| | ᠰᠢᠨ᠎ᠡ ᠰᠦᠮ᠎ᠡ ᠪᠤᠯ ᠴᠢᠩ ᠤᠯᠤᠰ ᠤᠨ ᠰᠡᠭᠦᠯᠴᠢ ᠶᠢᠨ ᠦᠶ᠎ᠡ ᠪᠠᠷ ᠪᠠᠶᠢᠭᠤᠯᠤᠭᠰᠠᠨ ᠴᠤᠬᠤᠷ ᠬᠠᠯᠬ᠎ᠠ | ᠬᠤᠰᠢᠭᠤᠨ ᠤ ᠵᠠᠰᠠᠭ ᠪᠡᠶᠢᠯᠡ ᠶᠢᠨ ᠬᠡᠷ ᠤᠨ ᠰᠦᠮ᠎ᠡ ᠪᠤᠯᠤᠨ᠎ᠠ᠃ ᠲᠤᠮᠲᠠᠲᠤ ᠢᠷᠭᠡᠨ ᠤᠯᠤᠰ ᠤᠨ ᠡᠬᠢᠨ ᠤ | ᠦᠶᠡᠰ ᠢᠶᠠᠷ ᠶᠤᠸᠠᠨ ᠱᠢ ᠺᠠᠢ ᠠᠴᠠ ᠲᠤᠰ ᠰᠦᠮ᠎ᠡ ᠳᠤ ︽ᠶᠡᠭᠡ ᠵᠢᠷᠦᠮᠲᠦ ᠰᠦᠮ᠎ᠡ︾ ︵ᠳ᠋ᠠ ᠵᠦᠩ ᠰᠧ︶ | ᠬᠡᠰᠡᠨ ᠨᠡᠷ᠎ᠡ ᠬᠠᠶᠢᠷᠠᠯᠠᠵᠠᠢ᠃ ᠬᠡᠪᠡᠴᠦ ᠡᠨᠡ ᠨᠡᠷ᠎ᠡ ᠪᠠᠷ ᠲᠠᠭᠤᠳᠠᠭᠰᠠᠨ ᠬᠦᠮᠦᠨ ᠲᠡᠮᠡᠢ ᠦᠬᠡᠢ᠂ ᠶᠡᠷᠦᠳᠡᠭᠡᠨ ᠰᠢᠨ᠎ᠡ | ᠰᠦᠮ᠎ᠡ ᠬᠡᠵᠦ ᠲᠠᠭᠤᠲᠠᠲᠠᠭ᠃ ᠲᠤᠰ ᠰᠦᠮ᠎ᠡ ᠳᠤ ᠰᠦᠮ᠎ᠡ ᠶᠢ ᠬᠠᠮᠢᠶᠠᠷᠤᠭᠴᠢ ᠳ᠋ᠠ ᠯᠠᠮᠠ ᠲᠠᠢ᠂ ᠲᠦᠷᠦᠯ ᠬᠠᠯᠠᠬᠤ | ᠬᠤᠪᠢᠯᠭᠠᠨ ᠲᠠᠢ ᠪᠦᠬᠡᠳ ᠵᠢᠷᠠ ᠭᠠᠷᠤᠢ ᠯᠠᠮᠠ ᠲᠠᠢ ᠪᠠᠶᠢᠪᠠ᠃ | ᠰᠢᠨ᠎ᠡ ᠰᠦᠮ᠎ᠡ ᠳᠤ᠂ ᠰᠦᠮ᠎ᠡ ᠶᠢᠨ ᠰᠠᠩ ᠪᠤᠯᠤᠨ ᠬᠤᠪᠢᠯᠭᠠᠨ ᠯᠠᠮᠠ ᠶᠢᠨ ᠰᠠᠩ ᠭᠡᠵᠦ ᠬᠤᠶᠠᠷ ᠰᠠᠩ | ᠪᠠᠶᠢᠪᠠ᠃ ᠬᠤᠶᠠᠷ ᠰᠠᠩ ᠨᠢ ᠲᠦᠷᠪᠡ ᠲᠠᠪᠤᠨ ᠬᠦᠮᠦᠨ ᠤ ᠲᠠᠷᠢᠶᠠᠯᠠᠩ ᠤᠨ ᠠᠵᠢᠯ ᠢ ᠬᠢᠲᠡᠭ ᠪᠦᠬᠡᠳ ᠪᠠᠰᠠ ᠪᠠᠭ᠎ᠠ | ᠬᠡᠮᠵᠢᠶᠡᠨ ᠤ ᠮᠠᠯ ᠰᠦᠷᠦᠭ ᠢ ᠡᠵᠡᠩᠨᠡᠳᠡᠭ ᠪᠠᠶᠢᠪᠠ᠃ ᠰᠢᠨ᠎ᠡ ᠰᠦᠮ᠎ᠡ ᠳᠤ ᠵᠢᠯ ᠤᠨ ᠲᠦᠷᠪᠡᠨ ᠤᠯᠠᠷᠢᠯ ᠳᠤ ᠴᠦᠮ | ᠨᠤᠮ ᠤᠨ ᠬᠤᠷᠠᠯ ᠲᠠᠢ᠃ ᠵᠢᠯ ᠵᠢᠯ ᠤᠨ ᠭᠤᠷᠪᠠᠨ ᠰᠠᠷ᠎ᠠ ᠶᠢᠨ ᠠᠷᠪᠠᠨ ᠲᠠᠪᠤᠨ ᠪᠤᠯᠬᠤ ᠪᠦᠷᠢ ᠪᠠᠭ᠎ᠠ ᠬᠡᠪᠴᠢᠶᠡᠨ ᠤ | ᠴᠠᠮ ᠬᠠᠷᠠᠶᠢᠳᠠᠭ ᠪᠦᠬᠡᠳ ᠲᠡᠭᠦᠨ ᠢᠶᠠᠨ ᠬᠤᠷᠢᠨ ᠨᠢᠬᠡᠲᠦ ᠳ᠋ᠠᠷ᠎ᠠ ᠡᠬᠡ ᠶᠢᠨ ᠴᠠᠮ ᠬᠡᠳᠡᠭ ᠪᠠᠶᠢᠪᠠ᠃ | ᠲᠤᠰ ᠰᠦᠮ᠎ᠡ ᠳᠤ᠂ ᠲᠠᠷᠢᠶᠠᠲᠤ ᠠᠶᠢᠯ ᠤᠨ ᠨᠠᠳᠮᠢᠳ᠂ ᠭᠤᠮᠪᠤᠷᠠᠰᠢ ᠨᠠᠷ ᠯᠠᠮᠠ ᠪᠤᠯᠵᠤ ᠨᠤᠮ ᠰᠤᠷᠴᠤ | ᠦᠩᠭᠡᠷᠡᠪᠡ᠃ |