ᠭᠡᠰᠢᠭᠲᠡᠨ ᠤ ᠰᠤᠶᠣᠯ᠂ ᠰᠣᠶᠣᠯ ᠤᠨ ︽ᠭᠡᠰᠢᠭᠳᠡᠨ︾ ︵ᠳᠡᠭᠡᠳᠦ︶
ᠨᠡᠶᠢᠲᠡᠯᠡᠭᠰᠡᠨ ᠴᠠᠭ᠄
2023/3/30
     ᠤᠤᠭᠠᠯ ᠨᠤᠲᠤᠭ ᠤᠨ ᠢᠶᠠᠨ ᠤᠬᠠᠭᠠᠨᠲᠤ ᠠᠷᠠᠳ ᠤᠨ ᠪᠦᠲᠦᠭᠡᠭᠰᠡᠨ ᠥᠪ ᠰᠣᠶᠣᠯ ᠢ ᠤᠳᠤᠮ ᠤᠨ ᠬᠤᠶᠢᠴᠢ ᠦᠷ᠎ᠡ ᠬᠡᠦᠬᠡᠳ ᠲᠡᠭᠡᠨ ᠦᠶ᠎ᠡ ᠵᠠᠯᠭᠠᠭᠤᠯᠤᠨ ᠥᠪᠯᠡᠭᠦᠯᠬᠦ ᠶᠢᠨ ᠲᠥᠯᠥᠭᠡ᠂ ᠬᠤᠷᠢᠲᠠᠢ ᠠᠴᠠ ᠪᠠᠨ ᠲᠠᠪᠢᠲᠠᠢ ᠪᠤᠯᠲᠠᠯ᠎ᠠ ᠭᠤᠴᠢᠨ ᠵᠢᠯ ᠭᠤᠲᠤᠷᠠᠵᠤ ᠴᠥᠬᠦᠷᠡᠰᠢ ᠦᠭᠡᠢ ᠵᠢᠳᠬᠦᠨ᠂ ᠠᠮᠠᠨ ᠤᠯᠠᠮᠵᠢᠯᠠᠯ ᠤᠨ ᠠᠷᠭ᠎ᠠ ᠪᠠᠷ ᠠᠷᠠᠳ ᠤᠨ ᠢᠶᠠᠨ ᠲᠣᠲᠣᠷ᠎ᠠ ᠠᠴᠠ ᠠᠯᠳᠠ ᠠᠯᠮᠠᠰ ᠠᠴᠠ ᠦᠨᠡᠲᠡᠢ ᠵᠦᠢᠯ ᠢ ᠣᠯᠠᠨ ᠬᠤᠷᠢᠶᠠᠭᠰᠠᠨ ᠬᠠᠳᠠᠭᠠᠯᠠᠭᠰᠠᠨ ᠎ ᠤ ᠪᠠᠨ ᠵᠡᠷᠭᠡ ᠡᠨᠡ ᠪᠦᠭᠦᠨ ᠢᠶᠠᠨ ᠬᠡᠦᠬᠡᠳ ᠳᠡᠭᠦᠦ ᠨᠠᠷ ᠲᠠᠭᠠᠨ ᠬᠡᠯᠡᠨ ᠮᠡᠳᠡᠭᠦᠯᠵᠦ ᠥᠪᠯᠡᠨ ᠤᠯᠠᠮᠵᠢᠯᠠᠭᠤᠯᠬᠤ ᠪᠠᠷ ᠵᠢᠳᠬᠦᠵᠦ ᠪᠠᠶᠢᠭ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠬᠠᠳᠠ ᠬᠤᠲᠠ ᠶᠢᠨ ᠭᠡᠰᠢᠭᠳᠡᠨ ᠬᠤᠰᠢᠭᠤᠨ ᠤ ᠵᠣᠬᠢᠶᠠᠨ ᠪᠠᠶᠢᠭᠤᠯᠬᠤ ᠬᠡᠯᠳᠡᠰ ᠲᠤ ᠠᠵᠢᠯ ᠲᠠᠢ ᠡᠷᠳᠡᠮᠲᠦ ᠶᠢ ᠥᠨᠥ ᠴᠠᠭ ᠤᠨ ᠡᠷᠳᠡᠮ ᠲᠠᠢ ᠡᠷᠬᠢᠮ ᠬᠥᠮᠥᠨ ᠬᠡᠮᠡᠨ ᠪᠢᠳᠡ ᠮᠡᠳᠡᠭᠡᠯᠡᠵᠦ ᠪᠠᠶᠢᠭᠰᠠᠨ ᠪᠢᠯᠡ᠃ ᠪᠢᠳᠡ ᠨᠡᠶᠢᠲᠡ ᠮᠣᠩᠭᠤᠯ ᠤᠨ ᠥᠪ ᠰᠣᠶᠣᠯ ᠢ ᠮᠣᠩᠭᠤᠯ ᠭᠡᠷ ᠢᠶᠠᠷ ᠢᠶᠠᠨ ᠲᠥᠰᠥᠭᠡᠯᠡᠨ ᠪᠣᠳᠣᠪᠠᠯ ᠭᠠᠵᠠᠷ ᠭᠠᠵᠠᠷ ᠨᠤᠲᠤᠭ ᠨᠤᠲᠤᠭ ᠤᠨ ᠥᠪ ᠰᠣᠶᠣᠯ ᠨᠢ ᠡᠨᠡ ᠰᠣᠶᠣᠯ ᠤᠨ ︽ᠭᠡᠷ︾᠎ ᠤᠨ ᠤᠨᠢ ᠬᠠᠨ᠎ᠠ᠂ ᠡᠭᠦᠳᠡ ᠬᠠᠭᠠᠯᠭ᠎ᠠ᠂ ᠲᠣᠭᠤᠨᠣ ᠲᠤᠯᠭᠠᠭᠤᠷᠢ ᠨᠢ ᠪᠣᠯᠵᠤ ᠪᠠᠶᠢᠳᠠᠭ ᠤᠴᠢᠷᠲᠠᠢ ᠪᠥᠭᠡᠳ ᠤᠴᠢᠷ ᠢ ᠣᠶᠢᠯᠭᠠᠭᠰᠠᠨ ᠡᠷᠳᠡᠮᠲᠦ ᠬᠥᠮᠥᠰ ᠭᠡᠷ ᠲᠡᠭᠡᠨ ᠪᠠᠶᠢᠭ᠎ᠠ ᠰᠢᠭ᠋ ᠢᠶᠠᠷ ᠥᠪᠡᠷ ᠤᠨ ᠥᠪ ᠰᠣᠶᠣᠯ ᠢᠶᠠᠨ ︽ᠮᠡᠳᠡᠳᠡᠭ ᠭᠡᠵᠦ ᠪᠤᠳᠣᠳᠠᠭ ᠠᠲᠠᠯ᠎ᠠ ᠮᠡᠲᠡᠵᠦ ᠴᠢᠳᠠᠭ᠎ᠠ ᠦᠭᠡᠢ︾ ᠠᠮᠠᠷᠬᠠᠨ ᠵᠦᠢᠯ ᠤᠳ ᠠᠴᠠ ᠡᠬᠢᠯᠡᠨ ᠬᠠᠮᠤᠭ ᠤᠨ ᠣᠶᠢᠷ᠎ᠠ ᠵᠠᠢ ᠠᠴᠠ ᠨᠢ ᠰᠤᠷᠴᠤ ᠮᠡᠳᠡᠳᠡᠭ ᠪᠠᠶᠢᠵᠠᠢ᠃ ᠭᠡᠰᠢᠭᠳᠡᠨ ᠨᠤᠲᠤᠭ ᠤᠨ ᠢᠶᠠᠨ ᠥᠪ ᠰᠤᠶᠣᠯ ᠢ ᠡᠷᠳᠡᠮᠲᠦ ᠢᠩᠭᠢᠵᠦ ᠮᠡᠳᠡᠭᠰᠡᠨ ᠢᠶᠠᠷ ᠢᠶᠠᠨ ᠡᠷᠳᠡᠮ ᠲᠠᠢ ᠳᠤ ᠣᠷᠣᠨ᠎ᠠ᠃      ᠡᠷᠳᠡᠮᠲᠦ 30 ᠵᠢᠯ ᠳᠤ ︽ᠭᠡᠰᠢᠭᠳᠡᠨ ᠤ ᠠᠶᠠᠯᠠᠯ ᠵᠢᠭᠤᠯᠴᠢᠯᠠᠯ ᠤᠨ ᠰᠤᠶᠤᠯ︾᠂ ︽ᠭᠡᠰᠢᠭᠳᠡᠨ ᠤ ᠵᠠᠮᠪᠠᠯᠵᠠᠪ ᠲᠤᠰᠠᠯᠠᠭᠴᠢ ᠶᠢᠨ ᠭᠡᠷ ᠤᠨ ᠲᠡᠦᠬᠡ︾᠂ ︽ᠭᠡᠰᠢᠭᠳᠡᠨ ᠭᠠᠵᠠᠷ ᠵᠦᠢ︾᠂ ︽ᠭᠡᠰᠢᠭᠳᠡᠨ ᠨᠤᠲᠤᠭ ᠤᠨ ᠲᠤᠬᠠᠢ ᠲᠡᠮᠳᠡᠭᠯᠡᠯ︾᠂ ︽ᠬᠤᠩᠭᠢᠷᠠᠳ ᠭᠡᠰᠢᠭᠳᠡᠨ︾ ᠵᠡᠷᠭᠡ 23 ᠨᠣᠮ ᠪᠣᠯᠣᠨ ᠭᠡᠪᠯᠡᠯ ᠳᠤ ᠥᠭᠭᠦᠭᠡᠳ ᠪᠠᠶᠢᠭᠠᠳ ︽ᠭᠡᠰᠢᠭᠳᠡᠨ ᠳᠤ ᠳᠡᠯᠭᠡᠷᠡᠭᠰᠡᠨ ᠮᠣᠩᠭᠤᠯ ᠠᠷᠠᠳ ᠤᠨ ᠳᠠᠭᠤᠤ︾ ᠵᠡᠷᠭᠡ 14 ᠨᠣᠮ ᠢ ᠵᠣᠬᠢᠶᠠᠨ ᠪᠦᠲᠦᠭᠡᠵᠦ᠂ ᠭᠡᠰᠢᠭᠳᠡᠨ ᠤ ᠥᠪ ᠰᠣᠶᠣᠯ ᠤᠨ ᠲᠤᠬᠠᠢ 1990 ᠣᠨ ᠠᠴᠠ ᠣᠳᠣ ᠪᠤᠯᠲᠠᠯ᠎ᠠ 2880 ᠬᠥᠮᠥᠨ ᠲᠠᠢ ᠬᠢᠭᠰᠡᠨ ᠭᠡᠰᠢᠭᠳᠡᠨ ᠠᠮᠠᠨ ᠤᠯᠠᠮᠵᠢᠯᠠᠯ ᠤᠨ ᠰᠣᠶᠣᠯ ᠤᠨ ᠰᠤᠷᠪᠤᠯᠵᠢᠯᠠᠭ᠎ᠠ ᠶᠢᠨ 8640 ᠬᠤᠪᠢ ᠦᠰᠦᠭ ᠪᠢᠴᠢᠭ ᠤᠨ ᠠᠩᠬᠠᠨ ᠤ ᠭᠠᠷ ᠠᠪᠤᠯᠭ᠎ᠠ᠂ 3166 ᠬᠤᠪᠢ ᠵᠢᠷᠤᠭ ᠰᠡᠭᠦᠳᠡᠷ᠂ 1728 ᠬᠤᠪᠢ ᠪᠢᠴᠢᠯᠭᠡ ᠰᠢᠩᠭᠡᠭᠡᠯᠲᠡ ᠴᠤᠭᠯᠠᠭᠤᠯᠵᠠᠢ᠃ ᠣᠳᠣ ᠪᠢᠳᠡ ᠲᠡᠭᠦᠨ ᠤ ᠶᠠᠷᠢᠬᠤ ᠶᠢ ᠰᠣᠨᠣᠰᠬᠤ ᠶᠢᠨ ᠳᠠᠭᠠᠤ ᠳᠤ ᠲᠡᠭᠦᠨ ᠤ ᠪᠢᠴᠢᠭᠰᠡᠨ ᠠᠯᠳᠠᠨ ᠣᠷᠣᠭᠲᠠᠨ ᠤ ᠨᠠᠭᠠᠴᠤ ᠶᠢᠨ ᠨᠤᠲᠤᠭ ᠤᠨ ᠥᠷᠥᠭᠡ ᠲᠡᠦᠬᠡ ᠲᠠᠢ ᠲᠠᠨᠢᠯᠴᠠᠶ᠎ᠠ᠃      ᠨᠢᠭᠡ᠂ ᠦᠦᠭᠡ ᠲᠡᠦᠬᠡ ᠶᠢᠨ ᠭᠡᠰᠢᠭᠳᠡᠨ      ᠴᠢᠩᠭᠢᠰ ᠬᠠᠭᠠᠨ ᠤ ᠦᠶ᠎ᠡ ᠳᠤ ᠬᠡᠰᠢᠭ ᠭᠡᠳᠡᠭ ᠦᠭᠡ ᠨᠢ ᠲᠡᠰ ᠳᠠᠷᠠᠭ᠎ᠠ᠂ ᠡᠭᠡᠯᠴᠢ ᠭᠡᠷᠡᠭᠡ ᠭᠡᠬᠦ ᠤᠳᠬ᠎ᠠ ᠎ ᠲᠠᠢ᠂ ᠲᠡᠭᠡᠭᠡᠳ ᠣᠷᠳᠣᠨ ᠳᠤ ᠡᠭᠡᠯᠵᠢᠯᠡᠨ ᠣᠷᠣᠵᠤ ᠬᠠᠮᠠᠭᠠᠯᠠᠬᠤ ᠡᠭᠦᠷᠭᠡ ᠭᠦᠢᠴᠡᠳᠬᠡᠳᠡᠭ ᠴᠡᠷᠢᠭ ᠤᠨ ᠪᠦᠷᠢᠯᠳᠦᠭᠦᠨ ᠢ ᠬᠡᠰᠢᠭᠲᠡᠢ ᠭᠡᠳ᠂ ᠣᠯᠠᠨ ᠲᠤᠭ᠎ᠠ ᠶᠢ ᠨᠢ ᠭᠡᠰᠢᠭᠳᠡᠨ ᠭᠡᠪᠡ᠃ 1189 ᠣᠨ ᠳᠤ ᠴᠢᠩᠭᠢᠰ ᠬᠠᠭᠠᠨ ᠥᠪᠡᠷ ᠤᠨ ᠢᠶᠠᠨ ᠬᠠᠮᠠᠭᠠᠯᠠᠭᠴᠢ ᠭᠡᠰᠢᠭᠳᠡᠨ ᠴᠡᠷᠢᠭ ᠢ ᠪᠠᠶᠢᠭᠤᠯᠪᠠ᠃ ᠭᠡᠰᠢᠭᠳᠡᠨ ᠴᠡᠷᠢᠭ ᠢ ᠶᠡᠬᠡᠰ ᠨᠣᠶᠠᠳ ᠎ ᠤᠨ ᠬᠡᠦᠬᠡᠳ ᠪᠠ ᠡᠭᠡᠯ ᠠᠷᠠᠳ ᠤᠨ ᠬᠠᠮᠤᠭ ᠤᠨ ᠰᠡᠴᠡᠨ ᠰᠡᠷᠭᠦᠯᠡᠩ ᠬᠡᠦᠬᠡᠳ ᠢ ᠰᠣᠩᠭᠤᠵᠤ ᠪᠠᠶᠢᠭᠤᠯᠳᠠᠭ᠃ ᠠᠩᠬᠠᠨ ᠳᠠᠭᠠᠨ 70 ᠳᠤᠷᠬᠠᠭ᠂ 80 ᠭᠡᠪᠲᠡᠭᠦᠯ ᠪᠠᠶᠢᠭᠰᠠᠨ ᠢᠶᠠᠨ 1206 ᠣᠨ ᠳᠤ ᠶᠡᠭᠡ ᠮᠣᠩᠭᠤᠯ ᠤᠯᠤᠰ ᠪᠠᠶᠢᠭᠤᠯᠬᠤ ᠳᠤ ᠥᠷᠭᠡᠳᠬᠡᠨ 8000 ᠲᠤᠷᠬᠠᠭ᠂ 1000 ᠭᠡᠪᠲᠡᠭᠦᠯ᠂ 1000 ᠬᠤᠷᠴᠢᠨ ᠪᠣᠯᠭᠠᠨ ᠪᠠᠶᠢᠭᠤᠯᠪᠠ ᠃ ᠡᠭᠦᠨ ᠳᠤ ᠳᠤᠷᠬᠠᠭ ᠨᠢ ᠡᠳᠦᠷ ᠤᠨ ᠬᠠᠷᠠᠭᠤᠯ᠂ ᠭᠡᠪᠲᠡᠭᠦᠯ ᠨᠢ ᠰᠥᠨᠢ ᠶᠢᠨ ᠮᠠᠨᠠᠭ᠎ᠠ᠂ ᠬᠤᠷᠴᠢᠨ ᠨᠢ ᠳᠠᠶᠢᠨ ᠪᠠᠶᠢᠯᠳᠤᠭᠠᠨ ᠳᠤ ᠬᠠᠭᠠᠨ ᠢ ᠬᠠᠮᠠᠭᠠᠯᠠᠵᠤ ᠶᠠᠪᠤᠬᠤ ᠰᠢᠲᠡᠷ ᠴᠡᠷᠢᠭ ᠢ ᠬᠡᠯᠡᠨ᠎ᠡ᠃      1368 ᠣᠨ ᠳᠤ ᠲᠣᠭᠤᠨᠳᠠᠮᠤᠷ ᠬᠠᠭᠠᠨ ᠭᠡᠰᠢᠭᠳᠡᠨ ᠴᠡᠷᠢᠭ ᠢᠶᠠᠷ ᠬᠠᠮᠠᠭᠠᠯᠠᠭᠤᠯᠤᠨ ᠳ᠋ᠠᠶᠢᠲᠤ ︵ᠪᠡᠭᠡᠵᠢᠩ︶ ᠎ ᠠᠴᠠ ᠳᠡᠭᠡᠳᠦ ᠨᠡᠶᠢᠰᠯᠡᠯ ᠢ ᠳᠠᠮᠵᠢᠨ 1369 ᠣᠨ ᠤ 6 ᠰᠠᠷ᠎ᠠ ᠶᠢᠨ 13᠎ ᠤ ᠡᠳᠦᠷ ᠭᠡᠰᠢᠭᠲᠡᠨ ᠤ ᠶᠢᠩ ᠴᠠᠩ ᠯᠦ ︵ᠪᠠᠷᠰ ᠬᠤᠲᠠ︶ ᠬᠤᠲᠠᠨ ᠳᠤ ᠬᠦᠷᠴᠦ 1370 ᠣᠨ ᠤ 4 ᠰᠠᠷ᠎ᠠ ᠳᠤ ᠶᠣᠯᠬᠤᠳᠠᠰᠤ ᠡᠪᠡᠳᠴᠢᠨ ᠢᠶᠠᠷ ᠶᠢᠩ ᠴᠠᠩ ᠯᠦ ᠬᠤᠲᠠ ᠳᠤ ᠲᠠᠭᠠᠯᠠᠯ ᠲᠡᠭᠦᠰᠪᠡ᠃ 5 ᠰᠠᠷ᠎ᠠ ᠳᠤ ᠮᠢᠩ ᠤᠯᠤᠰ ᠤᠨ ᠴᠡᠷᠢᠭ ᠶᠢᠩ ᠴᠠᠩ ᠯᠦ ᠬᠤᠲᠠ ᠎ ᠳᠤ ᠪᠠᠶᠢᠯᠳᠤᠨ ᠣᠷᠣᠭᠰᠠᠨ ᠳᠤ ᠬᠠᠭᠠᠨ ᠢ ᠬᠠᠮᠠᠭᠠᠯᠠᠭᠰᠠᠨ ᠭᠡᠰᠢᠭᠳᠡᠨ ᠴᠡᠷᠢᠭ ᠨᠢ ᠦᠷᠡᠭᠳᠡᠬᠦ ᠨᠢ ᠦᠷᠡᠭᠳᠡᠨ᠂ ᠦᠯᠡᠳᠡᠭᠰᠡᠨ ᠨᠢ ᠪᠤᠴᠠᠨ ᠳᠤᠲᠠᠭᠠᠵᠤ ᠭᠡᠰᠢᠭᠳᠡᠨ ᠤ ᠡᠮᠦᠨ᠎ᠡ ᠵᠠᠬ᠎ᠠ ᠶᠢᠨ ᠪᠠᠶᠢᠴᠠ ᠶᠢᠨ ᠬᠥᠨᠳᠡᠢ ᠵᠡᠷᠭᠡ ᠭᠠᠵᠠᠷ ᠤᠨ ᠥᠨᠳᠥᠷ ᠠᠭᠤᠯᠠ ᠣᠢ ᠮᠣᠳᠣᠳ ᠢᠶᠠᠷ ᠠᠮᠢ ᠬᠤᠷᠭᠤᠳᠠᠵᠠᠢ᠃ ᠰᠡᠭᠦᠯᠡᠷ ᠨᠢ ᠪᠡᠲᠤᠮᠥ᠋ᠩᠬᠡ ᠲᠠᠶᠠᠨ ᠬᠠᠭᠠᠨ ᠤ ᠬᠦᠦ ᠸᠴᠢᠷᠪᠣᠯᠣᠳ ᠤᠨ ᠬᠠᠷᠢᠶᠠᠨ ᠤ ᠪᠠᠶᠢᠭᠰᠠᠨ ᠢᠶᠠᠨ ᠴᠠᠬᠠᠷ ᠤᠨ ᠯᠢᠭᠳᠡᠨ ᠬᠠᠭᠠᠨ ᠢ ᠳᠠᠭᠠᠵᠤ ᠪᠠᠶᠢᠯᠳᠤᠨ ᠲᠡᠶᠢᠲᠤᠵᠤ ᠶᠠᠪᠤᠵᠠᠢ᠃      1560 ᠣᠨ ᠤ ᠪᠠᠷᠤᠭ ᠢᠶᠠᠷ ᠱᠠᠷᠯᠠᠲᠠᠢ ᠮᠡᠷᠭᠡᠨ ᠨᠣᠶᠠᠨ ᠥᠪᠡᠷ ᠤᠨ ᠠᠶᠢᠮᠠᠭ ᠢᠶᠠᠨ ᠭᠡᠰᠢᠭᠳᠡᠨ ᠭᠡᠮᠡᠨ ᠨᠡᠷᠡᠯᠡᠵᠦ᠂ ᠴᠠᠬᠠᠷ ᠲᠦᠮᠡᠨ ᠤ 8 ᠤᠲᠤᠭ ᠤᠨ ᠨᠢᠭᠡ ᠪᠠᠶᠢᠭᠰᠠᠨ ᠢᠶᠠᠨ 1634 ᠣᠨ ᠳᠤ ᠭᠡᠰᠢᠭᠳᠡᠨ ᠤᠳᠤᠭ ᠤᠨ ᠰᠣᠨᠣᠮ ᠳᠠᠶᠢᠵᠢ ᠠᠷᠭ᠎ᠠ ᠪᠤᠰᠤ ᠮᠠᠨᠵᠤ ᠳᠤ ᠲᠠᠭᠠᠪᠠ᠃ 1652 ᠣᠨ ᠳᠤ ᠴᠢᠩ ᠤᠯᠤᠰ ᠨᠢ ᠭᠡᠰᠢᠭᠳᠡᠨ ᠢ ᠸᠠᠩ ᠨᠣᠶᠠᠨ ᠡᠷᠭᠦᠮᠵᠢᠯᠡᠬᠦ ᠦᠭᠡᠢ ᠨᠢᠭᠡᠳᠦᠭᠡᠷ ᠵᠡᠷᠭᠡ ᠶᠢᠨ ᠳᠠᠶᠢᠵᠢ ᠶᠢᠨ ᠵᠡᠷᠭᠡ ᠲᠠᠢ ᠵᠠᠰᠠᠭ ᠨᠣᠶᠠᠨ ᠲᠠᠢ ᠬᠤᠰᠢᠭᠤ ᠪᠣᠯᠭᠠᠪᠠ᠃      ᠬᠤᠶᠠᠷ᠂ ᠭᠠᠵᠠᠷ ᠵᠦᠢ ᠶᠢᠨ ᠭᠡᠰᠢᠭᠳᠡᠨ      ᠭᠡᠰᠢᠭᠳᠡᠨ ᠬᠤᠰᠢᠭᠤ ᠶᠢᠨ ᠭᠠᠵᠠᠷ ᠤᠨ ᠵᠢᠷᠤᠭ ᠨᠢ ᠬᠤᠶᠠᠷ ᠭᠠᠷ ᠢᠶᠠᠷ ᠢᠶᠠᠨ ᠨᠠᠮᠠᠨᠴᠢᠯᠠᠨ ᠵᠠᠯᠪᠠᠷᠢᠭᠰᠠᠨ ᠶᠠᠩᠵᠤ ᠲᠠᠢ᠂ 20672 ᠬᠠᠪᠲᠠᠭᠠᠢ ᠳᠥᠷᠪᠡᠯᠵᠢᠨ ᠺᠢᠯᠣᠮᠧᠲᠷ ᠨᠤᠲᠤᠭ ᠲᠠᠢ᠂ 25 ᠲᠦᠮᠡᠨ ᠬᠥᠮᠥᠨ ᠠᠷᠠᠳ ᠎ ᠲᠠᠢ᠂ ᠡᠭᠦᠨ ᠳᠤ 1.7 ᠲᠦᠮᠡ ᠰᠢᠬᠠᠮ ᠮᠣᠩᠭᠤᠯ ᠪᠤᠢ᠂ ᠳᠤᠮᠳᠠ ᠰᠡᠷᠢᠭᠦᠨ ᠪᠥᠰᠡ ᠶᠢᠨ ᠠᠭᠤᠷ ᠠᠮᠢᠰᠬᠤᠯ ᠲᠠᠢ᠂ ᠳᠠᠯᠠᠢ ᠶᠢᠨ ᠲᠦᠪᠰᠢᠨ ᠠᠴᠠ ᠳᠤᠮᠳᠠᠴᠢ ᠪᠠᠷ 1100 ᠮᠧᠲᠷ ᠡᠷᠭᠦᠭᠳᠡᠭᠰᠡᠨ᠂ ᠭᠠᠵᠠᠯ ᠠᠭᠤᠯᠠ᠂ ᠶᠡᠭᠡ ᠬᠢᠩᠭᠠᠨ ᠨᠢᠷᠤᠭᠤ᠂ ᠮᠣᠩᠭᠤᠯ ᠤᠨ ᠥᠨᠳᠦᠷᠯᠢᠭ ᠤᠨ ᠠᠯᠲᠠᠨ ᠭᠤᠷᠪᠠᠯᠵᠢᠨ ᠬᠤᠶᠢᠭ ᠤᠨ ᠣᠷᠣᠨ ᠳᠤ ᠣᠷᠣᠰᠢᠭᠰᠠᠨ ᠭᠡᠰᠢᠭᠳᠡᠨ ᠭᠡᠳᠡᠭ ᠨᠡᠷ᠎ᠡ ᠪᠠᠷ ᠨᠡᠷᠡᠶᠢᠲᠦᠭᠳᠡᠭᠰᠡᠨ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠮᠥᠨ᠃      ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠨᠢ 9 ᠶᠡᠭᠡ ᠲᠣᠭᠤᠷᠢᠭ ᠢ ᠪᠠᠭᠲᠠᠭᠠᠨ᠎ᠠ᠂ ᠡᠭᠦᠨ ᠳᠤ ᠠᠰᠠᠭᠲᠤ ᠶᠢᠨ ᠪᠣᠷᠵᠢᠨ ᠴᠢᠯᠠᠭᠤᠨ ᠰᠢᠭᠤᠢ᠂ ᠳ᠋ᠠᠯ ᠨᠠᠭᠤᠷ ᠤᠨ ᠭᠠᠯᠲᠤ ᠠᠭᠤᠯᠠ ᠶᠢᠨ ᠦᠯᠡᠳᠡᠭᠳᠡᠯ ᠤᠨ ᠰᠦᠷᠦᠭ᠂ ᠬᠤᠩᠭᠤ ᠶᠢᠨ ᠳᠠᠪᠠᠭᠠᠨ ᠤ ᠳᠥᠷᠪᠡᠳᠡᠬᠢ ᠭᠠᠯᠪᠠ ᠶᠢᠨ ᠮᠥᠰᠥᠳᠥᠯᠭᠡ ᠶᠢᠨ ᠦᠯᠡᠳᠡᠭᠳᠡᠯ ᠤᠨ ᠳᠦᠷᠰᠦ᠂ ᠭᠠᠯᠳᠠᠰᠤᠲᠠᠢ ᠷᠠᠰᠢᠶᠠᠨ᠂ ᠲᠣᠭᠤᠭ᠎ᠠ ᠠᠭᠤᠯᠠ ᠶᠢᠨ ᠮᠥᠰᠥᠨ ᠬᠤᠩᠬᠤᠷ ᠤᠨ ᠰᠦᠷᠦᠭ᠂ ᠰᠢᠷᠡᠮᠦ᠋ᠷᠡᠨ ᠤ ᠶᠡᠭᠡ ᠬᠠᠪᠴᠢᠯ᠂ ᠬᠤᠯᠠᠨ ᠰᠢᠷᠭ᠎ᠠ ᠳᠠᠭ᠎ᠠ ᠶᠢᠨ ᠡᠯᠡᠰᠤ᠂ ᠤᠯᠠᠭᠠᠪᠤᠳᠤᠩ ᠤᠨ ᠨᠤᠭᠤ ᠭᠠᠵᠠᠷ ᠵᠡᠷᠭᠡ ᠪᠠᠶᠢᠨ᠎ᠠ᠃      ᠭᠡᠰᠢᠭᠲᠡᠨ ᠤ ᠳᠡᠯᠡᠬᠡᠢ ᠶᠢᠨ ᠬᠠᠮᠤᠭ ᠤᠳ      ◇ᠳᠡᠯᠡᠬᠡᠢ ᠶᠢᠨ ᠬᠠᠮᠤᠭ ᠤᠨ ᠨᠠᠷᠢᠬᠠᠨ ᠭᠤᠣᠯ ᠤᠨ ᠨᠢᠭᠡ᠄ ᠬᠤᠭᠤᠯᠠᠢ ᠶᠢᠨ ᠭᠤᠣᠯ      ◇ᠳᠡᠯᠡᠬᠡᠢ ᠳᠤ ᠭᠠᠭᠴᠠᠬᠠᠨ ᠦᠯᠡᠳᠡᠭᠳᠡᠵᠦ ᠪᠠᠶᠢᠭ᠎ᠠ ᠨᠠᠷᠡᠰᠦᠨ ᠮᠣᠳᠣᠨ ᠤ ᠲᠥᠷᠥᠯ᠄ ᠪᠠᠶᠠᠨᠵᠢᠷᠦᠭᠡ ᠶᠢᠨ ᠡᠯᠡᠰᠦᠨ ᠭᠠᠴᠣᠷ᠎ᠠ      ◇ᠳᠡᠯᠡᠬᠡᠢ ᠳᠤ ᠭᠠᠭᠴᠠᠬᠠᠨ ᠪᠣᠷᠵᠢᠨ ᠴᠢᠯᠠᠭᠤᠨ ᠰᠢᠭᠤᠢ᠄ ᠠᠰᠠᠭᠲᠤ ᠶᠢᠨ ᠴᠢᠯᠠᠭᠤᠨ ᠰᠢᠭᠤᠢ      ◇ᠳᠡᠯᠡᠬᠡᠢ ᠶᠢᠨ ᠬᠠᠮᠤᠭ ᠠᠩᠬᠠᠨ ᠤ ᠵᠠᠰᠠᠭ ᠵᠠᠬᠢᠷᠭᠠᠨ ᠤ ᠬᠤᠪᠢᠷᠢᠶᠠᠯᠠᠯ ᠨᠡᠷ᠎ᠡ ᠪᠠᠷ ᠨᠡᠷᠡᠶᠢᠲᠦᠭᠳᠡᠭᠰᠡᠨ ᠭᠠᠵᠠᠷ ᠰᠢᠨᠵᠢᠯᠡᠭᠡᠨ ᠤ ᠴᠡᠴᠡᠷᠯᠢᠭ᠄ ᠭᠡᠰᠢᠭᠲᠡᠨ ᠤ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ — ᠭᠡᠰᠢᠭᠳᠡᠨ      ◇ᠳᠡᠯᠡᠬᠡᠢ ᠶᠢᠨ ᠠᠩ ᠤᠨ ᠲᠠᠯᠠᠪᠠᠢ᠄ ᠬᠤᠩᠭᠤ ᠠᠭᠤᠯᠠ ᠶᠢᠨ ᠠᠩ ᠤᠨ ᠲᠠᠯᠠᠪᠠᠢ      ᠭᠤᠷᠪᠠ᠂ ᠰᠣᠶᠤᠯ ᠢᠷᠭᠡᠨᠰᠢᠯ ᠤᠨ ᠭᠡᠰᠢᠭᠳᠡᠨ      1. ᠭᠡᠰᠢᠭᠳᠡᠨ ᠨᠤᠲᠤᠭ ᠨᠢ ᠶᠡᠭᠡ ᠡᠷᠲᠡᠨ ᠳᠡᠭᠡᠨ ᠤᠮᠠᠷᠠᠲᠤ ᠶᠢᠨ ᠨᠡᠭᠦᠳᠡᠯᠴᠢᠳ ᠤᠨ ᠨᠤᠲᠤᠭ ᠪᠠᠶᠢᠪᠠ᠃ ᠡᠭᠦᠨ ᠳᠤ ᠾᠦᠩᠨᠦ ᠨᠡᠭᠦᠳᠡᠯᠴᠢᠳ ᠠᠳᠡ ᠨᠡᠭᠦᠳᠡᠯ ᠤᠨ ᠮᠠᠯ ᠠᠵᠤ ᠠᠬᠤᠢ ᠡᠵᠡᠩᠨᠡᠨ ᠠᠩ ᠭᠦᠷᠥᠭᠡ ᠬᠢᠵᠦ ᠠᠮᠢᠳᠤᠷᠠᠨ ᠲᠣᠭᠲᠠᠨᠢᠭᠰᠠᠭᠠᠷ ᠢᠷᠡᠪᠡ᠃ 330 ᠭᠠᠵᠠᠷ ᠤᠨ ᠪᠠᠶᠢᠴᠠ ᠶᠢᠨ ᠬᠥᠨᠳᠡᠢ ᠪᠣᠯ ᠳᠡᠭᠡᠳᠦᠰ ᠤᠨ ᠨᠤᠲᠤᠭ᠂ ᠠᠳᠡ ᠦᠯᠡᠳᠡᠭᠰᠡᠨ ᠬᠠᠳᠠᠨ ᠵᠢᠷᠤᠭ᠂ ᠬᠠᠳᠠᠨ ᠠᠭᠤᠢ ᠪᠠ ᠲᠦᠰᠢ᠂ ᠲᠠᠪᠤᠨ ᠬᠤᠷᠤᠭᠤ ᠶᠢᠨ ᠬᠠᠳᠠᠨ ᠵᠢᠷᠤᠭ ᠵᠡᠷᠭᠡ ᠎ ᠨᠢ ᠠᠮᠢᠳᠤ ᠬᠡᠷᠡᠴᠢ ᠶᠤᠮ᠃      2. ᠴᠢᠩᠭᠢᠰ ᠬᠠᠭᠠᠨ ᠤ ᠡᠷᠭᠦᠮᠵᠢᠯᠡᠨ ᠰᠣᠶᠤᠷᠬᠠᠭᠰᠠᠨ ᠬᠤᠩᠭᠢᠷᠠᠳ ᠤᠨ ᠨᠤᠲᠤᠭ      1214 ᠣᠨ ᠪᠠ 1216 ᠣᠨ ᠳᠤ ᠴᠢᠩᠭᠢᠰ ᠬᠠᠭᠠᠨ 2 ᠤᠳᠠᠭ᠎ᠠ ᠠᠯᠲᠠᠨ ᠤᠯᠤᠰ ᠢ ᠪᠠᠶᠢᠯᠳᠤᠨ ᠲᠠᠶᠢᠯᠠᠬᠤ ᠳᠤ ᠪᠠᠨ ᠵᠤᠨ ᠤ ᠬᠠᠯᠠᠭᠤᠨ ᠳᠤ ᠳ᠋ᠠᠯ ᠨᠠᠭᠤᠷ ᠤᠨ ᠬᠥᠪᠡᠭᠡᠨ ᠳᠤ ᠵᠣᠰᠠᠯᠠᠩ ᠳᠤ ᠭᠠᠷᠬᠤ ᠳᠠᠭᠠᠨ ᠡᠨᠡ ᠨᠤᠲᠤᠭ ᠢ ᠪᠠᠭ᠋ᠠᠷᠬᠠᠨ ᠲᠤᠭᠤᠵᠤ᠂ ᠤᠣᠯ ᠳᠠᠭᠠᠨ ᠡᠷᠭᠦᠨ᠎ᠡ ᠭᠤᠣᠯ᠂ ᠳ᠋ᠠᠯᠪᠠᠷ ᠤᠨ ᠭᠤᠣᠯ ᠤᠨ ᠬᠠᠪᠢ ᠪᠠᠷ ᠨᠤᠲᠤᠭᠯᠠᠵᠤ ᠪᠠᠶᠢᠭᠰᠠᠨ ᠥᠪᠡᠷ ᠤᠨ ᠬᠠᠳᠠᠮ ᠬᠤᠩᠭᠢᠷᠠᠳ ᠠᠶᠢᠮᠠᠭ ᠤᠨ ᠬᠢᠨ ᠳᠤ ᠡᠨᠡ ᠨᠤᠲᠤᠭ ᠢ ᠡᠷᠭᠦᠮᠵᠢᠯᠡᠨ ᠰᠤᠶᠤᠷᠬᠠᠪᠠ᠃ ᠬᠤᠩᠭᠢᠷᠠᠳ ᠠᠶᠢᠮᠠᠭ ᠪᠣᠯ ᠯᠢᠶᠣᠤ ᠤᠯᠤᠰ᠂ ᠠᠯᠲᠠᠨ ᠤᠯᠤᠰ ᠲᠠᠢ ᠬᠥᠷᠰᠢᠯᠡᠭᠰᠡᠨ ᠡᠷᠲᠡᠨ ᠤ ᠰᠣᠶᠣᠯᠵᠢᠭᠰᠠᠨ ᠠᠶᠢᠮᠠᠭ ᠶᠤᠮ᠃ ᠬᠤᠩᠭᠢᠷᠠᠳ ᠠᠶᠢᠮᠠᠭ ᠲᠤ ᠢᠬᠢᠷᠡᠰ᠂ ᠣᠯᠬᠤᠨᠤᠳ᠂ ᠬᠠᠷᠠᠨᠤᠳ᠂ ᠭᠤᠷᠯᠣᠰ᠂ ᠡᠯᠵᠢᠭᠡᠨ᠂ ᠬᠤᠩᠯᠢᠭᠤᠤᠳ᠂ ᠬᠤᠩᠭᠢᠷᠠᠳ ᠵᠡᠷᠭᠡ 7 ᠰᠠᠯᠪᠤᠷᠢ ᠲᠠᠢ᠃ ᠣᠳᠣ ᠭᠡᠰᠢᠭᠲᠡᠨ ᠳᠤ ᠬᠠᠷᠠᠨᠤᠳ ᠠᠶᠢᠮᠠᠭ ᠎ ᠨᠢ ᠪᠤᠢ᠃ ᠡᠳᠡᠨᠡᠷ ᠭᠡᠰᠢᠭᠲᠡᠨ ᠤ ᠳᠠᠷᠬᠠᠨ᠋ᠠ᠋ᠭᠤᠯᠠ᠂ ᠲᠠᠯᠠᠶᠢᠨᠠᠭᠤᠷ᠂ ᠪᠠᠶᠠᠨᠴᠠᠭᠠᠨ ᠢᠶᠠᠷ ᠲᠠᠷᠬᠠᠵᠤ ᠪᠤᠢ᠃      ᠬᠤᠩᠭᠢᠷᠠᠳ ᠠᠶᠢᠮᠠᠭ ᠪᠣᠯ ᠬᠠᠭᠠᠨ ᠤ ᠠᠯᠲᠠᠨ ᠣᠷᠤᠭ ᠲᠠᠢ ᠰᠤᠯᠢᠶ᠎ᠠ ᠣᠷᠤᠭ ᠬᠢᠳᠡᠭ ᠣᠨᠴᠠ ᠡᠷᠬᠢᠮ ᠪᠠᠶᠢᠷᠢ ᠰᠠᠭᠤᠷᠢ ᠲᠠᠢ᠃ 1237 ᠣᠨ ᠳᠤ ᠥᠭᠡᠲᠡᠢ ᠬᠠᠭᠠᠨ ︽ᠬᠤᠩᠭᠢᠷᠠᠳ ᠤᠨ ᠬᠢᠨ ᠥᠬᠢᠨ ᠲᠦᠷᠦᠬᠦᠯ᠎ᠡ ᠦᠶ᠎ᠡ ᠶᠢᠨ ᠦᠶ᠎ᠡ ᠳᠤ ᠬᠠᠳᠤᠨ ᠲᠠᠲᠠᠵᠤ᠂ ᠭᠦᠪᠡᠭᠦᠨ ᠲᠦᠷᠦᠬᠦᠯ᠎ᠡ ᠦᠶ᠎ᠡ ᠶᠢᠨ ᠦᠶ᠎ᠡ ᠳᠤ ᠬᠥᠩᠵᠦ ᠥᠭᠭᠦᠮᠥᠢ᠃ ᠵᠢᠯ ᠪᠦᠷᠢ ᠶᠢᠨ ᠲᠥᠷᠪᠡᠨ ᠤᠯᠠᠷᠢᠯ ᠤᠨ ᠲᠡᠷᠢᠭᠦᠨ ᠰᠠᠷ᠎ᠠ ᠳᠤ ᠡᠨᠡᠬᠦ ᠰᠣᠶᠤᠷᠬᠠᠯ ᠵᠠᠷᠯᠢᠭ ᠢ ᠲᠠᠭᠤᠳᠠᠨ ᠰᠣᠨᠣᠰᠬᠠᠨᠠᠮ ᠂ ᠦᠶ᠎ᠡ ᠶᠢᠨ ᠦᠶ᠎ᠡ ᠳᠤ ᠲᠠᠰᠤᠯᠵᠤ ᠦᠯᠦ ᠪᠣᠯᠣᠮᠣᠢ︾ ᠭᠡᠵᠦ ᠵᠠᠷᠯᠢᠭ ᠪᠣᠯᠵᠠᠢ᠃ ᠬᠤᠩᠭᠢᠷᠠᠳ ᠠᠴᠠ 19 ᠬᠠᠭᠠᠨ ᠤ ᠬᠠᠳᠤᠨ᠂ 18 ᠬᠠᠭᠠᠨ ᠤ ᠬᠦᠷᠭᠡᠨ ᠮᠡᠨᠳᠦᠯᠡᠵᠡᠢ᠃ 20 ᠬᠠᠭᠠᠨ ᠤ ᠬᠥᠩᠵᠦ ᠬᠤᠩᠭᠢᠷᠠᠳ ᠤᠨ ᠠᠭᠯᠠᠭᠴᠢ ᠶᠢᠨ ᠬᠠᠳᠤᠨ ᠪᠣᠯᠪᠠ᠃ ᠮᠣᠩᠭᠤᠯ ᠤᠨ ᠡᠯ᠎ᠡ ᠠᠶᠢᠮᠠᠭ ᠤᠨ ᠳᠣᠲᠣᠷ᠎ᠠ ᠵᠥᠪᠬᠡᠨ ᠬᠤᠩᠭᠢᠷᠠᠳ ᠠᠶᠢᠮᠠᠭ ᠯᠠ ᠡᠶᠢᠮᠦ ᠡᠷᠬᠢᠮ ᠪᠠᠶᠢᠷᠢ ᠰᠠᠭᠤᠷᠢ ᠲᠠᠢ᠃      ᠬᠤᠩᠭᠢᠷᠠᠳ ᠠᠶᠢᠮᠠᠭ ᠨᠢ ᠭᠡᠰᠢᠭᠳᠡᠨ ᠢ ᠪᠠᠭᠲᠠᠭᠠᠭᠰᠠᠨ ᠨᠤᠲᠤᠭ ᠲᠤ ᠢᠷᠡᠭᠡᠳ ᠬᠠᠮᠤᠭ ᠠᠩᠬᠠᠨ ᠤ ᠦᠶ᠎ᠡ ᠎ ᠳᠤ ᠳ᠋ᠠᠯ ᠨᠠᠭᠤᠷ ᠤᠨ ᠵᠡᠭᠦᠨ ᠭᠦᠪᠡᠭᠡ ᠪᠠᠷ ᠬᠥᠩᠵᠦ ᠶᠢᠨ ᠣᠷᠳᠣᠨ ᠪᠠᠶᠢᠭᠤᠯᠵᠤ ᠰᠠᠭᠤᠵᠤ ᠪᠠᠶᠢᠭᠰᠠᠨ ᠢᠶᠠᠨ 1270 ᠣᠨ ᠳᠤ ᠬᠤᠪᠢᠯᠠᠢ ᠬᠠᠭᠠᠨ ᠤ ᠥᠬᠢᠨ ᠨᠠᠩᠭᠢᠶᠡᠵᠢᠨ ᠬᠥᠩᠵᠦ ᠪᠠᠷᠰ ᠬᠤᠲᠠ ᠶᠢ ᠪᠠᠶᠢᠭᠤᠯᠵᠤ ᠰᠡᠭᠦᠯᠡᠷ ᠎ ᠨᠢ ᠪᠠᠷᠰ ᠬᠤᠲᠠ ᠪᠠᠷ ᠵᠣᠰᠠᠯᠠᠩ ᠤᠨ ᠬᠤᠲᠠ᠂ ᠤᠩᠨᠢᠭᠤᠳ ᠤᠨ ᠪᠤᠷᠤᠬᠤᠳᠠ ᠪᠠᠷ ᠡᠪᠦᠯᠵᠢᠶ᠎ᠡ ᠶᠢᠨ ᠬᠤᠲᠠ ᠪᠣᠯᠭᠠᠨ ᠰᠠᠭᠤᠪᠠ᠃ 1287 ᠣᠨ ᠳᠤ ᠬᠤᠪᠢᠯᠠᠢ ᠬᠠᠭᠠᠨ ᠨᠠᠶᠠᠨ ᠤ ᠤᠷᠪᠠᠯᠭᠠᠨ ᠢ ᠲᠥᠪᠰᠢᠳᠬᠡᠭᠰᠡᠨ ᠶᠠᠪᠤᠳᠠᠯ ᠢ ᠳᠤᠷᠠᠰᠬᠠᠵᠤ 1325 ᠣᠨ ᠳᠤ ︽ᠯᠤᠤ ᠮᠠᠨᠳᠤᠭᠰᠠᠨ ᠰᠦᠮ᠎ᠡ︾᠎ ᠶᠢ ᠪᠠᠶᠢᠭᠤᠯᠤᠨ ︽ᠶᠢᠩ ᠴᠠᠩ ᠯᠦ ᠶᠢᠨ ᠮᠠᠨ ᠳᠦᠸᠧ ᠱᠠᠨ ᠠᠭᠤᠯᠠ ᠶᠢᠨ ᠰᠢᠨ᠎ᠡ ᠪᠠᠶᠢᠭᠤᠯᠤᠭᠰᠠᠨ ᠯᠦᠩ ᠰᠢᠩ ᠰᠧ ᠰᠥᠮ᠎ᠠ ᠶᠢᠨ ᠲᠡᠮᠳᠡᠭᠯᠡᠯ︾ ᠭᠡᠮᠡᠬᠦ ᠴᠢᠯᠠᠭᠤᠨ ᠬᠥᠰᠢᠶ᠎ᠡ ᠪᠣᠰᠬᠠᠪᠠ᠃ ᠡᠨᠡ ᠴᠢᠯᠠᠭᠤᠨ ᠬᠥᠰᠢᠶ᠎ᠡ ᠨᠢ ᠣᠳᠣ ᠪᠠᠷᠰ ᠬᠤᠲᠠ ᠶᠢᠨ ᠮᠦᠽᠧᠢ ᠳᠤ ᠬᠤᠩᠭᠢᠷᠠᠳ ᠰᠣᠶᠣᠯ ᠤᠨ ᠭᠡᠷᠡᠴᠢ ᠪᠣᠯᠵᠤ ᠬᠠᠳᠠᠭᠠᠯᠠᠭᠳᠠᠭᠰᠠᠭᠠᠷ ᠪᠠᠶᠢᠨ᠎ᠠ᠃ ᠲᠡᠷᠡ ᠦᠶ᠎ᠡ ᠶᠢᠨ ᠬᠥᠮᠥᠰ ᠤᠨ ᠦᠷ᠎ᠡ ᠬᠤᠶᠢᠴᠢ ᠨᠢ ᠵᠡᠭᠦᠨ ᠠᠷᠤ ᠶᠢᠨ ᠮᠣᠩᠭᠤᠯᠴᠤᠳ ᠲᠠᠷᠤᠢ ᠣᠳᠣ ᠶᠢᠨ ᠪᠠᠶᠠᠨᠴᠠᠭᠠᠨ᠂ ᠪᠠᠶᠠᠩᠭᠤᠣᠯ ᠤᠨ ᠮᠣᠩᠭᠤᠯᠴᠤᠳ ᠶᠤᠮ᠃      1690 ᠣᠨ ᠳᠤ ᠭᠠᠯᠲᠠᠨ ᠪᠣᠱᠣᠭᠲᠤ ᠨᠢ ᠭᠡᠰᠢᠭᠳᠡᠨ ᠤ ᠤᠯᠠᠭᠠᠨᠪᠤᠲᠤᠩ ᠳᠤ ᠮᠠᠨᠵᠤ ᠶᠢᠨ ᠡᠩᠬᠡ ᠠᠮᠤᠭᠤᠯᠠᠩ ᠬᠠᠭᠠᠨ ᠲᠠᠢ ᠪᠠᠶᠢᠯᠳᠤᠬᠤ ᠳᠤ ᠴᠡᠷᠢᠭ ᠲᠤᠨᠢ ᠠᠶᠤᠮᠰᠢᠭᠲᠤ ᠬᠢᠵᠢᠭ ᠡᠪᠡᠳᠴᠢᠨ ᠬᠠᠯᠠᠭᠤᠨ ᠲᠣᠮᠣᠭᠤ ᠳᠡᠯᠭᠡᠷᠡᠵᠦ᠂ ᠰᠢᠷ᠎ᠠ ᠮᠥᠷᠡᠨ ᠤ ᠭᠦᠪᠡᠭᠡ ᠠᠴᠠ ᠭᠠᠩᠭᠠᠨ ᠨᠠᠭᠤᠷ ᠤᠨ ᠭᠦᠪᠡᠭᠡ ᠣᠷᠴᠢᠮ ᠢᠶᠠᠷ ᠤᠬᠤᠷᠢᠨ ᠳᠦᠷ ᠠᠮᠤᠰᠬᠢᠵᠦ᠂ ᠬᠢᠵᠢᠭ ᠲᠤ ᠨᠡᠷᠪᠡᠭᠳᠡᠭᠰᠡᠨ ᠴᠡᠷᠢᠭ ᠢᠶᠠᠨ ᠦᠯᠡᠳᠡᠭᠡᠵᠦ ᠬᠠᠯᠬ᠎ᠠ ᠮᠣᠩᠭᠤᠯ ᠲᠠᠶᠢᠰᠢ ᠤᠬᠤᠷᠢᠪᠠ᠃ ᠬᠢᠵᠢᠭ ᠡᠪᠡᠳᠴᠢᠨ ᠲᠠᠢ ᠴᠡᠷᠢᠭ ᠨᠢ ᠨᠥᠭᠴᠢᠭᠰᠡᠳ ᠵᠶ᠋ᠡᠡᠨ ᠲᠠᠯᠠᠶᠢᠨᠠᠭᠤᠷ ᠪᠠᠯᠭᠠᠰᠤ ᠶᠢᠨ ᠣᠩᠭᠤᠨ ᠬᠥᠨᠳᠡᠢ ᠳᠤ ᠪᠤᠯᠠᠰᠢᠯᠠᠵᠤ᠂ ᠬᠠᠯᠬ᠎ᠠ ᠣᠪᠣᠭ᠎ᠠ ᠶᠢ ᠪᠤᠰᠬᠠᠨ ᠳᠠᠭᠢᠵᠤ ᠭᠡᠰᠢᠭᠳᠡᠨ ᠤ ᠳ᠋ᠡᠯ ᠨᠠᠭᠤᠷ᠂ ᠭᠠᠩᠭᠠᠨ ᠨᠠᠭᠤᠷ ᠬᠠᠪᠢ ᠶᠢᠨ ᠮᠠᠩᠬᠠᠨ ᠳᠤ ᠨᠤᠲᠤᠭᠰᠢᠪᠠ᠃ ᠭᠠᠯᠳᠠᠨ ᠪᠣᠯᠣᠭᠲᠤ ᠶᠢᠨ ᠴᠡᠷᠢᠭ ᠲᠤ ᠥᠭᠡᠯᠡᠳ᠂ ᠬᠠᠯᠬ᠎ᠠ ᠶᠠᠰᠤᠲᠠᠨ ᠪᠠᠭᠲᠠᠯᠴᠠᠨ ᠶᠠᠪᠤᠭᠰᠠᠨ ᠢᠶᠠᠷ ᠣᠳᠣ ᠭᠡᠰᠢᠭᠲᠡᠨ ᠤ ᠬᠠᠯᠬ᠎ᠠ᠂ ᠥᠭᠡᠯᠡᠳ ᠶᠠᠰᠤᠲᠠᠨ ᠨᠢ ᠣᠳᠣ ᠶᠢᠨ ᠳᠠᠷᠬᠠᠨ᠋ᠠ᠋ᠭᠤᠯᠠ ᠶᠢᠨ ᠬᠥᠭᠦᠷᠭᠡ᠂ ᠨᠠᠷᠠᠰᠤ᠂ ᠪᠠᠶᠠᠨ᠋ᠠ᠋ᠭᠤᠯᠠ ᠬᠠᠪᠢ ᠪᠠᠷ ᠨᠤᠲᠤᠭᠰᠢᠵᠤ ᠪᠠᠶᠢᠨ᠎ᠠ᠃      1732 ᠣᠨ ᠤ ᠪᠠᠷᠤᠭ ᠢᠶᠠᠷ ᠴᠢᠩ ᠤᠯᠤᠰ ᠤᠨ ᠵᠠᠰᠠᠭ ᠤᠨ ᠭᠠᠵᠠᠷ ᠨᠢ ᠪᠤᠭᠤᠮᠳᠠ ᠭᠠᠷᠬᠤ ᠲᠡᠨᠦᠭᠦᠯ ᠠᠷᠠᠳ ᠢ ᠲᠠᠯᠪᠢᠨ ᠭᠠᠷᠭᠠᠵᠤ ᠮᠣᠩᠭᠤᠯ ᠨᠤᠲᠤᠭ ᠢᠶᠠᠷ ᠠᠳᠠᠷ ᠬᠠᠭᠠᠯᠪᠤᠷᠢᠯᠠᠬᠤ ᠶᠢ ᠵᠥᠪᠰᠢᠶᠡᠷᠡᠭᠰᠡᠨ ᠠᠴᠠ ᠱᠠᠨᠳᠦ᠋ᠩ ᠣᠷᠴᠢᠮ ᠤᠨ ᠳᠡᠨᠦᠭᠦᠯ ᠢᠷᠭᠡᠳ ᠴᠥᠮᠥᠷᠡᠨ ᠣᠷᠣᠵᠤ᠂ ᠮᠣᠩᠭᠤᠯᠴᠤᠳ ᠠᠷᠭ᠎ᠠ ᠪᠤᠰᠤ ᠰᠢᠷ᠎ᠠ ᠮᠥᠷᠡᠨ ᠢ ᠭᠠᠲᠤᠯᠵᠤ ᠬᠤᠶᠢᠰᠢ ᠪᠠᠨ ᠨᠡᠭᠦᠪᠡ᠃ ᠭᠡᠰᠢᠭᠳᠡᠨ ᠵᠠᠰᠠᠭ ᠰᠡᠭᠦᠯᠡᠷ ᠨᠢ ᠶᠡᠭᠡ ᠬᠢᠩᠭᠠᠨ ᠳᠠᠪᠠᠭ᠎ᠠ ᠪᠠᠷ ᠵᠠᠭᠠᠭᠯᠠᠵᠤ᠂ ᠡᠮᠦᠨ᠎ᠡ ᠬᠡᠰᠡᠭ ᠤᠨ ᠬᠢᠳᠡᠳ ᠲᠠᠷᠢᠶᠠᠴᠢᠳ ᠢᠶᠠᠨ ᠵᠢᠩᠫᠧᠡᠭ ᠰᠢᠶᠠᠨ ᠬᠠᠮᠢᠶᠠᠷᠴᠤ ᠠᠷᠤ ᠶᠢᠨ ᠮᠣᠩᠭᠤᠯᠴᠤᠳ ᠢᠶᠠᠨ ᠭᠡᠰᠢᠭᠳᠡᠨ ᠬᠤᠰᠢᠭᠤ ᠬᠠᠮᠢᠶᠠᠷᠴᠤ ᠬᠤᠰᠢᠭᠤ ᠰᠢᠶᠠᠨ ᠵᠡᠷᠭᠡᠴᠡᠨ ᠣᠷᠣᠰᠢᠭᠰᠠᠨ ᠪᠠᠶᠢᠳᠠᠯ ᠲᠠᠢ ᠪᠣᠯᠪᠠ᠃ ᠵᠢᠩᠫᠧᠩ ᠰᠢᠶᠠᠨ ᠪᠠ ᠪᠢᠷᠠᠭᠤ ᠭᠡᠳᠡᠭ ᠪᠣᠯ ᠶᠠᠭ ᠡᠨᠡ ᠦᠶ᠎ᠡ ᠶᠢᠨ ᠨᠡᠷ᠎ᠡ ᠶᠤᠮ᠃ 1907 ᠣᠨ ᠳᠤ ᠯᠢᠨᠰᠢ ᠰᠢᠶᠠᠨ ᠪᠠᠶᠢᠭᠤᠯᠤᠭᠳᠠᠵᠤ ᠭᠡᠰᠢᠭᠲᠡᠨ ᠤ ᠵᠡᠭᠦᠨ 6 ᠰᠤᠮᠤ ᠶᠢᠨ ᠮᠣᠩᠭᠤᠯᠴᠤᠳ ᠨᠢ ᠪᠠᠶᠠᠨᠴᠠᠭᠠᠨ ᠬᠥᠨᠳᠡᠢ᠂ ᠱᠧᠭᠡᠷᠲᠦ᠂ ᠣᠩᠭᠤᠴᠠ᠂ ᠬᠠᠷ᠎ᠠ ᠤᠰᠤ᠂ ᠢᠨᠲ᠋ᠦ ᠶᠢᠨ ᠬᠠᠷ᠎ᠠ ᠬᠤᠰᠢᠭᠤ ᠵᠡᠷᠭᠡ ᠠᠴᠠ ᠠᠷᠭ᠎ᠠ ᠪᠤᠰᠤ ᠨᠡᠭᠦᠵᠦ᠂ 1913 ᠣᠨ ᠎ ᠤ ︽ᠦᠬᠡᠷ ᠵᠢᠯ ᠤᠨ ᠥᠢᠮᠡᠭᠡᠨ︾᠎ ᠳᠤ ᠭᠡᠰᠢᠭᠳᠡᠨ ᠤ ᠪᠠᠷᠠᠭᠤᠨ 6 ᠰᠤᠮᠤ ᠶᠢᠨ ᠮᠣᠩᠭᠤᠯᠴᠤᠳ ᠨᠢ ᠪᠠᠶᠢᠴᠠ᠂ ᠦᠶᠡᠷ᠂ ᠵᠤᠤᠬ᠎ᠠ ᠶᠢᠨ ᠭᠤᠣᠯ᠂ ᠭᠤᠷᠪᠠᠨ ᠬᠥᠨᠳᠡᠢ᠂ ᠭᠤᠷᠪᠠᠨ ᠬᠦᠷᠢᠶ᠎ᠡ ᠶᠢᠨ ᠬᠠᠷ᠎ᠠ ᠴᠡᠷᠢᠭ ᠤᠨ ᠰᠢᠬᠠᠮᠳᠠᠭᠤᠯᠤᠯ ᠎ ᠢᠶᠠᠷ ᠠᠷᠭ᠎ᠠ ᠦᠭᠡᠢ ᠨᠡᠭᠦᠭᠰᠡᠨ᠂ ᠢᠩᠭᠢᠭᠡᠳ ᠭᠡᠰᠢᠭᠳᠡᠨ ᠤ ᠮᠣᠩᠭᠤᠯᠴᠤᠳ ᠤᠨ ᠲᠡᠦᠬᠡ ᠶᠢ ᠭᠤᠯᠲᠤ ᠠᠴᠠ ᠨᠢ ᠠᠵᠢᠪᠠᠯ ᠮᠣᠩᠭᠤᠯᠴᠤᠳ ᠲᠠᠢ ᠪᠠᠨ ᠠᠳᠠᠯᠢᠬᠠᠨ ᠤᠬᠤᠷᠢᠵᠤ ᠵᠠᠶᠢᠯᠠᠭᠰᠠᠨ ᠲᠡᠦᠬᠡ ᠶᠤᠮ᠃      ᠳ᠋ᠦᠩᠨᠡᠪᠡᠯ ᠣᠳᠣ ᠶᠢᠨ ᠭᠡᠰᠢᠭᠳᠡᠨ ᠮᠣᠩᠭᠤᠯᠴᠤᠳ ᠤᠨ ᠳᠡᠭᠡᠳᠦᠰ ᠤᠨ ᠬᠦᠦᠴᠦᠦᠯ ᠨᠢ ᠮᠣᠩᠭᠤᠯ ᠤᠨ ᠶᠡᠭᠡ ᠬᠠᠭᠠᠨ ᠢᠶᠠᠨ ᠬᠠᠮᠠᠭᠠᠯᠠᠬᠤ ᠦᠨᠡᠨᠴᠢ ᠰᠢᠳᠤᠷᠭᠤ ᠴᠡᠷᠢᠭ ᠪᠣᠯᠣᠨ᠎ᠠ᠂ ᠬᠡᠦᠬᠡᠨᠴᠦᠳ ᠨᠢ ᠮᠣᠩᠭᠤᠯ ᠤᠨ ᠶᠡᠭᠡ ᠬᠠᠭᠠᠨ ᠎ ᠤ ᠬᠠᠳᠤᠨ ᠪᠣᠯᠣᠨ᠎ᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号