ᠪᠤᠶᠠᠨ ᠪᠠᠷᠢᠯᠲᠤᠭᠤᠯᠤᠭᠴᠢ ᠬᠡᠶᠢᠳ
ᠨᠡᠶᠢᠲᠡᠯᠡᠭᠰᠡᠨ ᠴᠠᠭ᠄
2018/11/19
      ᠰᠢᠷᠡᠭᠡᠲᠤ ᠬᠦᠷᠢᠶ᠎ᠡ ᠶᠢᠨ ︽ᠭᠤᠷᠪᠠᠨ ᠲᠤᠮᠤ ᠬᠡᠶᠢᠳ︾᠎ ᠤᠨ ᠨᠢᠬᠡ ᠪᠤᠯᠤᠬᠰᠠᠨ ᠪᠤᠶᠠᠨ ᠪᠠᠷᠢᠯᠲᠤᠭᠤᠯᠤᠬᠴᠢ ᠬᠡᠶᠢᠳ ᠢ ᠴᠢᠩ ᠤᠯᠤᠰ ᠤᠨ ᠲᠡᠭᠷᠢ ᠲᠡᠳᠭᠦᠭᠴᠢ ᠶᠢᠨ ᠲᠤᠯᠤᠲᠤᠭᠠᠷ ᠤᠨ ︵1742  ᠤᠨ︶᠎ ᠳᠤ ᠪᠠᠶᠢᠭᠤᠯᠵᠠᠢ᠃ ᠲᠡᠦᠬᠡ ᠲᠡᠮᠳᠡᠭᠯᠡᠯ ᠳᠤ᠂ ᠲᠡᠭᠷᠢ ᠲᠡᠳᠭᠦᠭᠴᠢ ᠶᠢᠨ ᠠᠩᠬᠠᠨ ᠤ ᠵᠢᠯ ᠳᠤ ᠯᠠᠮᠠ ᠨᠡᠷ ᠲᠤᠲᠤᠭᠠᠲᠤ ᠳᠠᠭᠠᠨ ᠵᠢᠭᠤᠷᠠᠯᠲᠤᠭᠠᠨ ᠭᠠᠷᠬᠤᠶ᠎ᠠ᠂ ᠰᠢᠷᠡᠬᠡᠲᠦ ᠬᠦᠷᠢᠶ᠎ᠡ ᠶᠢᠨ ᠠᠷᠪᠠᠨ ᠬᠤᠶᠠᠲᠤᠭᠠᠷ ᠵᠠᠰᠠᠭ ᠳ᠋ᠠ ᠯᠠᠮᠠ ᠠᠬᠸᠠᠩᠵᠢᠮᠢᠶᠠᠨ ᠬᠤᠲᠤᠭᠲᠤ ᠲᠠᠯᠲᠠ ᠠᠴᠠ ᠱᠠᠰᠢᠨ ᠢ ᠲᠦᠢᠪᠡᠬᠡᠵᠦ ᠪᠠᠶᠢᠭ᠎ᠠ ᠠᠳᠠ ᠴᠢᠳᠬᠦᠷ ᠢ ᠲᠠᠷᠤᠩᠭᠤᠶᠢᠯᠠᠵᠤ ᠪᠠᠶᠢᠨ᠎ᠠ ᠬᠡᠳ ᠨᠢᠬᠡ ᠰᠤᠪᠤᠷᠭ᠎ᠠ ᠨᠢᠬᠡ ᠰᠦᠮ᠎ᠡ ᠶᠢ  ᠪᠠᠶᠢᠭᠤᠯᠤᠭᠰᠠᠨ ᠬᠡᠨ᠎ᠡ᠃ ᠰᠦᠮ᠎ᠡ ᠶᠢ ᠪᠠᠶᠢᠭᠤᠯᠵᠤ ᠪᠦᠳᠦᠭᠡᠭᠰᠡᠨ ᠤ ᠲᠠᠷᠠᠭ᠎ᠠ᠂ ᠲᠡᠭᠷᠢ ᠲᠡᠳᠭᠦᠭᠴᠢ ᠬᠠᠭᠠᠨ ᠠᠴᠠ ︽ᠪᠤᠶᠠᠨ ᠪᠠᠷᠢᠯᠲᠤᠭᠤᠯᠤᠭᠴᠢ ᠬᠡᠶᠢᠳ︾ ᠬᠡᠮᠡᠬᠦ ᠨᠡᠷ᠎ᠡ ᠬᠠᠶᠢᠷᠠᠯᠠᠬᠰᠠᠨ ᠬᠡᠨ᠎ᠡ᠃ ︽ᠬᠡᠨᠳᠦᠩ︾ ︵ᠡᠪᠰᠡᠬᠦᠯᠬᠦ︶ ᠨᠡᠷᠡᠲᠡᠢ ᠰᠤᠪᠤᠷᠭ᠎ᠠ ᠶᠢ ᠰᠦᠮ᠎ᠡ ᠶᠢᠨ ᠬᠦᠷᠢᠶᠡᠨ ᠤ ᠠᠷᠤ ᠳᠠᠬᠢ ᠦᠨᠲᠦᠷ ᠤᠷᠤᠢ ᠲᠡᠭᠡᠷ᠎ᠡ ᠪᠤᠰᠬᠠᠵᠤ᠂ ᠳ᠋ᠠᠮᠪᠠᠵᠠᠮᠰᠤ ᠶᠢ ᠲᠤᠰ ᠰᠦᠮ᠎ᠡ ᠶᠢᠨ ᠳ᠋ᠠ ᠯᠠᠮ᠎ᠠ ᠪᠠᠷ ᠲᠤᠮᠢᠯᠠᠪᠠ ᠃  ᠪᠤᠶᠠᠨ ᠪᠠᠷᠢᠯᠲᠤᠭᠤᠯᠤᠬᠴᠢ ᠬᠡᠶᠢᠳ ᠨᠢ ᠰᠦᠮ᠎ᠡ ᠶᠢᠨ ᠬᠠᠭᠠᠯᠭ᠎ᠠ᠂ ᠨᠤᠮ ᠤᠨ ᠬᠠᠷᠰᠢ᠂ ᠪᠤᠷᠬᠠᠨ ᠤ ᠬᠠᠷᠰᠢ ᠪᠤᠯᠤᠨ ᠯᠤᠤᠶᠧ ᠶᠢᠨ ᠰᠦᠮ᠎ᠡ ᠵᠡᠷᠭᠡ ᠲᠦᠷᠪᠡᠨ ᠰᠦᠮ᠎ᠡ ᠪᠠᠷ ᠪᠦᠷᠢᠯᠲᠦᠭᠰᠡᠨ ᠶᠤᠮ᠃ ᠵᠡᠬᠦᠨ ᠪᠠᠷᠠᠭᠤᠨ ᠬᠤᠩᠭᠢᠯ ᠬᠠᠷᠰᠢ ᠶᠢᠨ ᠡᠮᠦᠨ᠎ᠡ ᠦᠵᠦᠬᠦᠷ ᠲᠤ ᠲᠤᠰ ᠪᠦᠷᠢ ᠭᠤᠷᠪᠠᠨ ᠵᠠᠩ ᠲᠠᠰᠢᠭᠤ ᠬᠡᠷ ᠲᠠᠢ᠂ ᠲᠠᠰᠢᠭᠤ ᠬᠡᠷ ᠪᠤᠯᠤᠨ ᠬᠠᠭᠠᠯᠭ᠎ᠠ ᠶᠢᠨ ᠬᠤᠭᠤᠷᠤᠨᠲᠤ ᠵᠦᠩ ᠬᠡᠩᠭᠡᠷᠭᠡ ᠶᠢᠨ ᠠᠰᠠᠷ ᠲᠠᠢ᠃ ᠬᠠᠭᠠᠯᠭ᠎ᠠ ᠶᠢᠨ ᠰᠦᠮ᠎ᠡ ᠨᠢ ᠭᠤᠷᠪᠠᠨ ᠵᠠᠩ᠂ ᠲᠤᠮᠲᠠ ᠪᠠᠨ ᠭᠤᠤᠯ ᠡᠬᠦᠲᠡ ᠲᠠᠢ᠂ ᠬᠤᠶᠠᠷ ᠲᠠᠯ᠎ᠠ ᠳᠤᠨᠢ ᠲᠦᠷᠪᠡᠨ ᠮᠠᠬᠠᠷᠠᠨᠽᠠ ᠶᠢᠨ ᠱᠤᠭᠤᠮᠠᠯ ᠬᠦᠷᠦᠭ ᠢ ᠪᠠᠶᠢᠷᠢᠰᠢᠭᠤᠯᠵᠤ᠂ ᠡᠮᠦᠨ᠎ᠡ ᠨᠢ ᠮᠤᠲᠤᠨ ᠵᠢᠶᠠᠵᠠ ᠲᠠᠯᠪᠢᠭᠠᠰᠤᠲᠠᠢ᠃ ᠲᠡᠭᠡᠷ᠎ᠡ ᠨᠢ ᠰᠢᠬᠦᠷ᠂ ᠲᠡᠪᠢᠬᠦᠷ᠂ ᠲᠤᠭ᠂ ᠫᠠᠢ᠂ ᠲᠦᠮᠦᠭᠡ ᠵᠡᠷᠭᠡ  ᠶᠤᠰᠤᠯᠠᠯ ᠤᠨ ᠡᠳ᠋ ᠢ ᠵᠡᠷᠬᠡᠯᠡᠨ ᠲᠠᠯᠪᠢᠭᠠᠰᠤᠠᠲᠢ᠃  ᠨᠤᠮ ᠤᠨ ᠬᠠᠷᠰᠢ ᠨᠢ ᠲᠦᠪᠡᠳ ᠬᠡᠯᠪᠡᠷᠢᠲᠡᠢ ᠬᠤᠶᠠᠷ ᠲᠠᠪᠬᠤᠷ ᠪᠠᠷᠢᠯᠭ᠎ᠠ ᠪᠤᠯᠤᠨ᠎ᠠ᠃ ᠶᠡᠷᠤ ᠳᠡᠭᠡᠨ ᠬᠤᠷᠢᠨ ᠲᠠᠪᠤᠨ ᠵᠠᠩ ᠭᠡᠳᠡᠭ᠃ ᠠᠲᠡ ᠰᠦᠮ᠎ᠡ ᠎ ᠶᠢᠨ ᠯᠠᠮ᠎ᠠ ᠨᠠᠷ ᠤᠨ ᠬᠤᠷᠠᠯ ᠬᠢᠬᠦ ᠭᠠᠵᠠᠷ ᠪᠤᠯᠤᠨ᠎ᠠ᠃ ᠰᠦᠮ᠎ᠡ ᠳᠤ ᠽᠦᠩᠺᠠᠸ᠎ᠠ ᠪᠤᠷᠬᠠᠨ ᠪᠤᠯᠤᠨ ᠴᠠᠭᠠᠨ ᠳ᠋ᠠᠷ᠎ᠠ᠂ ᠨᠤᠭᠤᠭᠠᠨ ᠳ᠋ᠠᠷ᠎ᠠ ᠡᠭᠡ ᠶᠢᠨ ᠬᠦᠷᠦᠭ ᠢ ᠲᠠᠬᠢᠵᠦ᠂ ᠽᠦᠩᠺᠠᠸ᠎ᠠ ᠪᠤᠷᠬᠠᠨ ᠤ ᠡᠮᠦᠨ᠎ᠡ ᠲᠠᠯ᠎ᠠ ᠳᠤ ᠨᠢ ᠬᠤᠲᠤᠭᠲᠤ ᠯᠠᠮ᠎ᠠ ᠶᠢᠨ ᠰᠠᠭᠤᠲᠠᠯ ᠢ ᠵᠡᠷᠭᠡᠯᠡᠨ ᠲᠠᠯᠪᠢᠬᠰᠠᠨ ᠪᠠᠶᠢᠲᠠᠭ᠃ ᠲᠡᠬᠦᠨ ᠤ ᠡᠮᠦᠨ᠎ᠡ ᠨᠢ 150 ᠯᠠᠮᠠ ᠨᠠᠷ ᠤᠨ ᠰᠠᠭᠤᠲᠠᠯ ᠲᠠᠢ᠃ ᠬᠤᠶᠠᠲᠤᠭᠠᠷ ᠲᠠᠪᠬᠤᠷᠯᠢᠭ ᠲᠡᠭᠡᠷ᠎ᠡ ᠨᠢ ᠰᠢᠩᠬᠤ ᠪᠠᠷ ᠲᠠᠷᠤᠮᠠᠯᠯᠠᠬᠰᠠᠨ ᠪᠡᠭᠡᠵᠢᠩ ᠪᠠᠷ ᠤᠨ 120 ᠪᠤᠲᠢ ︽ᠭᠠᠨᠵᠤᠤᠷ ᠤᠨ ᠰᠤᠲᠤᠷ︾᠎ ᠢ ᠬᠠᠳᠠᠭᠠᠯᠠᠵᠤ ᠪᠠᠶᠢᠵᠠᠢ᠃ ᠨᠤᠮ ᠤᠨ ᠬᠠᠷᠰᠢ ᠶᠢᠨ ᠠᠷᠤ ᠲᠠᠯ᠎ᠠ ᠳᠤ ᠲᠠᠷᠤᠢ ᠪᠤᠷᠬᠠᠨ ᠤ ᠬᠠᠷᠰᠢ ᠪᠤᠯᠤᠨ᠎ᠠ᠃  ᠪᠤᠷᠬᠠᠨ ᠤ ᠬᠠᠷᠰᠢ ᠪᠤᠯ ᠪᠤᠶᠠᠨ ᠪᠠᠷᠢᠯᠲᠤᠭᠤᠯᠤᠭᠴᠢ ᠬᠡᠶᠢᠳ ᠤᠨ ᠭᠤᠤᠯ ᠰᠦᠮ᠎ᠡ ᠪᠤᠯᠤᠨ᠎ᠠ᠃ ᠲᠡᠬᠦᠨ ᠤ ᠬᠡᠪ ᠶᠠᠩᠵᠤ ᠨᠢ ᠰᠢᠷᠡᠭᠡᠲᠤ ᠬᠦᠷᠢᠶ᠎ᠡ ᠶᠢᠨ ᠪᠤᠢ ᠪᠦᠬᠦᠢ ᠰᠦᠮ᠎ᠡ ᠬᠡᠶᠢᠳ ᠤᠨ ᠲᠤᠲᠤᠷ᠎ᠠ ᠤᠨᠴᠠᠭᠠᠢ ᠬᠡᠪ ᠨᠠᠮᠪᠠ ᠲᠠᠢ ᠶᠤᠮ᠃ ᠡᠨᠡ ᠰᠦᠮ᠎ᠡ ᠳᠤ ᠭᠤᠷᠪᠠᠨ ᠴᠠᠭ ᠤᠨ ᠪᠤᠷᠬᠠᠨ ᠢ ᠲᠠᠬᠢᠵᠤ ᠪᠠᠶᠢᠵᠠᠢ᠃ ᠪᠤᠷᠬᠠᠨ ᠤ ᠬᠠᠷᠰᠢ ᠶᠢᠨ ᠠᠷᠤ ᠲᠠᠯ᠎ᠠ ᠳᠤ ᠬᠤᠶᠠᠷ ᠰᠠᠭᠤᠷᠢ ᠬᠦᠭᠰᠢᠨ ᠮᠤᠲᠤ ᠲᠠᠢ᠂ ᠵᠡᠬᠦᠨ ᠲᠠᠯ᠎ᠠ ᠶᠢᠨ ᠬᠢᠨᠢ ᠨᠠᠷᠠᠰᠤ᠂ ᠪᠠᠷᠠᠭᠤᠨ ᠲᠠᠯ᠎ᠠ ᠶᠢᠨ ᠬᠢᠨᠢ ᠠᠷᠴᠠ᠂ ᠮᠤᠲᠤᠨ ᠤ ᠤᠷᠤᠢ ᠨᠢ ᠪᠤᠷᠬᠠᠨ ᠤ ᠰᠦᠮ᠎ᠡ ᠶᠢᠨ ᠤᠷᠤᠢ ᠳᠠᠬᠢ ᠭᠠᠨᠵᠢᠷ᠎ᠠ ᠲᠠᠢ ᠰᠠᠴᠠᠭᠤ ᠪᠠᠶᠢᠳᠠᠭ᠃ ᠡᠨᠡ ᠬᠤᠶᠠᠷ ᠭᠦᠭᠰᠢᠨ ᠮᠤᠲᠤᠨ ᠤ ᠬᠤᠶᠢᠲᠤ ᠲᠠᠯ᠎ᠠ ᠳᠤᠨᠢ ᠬᠤᠶᠠᠷ ᠲᠠᠪᠬᠤᠷᠯᠢᠭ ᠯᠤᠤᠶᠧ ᠶᠢᠨ ᠰᠦᠮ᠎ᠡ ᠪᠠᠶᠢᠨ᠎ᠠ᠃  ᠯᠤᠤᠶᠧ ᠶᠢᠨ ᠰᠦᠮ᠎ᠡ ᠪᠤᠯ ᠲᠠᠪᠤᠨ ᠵᠠᠩ ᠪᠠᠶᠢᠬᠤ ᠪᠦᠬᠡᠳ ᠲᠤᠮᠲᠠᠭᠢ ᠭᠤᠷᠪᠠᠨ ᠲᠠᠰᠤᠯᠭ᠎ᠠ ᠨᠢ ᠬᠤᠶᠠᠷ ᠲᠠᠯ᠎ᠠ ᠶᠢᠨ ᠬᠢ ᠠᠴᠠ ᠪᠠᠨ ᠨᠢᠬᠡ ᠲᠤᠬᠤᠢ ᠰᠢᠬᠠᠮ‌ᠦᠨᠲᠦᠷ ᠪᠠᠶᠢᠳᠠᠭ᠃ ᠠᠲᠡ ᠭᠤᠸᠠᠨ ᠬᠦᠩ ᠪᠤᠬᠲᠠ ᠶᠢ ᠲᠠᠬᠢᠵᠤ ᠪᠠᠶᠢᠵᠠᠢ᠃ ᠵᠡᠬᠦᠨ ᠲᠠᠯ᠎ᠠ ᠶᠢᠨ ᠨᠢᠬᠡᠨ ᠲᠠᠰᠤᠯᠭ᠎ᠠ ᠨᠢ ᠨᠠᠰᠤᠨ ᠤᠷᠲᠤᠳᠬᠠᠬᠴᠢ ᠰᠦᠮ᠎ᠡ ᠶᠢᠨ ᠮᠠᠶᠢᠲᠠᠷᠢ ᠶᠢᠨ ᠬᠡᠬᠡᠨ ᠬᠦᠷᠢᠶ᠎ᠡ ᠳᠤ ᠨᠤᠮ ᠲᠠᠯᠪᠢᠬᠤ ᠪᠠᠷ ᠢᠷᠡᠪᠡᠯ ᠰᠠᠭᠤᠵᠤ ᠪᠠᠶᠢᠬᠰᠠᠨ ᠬᠡᠷ ᠪᠤᠯᠬᠤᠷ ︽ᠬᠡᠬᠡᠨ ᠤᠷᠲᠤ︾ ᠭᠡᠳᠡᠭ᠃ ᠪᠠᠷᠠᠭᠤᠨ ᠲᠠᠯ᠎ᠠ ᠶᠢᠨ ᠨᠢᠬᠡ ᠲᠠᠰᠤᠯᠭ᠎ᠠ ᠳᠤ ᠭᠤᠸᠠᠨ ᠯᠤᠤᠶᠧ ᠶᠢᠨ ᠲᠠᠮ ᠢᠯᠲᠦ᠂ ᠡᠮᠡᠭᠡᠯ ᠪᠠ ᠨᠢᠶᠠᠨ ᠲᠡᠷᠭᠡ ᠶᠢ ᠬᠠᠳᠠᠭᠠᠯᠠᠵᠤ᠂  ᠪᠠᠰᠠ ᠬᠦᠷᠢᠶ᠎ᠡ ᠶᠢᠨ ᠠᠷᠪᠠᠨ ᠬᠤᠶᠠᠲᠤᠭᠠᠷ ᠦᠶ᠎ᠡ ᠶᠢᠨ ᠵᠠᠰᠠᠭ ᠳ᠋ᠠ ᠯᠠᠮ᠎ᠠ ᠠᠬᠸᠠᠩᠵᠢᠮᠢᠶᠠᠨ ᠤ ᠱᠠᠷᠢᠯ ᠢ ᠲᠠᠯᠪᠢᠵᠤ ᠪᠠᠶᠢᠪᠠ ᠬᠡᠨ᠎ᠡ᠃         ᠲᠤᠰ ᠬᠡᠶᠢᠳ ᠳᠤ 1930 ᠤᠨ ᠤ ᠦᠶᠡᠰ ᠢᠶᠠᠷ 110 ᠭᠠᠷᠤᠢ ᠯᠠᠮᠠ ᠪᠠᠶᠢᠯ᠎ᠠ ᠬᠡᠵᠦ ᠲᠡᠮᠲᠡᠭᠯᠡᠵᠦ ᠪᠠᠶᠢᠨ᠎ᠠ᠃ 1948 ᠤᠨ ᠤ 3 ᠰᠠᠷ᠎ᠠ ᠠᠴᠠ ᠡᠬᠢᠯᠡᠨ ᠲᠤᠰ ᠬᠡᠶᠢᠳ ᠲᠤ ᠬᠦᠷᠢᠶ᠎ᠡ ᠬᠤᠰᠢᠭᠤᠨ ᠤ ᠨᠠᠮ ᠤᠨ ᠬᠤᠷᠢᠶ᠎ᠠ  ᠨᠢᠬᠡᠨ ᠦᠶ᠎ᠡ ᠰᠠᠭᠤᠵᠤ ᠦᠩᠭᠡᠷᠡᠪᠡ᠃ 1985 ᠤᠨ ᠤ 12 ᠰᠠᠷ᠎ᠠ ᠳᠤ᠂ ᠲᠤᠰ ᠬᠡᠶᠢᠳ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ‍ᠤᠨ‌ᠤᠷᠲᠤᠨ ᠠᠴᠠ ᠤᠷᠤᠨ ᠤ ᠲᠠᠰ ᠤᠨ ᠭᠤᠤᠯᠲᠠᠯᠭᠠᠲᠤ ᠲᠡᠦᠬᠡ ᠶᠢᠨ ᠲᠤᠷᠠᠰᠬᠠᠯᠲᠤ ᠬᠠᠮᠠᠭᠠᠯᠠᠯᠲᠠ ᠶᠢᠨ ᠨᠢᠬᠡᠴᠢ ᠪᠠᠷ ᠮᠡᠳᠡᠷᠡᠭᠲᠡᠵᠦ  ᠂ 2006 ᠤᠨ ᠳᠤ᠂ ᠵᠢᠷᠭᠤᠲᠤᠭᠠᠷ ᠬᠤᠭᠤᠴᠠᠭᠠᠨ ᠤ ᠤᠯᠤᠰ ᠤᠨ ᠲᠡᠰ ᠤᠨ ᠭᠤᠤᠯᠲᠠᠯᠭᠠᠲᠤ ᠰᠤᠶᠤᠯ ᠤᠨ ᠬᠠᠮᠠᠭᠠᠯᠠᠯᠲᠠ ᠶᠢᠨ ᠨᠢᠬᠡᠴᠢ ᠪᠤᠯᠪᠠ᠃         2010 ᠤᠨ ᠤ ᠰᠡᠬᠦᠯᠴᠢ ᠠᠴᠠ ᠡᠬᠢᠯᠡᠬᠡᠳ ᠤᠯᠤᠰ ᠤᠨ ᠲᠡᠰ ᠤᠨ 4 A ᠵᠤᠭᠠᠴᠠᠯ ᠤᠨ ᠤᠷᠤᠨ  ᠪᠤᠯᠤᠬᠰᠠᠨ ᠪᠠᠶᠢᠨ᠎ᠠ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号