ᠪᠡᠭᠡᠵᠢᠩ ᠠᠴᠠ ᠶᠠᠷᠢᠵᠦ ᠪᠠᠶᠢᠨ᠎ᠠ
ᠨᠡᠶᠢᠲᠡᠯᠡᠭᠰᠡᠨ ᠴᠠᠭ᠄
2018/10/26
●ᠴᠤ᠋᠂ ᠨᠠᠰᠤᠨᠵᠠᠶᠠᠭ᠎ᠠ               ᠪᠡᠭᠡᠵᠢᠩ ᠠᠴᠠ ᠶᠠᠷᠢᠵᠦ ᠪᠠᠶᠢᠨ᠎ᠠ                                                              — ᠠᠬᠠᠮᠠᠳ ᠨᠡᠪᠳᠡᠷᠡᠭᠦᠯᠦᠭᠴᠢ ᠪᠤᠷᠮ᠎ᠠ ᠶᠢᠨ ᠲᠤᠬᠠᠢ ᠲᠡᠮᠳᠡᠭᠯᠡᠯ
        ᠴᠠᠭᠠᠭᠴᠢᠨ ᠲᠠᠬᠢᠶ᠎ᠠ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ︵ᠠᠷᠭ᠎ᠠ ᠶᠢᠨ 2017 ᠤᠨ ᠤ 2 ᠰᠠᠷ᠎ᠠ ᠶᠢᠨ 2᠎ ︶         ᠭᠠᠷ ᠤᠳᠠᠰᠤᠨ ᠤ ᠬᠤᠨᠭ᠍ᠬᠤ ᠠᠶᠢᠵᠠᠮᠳᠠᠶᠢᠬᠠᠨ ᠲᠤᠤᠭᠠᠷᠠᠪᠠ᠃  ᠴᠠᠭᠠᠨ ᠰᠠᠷ᠎ᠠ ᠪᠤᠯᠬᠤᠷ  ᠂  ᠴᠠᠭ ᠴᠢᠯᠦᠭᠡ ᠦᠭᠡᠢ ᠲᠤᠤᠭᠠᠷᠤᠭᠠᠳ ᠪᠠᠶᠢᠳᠠᠭ ᠭᠠᠷ ᠤᠳᠠᠰᠤᠨ ᠤ ᠬᠤᠨᠭ᠍ᠬᠤᠨ ᠳᠤ ᠲᠡᠮᠡᠶᠢᠯᠡ ᠰᠤᠨᠢᠷᠬᠠᠯ ᠲᠦᠷᠦᠭᠰᠡᠨ ᠦᠭᠡᠢ ᠠᠪᠤᠭᠠᠳ ᠦᠵᠡᠬᠦ ᠳᠤ ᠪᠡᠭᠡᠵᠢᠩ ᠤᠨ ᠤᠳᠠᠰᠤᠨ ᠨᠤᠮᠧᠷ ᠪᠠᠶᠢᠯ᠎ᠠ᠃ ᠨᠡᠶᠢᠰᠯᠡᠯ ᠬᠤᠳᠠᠨ᠎ᠠ ᠲᠡᠮᠡᠶᠢᠯᠡ ᠬᠡᠳᠦᠨ ᠬᠦᠮᠦᠨ ᠲᠠᠨᠢᠳᠠᠭ ᠦᠭᠡᠢ ᠮᠦᠷᠳᠡᠭᠡᠨ᠂ ᠴᠠᠭᠠᠨ ᠰᠠᠷ᠎ᠠ ᠪᠠᠷ ᠵᠤᠯᠭᠠᠬᠤ ᠶᠤᠰᠤᠳᠠᠢ ᠳᠤ ᠨᠢ ᠤᠳᠠᠰᠤᠨ ᠵᠤᠯᠭᠠᠯᠳᠠ ᠬᠢᠴᠢᠬᠡᠭᠰᠡᠨ ᠪᠤᠯᠬᠤᠷ ᠭᠠᠶᠢᠬᠠᠰᠢ ᠲᠦᠷᠦᠵᠦ ᠪᠠᠰᠠᠯᠠ ᠶᠠᠮᠠᠷ ᠨᠢᠭᠡᠨ ᠮᠡᠬᠡᠯᠡᠯ ᠪᠤᠶᠤ ᠬᠤᠳᠠᠯᠳᠤᠭᠠᠨ ᠤ ᠵᠠᠷ ᠤᠨ ᠤᠳᠠᠰᠤ ᠬᠡᠮᠡᠨ ᠪᠤᠳᠤᠭᠰᠡᠨ ᠴᠦ ᠵᠢᠯ ᠴᠠᠭᠠᠨ ᠰᠠᠷ᠎ᠠ ᠶᠠᠭᠤ ᠴᠦ ᠬᠡᠮᠡᠨ ᠪᠤᠳᠤᠵᠦ ᠲᠤᠰᠤᠯ᠎ᠠ᠃         — ᠰᠠᠶᠢᠨ ᠪᠠᠶᠢᠨ᠎ᠠ ᠤᠤ︖  ᠲᠠ᠂ ᠴᠤ᠋᠂ ᠨᠠᠰᠤᠨᠵᠠᠶᠠᠭ᠎ᠠ  ᠮᠦᠨ ᠤᠤ  ︖        ᠡᠯᠢᠭᠡᠰᠡᠭ ᠲᠤᠳᠤᠨᠤᠬᠠᠨ  ᠂ ᠢᠷᠠᠭᠤ ᠰᠠᠶᠢᠬᠠᠨ ᠠᠶᠠᠯᠠᠭᠤ ᠵᠢᠷᠦᠬᠡᠨ  ᠬᠦᠪᠴᠢ ᠶᠢ ᠴᠢᠪᠬᠠᠳᠠᠵᠦ ᠬᠡᠨ ᠴᠦ ᠪᠢᠯᠡ ᠬᠡᠮᠡᠨ ᠮᠡᠬᠡᠶᠢᠷᠡᠨ ᠠᠳᠠᠯ᠎ᠠ         — ᠵᠠ᠂ ᠪᠢ  ᠪᠤᠷᠮ᠎ᠠ ᠪᠠᠶᠢᠨ᠎ᠠ ᠭᠡᠯ᠎ᠡ᠃        ᠲᠤᠮᠳᠠᠳᠤ ᠤᠯᠤᠰ ᠤᠨ ᠷᠠᠳᠢᠤ᠋ ᠦᠢᠯᠡᠰ ᠤᠨ ᠠᠬᠠᠮᠠᠳ ᠵᠢᠳᠬᠦᠯᠳᠡᠨ᠂ ᠤᠯᠠᠨ ᠤᠯᠤᠰ ᠤᠨ ᠷᠠᠳᠢᠤ᠋ ᠎ ᠶᠢᠨ ᠨᠡᠪᠳᠡᠷᠡᠭᠦᠯᠭᠡ ᠵᠢᠯᠤᠭᠤᠳᠤᠭᠴᠢ ᠫᠧᠷᠤᠹᠧᠰᠰᠤᠷ  ᠪᠤᠷᠮ᠎ᠠ ᠪᠤᠯᠬᠤ ᠨᠢ ᠭᠠᠷᠴᠠᠭ᠎ᠠ ᠦᠭᠡᠢ᠃ ᠨᠠᠶᠠ‌‍ᠶᠢᠨ ᠲᠠᠪᠠᠭ᠎ᠠ  ᠲᠦᠬᠦᠵᠦ ᠶᠠᠪᠤᠭ᠎ᠠ ᠪᠤᠷᠮ᠎ᠠ ᠨᠠᠰᠤᠳᠠᠨ ᠬᠡᠰᠢᠭᠳᠡᠨ ᠤ ᠪᠠᠨ ᠨᠤᠳᠤᠭ ᠤᠰᠤᠨ᠂ ᠪᠠᠶᠢᠭᠠᠯᠢ ᠤᠷᠴᠢᠨ᠂ ᠬᠦᠮᠦᠨ ᠠᠷᠠᠳ ᠂᠂᠂ ᠬᠡᠮᠡᠨ ᠠᠰᠠᠭᠤᠨ ᠰᠤᠷᠠᠵᠦ ᠴᠠᠭᠠᠨ ᠰᠠᠷ᠎ᠠ ᠬᠡᠳᠦᠨ ᠶᠠᠭᠤᠮ᠎ᠠ ᠪᠢᠴᠢᠯ᠎ᠡ᠂ ᠨᠤᠳᠤᠭ ᠤᠨ ᠢᠶᠠᠨ ︽ᠭᠦᠡᠭᠭᠡᠷ ᠤᠨ ᠲᠠᠯ᠎ᠠ︾ ᠰᠡᠳᠬᠦᠯ ᠳᠤ ᠨᠡᠶᠢᠳᠡᠯᠡᠭᠦᠯᠬᠦ ᠰᠠᠨᠠᠭᠠᠳᠠᠢ ᠬᠡᠮᠡᠨ ᠨᠠᠶᠢᠳᠠᠭᠰᠡᠨ ᠪᠦᠭᠡᠳ ︽ᠮᠢᠨᠤ ᠪᠢᠴᠢᠭᠰᠡᠨ  ᠶᠠᠭᠤᠮ᠎ᠠ ᠰᠢᠯᠦᠭ ᠪᠢᠰᠢ ᠪᠠᠶᠢᠵᠦ ᠮᠡᠳᠡᠨ᠎ᠡ  ᠂ ᠮᠠᠭᠳᠠᠭᠠᠯ ᠴᠦ ᠪᠢᠰᠢ᠂ ᠬᠠᠷᠢᠨ ᠨᠤᠳᠤᠭ ᠤᠰᠤᠨ ᠤ ᠪᠠᠨ ᠤᠳᠤᠬᠢ ᠵᠠᠷᠢᠮ ᠪᠠᠶᠢᠳᠠᠯ ᠢ ᠬᠠᠷᠠᠭᠠᠳ  ᠰᠡᠳᠬᠢᠯ ᠡᠮᠵᠢᠭᠯᠡᠬᠦ ᠳᠡᠭᠡᠨ ᠪᠢᠴᠢᠭᠰᠡᠨ ᠶᠤᠮ᠂ ᠲᠠᠨᠠᠷ ᠦᠵᠡᠵᠦ ᠪᠠᠶᠢᠭᠠᠳ ᠨᠡᠶᠢᠳᠡᠯᠡᠬᠦ ᠡᠰᠡᠬᠦ ᠶᠢ ᠦᠵᠡᠭᠡᠷᠡᠢ ᠭᠡᠰᠡᠨ︾  ᠪᠦᠭᠡᠳ᠂ ᠦᠪᠡᠷ ᠤᠨ ᠨᠢᠭᠡ ᠨᠠᠰᠤᠨ ᠤ ᠦᠰᠴᠦ ᠦᠨᠳᠡᠶᠢᠵᠦ᠂ ᠠᠮᠢᠳᠦᠷᠠᠵᠦ ᠲᠡᠮᠡᠴᠡᠵᠦ ᠶᠠᠪᠤᠭᠰᠡᠨ᠂ ᠠᠵᠢᠯ ᠮᠡᠷᠭᠡᠵᠢᠯ ᠢᠶᠠᠨ ᠰᠤᠷᠴᠦ ᠰᠤᠳᠤᠯᠤᠭᠰᠡᠨ ᠢᠶᠠᠨ ᠲᠡᠮᠳᠡᠭᠯᠡᠵᠦ ᠪᠢᠴᠢᠭᠰᠡᠨ ︽ᠵᠢᠳᠬᠦᠵᠦ ᠶᠠᠪᠤᠭᠰᠡᠨ ᠵᠢᠷ ᠤᠨ ᠨᠢᠭᠡ ᠬᠦᠮᠦᠨ︾ ᠭᠡᠰᠡᠨ ᠨᠤᠮ ᠢᠶᠠᠨ 2016 ᠤᠨ ᠤ 10 ᠰᠠᠷ᠎ᠠ ᠳᠤ  ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠬᠡᠪᠯᠡᠭᠦᠯᠦᠭᠰᠡᠨ ᠪᠠᠶᠠᠷ ᠤᠨ ᠴᠢᠮᠡᠭᠡ ᠶᠢ ᠲᠤᠭᠤᠯᠠᠭᠠᠯ᠎ᠠ  ᠃        ᠪᠤᠷᠮ᠎ᠠ ᠨᠠᠰᠤᠳᠡᠨ ᠲᠠᠢ ᠪᠢ ᠨᠢᠭᠤᠷ ᠤᠴᠠᠷᠠᠵᠦ ᠲᠠᠨᠢᠯᠴᠠᠭ᠎ᠠ ᠦᠭᠡᠢ ᠴᠦ᠂ ᠨᠡᠷ᠎ᠡ ᠲᠦᠷᠦ᠂ ᠠᠷᠢᠭᠤᠨ ᠬᠦᠳᠡᠯᠮᠦᠷᠢ ᠪᠠᠷ ᠨᠢ ᠰᠠᠶᠢᠨ ᠮᠡᠳᠡᠳᠡᠭ᠃  ᠪᠤᠷᠮ᠎ᠠ ᠨᠠᠰᠤᠳᠡᠨ ᠪᠤᠯ ᠪᠡᠭᠡᠵᠢᠩ ᠠᠴᠠ ᠶᠠᠷᠢᠳᠠᠭ ᠬᠡᠰᠢᠭᠳᠡᠨ ᠬᠦᠮᠦᠨ᠃  ᠲᠡᠷᠡ ᠪᠤᠯ ᠬᠢᠳᠡᠳ  ᠤᠨ ᠤᠯᠠᠨ ᠤᠯᠤᠰ ᠤᠨ ᠷᠠᠳᠢᠤ᠋ ᠶᠢᠨ ᠭᠠᠷᠮᠠᠭᠠᠢ ᠨᠡᠪᠳᠡᠷᠡᠭᠦᠯᠦᠭᠴᠢ᠂ ᠠᠵᠢᠯ ᠠᠴᠠ ᠪᠠᠨ ᠲᠠᠷᠬᠠᠯᠠᠭᠳᠠᠭᠠᠳ ᠨᠡᠶᠢᠰᠯᠡᠯ ᠬᠤᠳᠠᠨ᠎ᠠ ᠠᠮᠢᠳᠤᠷᠠᠳᠠᠭ ᠴᠦ᠂ ᠵᠢᠷᠦᠬᠡ ᠰᠡᠳᠬᠢᠯ ᠨᠢ ᠦᠪᠦᠷ ᠮᠤᠩᠭᠤᠯ ᠵᠦᠭ ᠢᠶᠠᠨ᠂ ᠦᠪᠡᠷ ᠤᠨ ᠦᠰᠴᠦ ᠲᠦᠷᠦᠭᠰᠡᠨ ᠨᠤᠳᠤᠭ ᠬᠡᠰᠢᠭᠳᠡᠨ ᠵᠦᠭ ᠢᠶᠠᠨ ᠲᠡᠮᠦᠯᠡᠭᠡᠳ ᠪᠠᠶᠢᠳᠠᠭ ᠤᠬᠠᠭᠠᠨᠳᠤ  ᠪᠤᠭᠤᠷᠤᠯ ᠤᠨ ᠨᠢᠭᠡᠨ  ᠃        ᠪᠤᠷᠮ᠎ᠠ 1938 ᠤᠨ ᠤ11 ᠰᠠᠷ᠎ᠠ ᠶᠢᠨ 9᠎ ᠳᠤ ᠲᠡᠭᠷᠢᠯᠢᠭ ᠨᠤᠳᠤᠭ ᠬᠡᠰᠢᠭᠳᠡᠨ ᠤ ᠪᠠᠷᠠᠭᠤᠨ ᠠᠷᠤ ᠶᠢᠨ ᠪᠠᠷᠠᠭᠤᠨ ᠬᠠᠷᠠᠩᠭᠤᠢ ᠳᠤ  ᠂ ᠲᠠᠶᠢᠵᠢ ᠢᠵᠠᠭᠤᠷᠳᠦ ᠪᠤᠷᠵᠢᠬᠢᠨ ᠤᠪᠤᠭ ᠤᠨ ᠪᠠᠳᠠᠢ ᠶᠢᠨ ᠭᠡᠷ ᠲᠤ  ᠲᠦᠷᠦᠵᠠᠢ᠃ ᠠᠷᠪᠠ ᠬᠦᠷᠬᠦ ᠪᠠᠷ ᠠᠶᠢᠯ ᠤᠨ ᠰᠤᠷᠭᠠᠭᠤᠯᠢ ᠳᠤ ᠬᠦᠶᠦᠵᠦ ᠱᠤᠤᠮᠢᠩᠭ᠎ᠠ᠂ ᠰᠧᠪᠰᠢᠩᠭᠡ᠂ ᠭᠤᠮᠪᠤᠵᠠᠪ᠂᠂᠂ ᠵᠡᠷᠭᠡ ᠪᠠᠭᠰᠢ ᠨᠠᠷ ᠠᠴᠠ ᠴᠠᠭᠠᠨ ᠲᠤᠯᠤᠭᠠᠢ᠂ ᠲᠤᠭ᠎ᠠ  ᠪᠤᠳᠤᠯᠭ᠎ᠠ ᠰᠤᠷᠴᠦ ᠭᠡᠭᠡᠷᠡᠬᠦ ᠶᠢᠨ ᠵᠠᠮ ᠳᠤ ᠬᠦᠳᠦᠯᠦᠭᠳᠡᠭᠦ ᠳᠡᠭᠡᠨ ᠤᠢ  ᠪᠢᠯᠢᠭ ᠰᠠᠶᠢᠳᠠᠢ ᠪᠤᠷᠮ᠎ᠠ ︽ᠬᠤᠷᠳᠤᠨ ᠰᠢᠭ᠂ ᠢᠯᠡᠭᠦᠦ ᠰᠢᠭ  ᠶᠠᠭᠤᠮ᠎ᠠ ᠰᠤᠷᠬᠤ ᠶᠢ  ᠬᠦᠰᠡᠳᠡᠭ︾ ᠤᠨᠴᠠᠭᠠᠢ ᠬᠡᠣᠬᠡᠳ ᠪᠠᠶᠢᠵᠠᠢ᠃ 1954 ᠤᠨ ᠳᠤ  ᠤᠯᠠᠨ ᠠᠴᠠ ᠤᠷᠤᠶᠢᠯᠠᠭᠰᠡᠨ ᠬᠢᠷᠢ ᠪᠦᠳᠦᠮᠵᠢ ᠪᠠᠷ᠂ ᠰᠢᠯᠢ ᠶᠢᠨ ᠭᠤᠤᠯ ᠠᠶᠢᠮᠠᠭ ᠤᠨ  ᠮᠤᠩᠭᠤᠯ ᠲᠤᠮᠳᠠᠳᠤ ᠰᠤᠷᠭᠠᠭᠤᠯᠢ ᠳᠤ ᠰᠢᠯᠭᠠᠨ ᠤᠷᠤᠵᠦ᠂ ᠬᠤᠬᠡᠳ ᠨᠠᠰᠤᠨ ᠤ ᠠᠯᠢᠶᠠᠷᠬᠠᠯ᠂ ᠲᠤᠮᠤᠭ᠎ᠠ ᠦᠭᠡᠢ ᠨᠠᠰᠤᠨ ᠤ ᠲᠤᠭᠯᠠᠭᠠᠮ ᠢᠶᠠᠨ ᠬᠠᠶᠠᠵᠦ ᠨᠤᠮ ᠲᠡᠪᠳᠡᠷ ᠲᠠᠢ ᠨᠦᠭᠦᠷᠯᠡᠵᠦ᠂ ᠡᠷᠳᠡᠮ ᠨᠤᠮ ᠳᠤ ᠰᠢᠮᠳᠡᠭᠰᠡᠨ ᠢᠶᠠᠷ  ᠤᠨᠴᠠ  ᠰᠤᠷᠤᠯᠭᠠᠳᠠᠨ ᠢᠶᠠᠷ ᠴᠤᠯᠭᠤᠷᠠᠨ ᠭᠠᠷᠴᠤ ᠤᠷᠤᠨ ᠤ ᠵᠠᠯᠠᠭᠤᠴᠤᠳ ᠤᠨ ᠡᠪᠯᠡᠯ ᠤᠨ ᠬᠤᠶᠠᠳᠤᠭᠠᠷ ᠶᠡᠭᠡ ᠬᠤᠷᠠᠯ ᠳᠤ ᠦᠡᠭᠭᠡ ᠭᠡᠷᠡᠯᠳᠠᠢ ᠪᠠᠷ ᠤᠷᠤᠯᠴᠠᠭᠰᠡᠨ ᠶᠤᠮ ᠪᠠᠶᠢᠨ᠎ᠠ᠃1956 ᠤᠨ ᠤ  ᠡᠪᠦᠯ᠂ ᠦᠪᠦᠷ ᠮᠤᠩᠭᠤᠯ ᠤᠨ ᠷᠠᠳᠢᠤ᠋ ᠨᠡᠪᠳᠡᠷᠡᠭᠦᠯᠭᠡ ᠶᠢᠨ ᠬᠤᠷᠢᠶ᠎ᠠ ᠰᠢᠯᠢ ᠶᠢᠨ ᠭᠤᠤᠯ ᠠᠶᠢᠮᠠᠭ ᠤᠨ ᠮᠤᠩᠭᠤᠯ ᠲᠤᠮᠳᠠᠳᠤ ᠰᠤᠷᠭᠠᠭᠤᠯᠢ ᠠᠴᠠ ᠨᠡᠪᠳᠡᠷᠡᠭᠦᠯᠦᠭᠴᠢ ᠡᠯᠰᠡᠵᠦ ᠠᠪᠬᠤ ᠪᠠᠷ ᠢᠷᠡᠭᠡᠳ  ᠪᠤᠷᠮ᠎ᠠ ᠶᠢᠨ ᠢᠷᠡᠭᠡᠳᠦᠢ ᠶᠢᠨ ᠠᠮᠢᠳᠦᠷᠠᠯ ᠳᠤ ᠡᠷᠬᠢᠯᠳᠡ ᠭᠠᠷᠭᠠᠭᠰᠡᠨ ᠪᠠᠶᠢᠨ᠎ᠠ᠃ ᠦᠪᠦᠷ ᠮᠤᠩᠭᠤᠯ ᠤᠨ ᠷᠠᠳᠢᠤ᠋ ᠨᠡᠪᠳᠡᠷᠡᠭᠦᠯᠭᠡ ᠶᠢᠨ ᠬᠤᠷᠢᠶ᠎ᠠ ᠶᠢᠨ ᠬᠠᠭᠤᠴᠢᠨ ᠤᠳᠤᠷᠢᠳᠤᠯᠭ᠎ᠠ᠂ ᠠᠬᠠᠮᠠᠳ ᠵᠢᠳᠬᠦᠯᠳᠡᠨ ᠴᠢᠯᠠᠭᠤᠨ ᠭᠤᠸᠠᠢ ᠶᠢᠨ ᠲᠤᠷᠠᠰᠤᠮᠵᠢ ᠳᠤ ︽ᠲᠤᠬᠠᠢ ᠶᠢᠨ ᠦᠶ᠎ᠡ ᠳᠤ ᠮᠤᠩᠭᠤᠯ ᠲᠤᠮᠳᠠᠳᠤ ᠰᠤᠷᠭᠠᠭᠤᠯᠢ ᠎ ᠠᠴᠠ ᠠᠷᠪᠠᠭᠠᠳ ᠡᠮᠡᠭᠳᠠᠢ ᠰᠤᠷᠤᠭᠴᠢ ᠡᠯᠰᠡᠨ ᠰᠤᠩᠭᠤᠬᠤ ᠰᠢᠯᠭᠠᠯᠳᠠ ᠳᠤ ᠤᠷᠤᠯᠴᠠᠪᠠ᠂ ᠭᠠᠭᠴᠠᠬᠦ ᠬᠡᠰᠢᠭᠳᠡᠨ ᠨᠤᠳᠤᠭ ᠲᠠᠢ ᠪᠤᠷᠮ᠎ᠠ ᠤᠯᠠᠨ ᠤ ᠲᠤᠳᠤᠷ᠎ᠠ ᠠᠴᠠ ᠰᠢᠯᠭᠠᠷᠠᠨ ᠭᠠᠷᠤᠭᠰᠡᠨ ᠪᠠᠶᠢᠵᠠᠢ᠃ ᠪᠤᠷᠮ᠎ᠠ ᠶᠢᠨ ᠤᠶᠤᠨ ᠲᠠᠷᠢᠬᠢ ᠰᠡᠷᠭᠦᠯᠡᠩ᠂ ᠦᠭᠡ ᠬᠡᠯᠡ ᠬᠤᠷᠴᠠ᠂ ᠲᠠᠭᠤᠨ ᠬᠤᠭᠤᠯᠠᠢ ᠲᠤᠩᠭᠠᠯᠠᠭ᠂ ᠬᠡᠯᠡ ᠠᠪᠢᠶ᠎ᠠ ᠨᠢ ᠪᠠᠷᠢᠮᠵᠢᠶ᠎ᠠ᠂ ᠷᠠᠳᠢᠤ᠋ ᠬᠤᠷᠢᠶᠠᠨ ᠤ ᠱᠠᠭᠠᠷᠳᠠᠯᠭ᠎ᠠ ᠲᠠᠢ ᠨᠡᠶᠢᠴᠡᠬᠦ ᠪᠤᠯᠬᠤᠷ᠂ ᠪᠤᠷᠮ᠎ᠠ ᠶᠢ ᠰᠢᠯᠭᠠᠨ ᠠᠪᠴᠢᠷᠠᠵᠦ ᠨᠡᠪᠳᠡᠷᠡᠭᠦᠯᠦᠭᠴᠢ ᠶᠢᠨ ᠠᠵᠢᠯ ᠳᠤ ᠤᠷᠤᠯᠴᠠᠭᠤᠯᠤᠨ ᠠᠵᠢᠯᠯᠠᠭᠤᠯᠤᠭᠰᠡᠨ ᠶᠤᠮ︾ ᠭᠡᠵᠡᠢ᠃ ᠬᠦᠳᠡᠭᠡ ᠨᠤᠳᠤᠭ ᠤᠨ  ᠪᠤᠷᠤ ᠬᠡᠦᠬᠡᠨ᠂ ᠬᠦᠬᠡᠬᠤᠳᠡ ᠳᠤ ᠢᠷᠡᠭᠡᠳ ᠤᠤᠳᠠ᠂᠂᠂ ᠵᠡᠷᠭᠡ ᠠᠬᠠᠮᠠᠳ ᠨᠡᠪᠳᠡᠷᠡᠭᠦᠯᠦᠭᠴᠢ ᠳᠤ ᠱᠠᠪᠢ ᠤᠷᠤᠵᠦ ᠬᠠᠳᠠᠭᠤ ᠪᠡᠷᠬᠡᠰᠢᠶᠡᠯᠳᠠᠢ  ᠪᠦᠭᠡᠳ ᠦᠡᠭᠭᠡ ᠭᠡᠷᠡᠯᠳᠦ ᠷᠠᠳᠢᠤ᠋ ᠦᠢᠯᠡᠰᠳᠡᠨ ᠤ ᠵᠠᠮ ᠢᠶᠠᠷ ᠠᠩᠬᠠᠨ ᠤ ᠠᠯᠬᠤᠮ ᠢᠶᠠᠨ ᠠᠯᠬᠤᠵᠠᠢ᠃ ᠠᠵᠢᠯ ᠤᠨ ᠪᠠᠶᠢᠷᠢᠨ ᠳᠤ ᠭᠠᠷᠤᠮᠠᠭᠴᠠ ᠪᠠᠨ ᠰᠠᠭᠤᠷᠢ ᠲᠠᠯᠪᠢᠬᠤ ᠦᠨᠳᠦᠰᠦᠨ ᠪᠤᠯᠪᠠᠰᠤᠷᠠᠯ ᠢ ᠰᠤᠷᠭᠠᠭᠤᠯᠢ ᠳᠤ ᠮᠡᠳᠡᠯᠭᠡ ᠰᠤᠷᠳᠠᠭ ᠲᠠᠢ ᠪᠠᠨ ᠠᠳᠠᠯᠢ ᠨᠢᠭᠡ ᠰᠡᠳᠬᠢᠯ ᠢᠶᠠᠷ ᠴᠠᠷᠮᠠᠶᠢᠨ ᠬᠢᠵᠦ ᠲᠦᠷᠦᠯ ᠪᠦᠷᠢ ᠶᠢᠨ  ᠡᠬᠡ ᠪᠢᠴᠢᠭ ᠢ ᠬᠡᠯᠡ ᠪᠠᠨ ᠬᠦᠰᠢᠳᠡᠯ᠎ᠡ᠂ ᠬᠤᠭᠤᠯᠠᠢ ᠪᠠᠨ ᠰᠦᠭᠡᠳᠡᠯ᠎ᠡ ᠰᠠᠶᠢᠨ ᠤᠡᠭᠰᠢᠵᠦ ᠪᠤᠯᠪᠠᠰᠤᠷᠠᠭᠰᠡᠨ ᠢᠶᠠᠷ ᠦᠭᠡ ᠨᠢ ᠤᠷᠠᠨ ᠲᠤᠳᠤ᠂ ᠤᠡᠭᠰᠢᠬᠤ ᠨᠢ ᠤᠷᠤᠰᠤᠮ᠎ᠠ ᠰᠢᠭᠤᠷᠬᠠᠢ ᠪᠦᠭᠡᠳ ᠠᠯᠳᠠᠯ ᠦᠭᠡᠢ ᠵᠦᠪ ᠤᠨᠤᠪᠴᠢᠳᠠᠢ ᠶᠠᠷᠢᠳᠠᠭ ᠢᠶᠠᠷ ᠢᠶᠠᠨ ᠲᠤᠪᠤᠶᠢᠵᠦ ᠭᠠᠷᠴᠠᠢ᠃ ᠤᠳᠠᠯ ᠦᠭᠡᠢ ᠦᠪᠦᠷ ᠮᠤᠩᠭᠤᠯ ᠤᠨ ᠷᠠᠳᠢᠤ᠋ ᠨᠡᠪᠳᠡᠷᠡᠭᠦᠯᠭᠡ ᠶᠢᠨ ᠬᠤᠷᠢᠶᠠᠨ ᠤ ᠬᠠᠮᠤᠭ ᠴᠢᠬᠤᠯᠠ ᠨᠡᠪᠳᠡᠷᠡᠭᠦᠯᠭᠡ ᠪᠤᠯᠬᠤ ︽ᠪᠦᠬᠦ ᠤᠷᠤᠨ ᠤ  ᠲᠠᠮᠵᠢᠭᠤᠯᠬᠤ ᠨᠡᠪᠳᠡᠷᠡᠭᠦᠯᠭᠡ︾᠎ ᠶᠢ ᠨᠡᠪᠳᠡᠷᠡᠭᠦᠯᠬᠦ ᠪᠤᠯᠪᠠ᠂ ᠴᠢᠬᠤᠯᠠ ᠨᠡᠪᠳᠡᠷᠡᠭᠦᠯᠭᠡ ᠤᠴᠢᠷ ᠠᠴᠠ ᠴᠢᠨᠠᠷ ᠢ ᠪᠠᠳᠤᠯᠠᠵᠦ᠂ ᠭᠠᠷᠴᠦ ᠮᠡᠳᠡᠬᠦ ᠠᠰᠠᠭᠤᠳᠠᠯ ᠢ ᠡᠪ ᠲᠦᠢᠳᠠᠢ ᠰᠢᠢᠳᠪᠦᠷᠢᠯᠡᠬᠦ  ᠬᠡᠷᠡᠭᠳᠠᠢ᠃ ᠠᠯᠳᠠ ᠶᠢ ᠲᠠᠭᠠᠪᠠᠯ ᠰᠢᠷᠠᠯᠠᠨ᠎ᠠ ᠭᠡᠳᠡᠭ ᠢᠶᠠᠷ  ᠠᠯᠳᠠᠷᠳᠤ ᠨᠡᠪᠳᠡᠷᠡᠭᠦᠯᠦᠭᠴᠢ ᠤᠤᠳᠠ ᠭᠤᠸᠠᠢ ᠲᠠᠢ ᠡᠭᠡᠯᠵᠢ ᠬᠠᠷᠭᠤᠭᠰᠡᠨ ᠨᠢ ᠪᠤᠷᠮ᠎ᠠ ᠭᠤᠸᠠᠢ ᠳᠤ ᠠᠵᠠ ᠵᠠᠪᠰᠢᠶᠠᠨ ᠪᠤᠯᠤᠭᠰᠡᠨ ᠮᠦᠷᠳᠡᠭᠡᠨ ᠤᠷᠮ᠎ᠠ ᠵᠤᠷᠢᠭ ᠨᠡᠮᠡᠵᠠᠢ᠂ 1958 ᠤᠨ ᠤ ᠡᠪᠦᠯ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠤᠪᠴᠢᠶ᠎ᠠ ᠨᠢ ᠪᠡᠭᠡᠵᠢᠩ ᠲᠤ  ︽ᠠᠷᠠᠳ ᠤᠨ ᠲᠠᠭᠤᠨ ᠤ ᠦᠵᠡᠰᠭᠦᠯᠡᠩ︾ ᠭᠠᠷᠭᠠᠵᠦ ᠬᠡᠯᠡ ᠠᠶᠠᠯᠠᠭᠤ ᠰᠠᠶᠢᠳᠠᠢ ᠪᠤᠷᠮ᠎ᠠ ᠶᠢ ᠲᠠᠶᠢᠯᠪᠤᠷᠢᠯᠠᠭᠴᠢ ᠪᠠᠷ ᠤᠷᠢᠵᠠᠢ᠃ ᠠᠵᠢᠯ ᠳᠤ ᠬᠠᠷᠢᠭᠤᠴᠠᠯᠭ᠎ᠠ ᠲᠠᠢ  ᠪᠦᠭᠡᠳ ᠨᠢᠮᠪᠠᠢ ᠬᠠᠨᠳᠤᠳᠠᠭ ᠲᠠᠷᠡ ᠪᠠᠷ ᠦᠵᠡᠰᠭᠦᠯᠡᠩ ᠢ ᠲᠠᠶᠢᠯᠪᠤᠷᠢᠯᠠᠬᠤ ᠡᠭᠦᠷᠭᠡ  ᠪᠠᠨ ᠰᠠᠶᠢᠨ ᠪᠡᠶᠡᠯᠡᠭᠦᠯᠬᠦ ᠶᠢᠨ ᠲᠠᠭᠤ ᠪᠦᠯᠬᠦᠮ ᠤᠨ ᠢᠶᠠᠨ ᠤᠷᠠᠨ ᠠᠪᠢᠶᠠᠰᠤᠯᠢᠭ ᠲᠤᠭᠯᠠᠭᠴᠢᠳ ᠲᠠᠢ ᠬᠠᠮᠳᠤ  ᠲᠦᠪ ᠤᠨ ᠰᠤᠶᠤᠯ ᠤᠨ ᠲᠡᠭᠡᠳᠦ ᠪᠠᠶᠢᠭᠤᠯᠭ᠎ᠠ ᠨᠤᠭᠤᠳ ᠲᠤ ᠤᠴᠢᠵᠦ ᠲᠤᠭᠯᠠᠯᠳᠠ ᠭᠠᠷᠭᠠᠵᠠᠢ᠃ ᠡᠨᠡᠬᠦ ᠨᠡᠶᠢᠭᠡᠮ ᠤᠨ ᠤᠯᠠᠨ ᠲᠠᠪᠬᠤᠷᠭ᠎ᠠ ᠶᠢᠨ ᠬᠦᠮᠦᠰ ᠲᠠᠢ  ᠤᠶᠢᠷᠠᠳᠤᠭᠰᠡᠨ ᠠᠵᠢᠯᠯᠠᠭ᠎ᠠ ᠪᠠᠷ ᠲᠠᠮᠵᠢᠨ ᠤᠷᠠᠯᠠᠵᠦ ᠨᠡᠪᠳᠡᠷᠡᠭᠦᠯᠬᠦ ᠲᠠᠯ᠎ᠠ ᠪᠠᠷ ᠠᠬᠢᠯᠳᠠ ᠲᠠᠢ ᠪᠤᠯᠵᠦ ᠡᠬᠡ ᠪᠢᠴᠢᠭ ᠤᠨ ᠤᠳᠬ᠎ᠠ ᠶᠢ ᠠᠭᠤᠳᠠᠯᠠᠵᠦ ᠢᠯᠡᠳᠬᠡᠬᠦ ᠳᠡᠭᠡᠨ ᠤᠡᠭᠰᠢᠬᠤ ᠪᠢᠰᠢ᠂ ᠦᠪᠡᠷ ᠤᠨ ᠤᠷᠮ᠎ᠠ ᠰᠡᠳᠬᠢᠯᠭᠡ ᠪᠠᠨ  ᠠᠭᠤᠰᠬᠠᠵᠦ ᠨᠡᠪᠳᠡᠷᠡᠭᠦᠯᠬᠦ ᠤᠷᠠᠯᠢᠭ ᠤᠨ ᠤᠷᠤᠯᠳᠤᠯᠭ᠎ᠠ ᠪᠠᠨ ᠡᠬᠢᠯᠡᠭᠦᠯᠦᠭᠰᠡᠨ ᠪᠠᠶᠢᠨ᠎ᠠ᠂ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠡᠨ ᠠᠷᠪᠠᠨ ᠵᠢᠯ ᠤᠨ ᠤᠢ ᠶᠢ ᠶᠤᠰᠤᠯᠠᠨ ᠲᠡᠮᠳᠡᠭᠯᠡᠬᠦ  ᠦᠷᠭᠡᠨ ᠶᠡᠭᠡ ᠴᠤᠭᠯᠠᠭᠠᠨ ᠰᠢᠨᠬᠤᠸᠠ ᠠᠭᠤᠳᠠᠮ ᠲᠠᠯᠠᠪᠠᠢ ᠳᠤ ᠶᠠᠪᠤᠭᠳᠠᠬᠤ ᠳᠤ ᠪᠤᠷᠮ᠎ᠠ᠂ ᠤᠤᠳᠠ ᠶᠢᠨ ᠬᠠᠮᠳᠤ ᠠᠬᠤᠢ ᠨᠡᠪᠳᠡᠷᠡᠭᠦᠯᠭᠡ ᠬᠢᠵᠦ᠂ ᠴᠡᠪᠡᠷ ᠰᠠᠶᠢᠬᠠᠨ ᠪᠠᠷᠢᠮᠵᠢᠶᠠᠳᠦ ᠠᠶᠠᠯᠠᠭᠤ  ᠴᠢᠩ ᠦᠨᠡᠨ ᠰᠡᠳᠬᠢᠯᠭᠡ ᠪᠢᠯᠬᠠᠭᠰᠡᠨ ᠲᠠᠨᠢᠯᠴᠠᠭᠤᠯᠭ᠎ᠠ ᠪᠠᠷ ᠢᠶᠠᠨ ᠦᠷᠭᠡᠨ ᠤᠯᠠᠨ ᠷᠠᠳᠢᠤ᠋ ᠰᠤᠨᠤᠰᠤᠭᠴᠢᠳ ᠢᠶᠠᠨ ᠲᠤᠭᠳᠤᠯᠤᠭᠤᠯᠤᠨ ᠪᠠᠶᠠᠰᠬᠠᠭᠰᠡᠨ ᠪᠦᠭᠡᠳ ᠪᠠᠶᠠᠷ ᠤᠨ ᠵᠢᠭᠰᠠᠭᠠᠯ ᠤᠨ ᠭᠤᠶᠤ ᠰᠠᠶᠢᠬᠠᠨ ᠦᠵᠡᠭᠳᠡᠯ ᠎ ᠢ ᠢᠯᠡ ᠰᠢᠭᠤᠳ ᠬᠠᠷᠠᠭᠰᠠᠨ ᠮᠡᠳᠦ ᠲᠦᠷᠦᠭᠳᠡᠯ ᠲᠦᠷᠦᠭᠦᠯᠦᠭᠰᠡᠨ ᠨᠡᠪᠳᠡᠷᠡᠭᠦᠯᠭᠡ ᠨᠢ ᠦᠢ ᠲᠦᠮᠡᠨ ᠰᠤᠨᠤᠰᠤᠭᠴᠢᠳ ᠤᠨ ᠰᠡᠳᠬᠢᠯ ᠳᠤ ᠬᠤᠨᠤᠭᠰᠢᠵᠠᠢ  ᠃ ᠲᠤᠬᠠᠢ ᠶᠢᠨ ᠦᠶ᠎ᠠ  ᠪᠤᠯᠵᠤ ᠪᠠᠶᠢᠭᠰᠡᠨ ᠴᠢᠬᠤᠯᠠ ᠴᠢᠬᠤᠯᠠ ᠬᠤᠷᠠᠯ ᠴᠤᠭᠯᠠᠭᠠᠨ᠂ ᠦᠪᠡᠳᠡᠭᠰᠢ ᠶᠡᠭᠡ  ᠪᠠᠶᠠᠷ ᠶᠤᠰᠤᠯᠠᠯ ᠵᠡᠷᠭᠡ ᠳᠤ ᠤᠯᠠᠭᠠᠨᠬᠦᠦ᠂ ᠬᠠᠹᠤᠩᠭ᠎ᠠ᠂᠂᠂ ᠵᠡᠷᠭᠡ ᠨᠠᠮ ᠵᠠᠰᠠᠭ ᠤᠨ ᠴᠢᠬᠤᠯᠠ ᠤᠳᠤᠷᠢᠳᠤᠯᠭ᠎ᠠ ᠳᠤ ᠰᠢᠭᠤᠳ ᠤᠷᠴᠢᠭᠤᠯᠭ᠎ᠠ ᠬᠢᠵᠦ ᠶᠠᠪᠤᠭᠰᠡᠨ ᠪᠠ ᠲᠤᠳᠤᠭᠠᠳᠤ ᠭᠠᠳᠠᠭᠠᠳᠤ ᠶᠢᠨ ᠨᠡᠷ᠎ᠡ ᠬᠦᠨᠳᠦ ᠲᠠᠢ ᠢᠷᠡᠭᠤ ᠢᠯᠡᠳᠬᠡᠭᠴᠢ ᠬᠠᠹᠤᠩᠭ᠎ᠠ ᠲᠠᠷᠤᠭ᠎ᠠ  ︽ᠪᠤᠷᠮ᠎ᠠ ᠨᠦᠬᠦᠷ ᠰᠠᠶᠢᠬᠠᠨ ᠶᠠᠷᠢᠵᠦ ᠪᠠᠶᠢᠨ᠎ᠠ᠂ ᠠᠯᠢ ᠨᠤᠳᠤᠭ ᠤᠨ ᠬᠦᠮᠦᠨ ᠪᠤᠢ︖︾ ᠬᠡᠮᠡᠨ  ᠴᠤᠯ ᠮᠤᠩᠭᠤᠯ ᠢᠶᠠᠷ ᠬᠠᠯᠠᠮᠵᠢᠯᠠᠨ ᠰᠠᠶᠢᠰᠢᠶᠠᠭᠰᠡᠨ ᠨᠢ ᠴᠠᠯ ᠵᠠᠯᠠᠭᠤ ᠲᠡᠭᠦᠨ ᠳᠤ ᠵᠤᠷᠢᠭᠵᠢᠯ ᠲᠤᠷᠠᠰᠤᠮᠵᠢ ᠪᠤᠯᠤᠨ ᠵᠢᠷᠦᠬᠡ ᠰᠡᠳᠬᠢᠯ ᠳᠤ ᠨᠢ ᠬᠠᠳᠠᠩᠰᠢᠵᠠᠢ᠃        1964 ᠤᠨ ᠤ 12 ᠰᠠᠷ᠎ᠠ ᠶᠢᠨ 1᠎ ᠤ ᠡᠳᠦᠷ ᠤᠨ 20 ᠴᠠᠭ᠂ ᠡᠨᠡ ᠡᠳᠦᠷ ᠰᠠᠨᠰᠠᠷ ᠤᠨ ᠴᠡᠩᠬᠡᠷ ᠲᠤᠯᠬᠢᠶᠠᠨ ᠢᠶᠠᠷ᠂  ᠰᠠᠷᠠᠭᠤᠯ ᠤᠷᠴᠢᠯᠠᠩ ᠲᠤ ᠮᠤᠩᠭᠤᠯ ᠬᠡᠯᠡᠨ ᠤ ᠴᠤᠤᠷᠢᠶ᠎ᠠ ᠪᠡᠭᠡᠵᠢᠩ ᠠᠴᠠ ᠬᠠᠨᠭ᠍ᠬᠢᠨᠠᠭᠰᠡᠨ ᠲᠤᠷᠠᠰᠬᠠᠯᠳᠤ ᠡᠳᠦᠷ᠂  ᠡᠨᠡ ᠡᠳᠦᠷ  ᠲᠤᠮᠳᠠᠳᠤ ᠤᠯᠤᠰ ᠤᠨ ᠤᠯᠠᠨ ᠤᠯᠤᠰ ᠤᠨ ᠷᠠᠳᠢᠤ᠋ ᠶᠢᠨ  ᠭᠠᠳᠠᠭᠠᠳᠤ ᠳᠤ ᠵᠤᠷᠢᠭᠤᠯᠤᠭᠰᠡᠨ ᠮᠤᠩᠭᠤᠯ ᠬᠡᠯᠡᠨ ᠤ  ᠠᠩᠬᠠᠨ ᠤ ᠨᠡᠪᠳᠡᠷᠡᠭᠦᠯᠭᠡ ︽ᠪᠡᠭᠡᠵᠢᠩ ᠠᠴᠠ ᠶᠠᠷᠢᠵᠦ ᠪᠠᠶᠢᠨ᠎ᠠ︾ ᠲᠡᠯᠡᠬᠡᠢ ᠶᠢᠨ ᠰᠤᠨᠤᠷ ᠢ  ᠮᠢᠯᠢᠶᠠᠭᠰᠡᠨ ᠪᠠᠶᠢᠨ᠎ᠠ᠃ ᠡᠨᠡᠬᠦ ᠠᠩᠬᠠᠨ ᠤ ᠨᠡᠪᠳᠡᠷᠡᠭᠦᠯᠭᠡ ᠶᠢ ᠪᠦᠳᠦᠭᠡᠭᠰᠡᠨ ᠤᠤᠭᠠᠨ ᠨᠡᠪᠳᠡᠷᠡᠭᠦᠯᠦᠭᠴᠢ ᠪᠤᠷᠮ᠎ᠠ᠂ ᠲᠡᠨᠢᠭᠡᠷ ᠲᠠᠯ᠎ᠠ ᠳᠠᠭᠠᠨ ᠲᠤᠭᠯᠠᠵᠤ ᠭᠦᠡᠭᠭᠡᠷ ᠤᠨ ᠤᠰᠤ ᠪᠠᠨ ᠤᠤᠭᠤᠵᠦ ᠦᠰᠦᠭᠰᠡᠨ ᠡᠩ ᠤᠨ ᠮᠠᠯᠴᠢᠨ ᠤ  ᠬᠡᠣᠬᠡᠳ ᠪᠢ᠂ ᠤᠳᠤ ᠨᠡᠶᠢᠰᠯᠡᠯ ᠪᠡᠭᠡᠵᠢᠩ ᠠᠴᠠ ᠡᠬᠡ ᠤᠯᠤᠰ ᠢᠶᠠᠨ ᠲᠦᠯᠦᠭᠡᠯᠡᠵᠦ᠂ ᠡᠬᠡ ᠬᠡᠯᠡ ᠪᠠᠷ ᠢᠶᠠᠨ ᠲᠡᠯᠡᠬᠡᠢ ᠳᠤ ᠬᠠᠨᠳᠤᠵᠦ ᠨᠡᠪᠳᠡᠷᠡᠭᠦᠯᠦᠯ᠎ᠡ ᠭᠡᠵᠦ ᠰᠡᠳᠬᠢᠯ ᠨᠢ ᠶᠡᠬᠡᠳᠡ ᠲᠤᠭᠳᠤᠯᠵᠠᠢ᠃ ᠦᠪᠦᠷ ᠮᠤᠩᠭᠤᠯ ᠳᠠᠭᠠᠨ ᠬᠢᠯᠠᠯᠵᠠᠳᠠᠯ᠎ᠠ ᠠᠵᠢᠯᠯᠠᠵᠦ ᠪᠠᠶᠢᠭᠰᠡᠨ ᠭᠤᠤᠯ ᠨᠡᠪᠳᠡᠷᠡᠭᠦᠯᠦᠭᠴᠢ ᠪᠤᠷᠮ᠎ᠠ ᠶᠢ ᠲᠦᠪ ᠤᠨ ᠴᠢᠬᠤᠯᠠ ᠪᠠᠶᠢᠭᠤᠯᠭ᠎ᠠ ᠳᠤ ᠲᠡᠪᠰᠢᠬᠦᠯᠦᠨ ᠠᠪᠴᠢᠷᠠᠬᠤ ᠳᠤ ᠤᠤᠯ ᠤᠨ ᠪᠠᠶᠢᠭᠤᠯᠭ᠎ᠠ ᠨᠢ ᠦᠭᠭᠦ ᠲᠤᠷ᠎ᠠ ᠦᠭᠡᠢ ᠲᠤᠯᠠ ᠬᠦᠴᠦ ᠤᠷᠤᠭᠰᠡᠨ ᠪᠠᠶᠢᠨ᠎ᠠ  ᠃ ᠡᠨᠡ ᠲᠤᠬᠠᠢ᠂  ᠡᠨᠡ ᠲᠤᠬᠠᠢ ᠤᠯᠠᠨ ᠤᠯᠤᠰ ᠤᠨ ᠷᠠᠳᠢᠤ᠋ ᠶᠢᠨ ᠮᠤᠩᠭᠤᠯ ᠬᠡᠯᠡᠨ ᠤ ᠨᠡᠪᠳᠡᠷᠡᠭᠦᠯᠭᠡ ᠶᠢ ᠡᠭᠦᠰᠭᠡᠨ ᠪᠠᠶᠢᠭᠤᠯᠤᠭᠴᠢ ᠴᠢᠯᠠᠭᠤᠨ ᠭᠤᠸᠠᠢ ︽ᠡᠮᠡᠭᠳᠡᠢ ᠨᠡᠪᠳᠡᠷᠡᠭᠦᠯᠦᠭᠴᠢ ᠪᠤᠷᠮ᠎ᠠ ᠶᠢ  ᠪᠡᠭᠡᠵᠢᠩ ᠲᠤ ᠠᠪᠴᠢᠷᠠᠬᠤ ᠪᠠᠷ ᠰᠠᠨᠠᠯ ᠨᠢᠭᠡᠳᠴᠠᠢ᠃ ᠪᠤᠤ ᠰᠢᠶᠠᠩ ᠲᠠᠷᠤᠭ᠎ᠠ ᠤᠯᠠᠨ ᠰᠢᠯᠳᠠᠭᠠᠨ ᠲᠤᠷᠠᠳᠴᠦ᠂ ᠪᠤᠷᠮ᠎ᠠ ᠶᠢ ᠦᠭᠭᠦ ᠦᠭᠡᠢ ᠲᠤᠯᠠ ᠲᠤᠬᠠᠢ ᠶᠢᠨ ᠦᠶ᠎ᠡ ᠶᠢᠨ ᠦᠪᠦᠷ ᠮᠤᠩᠭᠤᠯ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠤᠨ  ᠲᠡᠳ᠋ ᠲᠠᠷᠤᠭ᠎ᠠ  ᠲᠡᠭᠦᠰ ᠤᠨ ᠵᠦᠪᠰᠢᠶᠡᠷᠡᠯ ᠢ ᠤᠯᠵᠦ ᠪᠠᠶᠢᠮᠠᠨ ᠪᠤᠷᠮ᠎ᠠ ᠶᠢ ᠲᠡᠭᠦᠨ ᠤ ᠨᠦᠬᠦᠷ ᠡᠷᠬᠡ ᠶᠢᠨ ᠬᠠᠮᠳᠤ ᠠᠪᠴᠢᠷᠠᠵᠦ᠂ ᠨᠡᠪᠳᠡᠷᠡᠭᠦᠯᠬᠦ ᠠᠵᠢᠯ ᠢ ᠴᠢᠩᠭᠠᠳᠬᠠᠪᠠ︾ ᠬᠡᠮᠡᠨ ᠲᠤᠷᠠᠰᠪᠠ᠃ ᠪᠡᠭᠡᠵᠢᠩ ᠲᠤ ᠰᠢᠯᠵᠢᠵᠦ ᠢᠷᠡᠭᠰᠡᠨ ᠪᠤᠷᠮ᠎ᠠ᠂ ᠪᠦᠬᠦ ᠰᠡᠳᠬᠢᠯ ᠵᠢᠷᠦᠬᠡ ᠪᠠᠨ ᠠᠵᠢᠯ ᠳᠠᠭᠠᠨ ᠵᠤᠷᠢᠭᠤᠯᠵᠦ᠂ ᠭᠠᠳᠠᠭᠠᠳᠤ ᠳᠤ ᠵᠤᠷᠢᠭᠤᠯᠤᠭᠰᠡᠨ ᠤᠬᠠᠭᠤᠯᠭ᠎ᠠ ᠶᠢᠨ ᠬᠡᠷᠡᠭᠴᠡᠭᠡ ᠳᠤ ᠲᠤᠬᠢᠷᠠᠬᠤ ᠶᠢᠨ ᠲᠤᠰᠠᠳᠠ ᠰᠢᠨ᠎ᠡ ᠶᠢ ᠰᠤᠷᠴᠤ ᠂ ᠤᠤᠯ ᠤᠨ ᠨᠡᠪᠳᠡᠷᠡᠭᠦᠯᠳᠡᠭ ᠠᠷᠭ᠎ᠠ ᠬᠡᠯᠪᠡᠷᠡᠢ ᠪᠠᠨ ᠦᠭᠡᠷᠡᠴᠢᠯᠡᠵᠦ ᠬᠠᠯᠬ᠎ᠠ ᠠᠶᠠᠯᠠᠭᠤ ᠪᠠᠷ ᠨᠡᠪᠳᠡᠷᠡᠭᠦᠯᠵᠦ᠂ ᠨᠠᠶᠢᠷᠠᠭᠤᠯᠵᠦ ᠤᠷᠴᠢᠭᠤᠯᠬᠤ ᠪᠠᠷ ᠮᠡᠷᠡᠶᠢᠨ ᠴᠢᠷᠮᠠᠶᠢᠵᠠᠢ᠃ ᠡᠨᠡᠬᠦ ᠶᠠᠪᠤᠴᠠ ᠳᠤ ᠲᠡᠷᠡ ᠪᠠᠷ ᠤᠯᠠᠨ ᠬᠦᠴᠢᠷ ᠪᠡᠷᠬᠡᠰᠢᠶᠡᠯ ᠢ ᠲᠠᠪᠠᠨ ᠲᠤᠭᠤᠯᠤᠭᠰᠡᠨ ᠪᠠ ᠤᠨᠴᠠᠭᠠᠢ ᠴᠠᠭ ᠦᠶ᠎ᠡ ᠶᠢᠨ ᠵᠡᠷᠢᠮ ᠬᠡᠳᠦ ᠵᠡᠭᠦᠨ ᠤ ᠶᠠᠭᠤᠮ᠎ᠠ ᠶᠢ ᠲᠤᠷ᠎ᠠ ᠦᠭᠡᠶᠢᠴᠢᠨ ᠵᠢᠭᠰᠢᠵᠦ᠂ ᠰᠤᠨᠤᠰᠤᠭᠴᠢᠳ ᠢ ᠵᠠᠩᠳᠤᠷᠴᠦ᠂ ᠵᠠᠬᠢᠷᠴᠦ᠂ ᠵᠢᠭᠠᠵᠦ ᠰᠤᠷᠭᠠᠮᠵᠢᠯᠠᠵᠦ ᠨᠡᠪᠳᠡᠷᠡᠭᠦᠯᠳᠡᠭ  ᠵᠢᠭᠳᠡᠢ ᠬᠡᠯᠪᠡᠷᠢᠯ ᠢ  ᠡᠰᠡᠷᠭᠦᠴᠡᠵᠦ ᠬᠦᠯᠢᠶᠡᠨ ᠠᠪᠤᠭᠰᠡᠨ ᠦᠭᠡᠢ᠃        ᠮᠤᠩᠭᠤᠯ ᠶᠠᠷᠢᠶᠠᠨ ᠤ ᠰᠤᠶᠤᠯ ᠳᠠᠭᠠᠨ ᠤᠶᠢᠷᠠᠳᠤᠭᠤᠯᠵᠦ ᠶᠠᠷᠢᠶᠠᠴᠢᠯᠠᠵᠦ ᠨᠡᠪᠳᠡᠷᠡᠭᠦᠯᠬᠦ ᠪᠠᠷ ᠡᠷᠡᠰ ᠵᠤᠷᠢᠵᠦ᠂ ᠲᠤᠯᠭᠠᠷᠠᠭᠰᠡᠨ ᠮᠡᠷᠭᠡᠵᠢᠯ ᠤᠨ ᠬᠦᠴᠢᠷ ᠠᠰᠠᠭᠤᠳᠠᠯ ᠢ ᠤᠨᠤᠯ ᠤᠨ ᠵᠢᠯᠤᠭᠤᠳᠤᠯᠭ᠎ᠠ ᠲᠠᠢ ᠪᠠᠷ ᠰᠡᠶᠢᠳᠪᠦᠷᠢᠯᠡᠬᠦ ᠶᠢᠨ ᠲᠦᠯᠦᠭᠡ᠂ ᠲᠤᠳᠤᠭᠠᠳᠤ ᠭᠠᠳᠠᠭᠠᠳᠤ ᠶᠢᠨ ᠨᠡᠪᠳᠡᠷᠡᠭᠦᠯᠬᠦ ᠲᠤᠬᠠᠢ ᠡᠷᠳᠡᠮ ᠰᠢᠨᠵᠢᠯᠡᠭᠡᠨ ᠤ  ᠦᠭᠦᠯᠡᠯ ᠵᠤᠬᠢᠶᠠᠯ ᠂ ᠨᠤᠮ ᠲᠡᠪᠳᠡᠷ ᠤᠳ ᠪᠤᠯᠤᠨ ᠺᠢᠨᠤ᠋ ᠤᠷᠠᠯᠢᠭ᠂ ᠲᠠᠭᠤᠯᠠᠯᠳᠤ ᠤᠷᠠᠯᠢᠭ ᠤᠨ ᠬᠢᠨ ᠤ ᠠᠷᠭ᠎ᠠ ᠲᠤᠷᠰᠢᠯᠭ᠎ᠠ ᠶᠢᠨ ᠲᠤᠬᠠᠢ ᠵᠤᠬᠢᠶᠠᠯ ᠪᠦᠳᠦᠭᠡᠯ ᠤᠳ ᠢ ᠴᠢᠩᠭᠠᠭᠰᠡᠨ ᠬᠦᠮᠦᠨ ᠤᠮᠳᠠᠭ᠎ᠠ ᠬᠦᠰᠡᠬᠦ ᠮᠡᠳᠦ ᠰᠢᠮ᠎ᠡ ᠲᠠᠢ ᠰᠤᠳᠤᠯᠤᠨ ᠤᠡᠭᠰᠢᠵᠦ᠂ ᠠᠰᠢᠭᠯᠠᠵᠤ ᠪᠤᠯᠬᠤ ᠵᠤᠶᠢᠯ ᠢ ᠨᠢ ᠨᠡᠪᠳᠡᠷᠡᠭᠦᠯᠬᠦ ᠳᠡᠭᠡᠨ ᠠᠭᠤᠰᠬᠠᠵᠦ ᠠᠪᠴᠠᠢ᠃        ᠨᠡᠪᠳᠡᠷᠡᠭᠦᠯᠬᠦ ᠤᠨᠤᠯ ᠤᠨ ᠮᠡᠳᠡᠯᠭᠡ ᠨᠢ ᠪᠠᠶᠠᠯᠢᠭᠵᠢᠵᠦ᠂ ᠤᠷᠠᠯᠢᠭ ᠤᠨ ᠰᠤᠳᠤᠯᠤᠯ ᠨᠢ ᠭᠦᠨᠵᠡᠭᠡᠶᠢᠷᠡᠬᠦ ᠎ ᠶᠢᠨ ᠲᠠᠭᠤ ᠠᠶᠠᠯᠠᠭ᠎ᠠ᠂ ᠰᠡᠳᠬᠢᠯᠭᠡ ᠬᠤᠶᠠᠷ ᠮᠤᠩᠭᠤᠯ ᠬᠡᠯᠡᠨ ᠤ ᠨᠡᠪᠳᠡᠷᠡᠭᠦᠯᠭᠡ ᠳᠤ ᠴᠢᠬᠤᠯᠠ ᠦᠢᠯᠡᠳᠦᠯ ᠭᠠᠷᠭᠠᠵᠦ ᠪᠠᠶᠢᠬᠤ ᠶᠢ ᠤᠬᠠᠭᠠᠷᠠᠵᠦ ᠮᠡᠳᠡᠵᠠᠢ᠃ ᠤᠯᠠᠮ ᠢᠶᠠᠷ ᠤᠷᠠᠨ ᠲᠤᠳᠤ᠂ ᠡᠩ ᠤᠨ ᠲᠠᠷᠤᠤᠬᠠᠨ ᠪᠦᠭᠡᠳ ᠮᠤᠩᠭᠤᠯ ᠠᠮᠠᠨ ᠶᠠᠷᠢᠶᠠᠨ ᠳᠠᠭᠠᠨ ᠤᠶᠢᠷᠠᠳᠤᠭᠤᠯᠵᠤ ᠨᠡᠪᠳᠡᠷᠡᠭᠦᠯᠳᠡᠭ᠂ ᠦᠪᠡᠷ ᠤᠨ ᠬᠡᠪ ᠨᠠᠮᠪᠠ ᠨᠢ ᠲᠤᠭᠳᠠᠭᠠᠳ᠂ ᠡᠷᠳᠡᠮᠳᠡᠨ ᠮᠡᠷᠭᠡᠳ᠂ ᠮᠡᠷᠭᠡᠵᠢᠯ ᠨᠢᠭᠡᠳᠡᠨ ᠨᠢ ᠲᠡᠭᠦᠨ ᠢ  ︽ᠨᠡᠪᠳᠡᠷᠡᠭᠦᠯᠭᠡ ᠶᠢᠨ ᠮᠡᠷᠭᠡᠵᠢᠯᠳᠡᠨ︾᠂ ︽ᠨᠡᠪᠳᠡᠷᠡᠭᠦᠯᠭᠡ ᠶᠢᠨ ᠨᠡᠷ᠎ᠡ ᠬᠦᠨᠳᠦᠳᠡᠨ︾᠂ ︽ᠨᠡᠪᠳᠡᠷᠡᠭᠦᠯᠭᠡ ᠶᠢᠨ ᠤᠷᠬᠢᠯ ᠳᠤ ᠭᠠᠷᠤᠭᠰᠡᠨ ᠬᠦᠮᠦᠨ︾  ᠭᠡᠵᠦ ᠬᠦᠷᠢᠶᠡᠯᠡᠨ ᠰᠠᠶᠢᠰᠢᠶᠠᠵᠦ᠂ ᠬᠠᠶᠢᠷ᠎ᠠ ᠬᠦᠨᠳᠦᠳᠭᠡᠯ ᠢᠶᠠᠨ ᠬᠠᠷᠠᠮ ᠦᠭᠡᠢ ᠦᠭᠭᠦᠭᠰᠡᠨ ᠪᠠᠶᠢᠨ᠎ᠠ᠃        ᠤᠷᠠᠯᠢᠭ ᠤᠨ ᠦᠨᠳᠦᠷ ᠲᠦᠪᠰᠢᠨ ᠳᠤ ᠬᠦᠷᠦᠭᠰᠡᠨ ᠪᠤᠷᠮ᠎ᠠ ᠦᠷᠭᠦᠯᠵᠢᠯᠡᠨ ᠨᠢᠭᠳᠠᠯᠠᠨ ᠰᠤᠳᠤᠯᠵᠤ ᠶᠠᠷᠢᠬᠤ ᠭᠡᠰᠡᠨ ᠵᠤᠬᠢᠶᠠᠯ᠂ ᠡᠬᠡ ᠪᠢᠴᠢᠭ ᠢᠶᠠᠨ ᠨᠠᠷᠢᠨ ᠰᠤᠳᠤᠯᠤᠨ ᠲᠠᠪᠳᠠᠵᠦ᠃ ᠢᠯᠡᠳᠬᠡᠵᠦ ᠨᠡᠪᠳᠡᠷᠡᠭᠦᠯᠬᠦ ᠳᠡᠭᠡᠨ ᠤᠷᠤᠨ ᠵᠠᠢ ᠶᠢ ᠪᠠᠭᠠᠰᠬᠠᠵᠦ ᠵᠠᠭᠠᠭ ᠪᠠᠶᠢᠷᠢ ᠶᠢ ᠪᠦᠳᠡᠬᠢᠷᠡᠭᠦᠯᠵᠦ᠂ ᠰᠤᠨᠤᠰᠤᠭᠴᠢᠳ ᠢᠶᠠᠨ ᠬᠦᠨᠳᠦᠳᠭᠡᠨ ᠡᠩᠭᠦᠬᠡᠨ  ᠬᠦᠭ ᠠᠶᠠᠰ ᠢᠶᠠᠷ ᠤᠶᠢᠷᠠᠳᠤᠭᠤᠯᠵᠤ᠂ ᠭᠤᠸ᠎ᠠ ᠰᠠᠶᠢᠬᠠᠨ ᠤ ᠬᠦᠷᠳᠡᠭᠡᠯ ᠲᠠᠢ  ᠶᠠᠷᠢᠭᠠᠳ ᠬᠢᠯᠢᠶᠡᠨ ᠠᠪᠤᠭᠴᠢᠳ ᠤᠨ ᠰᠡᠳᠬᠢᠯ ᠳᠤ ᠬᠦᠷᠭᠡᠵᠦ ᠴᠢᠳᠠᠭᠰᠠᠨ ᠪᠠᠶᠢᠨ᠎ᠠ᠃        ᠲᠤᠮᠳᠠᠳᠤ ᠣᠯᠣᠰ ᠤᠨ ᠤᠯᠠᠨ ᠤᠯᠤᠰ ᠤᠨ ᠷᠠᠳᠢᠤ᠋  ᠶᠢᠨ ᠮᠤᠩᠭᠤᠯ ᠬᠡᠯᠡᠨ ᠤ  ᠨᠡᠪᠳᠡᠷᠡᠭᠦᠯᠭᠡ ᠡᠬᠢᠯᠡᠭᠰᠡᠨ 30 ᠵᠢᠯ  ᠤᠨ ᠤᠢ ᠶᠢ ᠤᠭᠳᠤᠵᠦ ︽ᠲᠠ ᠬᠡᠨ ᠤ ᠶᠠᠷᠢᠬᠤ ᠶᠢ ᠰᠤᠨᠤᠰᠬᠤ ᠲᠤᠷᠠᠳᠠᠢ ᠪᠤᠢ  ︖︾  ᠭᠡᠰᠡᠨ ᠠᠰᠠᠭᠤᠯᠳᠠ ᠭᠠᠷᠭᠠᠵᠦ  ᠰᠤᠨᠤᠰᠤᠭᠴᠢᠳ ᠠᠴᠠ ᠰᠠᠨᠠᠯ ᠬᠤᠷᠢᠶᠠᠭᠰᠠᠨ ᠳᠤ ᠮᠤᠩᠭᠤᠯ ᠤᠨ ᠨᠢᠭᠡᠨ ᠵᠠᠯᠠᠭᠤ ᠰᠤᠨᠤᠰᠦᠭ᠌ᠴᠢ  ︽ᠪᠤᠷᠮ᠎ᠠ ᠨᠡᠪᠳᠡᠷᠡᠭᠦᠯᠦᠭᠴᠢ ᠪᠤᠯ ᠬᠠᠮᠤᠭ ᠤᠨ ᠰᠠᠶᠢᠬᠠᠨ ᠨᠡᠪᠳᠡᠷᠡᠭᠦᠯᠦᠭᠴᠢ᠂ ᠶᠡᠭᠡ ᠰᠠᠶᠢᠬᠠᠨ ᠨᠡᠪᠳᠡᠷᠡᠭᠦᠯᠳᠡᠭ᠂ ᠢᠡᠭᠭᠢᠭᠡᠳ ᠪᠤᠷᠮ᠎ᠠ ᠪᠤᠯᠤᠨ ᠪᠤᠰᠤᠳ ᠨᠡᠪᠳᠡᠷᠡᠭᠦᠯᠦᠭᠴᠢ ᠳᠡᠭᠡᠨ ᠤᠯᠠᠮ ᠶᠡᠭᠡ ᠠᠮᠵᠢᠯᠳᠠ ᠬᠦᠰᠡᠨ ᠢᠷᠦᠭᠡᠶ᠎ᠡ  ︾  ᠬᠡᠰᠡᠨ ᠪᠤᠯ ᠭᠦᠨᠳᠡᠭᠮ᠎ᠡ ᠬᠡᠰᠡᠨ ᠰᠤᠨᠤᠰᠤᠭᠴᠢ  ︽ᠮᠤᠩᠭᠤᠯ ᠬᠡᠯᠡᠨ ᠤ ᠨᠡᠪᠳᠡᠷᠡᠭᠦᠯᠭᠡ ᠶᠢ ᠵᠦᠪᠬᠢᠨ ᠭᠠᠭᠴᠠ ᠪᠢ ᠰᠤᠨᠤᠰᠳᠠᠭ ᠪᠢᠰᠢ᠂  ᠮᠢᠨᠤ ᠠᠪᠤ ᠡᠵᠢ᠂ ᠠᠬ᠎ᠠ ᠲᠡᠭᠦᠦ ᠰᠠᠳᠤᠨ᠂ ᠬᠤᠷᠢᠨ ᠨᠢᠭᠡᠨ ᠬᠦᠮᠦᠨ ᠲᠠᠢ ᠪᠦᠯᠦᠭ ᠪᠠᠶᠢᠭᠤᠯᠪᠠ᠂ ᠴᠢᠨᠠᠭᠰᠢᠳᠠ ᠤᠯᠠᠮ ᠤᠯᠠᠰᠢᠷᠠᠨ᠎ᠠ ᠭᠡᠳᠡᠭ ᠲᠤ ᠪᠢ ᠢᠳᠡᠭᠡᠵᠦ ᠪᠠᠶᠢᠨ᠎ᠠ︾ ᠭᠡᠵᠠᠢ᠃ ᠪᠤᠷᠮ᠎ᠠ ᠶᠢᠨ ᠨᠡᠪᠳᠡᠷᠡᠭᠦᠯᠭᠡ ᠶᠢ ᠰᠤᠨᠤᠰᠤᠭᠰᠡᠨ ᠮᠤᠩᠭᠤᠯ ᠤᠨ ᠨᠢᠭᠡᠨ ᠠᠬᠠᠮᠠᠳ ᠰᠤᠨᠤᠰᠤᠭᠴᠢ ︽ᠪᠤᠷᠮ᠎ᠠ ᠶᠢᠨ ᠰᠢᠩᠭᠡᠨ ᠲᠠᠩᠰᠤᠭ ᠦᠭᠡ ᠬᠡᠯᠡᠯᠭᠡ ᠪᠦᠬᠦᠨ ᠨᠢ ᠪᠢᠳᠡ ᠪᠦᠬᠦᠨ ᠤ ᠰᠤᠨᠤᠰᠬᠤ  ᠡᠷᠬᠡᠳᠡᠨ ᠢᠶᠠᠷ ᠲᠠᠮᠵᠢᠨ ᠵᠢᠷᠦᠬᠡ ᠰᠡᠳᠬᠢᠯ  ᠂ ᠮᠢᠬ᠎ᠠ ᠴᠢᠰᠤᠨ ᠳᠤ ᠮᠢᠨᠢ ᠰᠢᠩᠭᠡᠳᠡᠭ  ︾  ᠭᠡᠵᠡᠢ᠃ ᠪᠠᠰᠠ ᠨᠢᠭᠡ ᠵᠠᠯᠠᠭᠤ ᠡᠮᠡᠭᠳᠠᠢ ᠰᠤᠨᠤᠰᠤᠭᠴᠢ  ︽ᠪᠤᠷᠮ᠎ᠠ ᠭᠤᠸᠠᠢ ᠪᠤᠯ ᠮᠢᠨᠤ ᠬᠠᠮᠤᠭ ᠤᠨ ᠬᠠᠶᠢᠷᠠᠳᠠᠢ ᠨᠡᠪᠳᠡᠷᠡᠭᠦᠯᠦᠭᠴᠢ ᠮᠦᠨ ᠠᠴᠠ ᠮᠦᠨ︾ ᠭᠡᠵᠡᠢ᠃ 1991 ᠤᠨ ᠳᠤ ᠬᠢᠳᠡᠳ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠦᠯᠬᠦᠮ ᠢ ᠲᠠᠭᠠᠵᠦ ᠮᠤᠩᠭᠤᠯ ᠳᠤ ᠠᠶᠢᠯᠴᠢᠯᠠᠬᠤ ᠦᠶᠠᠰ ᠮᠤᠩᠭᠤᠯ ᠤᠯᠤᠰ ᠤᠨ ᠨᠢᠭᠡᠨ ᠨᠡᠷᠡᠳᠦ ᠵᠤᠬᠢᠶᠠᠯᠴᠢ  ︽ᠪᠢ ᠲᠠᠨ ᠢ ᠲᠠᠨᠢᠨ᠎ᠠ᠂ ᠲᠠ ᠵᠢᠷᠠᠭᠠᠳ ᠤᠨ ᠠᠴᠠ ᠨᠡᠪᠳᠡᠷᠡᠭᠦᠯᠵᠦ ᠪᠠᠶᠢᠭᠰᠡᠨ᠃ ᠲᠠᠨ ᠤ ᠲᠠᠭᠤ ᠰᠠᠶᠢᠬᠠᠨ ᠪᠤᠯᠬᠤ ᠪᠠᠷ ᠨᠢ ᠪᠢ ᠰᠤᠨᠤᠰᠬᠤ ᠲᠤᠷᠠᠳᠠᠢ᠂ ᠲᠡᠷᠡ ᠦᠶ᠎ᠡ ᠳᠤ ᠴᠢᠨᠢ ᠬᠤᠶᠠᠷ ᠤᠯᠤᠰ ᠪᠡᠶ᠎ᠠ ᠪᠡᠶ᠎ᠡ ᠪᠠᠨ ᠵᠢᠮᠡᠯᠡᠭᠡᠳ ᠬᠢᠳᠡᠳ ᠤᠨ ᠷᠠᠳᠢᠤ᠋ ᠶᠢ ᠰᠤᠨᠤᠰᠤᠭᠤᠯᠬᠤ ᠦᠭᠡᠢ᠃ ᠬᠡᠷᠪᠡ ᠰᠤᠨᠤᠰᠴᠦ ᠪᠠᠶᠢᠭᠠᠳ ᠰᠡᠷᠡᠭᠳᠡᠪᠡᠯ᠂᠂᠂᠂ ᠭᠡᠪᠡᠴᠦ ᠪᠢ ᠲᠠᠨ ᠤ ᠶᠠᠷᠢᠬᠤ ᠶᠢ ᠤᠷᠤᠢ ᠪᠤᠯᠭᠠᠨ ᠨᠢᠭᠤᠵᠦ ᠰᠤᠨᠤᠰᠳᠠᠭ ᠪᠠᠶᠢᠯ᠎ᠠ︾ ᠭᠡᠵᠦ ᠵᠢᠷᠦᠬᠡ ᠰᠡᠳᠬᠢᠯ  ᠲᠠᠳᠠᠯᠴᠠᠭᠰᠡᠨ ᠡᠯᠢᠭᠡ ᠨᠢᠭᠡᠳᠡᠨ ᠤ ᠡᠩᠭᠦᠷᠡᠢ ᠰᠠᠶᠢᠬᠠᠨ ᠲᠤᠷᠠᠳᠬᠠᠯ  ᠦᠯᠡᠳᠡᠭᠡᠵᠠᠢ᠃        ᠶᠠᠭᠤ ᠪᠠᠷ ᠶᠠᠳᠠᠭᠤᠷᠠᠭᠰᠡᠨ ᠴᠦ ᠰᠤᠶᠤᠯ ᠢᠶᠠᠷ ᠶᠠᠳᠠᠭᠤᠷᠠᠵᠦ ᠪᠤᠯᠬᠤ ᠦᠭᠡᠢ᠂ ᠶᠠᠭᠤ ᠪᠠᠷ ᠲᠤᠳᠠᠭᠰᠡᠨ ᠴᠦ ᠶᠤᠰᠤ ᠮᠤᠷᠠᠯ ᠢᠶᠠᠷ ᠲᠤᠳᠠᠵᠦ ᠪᠤᠯᠬᠤ ᠦᠭᠡᠢ᠃ ᠨᠡᠪᠳᠡᠷᠡᠭᠦᠯᠭᠡ ᠶᠢᠨ ᠠᠵᠢᠯ ᠢᠶᠠᠨ ᠦᠨᠳᠦᠰᠦᠳᠡᠨ ᠤ ᠪᠠᠭ᠋ᠠᠷᠬᠠᠯ᠂ ᠢᠳᠡᠭᠡᠯ ᠵᠤᠷᠢᠭ ᠤᠨ ᠢᠳᠡ ᠨᠠᠶᠢᠳᠠᠪᠤᠷᠢ ᠪᠤᠯᠭᠠᠭᠰᠡᠨ ᠪᠤᠷᠮ᠎ᠠ ᠤᠯᠤᠰ ᠤᠨ ᠲᠠᠰ ᠤᠨ ᠦᠨᠳᠦᠷ ᠪᠠᠷᠢᠮᠵᠢᠶᠠᠨ ᠳᠤ ᠬᠦᠷᠭᠡᠬᠦ ᠶᠢᠨ ᠲᠦᠯᠦᠭᠡ᠂ ᠦᠢᠯᠡᠳᠦᠯᠭᠡ ᠶᠢᠨ ᠲᠤᠮᠳᠠ ᠰᠤᠷᠤᠯᠴᠠᠵᠦ᠂ ᠰᠤᠳᠤᠯᠬᠤ ᠶᠢᠨ ᠲᠠᠭᠤ ᠦᠭᠡᠷᠡᠴᠢᠯᠡᠯᠳᠡ ᠬᠢᠭᠰᠡᠨ ᠢᠶᠠᠷ 1985 ᠤᠨ ᠤ7 ᠰᠠᠷ᠎ᠠ ᠳᠤ ᠲᠤᠮᠳᠠᠳᠤ ᠤᠯᠤᠰ ᠤᠨ ᠷᠠᠳᠢᠤ᠋ ᠨᠡᠪᠳᠡᠷᠡᠭᠦᠯᠭᠡ ᠶᠢᠨ ᠠᠵᠢᠯ ᠤᠨ ᠴᠤᠯᠠ ᠲᠤᠭᠳᠠᠭᠠᠬᠤ ᠵᠦᠪᠯᠡᠯ ᠠᠴᠠ ︽ᠡᠷᠬᠢᠯᠡᠭᠴᠢ ᠨᠡᠪᠳᠡᠷᠡᠭᠦᠯᠦᠭᠴᠢ︾  ᠮᠡᠷᠭᠡᠵᠢᠯ ᠤᠨ ᠦᠨᠳᠦᠷ  ᠵᠢᠩᠳᠠᠭᠠᠨ ᠤ ᠴᠤᠯᠠ ᠬᠦᠷᠳᠡᠭᠡᠵᠦ᠂1987 ᠤᠨ ᠳᠤ  ︽ᠤᠯᠠᠨ ᠤᠯᠤᠰ ᠤᠨ ᠷᠠᠳᠢᠤ᠋  ᠶᠢᠨ ᠰᠢᠯᠢᠳᠡᠭ ᠨᠡᠪᠳᠡᠷᠡᠭᠦᠯᠦᠭᠴᠢ︾᠎ ᠶᠢᠨ ᠦᠨᠡᠮᠯᠡᠬᠦ ᠭᠠᠷᠳᠠᠭᠤᠯᠪᠠ  ᠃ 1993 ᠤᠨ ᠳᠤ ᠲᠤᠮᠳᠠᠳᠤ ᠤᠯᠤᠰ ᠤᠨ ᠤᠯᠠᠨ ᠤᠯᠤᠰ ᠤᠨ ᠷᠠᠳᠢᠤ᠋ ᠶᠢᠨ ᠡᠷᠳᠡᠮ ᠤᠨ ᠴᠤᠯᠠ ᠲᠤᠭᠳᠠᠭᠠᠬᠤ ᠵᠦᠪᠯᠡᠯ ᠠᠴᠠ ︽ᠨᠡᠪᠳᠡᠷᠡᠭᠦᠯᠭᠡ  ᠵᠢᠯᠤᠭᠤᠳᠤᠭᠴᠢ ᠫᠧᠷᠤᠹᠧᠰᠰᠤᠷ︾  ᠴᠤᠯᠠ   ᠤᠯᠭᠤᠪᠠ᠃  ᠬᠡᠰᠢᠭᠳᠡᠨ ᠨᠤᠳᠤᠭ ᠲᠠᠢ ᠪᠤᠷᠮ᠎ᠠ ᠮᠤᠩᠭᠤᠯ ᠦᠨᠳᠦᠰᠦᠳᠡᠨ ᠤ  ᠲᠤᠳᠤᠷ᠎ᠠ ᠲᠤᠮᠳᠠᠳᠤ ᠤᠯᠤᠰ ‍ᠤᠨ‌ᠨᠡᠪᠳᠡᠷᠡᠭᠦᠯᠦᠭᠴᠢ ᠶᠢᠨ ᠡᠷᠳᠡᠮ ᠤᠨ ᠲᠡᠭᠡᠳᠦ ᠵᠡᠷᠭᠡ ᠶᠢᠨ ᠴᠤᠯᠠ  ᠠᠪᠤᠭᠰᠡᠨ ᠠᠩᠬᠠᠨ ᠤ ᠬᠦᠮᠦᠨ ᠪᠤᠯᠵᠠᠢ᠃ ᠡᠭᠦᠨ ᠠᠴᠠ ᠭᠠᠳᠠᠨ᠎ᠠ ᠷᠠᠳᠢᠤ᠋ ᠲᠧᠯᠸᠢᠰ ᠶᠠᠮᠤᠨ᠂ ᠤᠯᠠᠨ ᠤᠯᠤᠰ ᠤᠨ ᠷᠠᠳᠢᠤ᠋ ᠶᠢᠨ ᠰᠢᠯᠢᠳᠡᠭ ᠲᠡᠷᠢᠭᠦᠨ ᠤ ᠠᠵᠢᠯᠳᠡᠨ ᠢᠶᠠᠷ ᠤᠯᠠᠨᠳᠠ ᠰᠢᠯᠭᠠᠷᠠᠵᠦ  ᠶᠠᠪᠤᠭᠰᠡᠨ  ᠪᠠᠶᠢᠵᠠᠢ᠃        ᠪᠤᠷᠮ᠎ᠠ ᠭᠤᠸᠠᠢ ᠪᠤᠯ ᠰᠠᠶᠢᠨ ᠨᠡᠪᠳᠡᠷᠡᠭᠦᠯᠦᠭᠴᠢ ᠪᠠᠷ ᠪᠠᠷᠠᠬᠤ ᠦᠭᠡᠢ᠂ ᠪᠠᠰᠠ ᠠᠪᠢᠶᠠᠰᠯᠢᠭ ᠤᠷᠴᠢᠭᠤᠯᠤᠭᠴᠢ ᠬᠦᠮᠦᠨ᠃ ᠲᠠᠷᠡ ᠤᠷᠢᠳ ᠬᠤᠵᠢᠳ ᠯᠢᠤ ᠱᠤᠤ ᠴᠢ ᠨᠦᠬᠦᠷ ᠢ ᠲᠤᠷᠠᠳᠬᠠᠭᠰᠡᠨ ᠵᠤᠬᠢᠶᠠᠯ ᠤᠨ ᠲᠡᠭᠦᠪᠦᠷᠢ ︽ᠨᠠᠮᠢᠷᠠᠵᠦ ᠪᠠᠶᠢᠭ᠎ᠠ ᠤᠯᠠᠭᠠᠨ ᠲᠤᠭ︾᠎ ᠢ ᠲᠦᠪ ᠷᠠᠳᠢᠤ᠋ ᠶᠢᠨ ᠬᠤᠶᠠᠷ ᠨᠦᠬᠦᠷ ᠤᠨ ᠬᠠᠮᠳᠤ ᠤᠷᠴᠢᠭᠤᠯᠵᠦ᠂ ᠠᠮᠧᠷᠢᠺᠠ ᠶᠢᠨ ᠨᠡᠷᠡᠳᠦ ᠵᠤᠬᠢᠶᠠᠯᠴᠢ ᠮᠠᠷᠺ ᠲᠸᠧᠢᠨ ᠤ ︽ᠠᠯᠳᠠ ᠪᠠᠷ ᠦᠡᠭᠭᠡᠯᠡᠭᠰᠡᠨ ᠴᠠᠭ ᠡᠷᠢᠨ︾ ᠎ ᠢ ᠬᠠᠮᠳᠤ ᠤᠯᠠᠨ ᠲᠠᠢ ᠪᠠᠨ ᠬᠤᠪᠢᠶᠠᠯᠴᠡᠨ ᠤᠷᠴᠢᠭᠤᠯᠵᠦ᠂ ᠯᠢᠦ ᠮᠢᠩ ᠬᠤᠢ ᠶᠢᠨ ︽ᠮᠤᠩᠭᠤᠯ ᠤᠨ ᠦᠪᠡᠷᠳᠡᠭᠡᠨ ᠵᠠᠰᠠᠬᠤ ᠬᠦᠳᠡᠯᠭᠡᠭᠡᠨ ᠤ ᠡᠭᠦᠰᠭᠡᠯ ᠲᠡᠭᠦᠰᠭᠡᠯ  ︾  ᠨᠤᠮ ᠤᠨ ᠲᠤᠮᠳᠠ ᠬᠡᠰᠡᠭ ᠢ ᠤᠷᠴᠢᠭᠤᠯᠵᠦ᠂ ᠡᠨᠡ ᠬᠡᠳᠦᠨ ᠨᠤᠮ ᠢ ᠲᠦᠪ ᠤᠨ  ᠦᠨᠳᠦᠰᠦᠳᠡᠨ ᠤ ᠬᠡᠪᠯᠡᠯ ᠤᠨ ᠬᠤᠷᠢᠶᠠᠨ ᠠᠴᠠ ᠤᠷᠢᠳ ᠬᠤᠵᠢᠳ ᠬᠡᠪᠯᠡᠨ ᠲᠠᠷᠬᠠᠭᠠᠵᠠᠢ᠃ ᠡᠭᠦᠨ ᠠᠴᠠ  ᠭᠠᠳᠠᠨ᠎ᠠ᠂ ᠨᠡᠯᠢᠶᠡᠳ ᠤᠯᠠᠨ ᠦᠭᠦᠯᠡᠯᠭᠡ ᠨᠠᠶᠢᠷᠠᠭᠤᠯᠤᠯ᠂ ᠺᠢᠨᠤ᠋ ᠵᠦᠴᠦᠭᠡ᠂ ᠶᠠᠪᠠᠭᠠᠨ ᠦᠯᠢᠭᠡᠷ᠂ ᠬᠡᠣᠬᠡᠳ ᠤᠨ ᠵᠤᠬᠢᠶᠠᠯ ᠢ ᠨᠠᠶᠢᠷᠠᠭᠤᠯᠤᠨ ᠤᠷᠴᠢᠭᠤᠯᠵᠦ ᠬᠡᠪᠯᠡᠭᠦᠯᠦᠭᠰᠡᠨ ᠪᠤᠶᠤ ᠷᠠᠳᠢᠤ᠋ ᠪᠠᠷ ᠨᠡᠪᠳᠡᠷᠡᠭᠦᠯᠵᠠᠢ᠃ ᠡᠨᠡᠬᠦ ᠤᠶᠢᠭ᠎ᠠ ᠦᠭᠡᠢ ᠴᠠᠷᠮᠠᠶᠢᠯᠠᠭ᠎ᠠ᠂ ᠰᠢᠨᠳᠠᠷᠠᠰᠢ ᠦᠭᠡᠢ ᠵᠤᠷᠢᠭ ᠰᠦᠰᠦᠭ ᠢᠶᠠᠷ ᠠᠵᠢᠯ ᠨᠢᠭᠡᠳᠡᠨ ᠤ ᠪᠠᠨ ᠲᠤᠮᠳᠠ  ᠬᠢᠯᠠᠯᠵᠠᠮ᠎ᠠ ᠠᠮᠵᠢᠯᠳᠠ ᠤᠯᠤᠭᠰᠡᠨ ᠪᠤᠷᠮ᠎ᠠ ᠶᠢ ᠪᠦᠬᠦ ᠤᠯᠤᠰ ᠤᠨ ᠰᠤᠨᠢᠨ ᠮᠡᠳᠡᠭᠡᠨ ᠤ ᠨᠡᠶᠢᠭᠡᠮᠯᠢᠭ ᠠᠴᠠ ︽ᠰᠤᠨᠢᠨ ᠮᠡᠳᠡᠭᠡᠨ ᠤ ᠦᠢᠯᠡᠰ ᠲᠤ ᠲᠤᠪᠤᠶᠢᠮ᠎ᠠ ᠬᠤᠪᠢ ᠨᠡᠮᠡᠷᠢ ᠦᠵᠡᠭᠦᠯᠡᠭᠴᠢ︾᠎ ᠶᠢᠨ ᠬᠦᠨᠳᠦᠳᠦ ᠦᠨᠡᠮᠯᠡᠯ ᠪᠠ  ᠲᠤᠷᠠᠰᠬᠠᠯ ᠤᠨ ᠮᠧᠳᠡᠯ ᠢᠶᠠᠷ ᠱᠠᠩᠨᠠᠵᠠᠢ᠃       ᠪᠤᠷᠮ᠎ᠠ ᠭᠤᠸᠠᠢ ᠤᠶᠢᠯᠭᠠᠵᠦ ᠤᠷᠴᠢᠭᠤᠯᠬᠤ ᠳᠠᠭᠠᠨ ᠲᠦᠷᠭᠡᠨ ᠰᠤᠷᠭᠤᠭ ᠪᠠᠶᠢᠳᠠᠭ ᠠᠴᠠ  ᠤᠯᠠᠨ ᠤᠯᠤᠰ ᠤᠨ ᠷᠠᠳᠢᠤ᠋ ᠳᠤ ᠬᠢ  ᠲᠤᠬᠠᠶᠢᠯᠠᠭᠰᠡᠨ ᠠᠵᠢᠯ ᠠᠯᠪᠠ ᠪᠠᠨ ᠬᠢᠯᠠᠷᠠᠳᠠᠯ᠎ᠠ ᠪᠡᠶᠡᠯᠡᠭᠦᠯᠬᠦ ᠶᠢᠨ ᠲᠠᠭᠤ ᠨᠠᠮ ᠵᠠᠰᠠᠭ ᠤᠨ ᠲᠤᠮᠢᠯᠠᠯᠳᠠ ᠪᠠᠷ ᠤᠯᠤᠰ ᠤᠨ ᠭᠠᠳᠠᠭᠠᠳᠤ ᠬᠠᠷᠢᠯᠴᠠᠭᠠᠨ ᠤ ᠠᠵᠢᠯᠯᠠᠭᠠᠨ ᠳᠤ ᠤᠯᠠᠨ ᠤᠳᠠᠭ᠎ᠠ ᠠᠮᠠᠨ ᠤᠷᠴᠢᠭᠤᠯᠤᠭᠴᠢ ᠶᠠᠪᠤᠭᠰᠡᠨ ᠪᠠᠶᠢᠨ᠎ᠠ᠃ ᠮᠤᠩᠭᠤᠯ ᠤᠯᠤᠰ ᠤᠨ ᠠᠩᠬᠠᠳᠤᠭᠴᠢ ᠰᠠᠨᠰᠠᠷ ᠤᠨ ᠨᠢᠰᠦᠭᠴᠢ ᠵᠠ᠊᠂ ᠭᠦᠷᠦᠷᠠᠭᠴᠠ᠂  ᠮᠤᠩᠭᠤᠯ ᠤᠨ ᠤᠯᠢᠮᠫᠢᠺ ᠤᠨ ᠬᠤᠷᠢᠶᠠᠨ ᠲᠠᠷᠤᠭ᠎ᠠ ᠮᠠᠭᠸᠠᠩ᠂᠂᠂ ᠨᠠᠷ ᠤᠨ ᠲᠤᠮᠳᠠᠳᠤ ᠤᠯᠤᠰ ᠲᠠᠬᠢ ᠠᠶᠢᠯᠠᠴᠢᠯᠠᠯᠳᠠ ᠪᠠ ᠲᠤᠮᠳᠠᠳᠤ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶᠠᠨ ᠤ  ᠤᠷᠤᠯᠠᠭᠴᠢ ᠲᠠᠷᠤᠭ᠎ᠠ ᠯᠸᠢ ᠵᠢᠶᠧ ᠴᠢᠶᠦᠩ  ᠂᠂᠂ ᠵᠡᠷᠭᠡ ᠲᠦᠪ ᠤᠨ ᠲᠠᠷᠤᠭ᠎ᠠ ᠨᠠᠷ ᠤᠨ ᠭᠠᠳᠠᠭᠠᠳᠤ ᠶᠢᠨ  ᠵᠤᠴᠢᠨ ᠲᠠᠢ ᠠᠭᠤᠯᠵᠠᠭᠰᠠᠨ  ᠶᠠᠷᠢᠶ᠎ᠠ ᠶᠢ ᠵᠦᠪ ᠰᠠᠶᠢᠬᠠᠨ ᠤᠷᠴᠢᠭᠤᠯᠵᠦ᠂ ︽ᠡᠨᠡ ᠤᠷᠴᠢᠭᠤᠯᠤᠭᠴᠢ ᠮᠤᠨᠳᠠᠭ ᠰᠠᠶᠢᠬᠠᠨ  ᠤᠷᠴᠢᠭᠤᠯᠵᠤ ᠪᠠᠶᠢᠨ᠎ᠠ  ︾ ᠬᠡᠮᠡᠨ ᠰᠠᠶᠢᠰᠢᠶᠠᠭᠳᠠᠵᠤ ᠪᠠᠶᠢᠭᠰᠡᠨ  ᠪᠥᠭᠡᠳ ᠭᠤᠷᠪᠠ ᠤᠳᠠᠭ᠎ᠠ ᠠᠶᠢᠯᠴᠢᠯᠠᠨ ᠰᠤᠷᠪᠤᠯᠵᠢᠯᠠᠵᠦ᠂ ᠠᠵᠢᠯ ᠮᠡᠷᠭᠡᠵᠢᠯ ᠤᠨ ᠲᠠᠯ᠎ᠠ ᠪᠠᠷ ᠰᠤᠳᠤᠯᠤᠨ ᠰᠢᠨᠵᠢᠯᠡᠵᠦ ᠶᠠᠪᠤᠵᠠᠢ᠃       ᠮᠠᠨ ᠤ ᠮᠤᠩᠭᠤᠯᠴᠤᠳ  ᠂ ᠷᠠᠳᠢᠤ᠋ ᠲᠡᠭᠡᠳᠦ ᠰᠤᠷᠭᠠᠭᠤᠯᠢ ᠶᠢ ᠪᠤᠤ ᠬᠡᠯᠡ  ᠂ ᠷᠠᠳᠢᠤ᠋ ᠨᠡᠪᠳᠡᠷᠡᠭᠦᠯᠭᠡ ᠶᠢᠨ ᠲᠤᠬᠠᠢ ᠤᠨᠤᠯ ᠤᠨ ᠰᠢᠰᠲ᠋ᠧᠮ ᠲᠠᠢ ᠨᠤᠮ ᠴᠦ ᠦᠭᠡᠢ  ᠪᠠᠶᠢᠳᠠᠯ ᠨᠢ᠂ ᠤᠯᠠᠨ ᠵᠢᠯ ᠷᠠᠳᠢᠤ᠋ ᠶᠢᠨ ᠠᠵᠢᠯ ᠬᠢᠭᠰᠡᠨ‌‍ᠪᠤᠷᠮ᠎ᠠ ᠶᠢᠨ ᠵᠢᠷᠦᠬᠡᠨ ᠤ ᠶᠡᠭᠡ ᠬᠠᠷᠠᠮᠰᠠᠯ ᠪᠠᠶᠢᠯ᠎ᠠ᠂ ᠤᠳᠠᠭᠠᠨ ᠵᠢᠯ ᠤᠨ ᠠᠵᠢᠯ ᠤᠨ ᠲᠤᠷᠰᠢᠯᠭ᠎ᠠ᠂ ᠤᠨᠤᠯ ᠤᠨ ᠪᠠᠳᠤ ᠰᠠᠭᠤᠷᠢ ᠲᠠᠢ ᠪᠤᠷᠮ᠎ᠠ ᠤᠯᠠᠨ ᠬᠤᠨᠤᠭ ᠪᠤᠳᠤᠵᠦ ᠡᠴᠦᠰ ᠲᠡᠭᠡᠨ  ᠨᠤᠮ ᠪᠢᠴᠢᠬᠦ ᠪᠠᠷ ᠰᠢᠢᠳᠦᠯ᠎ᠡ᠃ ᠭᠡᠳᠡᠯ᠎ᠡ ᠡᠨᠡ ᠦᠶ᠎ᠡ ᠳᠤ ᠨᠢᠳᠦᠨ ᠤ ᠲᠠᠷᠤᠯᠳᠠ ᠨᠢ ᠶᠡᠬᠡᠰᠬᠦ ᠡᠪᠡᠳᠴᠢᠨ ᠳᠤ ᠨᠡᠷᠪᠡᠭᠳᠡᠭᠡᠳ ᠪᠠᠶᠢᠵᠠᠢ᠃ ᠡᠨᠡ ᠡᠪᠡᠳᠴᠢᠨ ᠬᠦᠨᠳᠦᠷᠡᠪᠡᠯ ᠬᠦᠮᠦᠨ ᠬᠡᠳᠦᠬᠡᠨ ᠬᠤᠨᠤᠭ ᠲᠤ ᠬᠠᠷᠠᠭ᠎ᠠ ᠠᠯᠳᠠᠬᠤ  ᠠᠶᠤᠯ ᠲᠠᠢ ᠲᠤᠯᠠ  ᠨᠢᠳᠦ ᠲᠠᠢ ᠪᠠᠶᠢᠬᠤ ᠦᠶ᠎ᠡ ᠳᠡᠭᠡᠨ ᠨᠤᠮ ᠢᠶᠠᠨ ᠬᠤᠷᠳᠤᠬᠠᠨ ᠪᠢᠴᠢᠵᠦ ᠭᠠᠷᠭᠠᠬᠤ ᠶᠢᠨ ᠲᠤᠯᠠᠳᠠ ᠮᠤᠩᠭᠤᠯ ᠡᠮ ᠤᠤᠭᠤᠵᠦ᠂ ᠤᠰᠤᠨ ᠡᠮ ᠲᠠᠯᠪᠢᠵᠦ ᠠᠷᠭᠠᠴᠠᠭᠠᠵᠦ ᠰᠤᠯᠠ ᠴᠠᠭ ᠪᠦᠬᠦᠨ ᠢᠶᠠᠨ ᠠᠰᠢᠭᠯᠠᠵᠤ ᠶᠠᠭᠠᠷᠠᠪᠴᠢᠯᠠᠨ ᠪᠢᠴᠢᠵᠠᠢ᠃ ᠤᠳᠠᠭᠠᠨ ᠵᠢᠯ ᠤᠨ ᠠᠵᠢᠯ ᠤᠨ ᠲᠤᠷᠰᠢᠯᠭ᠎ᠠ ᠪᠠᠷ ᠨᠡᠪᠳᠡᠷᠡᠭᠦᠯᠬᠦ  ᠤᠷᠠᠯᠢᠭ ᠢ ᠨᠡᠪᠳᠡᠷᠡᠳᠡᠯ᠎ᠡ ᠤᠶᠢᠯᠭᠠᠭᠰᠡᠨ ᠪᠤᠷᠮ᠎ᠠ ᠭᠤᠸᠠᠢ ︽ᠮᠤᠩᠭᠤᠯ ᠬᠡᠯᠡᠨ ᠤ ᠨᠡᠪᠳᠡᠷᠡᠭᠦᠯᠭᠡ ᠶᠢᠨ ᠤᠷᠠᠯᠢᠭ  ︾ ᠭᠡᠬᠦ ᠠᠩᠬᠠᠨ ᠤ ᠨᠤᠮ ᠢᠶᠠᠨ 1996 ᠤᠨ ᠳᠤ ᠬᠡᠪᠯᠡᠭᠦᠯᠬᠦ ᠪᠤᠯᠬᠤ ᠳᠤ ᠬᠡᠴᠢᠨᠡᠨ ᠬᠦᠴᠢᠷ ᠲᠤᠯᠭᠠᠷᠠᠭᠰᠡᠨ ᠴᠦ ᠠᠷᠭ᠎ᠠ ᠪᠦᠬᠦᠨ ᠢ ᠰᠦᠪᠡᠭᠴᠢᠯᠡᠵᠦ᠂ ᠠᠨᠳᠠ ᠨᠦᠬᠦᠳ᠂ ᠠᠬ᠎ᠠ ᠲᠡᠭᠦᠦ ᠰᠠᠳᠦᠨ ᠤ ᠲᠡᠮᠵᠢᠯᠭᠡ ᠪᠠᠷ ᠬᠡᠪᠯᠡᠭᠦᠯᠦᠭᠰᠡᠨ ᠪᠠᠶᠢᠨ᠎ᠠ᠃  ᠬᠡᠪᠯᠡᠭᠳᠡᠵᠦ ᠭᠠᠷᠤᠭᠰᠡᠨ ᠨᠤᠮ ᠢᠶᠠᠨ ᠲᠠᠷᠬᠠᠭᠠᠬᠤ ᠬᠤᠷᠠᠯ ᠭᠡᠬᠦ ᠮᠡᠳᠦ ᠶᠢᠨ ᠠᠷᠭ᠎ᠠ ᠬᠡᠮᠵᠢᠶ᠎ᠠ ᠠᠪᠤᠭᠰᠡᠨ ᠦᠭᠡᠢ᠃  ᠬᠡᠬᠦ ᠳᠡᠭᠡᠨ ︽ᠮᠤᠩᠭᠤᠯ ᠬᠡᠯᠡᠨ ᠤ ᠨᠡᠪᠳᠡᠷᠡᠭᠦᠯᠭᠡ ᠶᠢᠨ ᠤᠷᠠᠯᠢᠭ︾ ᠨᠤᠮ ᠨᠢ ᠮᠤᠩᠭᠤᠯ ᠨᠡᠪᠳᠡᠷᠡᠭᠦᠯᠭᠡ ᠶᠢᠨ ᠨᠡᠯᠢᠶᠡᠳ ᠰᠢᠰᠲ᠋ᠧᠮ ᠲᠠᠢ  ᠤᠨᠤᠯ ᠤᠨ ᠴᠢᠮᠪᠠᠢ ᠨᠤᠮ ᠪᠤᠯᠬᠤᠷ᠂ ᠬᠠᠮᠢᠶᠠᠳᠠᠢ  ᠪᠠᠶᠢᠭᠤᠯᠭ᠎ᠠ᠂ ᠶᠡᠭᠡ ᠲᠡᠭᠡᠳᠦ ᠰᠤᠷᠭᠠᠭᠤᠯᠢ ᠶᠢᠨ ᠡᠷᠡᠳᠡᠮᠳᠡᠨ ᠪᠠᠭᠰᠢ ᠨᠠᠷ  ᠂ ᠷᠠᠳᠢᠤ᠋ ᠦᠢᠯᠡᠰᠳᠡᠨ ᠤ ᠠᠩᠬᠠᠷᠤᠯ ᠢ ᠲᠠᠳᠠᠵᠦ ︽ ᠴᠢᠨᠠᠷ ᠲᠠᠢ  ᠪᠢᠴᠢᠭᠰᠡᠨ ᠨᠤᠮ︾  ᠂ ︽ᠤᠳᠤ ᠳᠤ ᠬᠦᠷᠳᠡᠯ᠎ᠡ ᠨᠡᠪᠳᠡᠷᠡᠭᠦᠯᠬᠦ ᠲᠤᠬᠠᠢ ᠬᠠᠮᠤᠭ ᠤᠨ ᠰᠠᠶᠢᠨ ᠨᠤᠮ︾ ᠭᠡᠵᠦ ᠦᠨᠡᠯᠡᠭᠳᠡᠵᠦ᠂ ᠦᠰᠪᠦᠷᠢ ᠦᠶ᠎ᠡ ᠶᠢᠨ ᠵᠠᠯᠭᠠᠮᠵᠢ  ᠨᠡᠪᠳᠡᠷᠡᠭᠦᠯᠦᠨ ᠭᠦᠳᠦᠯᠦᠭᠴᠢᠳ ᠢ ᠪᠡᠯᠡᠳᠬᠡᠨ ᠬᠦᠮᠦᠵᠢᠬᠦᠯᠬᠦ ᠬᠡᠴᠢᠶᠡᠯ ᠰᠤᠷᠭᠠᠯᠳᠠ᠂ ᠰᠤᠷᠴᠦ ᠰᠤᠳᠤᠯᠬᠤ ᠴᠢᠬᠤᠯᠠ ᠨᠤᠮ ᠪᠤᠯᠤᠭᠰᠡᠨ ᠪᠠᠶᠢᠨ᠎ᠠ᠃  ᠤᠳᠤ ᠨᠡᠪᠳᠡᠷᠡᠭᠦᠯᠬᠦ ᠮᠡᠷᠭᠡᠵᠢᠯ ᠤᠨ ᠭᠦᠨᠵᠡᠭᠡᠶᠢᠷᠡᠯ ᠪᠤᠯᠤᠨ ᠰᠤᠷᠭᠠᠨ ᠬᠦᠮᠦᠵᠢᠯ ᠤᠨ  ᠬᠦᠭᠵᠢᠯᠳᠡ ᠶᠢᠨ ᠤᠯᠠᠮ ᠠᠴᠠ ᠡᠨᠡ ᠨᠤᠮ ᠨᠢ ᠬᠤᠪᠤᠷ ᠨᠠᠨᠳᠢᠨ ᠨᠤᠮ ᠪᠤᠯᠵᠤ᠂ ᠲᠠᠬᠢᠨ ᠬᠡᠪᠯᠡᠬᠦᠯᠬᠦ  ᠶᠢ ᠬᠦᠰᠡᠭᠴᠢᠳ ᠤᠯᠠᠰᠢᠷᠠᠵᠦ ᠪᠠᠶᠢᠭ᠎ᠠ ᠠᠵᠠᠢ᠃ᠦᠨᠳᠦᠰᠦᠳᠡᠨ ᠳᠡᠭᠡᠨ ᠦᠨᠳᠦᠷ ᠪᠤᠯᠪᠠᠰᠤᠷᠠᠯ ᠎ ᠲᠠᠢ  ᠨᠡᠪᠳᠡᠷᠡᠭᠦᠯᠦᠭᠴᠢ ᠬᠦᠮᠦᠵᠢᠭᠦᠯᠵᠦ ᠦᠭᠭᠦ ᠶᠤᠮᠰᠠᠨ ᠭᠡᠰᠡᠨ ᠬᠦᠰᠡᠯ ᠢᠶᠠᠷ᠂ ᠦᠪᠦᠷ ᠮᠤᠩᠭᠤᠯ ᠤᠨ ᠶᠡᠭᠡ ᠰᠤᠷᠭᠠᠭᠤᠯᠢ᠂ ᠦᠪᠦᠷ ᠮᠤᠩᠭᠤᠯ ᠤᠨ ᠦᠨᠳᠦᠰᠦᠳᠡᠨ ᠤ ᠲᠡᠭᠡᠳᠦ ᠰᠤᠷᠭᠠᠭᠤᠯᠢ ᠶᠢᠨ ᠤᠷᠢᠯᠭ᠎ᠠ ᠪᠠᠷ ᠤᠷᠢᠳ ᠬᠤᠵᠢᠳ ᠨᠡᠪᠳᠡᠷᠡᠭᠦᠯᠦᠭᠴᠢ ᠬᠦᠳᠦᠯᠦᠭᠴᠢ ᠶᠢᠨ ᠠᠩᠭᠢ ᠳᠤ ᠨᠢ ᠬᠡᠳᠦᠨ ᠰᠠᠷ᠎ᠠ ᠪᠠᠷ ᠬᠢᠴᠢᠶᠡᠯᠯᠡᠭᠰᠡᠨ ᠪᠦᠭᠡᠳ ᠵᠢᠩᠬᠢᠨᠢ ᠠᠪᠢᠶᠠᠰ ᠴᠢᠳᠠᠪᠤᠷᠢ᠂ ᠡᠷᠳᠡᠮ ᠮᠡᠳᠡᠯᠭᠡ ᠪᠠᠷ ᠢᠶᠠᠨ ᠠᠵᠢᠯᠯᠠᠵᠦ ᠴᠢᠳᠠᠬᠤ ᠮᠤᠩᠭᠤᠯ ᠦᠨᠳᠦᠰᠦᠳᠡᠨ ᠤ ᠨᠢᠭᠡ ᠪᠦᠯᠦᠭ ᠨᠡᠪᠳᠡᠷᠡᠭᠦᠯᠦᠭᠴᠢ ᠬᠦᠳᠦᠯᠦᠭᠴᠢ ᠶᠢ ᠬᠦᠮᠦᠵᠢᠭᠦᠯᠦᠭᠰᠡᠨ ᠪᠠᠶᠢᠨ᠎ᠠ᠃ ᠪᠤᠷᠮ᠎ᠠ ᠭᠤᠸᠠᠢ ᠶᠢᠨ ᠲᠡᠳᠡᠭᠡᠷ ᠱᠠᠪᠢ ᠎ ᠨᠢ ᠤᠳᠤ ᠲᠤᠮᠳᠠᠳᠤ ᠤᠯᠤᠰ ᠤᠨ ᠮᠤᠩᠭᠤᠯ ᠷᠠᠳᠢᠤ᠋  ᠲᠧᠯᠸᠢᠰ ᠬᠤᠷᠢᠶᠠᠳ ᠤᠨ ᠮᠡᠷᠭᠡᠵᠢᠯ ᠤᠨ ᠭᠤᠤᠯ ᠬᠦᠴᠦᠨ ᠪᠤᠯᠤᠭᠰᠡᠨ ᠪᠠ ᠵᠠᠷᠢᠮ ᠨᠢ ᠤᠳᠤᠷᠢᠳᠬᠤ ᠲᠤᠰᠢᠶᠠᠯᠳᠡᠨ᠂ ᠨᠡᠯᠢᠶᠡᠳ ᠬᠡᠳᠦ ᠨᠢ ᠨᠡᠪᠳᠡᠷᠡᠭᠦᠯᠭᠡ ᠵᠢᠭᠠᠨ ᠵᠢᠯᠤᠭᠤᠳᠤᠭᠴᠢ᠂ ᠬᠡᠳᠦ ᠨᠢ ᠨᠡᠪᠳᠡᠷᠡᠭᠦᠯᠦᠨ ᠬᠦᠳᠦᠯᠦᠭᠴᠢᠳ ᠤᠨ ᠬᠠᠮᠤᠭ ᠲᠡᠭᠡᠳᠦ ᠱᠠᠩᠨᠠᠯ  ︽ᠠᠯᠳᠠᠨ ᠮᠢᠺᠠᠷᠤᠹᠤᠨ︾ ᠱᠠᠩᠨᠤᠯ ᠬᠦᠷᠳᠡᠵᠦ᠂ ᠨᠡᠷ᠎ᠡ ᠲᠦᠷᠦ ᠲᠠᠢ ᠬᠢᠯᠡᠷᠠᠭᠤᠯᠵᠦ ᠶᠠᠪᠤᠨ᠎ᠠ᠃       2000 ᠤᠨ ᠳᠤ ᠠᠵᠢᠯ ᠠᠴᠠ ᠪᠠᠨ ᠲᠠᠷᠬᠠᠯᠠᠭᠳᠠᠭᠠᠳ  ᠵᠢᠷᠭᠠᠵᠦ ᠰᠠᠭᠤᠬᠤ ᠵᠠᠪᠰᠢᠶᠠᠨ ᠢᠷᠡᠭᠰᠡᠨ ᠴᠦ᠂ ᠵᠦᠭᠡᠷ ᠰᠠᠭᠤᠵᠦ ᠴᠢᠳᠠᠳᠠᠭ ᠦᠭᠡᠢ ᠪᠤᠷᠮ᠎ᠠ ᠨᠠᠰᠤᠳᠡᠨ ︽ᠮᠠᠨᠠᠶᠢᠬᠢᠨ︾ ᠭᠡᠰᠡᠨ ᠨᠡᠷ᠎ᠡ ᠪᠠᠷ ᠭᠡᠷ ᠤᠨ ᠲᠡᠤᠬᠡ ᠪᠠᠨ ᠪᠢᠴᠢᠵᠦ 2010 ᠤᠨ ᠤ 11 ᠰᠠᠷ᠎ᠠ ᠠᠴᠠ ︽ᠵᠢᠳᠬᠦᠵᠦ ᠶᠠᠪᠤᠭᠰᠡᠨ ᠵᠢᠷ ᠤᠨ ᠨᠢᠭᠡ ᠬᠦᠮᠦᠨ︾ ᠭᠡᠰᠡᠨ ᠦᠪᠡᠷ ᠤᠨ ᠨᠠᠮᠳᠠᠷᠴᠢᠯᠠᠭᠰᠡᠨ  ᠵᠤᠬᠢᠶᠠᠯ ᠢᠶᠠᠨ ᠡᠬᠢᠯᠡᠨ ᠪᠢᠴᠢᠵᠦ᠂ ᠭᠤᠷᠪᠠᠨ ᠵᠢᠯ ᠤᠨ  ᠭᠠᠷᠤᠢ ᠶᠢᠨ ᠬᠤᠭᠤᠴᠠᠭ᠎ᠠ ᠵᠠᠷᠤᠴᠠᠭᠤᠯᠵᠦ ᠪᠢᠴᠢᠵᠦ ᠪᠠᠷᠠᠭᠠᠳ ᠡᠨᠡᠬᠦ ᠲᠤᠮᠤ ᠪᠦᠳᠦᠭᠡᠯ ᠢᠶᠠᠨ 2016 ᠤᠨ ᠤ 10 ᠰᠠᠷ᠎ᠠ ᠳᠤ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠎ ᠳᠤ ᠬᠡᠪᠯᠡᠭᠦᠯᠦᠭᠰᠡᠨ ᠪᠢᠯᠡ᠃ ᠨᠢᠭᠡᠨᠳᠡ ᠳᠠᠯᠠ ᠶᠢᠨ ᠲᠠᠪᠠᠭ᠎ᠠ ᠲᠠᠪᠠᠴᠢᠬᠠᠭᠰᠡᠨ ᠦᠨᠳᠦᠷ ᠨᠠᠰᠤᠳᠡᠨ ᠡᠳᠦᠷᠵᠢᠨ ᠪᠢᠴᠢᠭ ᠨᠤᠮ ᠲᠠᠢ ᠨᠤᠤᠷᠠᠨ᠎ᠠ ᠭᠡᠳᠡᠭ ᠬᠡᠴᠢᠨᠡᠨ  ᠨᠦᠷᠢ ᠶᠡᠭᠡ ᠬᠦᠳᠡᠯᠮᠦᠷᠢ ᠠᠵᠠᠢ᠃       ᠨᠠᠯᠠᠶᠢᠵᠦ ᠵᠢᠷᠭᠠᠬᠤ ᠨᠠᠶᠠᠨ ᠨᠠᠰᠤ ᠶᠢ ᠲᠦᠬᠦᠭᠰᠡᠨ ᠴᠦ᠂ ᠨᠠᠷᠠᠳᠦ ᠬᠤᠷᠸ᠎ᠠ ᠳᠤ ᠨᠡᠷ᠎ᠡ ᠪᠠᠨ ᠦᠯᠡᠳᠡᠭᠡᠬᠦ᠂ ᠬᠤᠨᠭ᠍ᠬᠢᠷᠠᠳ ᠪᠦᠰᠡᠭᠦᠢ ᠶᠢᠨ ᠬᠠᠳᠠᠭᠤ ᠵᠤᠷᠢᠭ ᠲᠠᠢ ᠪᠤᠷᠮ᠎ᠠ  ᠨᠠᠰᠤᠳᠡᠨ ᠤᠮᠪᠤᠯᠤ ᠲᠤᠮᠪᠤᠯᠤ ᠪᠠᠨ ᠠᠰᠠᠷᠠᠨ᠂ ᠭᠡᠷ ᠵᠠᠭᠤᠷᠠᠬᠢ ᠠᠵᠢᠯ ᠢᠶᠠᠨ ᠪᠡᠶ᠎ᠡ ᠶᠢᠨ ᠲᠠᠭ᠎ᠠ ᠪᠠᠷ ᠬᠢᠬᠦ ᠶᠢᠨ ᠵᠡᠷᠭᠡᠴᠡᠭᠡ᠂ ᠲᠤᠳᠤᠭᠠᠳᠤ ᠭᠠᠳᠠᠭᠠᠳᠤ ᠶᠢᠨ ᠨᠡᠪᠳᠡᠷᠡᠭᠦᠯᠭᠡ  ᠰᠤᠨᠤᠰᠴᠤ ᠰᠤᠳᠤᠯᠤᠨ᠂ ᠦᠷᠭᠦᠯᠵᠢ ᠰᠤᠨᠢᠨ ᠰᠡᠳᠬᠦᠯ᠂ ᠨᠤᠮ ᠤᠡᠭᠰᠢᠬᠤ ᠪᠤᠯᠤᠮᠵᠢ ᠲᠠᠢ ᠪᠠᠶᠢᠳᠠᠯ ᠳᠤ  ᠦᠷᠭᠦᠯᠵᠢᠯᠡᠨ ᠶᠠᠭᠤᠮ᠎ᠠ ᠪᠢᠴᠢᠬᠦ ᠰᠠᠨᠠᠭ᠎ᠠ ᠲᠠᠢ  ᠶᠤᠮ ᠪᠠᠶᠢᠨ᠎ᠠ᠃       ᠦᠢᠯᠡᠰ ᠤᠨ ᠨᠠᠷᠠ ᠪᠠᠨ ᠲᠤᠯᠠᠶᠢᠯᠭᠠᠵᠦ᠂ ᠦᠨᠳᠦᠷ ᠪᠤᠶᠠᠨ ᠢᠶᠠᠨ ᠵᠤᠭᠤᠭᠯᠠᠭᠰᠡᠨ ᠪᠤᠷᠮ᠎ᠠ ᠨᠠᠰᠤᠳᠡᠨ ᠮᠠᠨᠢ ᠤᠯᠠᠮ ᠵᠢᠷᠭᠠᠬᠤ ᠪᠤᠯᠳᠤᠭᠠᠢ︕  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号