ᠰᠤᠶᠤᠯ ᠵᠤᠬᠢᠰᠲᠤ ᠬᠡᠶᠢᠳ
ᠨᠡᠶᠢᠲᠡᠯᠡᠭᠰᠡᠨ ᠴᠠᠭ᠄
2018/11/19
          ᠰᠤᠶᠤᠯ ᠵᠤᠬᠢᠰᠲᠤ ᠬᠡᠶᠢᠳ ᠨᠢ ᠡᠬᠢ ᠶᠦᠭᠡᠨ ᠪᠠᠲᠠᠷᠠᠭᠤᠯᠤᠭᠴᠢ ᠬᠡᠶᠢᠳ ᠤᠨ ᠵᠡᠬᠦᠨ ᠲᠠᠯ᠎ᠠ ᠳᠤ ᠨᠢᠬᠡᠯᠬᠡᠨ ᠬᠡᠷᠡᠮ ᠢᠶᠠᠷ ᠠᠯᠤᠰᠯᠠᠬᠳᠠᠵᠤ ᠪᠠᠶᠢᠲᠠᠭ᠃ ᠡᠩᠬᠡ ᠠᠮᠤᠭᠤᠯᠠᠩ ᠤᠨ ᠶᠢᠰᠦᠲᠦᠬᠡᠷ ᠤᠨ ︵1670 ᠤᠨ︶  ᠎ ᠳᠤ ᠪᠠᠶᠢᠭᠤᠯᠵᠠᠢ᠃ ᠲᠤᠰ ᠬᠡᠶᠢᠳ ᠨᠢ ᠰᠢᠷᠡᠭᠡᠲᠦ ᠬᠦᠷᠢᠶ᠎ᠡ ᠶᠢᠨ ᠵᠠᠰᠠᠭ ᠳ᠋ᠠ ᠯᠠᠮ᠎ᠠ ᠶᠢᠨ ᠠᠵᠢᠯᠯᠠᠬᠤ ᠭᠠᠵᠠᠷ ᠪᠠᠶᠢᠵᠤ᠂ ᠲᠦᠷᠦ ᠱᠠᠰᠢᠨ ᠤ ᠡᠷᠬᠡ ᠶᠢ ᠶᠠᠪᠤᠬᠳᠠᠭᠤᠯᠬᠤ ᠲᠠᠮᠠᠭᠠᠨ ᠭᠠᠵᠠᠷ ᠪᠠᠶᠢᠬᠰᠠᠨ ᠠᠴᠠ ᠪᠠᠰᠠ ᠸᠠᠩ ᠤᠨ ᠤᠷᠲᠤᠨ ᠤ ᠰᠦᠮ᠎ᠡ ᠬᠡᠵᠦ᠂ ᠪᠠᠰᠠ ᠲᠡᠭᠡᠷ᠎ᠡ ᠰᠠᠩ ᠬᠡᠵᠦ ᠴᠦ  ᠬᠡᠯᠡᠳᠡᠭ᠃ ᠲᠤᠰ ᠬᠡᠶᠢᠳ ᠨᠢ ︽ᠰᠤᠶᠤᠯ ᠤᠨ ᠬᠤᠪᠢᠰᠬᠠᠯ︾ ᠎ ᠠᠴᠠ ᠡᠮᠦᠨ᠎ᠡ ᠰᠦᠮ᠎ᠡ ᠶᠢᠨ ᠬᠠᠭᠠᠯᠭᠠᠨ ᠤ ᠲᠡᠭᠡᠷ᠎ᠡ ︽ᠰᠤᠶᠤᠯ ᠵᠤᠬᠢᠰᠲᠤ ᠰᠦᠮ᠎ᠡ︾ ᠬᠡᠰᠡᠨ ᠲᠤᠮᠤ ᠫᠠᠶᠢᠵᠠ ᠶᠢ ᠢᠯᠡ ᠡᠯᠬᠦᠵᠦ ᠪᠠᠶᠢᠬᠰᠠᠨ ᠬᠡᠵᠦ ᠵᠠᠷᠢᠮ ᠲᠤᠮᠤᠭᠠᠲᠠᠨ ᠨᠡᠷ ᠬᠡᠯᠡᠯᠴᠡᠵᠦ ᠪᠤᠢ᠃ ᠬᠡᠳᠡᠯ᠎ᠡ ᠲᠡᠷᠡ ᠦᠶ᠎ᠡ ᠳᠤ ᠪᠠᠯᠪᠠᠴᠢᠬᠳᠠᠵᠤ ᠤᠷᠬᠢᠭᠳᠡᠭᠰᠡᠨ ᠠᠴᠠ ᠴᠤᠬᠤᠮ ᠶᠠᠮᠠᠷ ᠫᠠᠶᠢᠵᠠ ᠡᠯᠬᠦᠵᠦ ᠪᠠᠶᠢᠬᠰᠠᠨ ᠢ ᠨᠢ ᠦᠨᠦ ᠲᠤᠲᠤᠷᠬᠠᠶᠢᠯᠠᠬᠤᠶ᠎ᠠ ᠪᠡᠷᠭᠡ ᠪᠤᠯᠤᠬᠰᠠᠨ ᠪᠠᠶᠢᠨ᠎ᠠ᠃           ᠰᠤᠶᠤᠯ ᠵᠤᠬᠢᠰᠲᠤ ᠬᠡᠶᠢᠳ ᠨᠢ ᠰᠦᠮ᠎ᠡ ᠶᠢᠨ ᠬᠠᠭᠠᠯᠭ᠎ᠠ᠂ ᠮᠠᠶᠢᠲᠠᠷᠢ ᠪᠤᠷᠬᠠᠨ ᠤ ᠬᠠᠷᠰᠢ᠂ ᠠᠶᠤᠰᠢ ᠶᠢᠨ ᠰᠦᠮ᠎ᠡ᠂ ᠬᠠᠰ ᠲᠤᠯᠭᠠᠭᠤᠷᠢᠲᠤ ᠲᠠᠩᠭᠢᠮ᠂ ᠳ᠋ᠠᠷ᠎ᠠ ᠡᠬᠡ ᠶᠢᠨ ᠰᠦᠮ᠎ᠡ ᠵᠡᠷᠭᠡ ᠪᠠᠷ ᠪᠦᠷᠢᠯᠲᠦᠵᠡᠢ᠃ ᠰᠦᠮ᠎ᠡ ᠶᠢᠨ ᠬᠠᠭᠠᠯᠭ᠎ᠠ ᠨᠢ ᠬᠦᠷᠢᠶᠡᠨ ᠬᠡᠷᠡᠮ ᠲᠤᠲᠤᠷ᠎ᠠ ᠪᠠᠨ ᠰᠢᠷᠭᠤᠵᠤ᠂ ᠬᠡᠷᠡᠮ ᠤᠨ ᠬᠢᠨᠢ ᠡᠮᠦᠨ᠎ᠡ ᠲᠠᠯ᠎ᠠ ᠳᠤᠨᠢ ᠴᠠᠮ ᠬᠠᠷᠠᠶᠢᠬᠤ ᠲᠠᠶᠢᠵᠠ ᠪᠠ ᠲᠠᠯᠠᠪᠤᠷ ᠲᠠᠢ᠃ ᠡᠬᠢ ᠶᠦᠭᠡᠨ ᠪᠠᠲᠠᠷᠠᠭᠤᠯᠤᠬᠴᠢ ᠰᠦᠮ᠎ᠡ ᠶᠢᠨ ᠴᠠᠭᠠᠨ ᠰᠠᠷ᠎ᠠ ᠶᠢᠨ ᠬᠤᠷᠠᠯ ᠪᠤᠯᠤᠨ ᠵᠢᠷᠭᠤᠭᠠᠨ ᠰᠠᠷ᠎ᠠ ᠶᠢᠨ ᠬᠤᠷᠠᠯ ᠨᠢ ᠴᠦᠮ ᠠᠲᠡ ᠴᠠᠮ ᠴᠠᠮᠨᠠᠨ᠎ᠠ᠃ ᠴᠠᠮ ᠴᠠᠮᠨᠠᠬᠤ ᠦᠶ᠎ᠡ ᠳᠤ ᠵᠠᠰᠠᠭ᠂ ᠲᠡᠮᠴᠢ ᠵᠡᠷᠭᠡ ᠬᠡᠷᠬᠢᠮᠲᠡᠨ ᠯᠠᠮᠠ ᠨᠠᠷ ᠢᠷᠡᠵᠦ ᠴᠠᠮ ᠰᠤᠨᠢᠷᠬᠠᠲᠠᠭ ᠬᠡᠨ᠎ᠡ᠃ ᠴᠠᠮ ᠴᠠᠮᠨᠠᠬᠤ ᠲᠠᠯᠠᠪᠠᠢ ᠶᠢᠨ ᠡᠮᠦᠨ᠎ᠡ ᠲᠠᠯ᠎ᠠ  ᠎ ᠶᠢᠨ ᠶᠡᠭᠡ ᠡᠬᠦᠲᠡᠨ ᠤ ᠡᠮᠦᠨ᠎ᠡ ᠨᠢᠬᠡᠨ ᠬᠤᠳᠲᠤᠭ ᠲᠠᠢ᠂ ᠬᠤᠳᠲᠤᠭ ᠤᠨ ᠪᠠᠷᠠᠭᠤᠨ ᠲᠠᠯ᠎ᠠ ᠳᠤ ᠲᠠᠪᠤᠨ ᠵᠠᠩ ᠬᠤᠭᠤᠯᠠᠨ ᠬᠡᠷ ᠪᠠᠶᠢᠵᠦ᠂ ᠲᠤᠲᠤᠷ᠎ᠠ ᠨᠢ ᠨᠢᠬᠡ ᠤᠲᠠᠭ᠎ᠠ ᠳᠤ ᠬᠤᠶᠠᠷ ᠳ᠋ᠠᠨ ᠪᠤᠲᠠᠭ᠎ᠠ ᠴᠢᠨᠠᠵᠦ ᠪᠤᠯᠲᠠᠭ ᠲᠤᠮᠤ ᠮᠠᠩᠵᠠᠨ ᠲᠤᠭᠤᠭ᠎ᠠ ᠨᠢᠬᠡ᠂ ᠪᠠᠭ᠎ᠠ ᠮᠠᠩᠵᠠᠨ ᠲᠤᠭᠤᠭ᠎ᠠ ᠬᠤᠶᠠᠷ ᠪᠠᠶᠢᠲᠠᠭ᠃ ᠤᠲᠠᠭ᠎ᠠ ᠪᠦᠷᠢ ᠶᠢᠨ ᠬᠤᠷᠠᠯ ᠬᠢᠬᠦ ᠎ ᠳᠤ ᠡᠨᠡ ᠲᠤᠭᠤᠭᠠᠨ ᠳᠤ ᠪᠤᠲᠠᠭ᠎ᠠ ᠴᠢᠨᠠᠳᠠᠭ᠃           ᠰᠦᠮ᠎ᠡ ᠶᠢᠨ ᠬᠠᠭᠠᠯᠭ᠎ᠠ ᠪᠠᠷ ᠲᠤᠲᠤᠭᠰᠢ ᠤᠷᠤᠪᠠᠯ ᠬᠤᠶᠠᠲᠤᠭᠠᠷ ᠬᠦᠷᠢᠶ᠎ᠡ ᠪᠤᠯᠤᠨ᠎ᠠ᠃ ᠲᠡᠨᠲᠡ ᠲᠠᠷᠤᠢ ᠰᠤᠶᠤᠯ ᠵᠤᠬᠢᠰᠲᠤ ᠰᠦᠮ᠎ᠡ ᠪᠠᠶᠢᠷᠢᠰᠢᠵᠤ ᠪᠠᠶᠢᠳᠠᠭ᠃ ᠭᠤᠤᠯ ᠰᠦᠮ᠎ᠡ ᠶᠢᠨ ᠡᠬᠦᠲᠡᠨ ᠲᠡᠭᠡᠷ᠎ᠡ ᠮᠤᠩᠭᠤᠯ᠂ ᠬᠢᠲᠠᠳ ᠂ ᠲᠦᠪᠡᠳ ᠢᠶᠠᠷ ᠪᠢᠴᠢᠭᠰᠡᠨ ᠢᠯᠡᠷᠬᠡᠶᠢᠯᠡᠯ ᠪᠠᠶᠢᠲᠠᠭ᠃ ᠰᠦᠮ᠎ᠡ ᠶᠢᠨ ᠲᠤᠲᠤᠷ᠎ᠠ ᠮᠠᠶᠢᠷᠲᠠᠷᠢ ᠪᠤᠷᠬᠠᠨ ᠤ ᠭᠠᠦᠯᠢᠨ ᠬᠦᠷᠦᠭ ᠢ ᠲᠠᠬᠢᠵᠦ ᠪᠠᠶᠢᠲᠠᠭ ᠠᠴᠠ ᠪᠠᠰᠠ ᠮᠠᠶᠢᠲᠠᠷᠢ ᠪᠤᠷᠬᠠᠨ ᠤ ᠬᠠᠷᠰᠢ ᠬᠡᠳᠡᠭ ᠪᠠᠶᠢᠨ᠎ᠠ᠃ ᠭᠤᠤᠯ ᠰᠦᠮ᠎ᠡ ᠶᠢᠨ ᠠᠷᠤ ᠳᠤ ᠰᠠᠶᠢᠴᠢᠮᠡᠯ ᠬᠡᠷᠡᠮ ᠲᠠᠢ᠂ ᠲᠤᠮᠲᠠ ᠨᠢ ᠽᠦᠢ ᠬᠤᠸᠠ ᠮᠧᠨ ᠬᠠᠭᠠᠯᠭ᠎ᠠ ᠪᠤᠢ᠂ ᠲᠡᠬᠦᠨ ᠢᠶᠠᠷ ᠲᠤᠲᠤᠭᠰᠢ ᠤᠷᠤᠪᠠᠯ ᠲᠠᠷᠤᠢ ᠭᠤᠷᠪᠠᠲᠤᠭᠠᠷ ᠬᠦᠷᠢᠶ᠎ᠡ ᠪᠤᠯᠤᠨ᠎ᠠ᠃           ᠰᠤᠶᠤᠯ ᠵᠤᠬᠢᠰᠲᠤ ᠬᠡᠶᠢᠳ ᠪᠤᠯ ᠰᠢᠷᠡᠭᠡᠲᠦ ᠬᠦᠷᠢᠶ᠎ᠡ ᠵᠢᠨ‌‍ᠲ᠋ᠦ᠋ᠷᠦ ᠱᠠᠰᠢᠨ ᠤ ᠡᠷᠬᠡ ᠮᠡᠳᠡᠯ ᠶᠠᠪᠤᠬᠳᠠᠭᠤᠯᠬᠤ ᠲᠦᠪ ᠪᠤᠯᠤᠨ᠎ᠠ᠃ ᠪᠦᠬᠦᠶᠢᠯᠡ ᠬᠦᠷᠢᠶᠡᠨ ᠤ ᠲᠤᠲᠤᠷ᠎ᠠ ᠪᠤᠷᠬᠠᠨ ᠤ ᠤᠷᠲᠤᠨ ᠬᠠᠷᠰᠢ ᠵᠦᠪᠭᠡᠨ ᠲᠦᠷᠪᠡᠨ ᠤ ᠨᠢᠬᠡ ᠎ ᠶᠢ ᠯᠡ ᠡᠵᠡᠯᠡᠵᠦ ᠪᠠᠶᠢᠳᠠᠭ᠃ ᠰᠤᠶᠤᠯ ᠵᠤᠬᠢᠰᠲᠤ ᠬᠡᠶᠢᠳ ᠤᠨ ᠬᠦᠷᠢᠶᠡᠨ ᠤ ᠵᠠᠬᠦᠨ ᠲᠠᠯ᠎ᠠ ᠪᠠ ᠬᠤᠶᠢᠲᠤ ᠲᠠᠯ᠎ᠠ ᠎ ᠳᠤᠨᠢ ᠭᠤᠷᠪᠠᠨ ᠲᠤᠮᠤ ᠬᠠᠭᠠᠯᠭ᠎ᠠ ᠶᠢᠨ ᠠᠰᠠᠷ ᠲᠠᠢ᠃ ᠠᠶᠤᠰᠢ ᠶᠢᠨ ᠰᠦᠮ᠎ᠡ ᠶᠢᠨ ᠵᠡᠬᠦᠨ ᠪᠡᠶ᠎ᠡ ᠳᠤ ᠲᠤᠰᠠᠭᠠᠷ ᠨᠢᠬᠡ ᠬᠦᠷᠢᠶ᠎ᠡ ᠪᠠᠶᠢᠳᠠᠭ᠃ ᠬᠦᠷᠢᠶᠡᠨ ᠳᠤᠨᠢ ᠤᠷᠤᠪᠠᠯ ᠲᠤᠲᠤᠷ᠎ᠠ ᠨᠢ ᠲᠠᠪᠤᠨ ᠵᠠᠩ ᠭᠤᠤᠯ ᠲᠠᠩᠭᠢᠮ ᠪᠠᠶᠢᠵᠤ᠂ ᠲᠦᠷᠪᠡᠨ ᠲᠤᠯᠭᠠᠭᠤᠷᠢ ᠲᠡᠭᠡᠷᠡᠬᠢ ᠬᠤᠤᠰ ᠤᠶᠠᠩᠭ᠎ᠠ ᠶᠢ ᠨᠢ ᠮᠤᠩᠭᠤᠯ ᠤᠭᠠᠯᠵᠢᠨ ᠦᠰᠦᠭ ᠢᠶᠠᠷ ᠰᠡᠶᠢᠯᠵᠡᠢ᠂ ᠲᠡᠶᠢᠮᠦ ᠠᠴᠠ ᠲᠡᠬᠦᠨ ᠢ ᠬᠠᠰ ᠲᠤᠯᠭᠠᠭᠤᠷᠢᠲᠤ ᠲᠠᠩᠭᠢᠮ ᠭᠡᠳᠡᠭ᠃ ᠵᠢᠯ ᠪᠦᠷᠢ ᠶᠢᠨ ᠴᠠᠭᠠᠨ ᠰᠠᠷ᠎ᠠ ᠶᠢᠨ ᠰᠢᠨ᠎ᠡ ᠎ ᠶᠢᠨ ᠨᠢᠬᠡᠨ ᠳᠤ ᠵᠠᠰᠠᠭ ᠳ᠋ᠠ ᠯᠠᠮᠠ ᠠᠲᠡ ᠲᠠᠮᠠᠭᠠᠨ ᠭᠠᠵᠠᠷ ᠤᠨ ᠨᠤᠶᠠᠳ ᠤᠨ ᠠᠮᠤᠷ ᠮᠡᠨᠲᠤ ᠶᠢ ᠡᠷᠢᠵᠦ ᠬᠠᠳᠠᠭ ᠲᠠᠯᠪᠢᠬᠤ ᠶᠢ ᠬᠦᠯᠢᠶᠡᠨ ᠠᠪᠳᠠᠭ᠃ ᠲᠡᠬᠦᠨ ᠢ ᠨᠠᠭᠠᠯᠲᠤᠭᠠᠳ ᠵᠡᠬᠦᠨ ᠲᠠᠯ᠎ᠠ ᠳᠤᠨᠢ ᠭᠤᠷᠪᠠᠨ ᠲᠠᠪᠬᠤᠷ ᠠᠰᠠᠷ ᠪᠠᠶᠢᠲᠠᠭ ᠨᠢ ᠵᠠᠰᠠᠭ ᠳ᠋ᠠ ᠯᠡᠮᠡ ᠶᠢᠨ ᠠᠯᠪᠠᠨ ᠤ ᠭᠠᠵᠠᠷ ᠪᠤᠯᠤᠨ᠎ᠠ᠃ ᠡᠬᠦᠨ ᠠᠴᠠ ᠭᠠᠲᠠᠨ᠎ᠠ ᠠᠷᠤ ᠬᠦᠷᠢᠶᠡᠨ ᠳᠠᠬᠢ ᠲᠠᠪᠤᠨ ᠵᠠᠩ ᠳ᠋ᠠᠷ᠎ᠠ ᠡᠬᠡ ᠶᠢᠨ ᠰᠦᠮ᠎ᠡ ᠶᠢ ᠭᠠᠷᠭᠠᠪᠠᠯ ᠪᠦᠷ ᠲᠠᠮᠠᠭᠠᠨ ᠭᠠᠵᠠᠷ ᠤᠨ ᠠᠯᠪᠠᠨ ᠤ ᠬᠡᠷ ᠶᠤᠮ᠃ ᠰᠤᠶᠤᠯ ᠵᠤᠬᠢᠰᠲᠤ ᠰᠦᠮ᠎ᠡ ᠳᠤ ᠵᠠᠰᠠᠭ ᠳ᠋ᠠ ᠯᠠᠮᠠ ᠪᠠ ᠲᠠᠮᠠᠭᠠᠨ ᠭᠠᠵᠠᠷ ᠪᠠᠶᠢᠲᠠᠭ ᠪᠤᠯᠬᠤᠷ ᠰᠦᠮ᠎ᠡ ᠶᠢᠨ ᠲᠤᠲᠤᠷ᠎ᠠ ᠳ᠋ᠠ ᠯᠠᠮᠠ ᠲᠠᠯᠪᠢᠲᠠᠭ ᠦᠬᠡᠢ᠂ ᠵᠦᠪᠬᠡᠨ ᠱᠠᠩᠰᠠᠳ ᠯᠠᠮᠠ ᠨᠢᠬᠡ ᠲᠠᠯᠪᠢᠵᠦ ᠰᠦᠮ᠎ᠡ ᠬᠡᠶᠢᠳ ᠤᠨ ᠠᠯᠢᠪᠠ ᠬᠡᠷᠡᠭ ᠢ ᠬᠠᠮᠢᠶᠠᠷᠠᠭᠤᠯᠳᠠᠭ᠃ ᠴᠢᠩ ᠤᠯᠤᠰ ᠤᠨ ᠰᠡᠬᠦᠯᠴᠢ ᠶᠢᠨ ᠦᠶ᠎ᠡ ᠲᠤᠮᠲᠠᠲᠤ ᠢᠷᠭᠡᠨ ᠤᠯᠤᠰ ᠤᠨ ᠡᠬᠢᠨ ᠤ ᠦᠶ᠎ᠡ ᠎ ᠳᠤ ᠲᠤᠰ ᠰᠦᠮ᠎ᠡ ᠳᠤ ᠪᠠᠷᠤᠭ 100 ᠭᠠᠷᠤᠢ ᠯᠠᠮᠠ ᠪᠠᠶᠢᠪᠠ᠃1940 ᠤᠨ ᠤ ᠦᠶ᠎ᠡ ᠪᠤᠯᠵᠤ ᠢᠷᠡᠬᠦ ᠪᠠᠷ ᠭᠤᠴᠢᠭᠠᠳᠬᠠᠨ ᠯᠠᠮᠠ ᠨᠠᠷ ᠲᠠᠢ ᠪᠤᠯᠵᠤ ᠢᠷᠡᠪᠡ᠃           ᠲᠤᠰ ᠬᠡᠶᠢᠳ ᠢ 2009 ᠤᠨ ᠠᠴᠠ ᠡᠬᠢᠯᠡᠨ ᠶᠡᠬᠡᠲᠡ ᠵᠠᠰᠠᠯᠭ᠎ᠠ ᠤᠷᠤᠭᠤᠯᠵᠤ᠂ 2010 ᠤᠨ ᠤ10  ᠰᠠᠷ᠎ᠠ ᠳᠤ᠂ ᠤᠯᠤᠰ ᠤᠨ ᠵᠤᠭᠠᠴᠠᠯ ᠤᠨ ᠲᠤᠪᠴᠢᠶ᠎ᠠ ᠳᠤ ᠵᠢᠩᠭᠢᠨᠢ ᠪᠠᠷ 4 A ᠲᠠᠰ ᠤᠨ ᠵᠤᠭᠠᠴᠠᠯ ᠤᠨ ᠤᠷᠤᠨ ᠎ ᠢᠶᠠᠷ  ᠵᠦᠪᠰᠢᠶᠡᠷᠡᠭᠳᠡᠪᠡ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号