠤᠨ ᠳᠤ ᠰᠠᠶᠢᠨ ᠤᠷᠤᠭᠤᠯᠵᠤ᠂ ᠠᠰᠢᠭ ᠰᠢᠮ᠎ᠠ ᠶᠡᠭᠡ  ᠲᠠᠢ ᠦᠷᠡᠵᠢᠯ ᠰᠠᠶᠢᠳᠠᠢ ᠮᠠᠯ ᠪᠤᠯᠭᠠᠵᠤ ᠦᠰᠭᠡᠨ ᠪᠤᠶᠢᠵᠢᠭᠤᠯᠬᠤ ᠶᠢᠨ ᠲᠤᠯᠠᠳᠠ ᠡᠪᠤᠯ ᠬᠠᠪᠤᠷ ᠤᠨ ᠤᠯᠠᠷᠢᠯ ᠳᠤ ᠬᠤᠨᠤᠭ ᠲᠤ 0.7 ᠲᠡᠵᠢᠭᠡᠯ ᠤᠨ ᠨᠢᠭᠡᠴᠢ ᠲᠠᠩᠴᠡᠬᠦᠤ ᠬᠡᠮᠵᠢᠶ᠎ᠠ ᠪᠠᠷ ᠨᠡᠮᠡᠭᠳᠡᠯ ᠲᠡᠵᠢᠭᠡᠯ ᠦᠭᠴᠤ ᠪᠠᠶᠢᠪᠠᠯ ᠲᠤᠩ ᠰᠠᠶᠢᠨ᠃ ᠶᠡᠷᠦ ᠨᠢ ᠦᠰᠪᠤᠷᠢ ᠨᠠᠰᠤᠨ ᠤ ᠮᠠᠯ ᠢ ᠡᠪᠤᠯ ᠬᠠᠪᠤᠷ ᠲᠤ ᠦᠩᠭᠡ ᠲᠠᠢ ᠲᠠᠷᠭᠤᠨ ᠤᠷᠤᠭᠤᠯᠬᠤ ᠨᠦᠬᠦᠴᠡᠯ ᠪᠤᠯ ᠨᠤᠳᠤᠭ ᠪᠡᠯᠴᠢᠭᠡᠷ ᠢ ᠵᠦᠪ ᠰᠤᠩᠭᠤᠵᠤ ᠤᠯᠵᠤ᠂ ᠬᠠᠷᠢᠭᠤᠯᠭ᠎ᠠ ᠮᠠᠯᠯᠠᠭ᠎ᠠ ᠶᠢ ᠰᠠᠶᠢᠨ ᠲᠤᠬᠢᠷᠠᠭᠤᠯᠬᠤ ᠶᠢᠨ ᠵᠡᠷᠭᠡᠴᠡᠭᠡ ᠡᠪᠤᠯᠵᠢᠯᠳᠠ᠂ ᠬᠠᠪᠤᠷᠵᠢᠯᠳᠠ ᠶᠢᠨ ᠪᠡᠯᠡᠳᠭᠡᠯ ᠢ ᠰᠠᠶᠢᠨ ᠬᠢᠵᠤ᠂ ᠲᠤᠯᠠᠭᠠᠨ ᠪᠠᠶᠢᠷᠢ᠂ ᠬᠡᠪᠳᠡᠷᠢ ᠪᠠᠭᠤᠴᠨ᠂ ᠰᠢᠮᠡᠳᠤ ᠴᠢᠨᠠᠷ ᠰᠠᠶᠢᠳᠠᠢ ᠲᠡᠵᠢᠭᠡᠯ᠂ ᠤᠰᠤ ᠬᠤᠵᠢᠷ ᠢᠶᠠᠷ ᠪᠠᠶᠢᠩᠭᠤ ᠬᠠᠩᠭᠠᠬᠤ ᠶᠠᠪᠤᠳᠠᠯ ᠪᠤᠯᠤᠨ᠎ᠠ᠃ ᠡᠨᠡ ᠦᠶ᠎ᠠ ᠳᠤ ᠶᠠᠪᠤᠭᠳᠠᠳᠠᠭ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠠᠮᠢᠨ ᠴᠢᠬᠤᠯᠨ ᠠᠰᠠᠭᠤᠳᠠᠯ  ᠤᠨ ᠨᠢᠭᠡ ᠪᠤᠯᠬᠤ ᠪᠤᠭ ᠮᠠᠯ ᠤᠨ ᠬᠡᠭᠡᠯᠳᠦᠬᠦᠯᠭᠡ ᠶᠢ ᠲᠠᠷᠭᠤ ᠬᠦᠴᠤ ᠠᠪᠬᠤ᠂ ᠲᠤᠭᠳᠠᠭᠠᠬᠤ ᠳᠤ ᠰᠠᠭᠠᠳ ᠪᠤᠯᠬᠤ ᠦᠭᠡᠢ ᠪᠠᠷ ᠰᠠᠶᠢᠨ ᠵᠤᠬᠢᠶᠠᠨ ᠪᠠᠶᠢᠭᠤᠯᠵᠤ ᠪᠤᠭᠤᠨᠢ ᠬᠤᠭᠤᠴᠠᠭᠠᠨ ᠳᠤ ᠶᠠᠪᠤᠭᠤᠯᠤᠨ ᠲᠠᠭᠤᠰᠬᠠᠵᠤ ᠪᠠᠶᠢᠪᠠᠯ ᠵᠤᠬᠢᠨ᠎ᠠ᠃ ᠮᠠᠯ ᠢ ᠤᠳᠤᠷᠯᠠᠨ ᠲᠠᠷᠭᠤᠯᠠᠭᠤᠯᠬᠤ ᠠᠵᠢᠯ ᠨᠢ ᠲᠡᠬᠦᠨ ᠤ ᠤᠷᠤᠭ᠎ᠠ ᠤᠷᠤᠯᠳᠠ ᠶᠢ ᠢᠳᠡᠪᠬᠢᠵᠢᠬᠦᠯᠵᠤ᠂ ᠬᠡᠭᠡᠯ ᠠᠪᠤᠯᠳᠠ ᠶᠢ ᠰᠠᠶᠢᠵᠢᠷᠠᠭᠤᠯᠬᠤ᠂ ᠠᠮᠢᠳᠤᠷᠠᠬᠤ ᠴᠢᠳᠠᠪᠤᠷᠢ ᠪᠠᠷ ᠰᠠᠶᠢᠨ᠂ ᠴᠢᠬᠢᠷᠠᠭ ᠲᠦᠯ ᠬᠦᠯᠢᠶᠡᠨ ᠠᠪᠴᠤ ᠪᠤᠶᠢᠵᠢᠭᠤᠯᠬᠤ ᠪᠤᠯᠤᠯᠴᠠᠭ᠎ᠠ ᠶᠢ ᠬᠠᠩᠭᠠᠬᠤ᠂ ᠠᠰᠢᠭ ᠰᠢᠮ᠎ᠠ ᠶᠢ ᠨᠢ ᠲᠡᠭᠡᠭᠰᠢᠯᠡᠬᠦᠯᠬᠦ᠂ ᠪᠡᠶ᠎ᠠ ᠶᠢᠨ ᠡᠰᠡᠷᠬᠦᠴᠡᠯ ᠢ ᠰᠠᠶᠢᠵᠢᠷᠠᠭᠤᠯᠤᠨ ᠡᠯᠳᠡᠪ ᠲᠦᠷᠦᠯ ᠤᠨ ᠡᠪᠡᠳᠴᠢᠨ ᠡᠮᠬᠡᠭ ᠲᠤ ᠠᠮᠠᠷᠬᠠᠨ ᠨᠡᠷᠪᠡᠭᠳᠡᠬᠦᠯᠬᠦ ᠦᠭᠡᠢ ᠪᠤᠯᠭᠠᠵᠤ᠂ ᠡᠪᠤᠯ ᠬᠠᠪᠤᠷ ᠤᠨ ᠬᠠᠳᠠᠭᠤ ᠰᠢᠷᠦᠬᠦᠨ ᠤᠯᠠᠷᠢᠯ ᠳᠤ ᠪᠠ ᠪᠠᠶᠢᠭᠠᠯᠢ ᠶᠢᠨ ᠲᠦᠷ ᠵᠠᠭᠤᠷ᠎ᠠ ᠶᠢᠨ ᠡᠯᠳᠡᠪ ᠪᠡᠷᠬᠡᠰᠢᠶᠡᠯ ᠤᠨ ᠤᠯᠠᠮ ᠠᠴᠠ ᠭᠠᠷᠬᠤ ᠲᠤᠮᠤ ᠮᠠᠯ ᠤᠨ ᠵᠦᠢ ᠪᠤᠰᠤ ᠬᠤᠷᠤᠭᠳᠠᠯ ᠢ ᠮᠡᠳᠡᠭᠳᠡᠬᠦ᠋ᠢᠴᠨ ᠪᠠᠭᠠᠰᠬᠠᠨ ᠲᠦᠷᠦᠯ ᠪᠦᠷᠢ ᠶᠢᠨ ᠮᠠᠯ ᠢ ᠤᠨ ᠳᠤ ᠪᠦᠷᠢᠨ ᠮᠡᠨᠳᠤ ᠤᠷᠤᠭᠤᠯᠬᠤ ᠪᠤᠳᠠᠳᠤ ᠪᠤᠯᠤᠯᠴᠠᠭ᠎ᠠ ᠶᠢ ᠪᠦᠷᠢᠯᠳᠦᠬᠦᠯᠳᠡᠭ ᠤᠴᠢᠷ ᠰᠦᠷᠦᠭ ᠤᠨ ᠨᠦᠬᠦᠨ ᠦᠢᠯᠡᠳᠪᠤᠷᠢᠯᠡᠯ ᠢ ᠰᠠᠶᠢᠵᠢᠷᠠᠭᠤᠯᠵᠤ ᠮᠠᠯ ᠰᠦᠷᠦᠭ ᠤᠨ ᠲᠤᠭᠳᠠᠪᠤᠷᠢ ᠲᠠᠢ ᠦᠰᠦᠯᠳᠠ ᠶᠢ ᠬᠠᠩᠭᠠᠵᠤ᠂ ᠪᠦᠳᠦᠭᠡᠭᠳᠡᠬᠦᠨ ᠦᠢᠯᠡᠳᠪᠤᠷᠢᠯᠡᠯᠳᠠ ᠶᠢ ᠨᠡᠮᠡᠭᠳᠡᠬᠦᠯᠵᠤ᠂ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠡᠳ᠋ ᠤᠨ ᠵᠠᠰᠠᠭ ᠤᠨ ᠦᠶ᠎ᠠ ᠠᠰᠢᠭ ᠢ ᠲᠡᠭᠡᠭᠰᠢᠯᠡᠬᠦᠯᠳᠡᠭ ᠪᠡᠯᠴᠢᠭᠡᠷ ᠤᠨ ᠮᠠᠯ ᠮᠠᠯᠯᠠᠭᠠᠨ ᠤ ᠤᠯᠠᠮᠵᠢᠯᠠᠯᠳᠤ ᠰᠠᠶᠢᠬᠠᠨ ᠠᠷᠭ᠎ᠠ  ᠶᠢᠨ ᠨᠢᠭᠡ ᠮᠥᠨ᠃ ᠮᠠᠯ ᠲᠠᠷᠭᠤᠯᠠᠨ᠎ᠠ ᠬᠡᠳᠡᠭ ᠨᠢ ᠮᠢᠬᠠᠯᠠᠵᠤ ᠦᠭᠡᠬᠦᠯᠡᠨ᠎ᠠ ᠬᠡᠰᠡᠨ ᠬᠡᠷᠡᠭ᠃ ᠮᠢᠬ᠎ᠠ ᠦᠭᠡᠬᠦ ᠬᠡᠳᠡᠭ ᠨᠢ ᠮᠠᠯ ᠤᠨ ᠪᠡᠶ᠎ᠠ ᠳᠤ ᠠᠭᠤᠯᠤᠭᠳᠠᠭᠰᠠᠨ ᠠᠰᠤᠷᠤ ᠬᠡᠮᠵᠢᠶᠠᠨ ᠤ ᠢᠯᠴᠢ ︵ᠡᠨᠧᠷᠬᠢ︶ ᠬᠡᠰᠡᠨ ᠦᠭᠡ᠃       ᠵᠦᠪᠯᠡᠯᠳᠤ ᠶᠢᠨ ᠡᠷᠳᠡᠮᠳᠡᠳ ᠤᠨ ᠰᠤᠳᠤᠯᠵᠤ ᠲᠤᠭᠳᠠᠭᠠᠭᠰᠠᠨ ᠢᠶᠠᠷ ᠲᠡᠭᠡᠳᠤ ᠵᠡᠷᠭᠡ ᠶᠢᠨ ᠲᠠᠷᠭᠤ ᠬᠦᠴᠤ ᠠᠪᠤᠭᠰᠠᠨ ᠬᠤᠨᠢ ᠬᠤᠶᠠᠷ ᠼᠧᠨᠳ᠋ᠨᠧᠷ ︵100 kg ᠲᠠᠢ ᠲᠡᠩᠴᠡᠬᠦ ᠬᠦᠨᠳᠤ ᠶᠢᠨ ᠨᠢᠭᠡᠴᠢ︶ ᠬᠦᠷᠳᠡᠯ᠎ᠠ ᠬᠦᠴᠦᠳᠤ ᠲᠡᠵᠢᠭᠡᠯ ᠨᠢ ᠲᠡᠩᠴᠡᠬᠦ ︵200 kg ᠬᠤᠰᠢᠭᠤ ᠪᠤᠳᠠᠭ᠎ᠠ ᠲᠠᠢ︶ ᠢᠯᠴᠢ ᠶᠢ ᠪᠡᠶ᠎ᠠ ᠳᠡᠭᠡᠨ ᠠᠭᠤᠯᠵᠤ ᠠᠪᠳᠠᠭ ᠪᠤᠯᠤᠨ᠎ᠠ᠃ ᠬᠡᠷᠪᠡ ᠡᠬᠦᠨ ᠢ ᠬᠠᠳᠤᠵᠤ ᠪᠡᠯᠡᠳᠭᠡᠭᠰᠡᠨ ᠡᠪᠡᠰᠦᠨ ᠳᠤ ᠤᠷᠤᠭᠤᠯᠵᠤ ᠲᠤᠭᠠᠴᠠᠪᠠᠯ ᠲᠡᠭᠡᠳᠤ ᠵᠡᠷᠭᠡ ᠶᠢᠨ ᠲᠠᠷᠭᠤ ᠬᠦᠴᠤ ᠠᠪᠤᠭᠰᠠᠨ ᠨᠢᠭᠡ ᠬᠤᠨᠢ ᠬᠠᠭᠠᠰ ᠲᠤᠨ ᠰᠠᠶᠢᠨ ᠴᠢᠨᠠᠷ ᠤᠨ ᠡᠪᠡᠰᠤ ︵1kg ᠡᠪᠡᠰᠤ 0.4 ᠲᠡᠵᠢᠭᠡᠯ ᠤᠨ ᠨᠢᠭᠡᠴᠢ ᠲᠠᠢ ᠲᠡᠩᠴᠡᠨ᠎ᠠ ᠭᠡᠵᠤ ᠦᠵᠡᠬᠦ ᠳᠤ︶ ᠶᠢ ᠦᠪᠡᠷ ᠢᠶᠠᠨ ᠪᠡᠯᠡᠳᠭᠡᠵᠤ ᠠᠪᠴᠤ ᠪᠠᠶᠢᠭ᠎ᠠ ᠬᠡᠷᠡᠭ ᠶᠤᠮ᠃ ᠡᠬᠦᠨ ᠢ ᠦᠨᠳᠦᠰᠦᠯᠡᠨ ᠪᠦᠬᠦ ᠮᠠᠯ ᠨᠢ ᠲᠤᠮᠳᠠ ᠠᠴᠠ ᠲᠡᠭᠡᠭᠰᠢ ᠲᠠᠷᠭᠤ ᠬᠦᠴᠤ ᠶᠢ ᠠᠪᠤᠭᠰᠠᠨ 500 ᠬᠤᠨᠢ ᠲᠠᠢ ᠨᠢᠭᠡ ᠰᠠᠭᠤᠷᠢ ᠶᠢᠨ ᠬᠡᠮᠵᠢᠶ᠎ᠠ ᠳᠤ ᠲᠤᠭᠠᠴᠠᠭᠤᠯᠵᠤ ᠦᠵᠡᠪᠡᠯ 250 ᠲᠤᠨ ᠰᠠᠶᠢᠨ ᠴᠢᠨᠠᠷ ᠤᠨ ᠡᠪᠡᠰᠤ ᠮᠠᠯ ᠢᠶᠠᠷ ᠢᠶᠠᠨ ᠪᠡᠯᠡᠳᠭᠡᠬᠦᠯᠵᠠᠢ ᠬᠡᠵᠤ ᠦᠵᠡᠵᠤ ᠪᠤᠯᠬᠤ ᠵᠢᠱᠢᠶ᠎ᠠ ᠲᠠᠢ ᠶᠤᠮ᠃       ︽ᠴᠠᠭ ᠠᠭᠠᠷ ᠮᠠᠯ ᠤᠨ ᠬᠠᠷᠢᠭᠤᠯᠭ᠎ᠠ︾ ᠨᠤᠮ  ᠠᠴᠠ        ᠵᠤᠬᠢᠶᠠᠭᠴᠢ᠄ ︵ᠮᠤᠩᠭᠤᠯ︶  ᠪ᠊ · ᠵᠢᠭᠮᠡᠳᠳᠤᠷᠵᠢ᠂ ᠯ᠊ · ᠪᠠᠯᠳᠠᠨᠳᠠᠰᠢ᠂  ᠬ᠋᠊ · ᠨᠠᠮᠬᠠᠶᠢᠵᠠᠨᠽᠠᠨ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号