ᠠᠯᠠᠱᠠ ᠵᠡᠭᠦᠨ ᠬᠤᠰᠢᠭᠤᠨ ᠤ ᠴᠠᠭᠠᠨ ᠰᠤᠪᠤᠷᠭ᠎ᠠ ᠶᠢᠨ ᠰᠦᠮ᠎ᠠ
ᠨᠡᠶᠢᠲᠡᠯᠡᠭᠰᠡᠨ ᠴᠠᠭ᠄
2018/11/19
        ᠡᠷᠳᠡᠨ ᠤ ᠲᠤᠮᠤᠭᠳᠤ ᠥᠢᠷᠠᠳ ᠤᠨ ᠠᠯᠳᠠᠨ ᠶᠠᠰᠤᠨ ᠤ ᠬᠡᠯᠳᠡᠷᠬᠡᠢ᠂ ᠠᠯᠳᠠᠷ ᠴᠤᠤᠳᠤ ᠮᠡᠷᠬᠡᠳ ᠤᠨ ᠠᠪᠢᠰᠢᠭ᠌ ᠰᠢᠩᠬᠡᠭᠰᠡᠨ ᠭᠠᠵᠠᠷ ᠨᠤᠳᠤᠭ ᠪᠤᠯ ᠠᠯᠠᠱᠠ ᠶᠤᠮ᠃ ᠠᠯᠠᠱᠠ ᠨᠤᠳᠤᠭ ᠪᠤᠯ ᠢᠷᠠᠭᠤ ᠪᠠᠶᠠᠯᠢᠭ ᠰᠤᠶᠤᠯ ᠤᠯᠠᠮᠵᠢᠯᠠᠯ ᠲᠠᠢ᠂ ᠥᠯᠢᠬᠡᠷ ᠲᠤᠤᠯᠢ᠂ ᠬᠠᠭᠤᠴᠢ ᠲᠡᠤᠬᠡ ᠶᠡᠬᠡᠳᠠᠢ ᠪᠠᠶᠢᠳᠠᠭ ᠢᠶᠠᠷ ᠢᠶᠠᠨ ᠬᠤᠯᠠ ᠥᠢᠷ᠎ᠠ ᠶᠢᠨ ᠬᠢᠨ ᠤ ᠰᠤᠨᠤᠰᠬᠤᠯᠠᠩ ᠳᠤ ᠠᠯᠳᠠᠷᠰᠢᠵᠤ᠂ ᠡᠳᠤᠭᠡ ᠰᠤᠶᠤᠯ ᠵᠤᠭᠠᠴᠠᠯ ᠤᠨ ᠥᠢᠯᠡᠰ ᠨᠢ ᠴᠤ ᠥᠷᠨᠢᠭᠦᠨ ᠬᠥᠭᠵᠢᠯᠳᠠ ᠲᠠᠢ ᠪᠠᠶᠢᠭ᠎ᠠ ᠶᠢ ᠦᠬᠦᠯᠠᠬᠦ ᠶᠠᠭᠤᠨ᠃               ᠲᠡᠯᠡᠬᠡᠢ ᠶᠢᠨ ᠲᠥᠮᠡᠨ ᠳᠤ ᠭᠠᠶᠢᠬᠠᠭᠳᠠᠭᠰᠠᠨ ᠠᠯᠠᠱᠠ ᠨᠤᠳᠤᠭ ᠤᠨ ᠥᠢ ᠤᠯᠠᠨ ᠰᠤᠶᠤᠯ ᠵᠤᠭᠠᠴᠠᠯ ᠤᠨ ᠥᠵᠡᠮᠵᠢ ᠶᠢᠨ ᠤᠷᠤᠨ ᠤ ᠨᠢᠬᠡ ᠪᠤᠯᠬᠤ ᠴᠠᠭᠠᠨ ᠰᠤᠪᠤᠷᠭ᠎ᠠ ᠶᠢᠨ ᠰᠥᠮ᠎ᠡ ᠪᠤᠯ ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠤᠨ ᠤ ᠪᠠᠶᠠᠬᠠᠭᠤᠯᠠ ᠭᠠᠴᠠᠭᠠᠨ ᠤ ᠪᠡᠯᠴᠢᠷ ᠬᠡᠮᠡᠭᠦ ᠨᠤᠳᠤᠭ ᠲᠤ ᠪᠠᠶᠢᠷᠢᠰᠢᠵᠤ᠂ ᠪᠤᠶᠠᠨ ᠢ ᠥᠨᠳᠤᠰᠤᠯᠡᠭᠴᠢ ᠰᠥᠮ᠎ᠡ ᠶᠢᠨ ᠬᠠᠷᠢᠶᠠᠨ ᠤ ᠨᠠᠢᠮᠠᠨ ᠰᠥᠮ᠎ᠡ ᠶᠢᠨ ᠨᠢᠬᠡ ᠪᠤᠯᠤᠨ᠎ᠡ᠃ ᠡ᠊ᠨᠳᠡ ᠳ᠋ᠤᠪᠽᠠᠩ ᠬᠤᠳᠤᠭᠳᠤ ᠶᠢᠨ ᠨᠢᠬᠡᠳᠤᠬᠡᠷ ᠲᠥᠷᠢ᠂ ᠭᠤᠷᠪᠠᠳᠤᠭᠠᠷ ᠲᠥᠷᠢ ᠶᠢᠨ ᠴᠢᠨᠳᠠᠷ ᠪᠤᠯᠤᠨ ᠭᠤᠷᠪᠠᠳᠤᠭᠠᠷ ᠲᠥᠷᠢ ᠶᠢᠨ ᠥᠢᠽᠠᠩ ᠯᠠᠮᠨ ︵ᠢᠰᠢᠳᠠᠨᠽᠠᠨ︶᠎ ᠶᠢᠨ ᠴᠢᠨᠳᠠᠷ ᠢ ᠰᠤᠪᠤᠷᠭᠠᠯᠠᠨ ᠰᠢᠳᠤᠵᠤ ᠪᠠᠶᠢᠭ᠎ᠠ ᠰᠢᠳᠤᠬᠡᠨᠳᠤ ᠤᠷᠤᠨ ᠪᠤᠯᠤᠨ᠎ᠡ ᠃ ᠲᠤᠰ ᠰᠥᠮ᠎ᠡ ᠶᠢᠨ ᠲᠦᠪᠠᠤᠨ ᠨᠠᠷ᠎ᠠ ᠨᠢ ︽ᠰᠠᠷᠳᠠᠭᠷᠢᠨᠴᠢᠨᠯᠢᠩ︾ ᠬᠡᠳᠡᠭ᠃ ᠰᠠᠶᠢᠰᠢᠶᠠᠯᠳᠤ ᠢᠷᠤᠬᠡᠯᠳᠤ ᠶᠢᠨ 19 ᠤᠨ ︵1814 ᠤᠨ︶᠎ ᠳᠤ ᠪᠠᠶᠢᠭᠤᠯᠤᠭᠳᠠᠵᠠᠢ᠃ ᠴᠠᠭᠠᠨ ᠰᠤᠪᠤᠷᠭ᠎ᠠ ᠶᠢᠨ ᠰᠥᠮ᠎ᠡ ᠨᠢ ᠲᠡᠤᠬᠡᠨ ᠬᠥᠭᠵᠢᠯᠳᠡ ᠶᠢᠨ ᠶᠠᠪᠤᠴᠠ ᠳᠤ ᠤᠯᠠᠨᠳᠠ ᠡᠪᠳᠡᠭᠳᠡᠨ ᠰᠥᠢᠳᠬᠡᠭᠳᠡᠭᠰᠡᠨ ᠤᠳᠠᠭ᠎ᠠ ᠪᠤᠢ᠃ ᠰᠡᠭᠦᠯᠡᠷ ᠨᠢ ᠨᠠᠮ ᠤᠨ ᠠᠷᠪᠠᠨ ᠨᠢᠬᠡᠳᠤᠬᠡᠷ ᠬᠤᠭᠤᠴᠠᠭᠠᠨ ᠤ ᠭᠤᠷᠪᠠᠳᠤᠭᠠᠷ ᠪᠥᠭᠦᠳᠡ ᠬᠤᠷᠠᠯ ᠤᠨ ᠲᠠᠷᠠᠭ᠎ᠠ ᠨᠠᠮ ᠤᠨ ᠥᠨᠳᠤᠰᠤᠳᠡᠨ᠂ ᠱᠠᠰᠢᠨ ᠰᠤᠷᠳᠠᠬᠤᠨ ᠤ ᠲᠥᠷᠤ ᠶᠢᠨ ᠪᠤᠳᠤᠯᠭ᠎ᠠ ᠶᠢᠨ  ᠲᠤᠶᠠᠭᠠᠷᠠᠯ ᠢᠶᠠᠷ ᠶᠡᠷᠡᠬᠡᠳ ᠤᠨ ᠳᠤ ᠴᠥᠮᠪᠤᠯ᠂ ᠨᠢᠮ᠎ᠠ ᠳ᠋ᠠᠨᠠᠢ ᠵᠡᠷᠬᠡ ᠡᠷᠳᠡᠮᠳᠡᠨ ᠪᠠᠭᠰᠢ ᠨᠠᠷ ᠵᠢᠴᠢ ᠨᠤᠳᠤᠭ ᠤᠨ ᠮᠠᠯᠴᠢᠳ᠂ ᠰᠥᠰᠥᠭᠳᠡᠨ ᠤᠯᠠᠨ ᠤ ᠲᠡᠮᠵᠢᠯᠬᠡ ᠪᠠᠷ ᠰᠡᠷᠭᠦᠬᠡᠨ ᠪᠠᠶᠢᠭᠤᠯᠤᠭᠰᠠᠨ ᠪᠠᠶᠢᠨ᠎ᠠ᠃ ᠴᠠᠭᠠᠨ ᠰᠤᠪᠤᠷᠭ᠎ᠠ ᠶᠢᠨ ᠰᠥᠮ᠎ᠡ ᠨᠢ ᠪᠠᠷᠤᠭ 100 ᠭᠠᠷᠤᠢ ᠮᠤ ᠲᠠᠯᠠᠪᠠᠢ ᠲᠠᠢ᠃ ᠤᠳᠤ ᠶᠡᠭᠡ ᠪᠠᠭ᠎ᠠ ᠭᠤᠷᠪᠠᠨ ᠰᠠᠭᠤᠷᠢ ᠰᠤᠪᠤᠷᠭ᠎ᠠ᠂ ᠨᠢᠬᠡ ᠬᠤᠷᠠᠯ ᠬᠤᠷᠠᠬᠤ ᠲᠤᠭᠠᠩ᠂ ᠬᠤᠶᠠᠷ ᠮᠤᠩᠭᠤᠯ ᠬᠡᠷ᠂ ᠲᠤᠯᠤᠭᠠᠨ ᠲᠠᠰᠤᠯᠭ᠎ᠠ ᠪᠠᠶᠢᠰᠢᠩ ᠲᠠᠢ᠃ ᠵᠢᠯ ᠪᠤᠯᠭᠠᠨ ᠤ ᠪᠢᠯᠢᠭ ᠤᠨ ᠤᠯᠠᠷᠢᠯ ᠤᠨ ᠲᠤᠯᠤᠭᠠᠨ ᠰᠠᠷ᠎ᠠ ᠶᠢᠨ ᠠᠷᠪᠠᠨ ᠲᠠᠪᠤᠨ ᠤ ᠡᠳᠤᠷ᠂ ᠨᠤᠳᠤᠭ ᠤᠨ ᠮᠠᠯᠴᠢᠳ ᠡ᠊ᠨᠳᠡ ᠴᠤᠭᠯᠠᠷᠠᠨ ᠴᠠᠭᠠᠨ ᠰᠤᠪᠤᠷᠭ᠎ᠠ ᠪᠠᠨ ᠲᠠᠬᠢᠵᠤ᠂ ᠦᠯᠵᠡᠢ ᠬᠡᠶᠢᠮᠦᠷᠢ ᠪᠠᠨ ᠬᠡᠶᠢᠰᠬᠡᠨ᠂ ᠡᠩᠬᠡ ᠵᠢᠷᠭᠠᠯᠲᠤ  ᠠᠮᠢᠲᠤᠷᠠᠯ ᠢᠶᠠᠨ ᠨᠠᠮᠠᠨᠴᠢᠯᠠᠨ ᠲᠠᠭᠠᠳᠬᠠᠳᠠᠭ ᠪᠠᠶᠢᠨ᠎ᠠ᠃               ᠴᠠᠭᠠᠨ ᠰᠤᠪᠤᠷᠭ᠎ᠠ ᠮᠠᠨᠢ ᠨᠤᠳᠤᠭ ᠤᠨ ᠢᠶᠠᠨ ᠨᠠᠮᠳᠠᠷ ᠲᠡᠤᠬᠡ ᠪᠠᠨ ᠬᠠᠭᠤᠴᠢᠯᠠᠵᠤ᠂ ᠬᠤᠯᠠ ᠥᠢᠷ᠎ᠠ ᠠᠴᠠ ᠬᠥᠷᠥᠯᠴᠡᠨ ᠢᠷᠡᠭᠰᠡᠨ ᠵᠤᠭᠠᠴᠠᠭᠰᠠᠳ ᠤᠨ ᠠᠶᠠᠨ ᠤ ᠠᠯᠵᠢᠶᠠᠯ ᠢ ᠨᠢ ᠲᠠᠶᠢᠯᠬᠤ ᠰᠡᠳᠬᠢᠯ ᠤᠨ ᠲᠤᠯᠠᠭᠠᠨ ᠪᠠᠭᠤᠴᠠ ᠨᠢ ᠪᠤᠯᠵᠤ᠂ ᠰᠢᠨ᠎ᠡ ᠡᠷᠡᠨ ᠤ ᠰᠢᠵᠢᠷ ᠨᠠᠷᠠᠨ ᠲᠤᠤᠷ᠎ᠠ ᠰᠡᠭᠦ᠋ᠢᠨ ᠰᠥᠨᠳᠡᠷᠯᠡᠨ᠎ᠡ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号