ᠨᠠᠰᠤᠨ ᠤᠷᠲᠤᠳᠬᠠᠬᠴᠢ ᠰᠦᠮ᠎ᠡ
ᠨᠡᠶᠢᠲᠡᠯᠡᠭᠰᠡᠨ ᠴᠠᠭ᠄
2018/11/19
          ᠨᠠᠰᠤᠨ ᠤᠷᠲᠤᠳᠬᠠᠬᠴᠢ ᠰᠦᠮ᠎ᠡ ᠪᠤᠯ ᠲᠠᠩᠭᠤᠳ ᠬᠠᠯᠬ᠎ᠠ ᠬᠤᠰᠢᠭᠤᠨ ᠤ ᠴᠤᠷᠢ ᠶᠢᠨ ᠭᠠᠭᠴᠠ ᠯᠠᠮᠠ ᠎ ᠶᠢᠨ ᠰᠦᠮ᠎ᠡ ᠪᠤᠯᠤᠨ᠎ᠠ᠃ ᠬᠠᠮᠤᠭ ᠠᠩᠬᠠᠨ ᠤ ᠰᠦᠮ᠎ᠡ ᠶᠢ ᠬᠠᠷᠠᠴᠢᠨ ᠸᠠᠩ ᠠᠴᠠ ᠪᠠᠶᠢᠭᠤᠯᠵᠤ ᠦᠭᠭᠦᠭᠰᠡᠨ ᠬᠡᠨ᠎ᠡ᠃ ᠦᠨᠦ ᠶᠢᠨ ᠪᠠᠶᠢᠭ᠎ᠠ ᠰᠦᠮ᠎ᠡ ᠨᠢ ᠬᠡᠪᠡᠯ ᠬᠤᠵᠢᠮ ᠪᠠᠶᠢᠭᠤᠯᠤᠭᠰᠠᠨ ᠰᠦᠮ᠎ᠡ ᠪᠤᠯᠤᠨ᠎ᠠ᠃           ᠤᠯᠠᠮᠵᠢᠯᠠᠯ ᠶᠠᠷᠢᠶ᠎ᠠ ᠪᠠᠷ᠂ ᠲᠠᠩᠭᠤᠳ ᠬᠠᠯᠬ᠎ᠠ ᠬᠤᠰᠢᠭᠤᠨ ᠤ ᠲᠦᠷᠦᠬᠦᠦ ᠸᠠᠩ ᠨᠢ ᠮᠠᠰᠢ  ᠲᠤᠭᠰᠢᠨ ᠬᠡᠨ᠎ᠡ᠃ ᠲᠡᠷᠡ ᠬᠡᠬᠡᠯ ᠲᠠᠢ ᠮᠤᠷᠢ᠂ ᠦᠨᠢᠶ᠎ᠡ᠂ ᠡᠯᠵᠢᠭᠡ ᠵᠡᠷᠭᠡ ᠠᠮᠢᠲᠠᠨ ᠤ ᠬᠡᠳᠡᠰᠦ ᠶᠢ ᠨᠢ ᠬᠠᠭᠠᠯᠵᠤ᠂ ᠵᠤᠯᠵᠠᠭ᠎ᠠ ᠎ ᠨᠢ ᠬᠠᠮᠢᠭᠠᠰᠢ ᠪᠠᠨ ᠬᠠᠨᠲᠤᠵᠤ ᠪᠠᠶᠢᠭ᠎ᠠ᠂ ᠬᠡᠲᠦᠨ ᠰᠠᠷ᠎ᠠ ᠪᠤᠯᠪᠠᠯ ᠶᠠᠮᠠᠷ ᠶᠠᠩᠵᠤ ᠲᠠᠢ ᠶᠢ ᠦᠵᠡᠳᠡᠭ ᠬᠡᠨ᠎ᠡ᠃ ᠬᠤᠵᠢᠮ ᠨᠢ ᠵᠢᠷᠮᠦᠰᠦᠨ ᠡᠬᠡᠨᠡᠷ ᠤᠨ ᠭᠡᠳᠡᠰᠦ ᠶᠢ ᠬᠠᠭᠠᠯᠬᠤ ᠶᠠᠪᠤᠲᠠᠯ ᠢ ᠴᠦ ᠬᠢᠵᠦ ᠦᠵᠡᠪᠡ ᠬᠡᠨ᠎ᠡ᠃ ᠡᠨᠡ ᠨᠢ ᠲᠠᠩᠭᠤᠳ ᠬᠠᠯᠬ᠎ᠠ ᠬᠤᠰᠢᠭᠤᠨ ᠤ ᠠᠷᠠᠳ ᠢᠷᠭᠡᠳ ᠳᠤ ᠲᠤᠩ ᠭᠠᠰᠠᠯᠠᠩ ᠵᠤᠪᠠᠯᠠᠩ ᠢ ᠠᠴᠠᠷᠠᠵᠦ ᠦᠭᠭᠦᠯ᠎ᠡ ᠬᠡᠨ᠎ᠡ ᠃ ᠲᠡᠷᠡ ᠦᠶ᠎ᠡ ᠳᠤ  ᠭᠠᠴᠢᠬᠳᠠᠵᠤ ᠪᠡᠷᠭᠡᠳᠡᠭᠰᠡᠨ ᠬᠤᠰᠢᠭᠤᠨ ᠤ ᠠᠷᠠᠳ ᠢᠷᠭᠡᠳ ᠭᠠᠭᠴᠠᠭᠦ ᠰᠢᠷ᠎ᠡ ᠶᠢᠨ ᠱᠠᠰᠢᠨ ᠎ ᠤ ᠬᠡᠬᠡᠨ ᠬᠤᠪᠢᠯᠭᠠᠨ ᠰᠠᠶ᠋ᠢ ᠡᠨᠡᠬᠦ ᠲᠤᠭᠰᠢᠨ ᠸᠠᠩ ᠤᠨ ᠮᠠᠭᠤ ᠶᠢ ᠬᠠᠯᠠᠵᠤ ᠮᠤᠰᠢᠭᠤ ᠶᠢ ᠨᠢ ᠵᠠᠰᠠᠵᠤ ᠴᠢᠲᠠᠨ᠎ᠠ ᠬᠡᠵᠦ ᠦᠵᠡᠵᠦ ᠪᠠᠶᠢᠪᠠ᠃ ᠡᠶᠢᠮᠦ ᠠᠴᠠ ᠲᠡᠲᠡᠨᠡᠷ ᠬᠦᠬᠡᠬᠤᠲᠠ ᠳᠤ ᠪᠠᠶᠢᠬᠰᠠᠨ ᠮᠠᠶᠢᠲᠠᠷᠢ ᠶᠢᠨ ᠬᠡᠬᠡᠨ ᠢ ᠲᠠᠩᠭᠤᠳ ᠬᠠᠯᠬ᠎ᠠ ᠬᠤᠰᠢᠭᠤᠨ ᠳᠤ ᠵᠠᠯᠠᠨ ᠠᠪᠴᠢᠷᠠᠵᠤ᠂ ᠨᠠᠰᠤᠨ ᠤᠷᠲᠤᠳᠬᠠᠬᠴᠢ ᠰᠦᠮ᠎ᠡ ᠶᠢ ᠪᠠᠶᠢᠭᠤᠯᠤᠨ ᠲᠡᠷᠡ ᠲᠤᠭᠰᠢᠨ ᠸᠠᠩ ᠢ ᠲᠠᠷᠤᠩᠭᠤᠶᠢᠯᠠᠨ ᠰᠠᠭᠤᠯᠭᠠᠬᠰᠠᠨ ᠬᠡᠨ᠎ᠡ᠃           ᠨᠠᠰᠤᠨ ᠤᠷᠲᠤᠳᠭᠠᠬᠴᠢ ᠰᠦᠮ᠎ᠡ ᠶᠢ ᠪᠠᠰᠠ ᠮᠠᠶᠢᠲᠠᠷᠢ ᠶᠢᠨ ᠬᠡᠬᠡᠨ ᠰᠦᠮ᠎ᠡ ᠭᠡᠳᠡᠭ᠃ ᠡᠨᠡ ᠰᠦᠮ᠎ᠡ ᠶᠢ ᠠᠯᠢ ᠤᠨ ᠳᠤ ᠪᠠᠶᠢᠭᠤᠯᠤᠭᠰᠠᠨ ᠤᠨ ᠵᠢᠯ ᠨᠢ ᠲᠤᠲᠤᠷᠬᠠᠢ ᠦᠬᠡᠢ᠃ ᠲᠠᠩᠭᠤᠳ ᠬᠠᠯᠬ᠎ᠠ ᠬᠤᠰᠢᠭᠤ ᠡᠬᠢᠯᠡᠨ ᠪᠠᠶᠢᠭᠤᠯᠤᠭᠳᠠᠭᠰᠠᠨ ᠤᠨ ᠵᠢᠯ ᠢᠶᠠᠷ ᠪᠠᠷᠤᠭᠴᠠᠯᠠᠨ ᠪᠤᠲᠤᠪᠠᠯ᠂ 1670 ᠤᠨ ᠤ ᠤᠷᠢᠳ ᠬᠤᠵᠢᠳ ᠢᠶᠠᠷ ᠪᠠᠶᠢᠵᠤ ᠮᠡᠳᠡᠨ᠎ᠡ᠃ ᠲᠤᠰ ᠰᠦᠮ᠎ᠡ ᠨᠢ ᠨᠢᠬᠡ ᠳᠤ ᠠᠩᠬ᠎ᠠ ᠪᠠᠶᠢᠭᠤᠯᠬᠤ ᠦᠶ᠎ᠡ ᠳᠤ᠂ ᠲᠤᠤᠷ᠎ᠠ ᠰᠢᠭ᠋ ᠭᠠᠵᠠᠷ ᠪᠠᠶᠢᠭᠤᠯᠤᠭᠰᠠᠨ ᠠᠴᠠ ᠪᠤᠷᠤᠭᠠᠨ ᠤ ᠤᠯᠠᠷᠢᠯ ᠪᠤᠯᠬᠤ ᠪᠦᠷᠢ ᠤᠰᠤᠨ ᠠᠶᠤᠯ ᠳᠤ ᠠᠪᠲᠠᠵᠤ᠂ ᠲᠡᠭᠡᠷ᠎ᠡ ᠨᠢ ᠪᠠᠰᠠ ᠭᠤᠭᠤᠵᠢᠵᠤ ᠴᠤᠪᠤᠨ᠂ ᠡᠪᠲᠡᠷᠡᠵᠦ ᠴᠤᠴᠠᠷᠠᠬᠤ ᠬᠡᠮᠵᠢᠶᠡᠨ ᠳᠤ ᠬᠦᠷᠦᠭᠰᠡᠨ ᠠᠴᠠ 1920 ᠤᠨ ᠤ ᠤᠷᠢᠳ ᠬᠤᠵᠢᠳ ᠢᠶᠠᠷ ᠬᠤᠶᠢᠲᠤ ᠲᠡᠭᠡᠷ᠎ᠡ ᠰᠢᠯᠵᠢᠨ ᠰᠢᠨᠡᠳᠭᠡᠨ ᠪᠠᠶᠢᠭᠤᠯᠵᠤ᠂ 1928 ᠤᠨ ᠤ ᠦᠶᠡᠰ ᠢᠶᠠᠷ ᠪᠠᠶᠢᠭᠤᠯᠵᠤ ᠲᠡᠭᠦᠰᠦᠭᠰᠡᠨ ᠪᠠᠶᠢᠨ᠎ᠠ᠃ ᠲᠡᠷᠡ ᠨᠢ ᠤᠲᠤᠬᠢ ᠬᠡᠷᠡᠯ ᠤᠨ ᠠᠶᠢᠯ ᠳᠤ ᠪᠠᠶᠢᠭ᠎ᠠ ᠨᠠᠰᠤᠨ ᠤᠷᠲᠤᠳᠬᠠᠬᠴᠢ ᠰᠦᠮ᠎ᠡ ᠪᠤᠯᠤᠨ᠎ᠠ᠃           ᠲᠤᠰ ᠰᠦᠮ᠎ᠡ ᠶᠢᠨ ᠨᠠᠢᠮᠠᠲᠤᠭᠠᠷ ᠲᠦᠷᠢ ᠶᠢᠨ ᠮᠠᠶᠢᠲᠠᠷᠢ ᠶᠢᠨ ᠬᠡᠬᠡᠨ ᠤ ᠱᠠᠪᠢ ᠪᠠᠶᠢᠬᠰᠠᠨ ᠰᠢᠷᠠᠴᠢᠨ ᠯᠠᠮᠠ ᠎ ᠶᠢᠨ ᠡᠷᠬᠢᠴᠡᠭᠦᠯᠦᠭᠰᠡᠨ ᠢᠶᠠᠷ᠂ ᠲᠤᠬᠠᠢ ᠶᠢᠨ ᠦᠶ᠎ᠡ ᠳᠤ ᠨᠠᠰᠤᠨ ᠤᠷᠲᠤᠳᠬᠠᠬᠴᠢ ᠰᠦᠮ᠎ᠡ ᠳᠤ ᠲᠦᠷᠪᠡᠨ ᠶᠡᠭᠡ ᠷᠠᠰᠠᠩ ᠪᠦᠷᠢᠨ ᠪᠠᠶᠢᠵᠦ ᠬᠡᠨ᠎ᠡ᠃ ᠡᠬᠦᠨ ᠳᠤ ᠭᠤᠤᠯ ᠬᠠᠷᠰᠢ ᠳᠤ ᠴᠤᠶᠢᠷᠸ᠎ᠠ ᠷᠠᠰᠠᠩ᠂ ᠲᠤᠲᠤᠷ᠎ᠠ ᠨᠢ 300 ᠯᠠᠮᠠ ᠎ ᠶᠢᠨ ᠰᠠᠭᠤᠲᠠᠯ ᠲᠠᠢ᠂ ᠬᠠᠮᠤᠭ ᠤᠨ ᠬᠦᠭᠵᠢᠨ ᠪᠠᠲᠠᠷᠠᠵᠤ  ᠪᠠᠶᠢᠬᠰᠠᠨ ᠴᠠᠭ ᠲᠤ ᠷᠠᠰᠠᠩ ᠳᠤ ᠰᠤᠷᠤᠯᠴᠠᠭᠰᠠᠨ ᠯᠠᠮᠠ 150 ᠬᠦᠷᠴᠦ ᠪᠠᠶᠢᠪᠠ ᠬᠡᠨ᠎ᠡ᠃ ᠵᠡᠬᠦᠨ ᠴᠢᠬᠢ ᠶᠢᠨ ᠬᠡᠷ ᠲᠤ ᠮᠠᠨᠷᠠᠮᠪᠠ ᠷᠠᠰᠠᠩ ᠪᠠᠶᠢᠵᠤ᠂ ᠭᠤᠤᠯ ᠬᠠᠷᠰᠢ ᠶᠢᠨ ᠵᠡᠬᠦᠨ ᠬᠤᠶᠢᠲᠤ ᠬᠦᠷᠢᠶᠡᠨ ᠳᠤ ᠲᠤᠶᠢᠩᠬᠤᠷ ᠷᠠᠰᠠᠩ᠂ ᠭᠤᠤᠯ ᠬᠠᠷᠰᠢ ᠶᠢᠨ ᠨᠢᠭᠤᠴᠠ ᠭᠡᠷ ᠲᠤ ᠵᠤᠳᠪᠠ ᠷᠠᠰᠠᠩ ᠪᠠᠶᠢᠵᠠᠢ᠃ ᠴᠢᠩ ᠤᠯᠤᠰ ᠤᠨ ᠪᠠᠲᠠᠷᠠᠭᠤᠯᠲᠤ ᠲᠦᠷᠦ ᠶᠢᠨ ᠬᠤᠷᠢᠨ ᠶᠢᠰᠦᠲᠦᠬᠡᠷ ᠤᠨ ︵1903 ᠤᠨ︶᠎ ᠠᠴᠠ ᠡᠬᠢᠯᠡᠨ ᠲᠤᠰ ᠰᠦᠮ᠎ᠡ ᠶᠢᠨ ᠷᠠᠰᠠᠩ ᠳᠤ ᠭᠠᠳᠠᠭᠠᠲᠤ ᠬᠤᠰᠢᠭᠤᠨ ᠤ ᠯᠠᠮᠠ ᠰᠤᠷᠤᠭᠴᠢ ᠶᠢ ᠬᠦᠯᠢᠶᠡᠨ ᠠᠪᠴᠤ ᠰᠤᠷᠤᠯᠴᠠᠭᠤᠯᠪᠠ᠃ 1912 ᠤᠨ ᠠᠴᠠ ᠰᠡᠬᠦᠯᠡᠷ᠂ ᠲᠠᠪᠤᠨ ᠭᠠᠲᠠᠭᠠᠲᠤ ᠬᠤᠰᠢᠭᠤᠨ ᠤ ᠯᠠᠮ᠎ᠠ ᠨᠡᠷ ᠲᠤᠰ ᠰᠦᠮ᠎ᠡ ᠎ ᠶᠢᠨ ᠷᠠᠰᠠᠩ ᠳᠤ ᠢᠷᠡᠵᠦ ᠨᠤᠮ ᠰᠤᠷᠤᠯᠴᠠᠪᠠ᠃ ᠤᠲᠠᠭ᠎ᠠ ᠪᠦᠷᠢ ᠬᠤᠷᠢ ᠭᠠᠷᠤᠢ ᠯᠠᠮᠠ᠂ ᠴᠦᠮ 15᠎ ᠠᠴᠠ 18 ᠨᠠᠰᠤᠨ ᠤ ᠵᠠᠯᠠᠭᠤ ᠯᠠᠮᠠ ᠨᠠᠷ ᠪᠤᠯᠤᠨ᠎ᠠ᠃ ᠲᠤᠰ ᠰᠦᠮ᠎ᠡ ᠨᠢ 1925 ᠤᠨ ᠤ ᠦᠶ᠎ᠡ ᠳᠤ 350 ᠯᠠᠮᠠ ᠨᠠᠷ ᠪᠠᠶᠢᠵᠤ᠂1947 ᠤᠨ ᠤ ᠡᠪᠦᠯ ᠭᠠᠵᠠᠷ ᠰᠢᠷᠤᠢ ᠶᠢᠨ ᠬᠤᠪᠢᠰᠬᠠᠯ ᠬᠢᠬᠦ ᠠᠴᠠ ᠡᠮᠦᠨ᠎ᠡ 120 ᠰᠢᠬᠠᠮ ᠯᠠᠮᠠ ᠪᠠᠶᠢᠯ᠎ᠠ ᠬᠡᠨ᠎ᠡ᠃           ᠲᠤᠰ ᠰᠦᠮ᠎ᠡ ᠨᠢ ᠪᠠᠰᠠ ᠠᠷᠤ ᠬᠤᠷᠴᠢᠨ ᠤ ᠨᠤᠶᠠᠨ ᠰᠦᠮ᠎ᠡ᠂ ᠲᠠᠷᠬᠠᠨ ᠬᠤᠰᠢᠭᠤᠨ ᠤ ᠲᠠᠩᠭᠠᠷᠢᠭ ᠤᠨ ᠰᠦᠮ᠎ᠡ᠂ ᠠᠷᠤ ᠬᠤᠷᠴᠢᠨ ᠤ ᠶᠠᠨᠲᠠᠷ ᠤᠨ ᠰᠦᠮ᠎ᠡ᠂ ᠪᠢᠩᠲᠤ ᠬᠤᠰᠢᠭᠤᠨ ᠤ ᠬᠠᠭᠠᠯᠭᠠᠲᠠᠢ ᠶᠢᠨ ᠰᠦᠮ᠎ᠡ ᠵᠡᠷᠭᠡ ᠰᠦᠮ᠎ᠡ ᠬᠡᠶᠢᠳ ᠲᠤ ᠪᠠᠰᠠ ᠰᠠᠩ ᠪᠠᠶᠢᠵᠡᠢ ᠭᠡᠨ᠎ᠡ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号