ᠨᠠᠮ ᠤᠨ ᠲᠦᠪ ᠬᠤᠷᠢᠶᠠᠨ ᠤ ᠠᠯᠪᠠᠨ ᠲᠢᠩᠭᠢᠮ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠭᠢᠮ ᠰᠠᠨᠠᠯ ᠲᠠᠷᠤᠮᠠᠯᠯᠠᠨ ᠲᠠᠷᠬᠠᠭᠠᠵᠤ ᠬᠢᠨᠠᠨ ᠵᠦᠪᠰᠢᠶᠠᠷᠠᠬᠦ ᠦᠢᠯᠡᠴᠢᠯᠡᠭᠡ ᠶᠢ ᠠᠷᠠᠳ ᠲᠤ ᠲᠦᠬᠦᠮ ᠪᠤᠯᠭᠠᠬᠤ ᠠᠵᠢᠯ ᠢ ᠬᠦᠨᠵᠡᠭᠡᠢ ᠠᠬᠢᠭᠤᠯᠬᠤ ᠲᠤᠬᠠᠢ ᠪᠠᠶᠢᠷᠢᠯᠠᠭᠤᠯᠵᠠᠢ
ᠨᠡᠶᠢᠲᠡᠯᠡᠭᠰᠡᠨ ᠴᠠᠭ᠄
2018/10/12
       ᠰᠢᠨᠬᠤᠸ᠋ᠨ ᠬᠤᠷᠢᠶᠠᠨ ᠤ ᠪᠡᠭᠡᠵᠢᠩ ᠤᠨ 5 ᠰᠠᠷ᠎ᠡ ᠶᠢᠨ 23 ᠤ ᠴᠠᠬᠢᠯᠭᠠᠨ ᠮᠡᠳᠡᠭᠡ ᠤᠢᠢᠷ᠎ᠡ ᠶᠢᠨ ᠡᠳᠦᠷ᠂ ᠨᠠᠮ ᠤᠨ ᠲᠦᠪ ᠬᠤᠷᠢᠶᠠᠨ ᠤ ᠠᠯᠪᠠᠨ ᠲᠢᠩᠭᠢᠮ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ︽ᠬᠢᠨᠠᠨ  ᠵᠦᠪᠰᠢᠶᠠᠷᠠᠬᠦ ᠦᠢᠯᠡᠴᠢᠯᠡᠭᠡ ᠶᠢ ᠠᠷᠠᠳ ᠲᠤ ᠲᠦᠬᠦᠮ  ᠪᠤᠯᠭᠠᠬᠤ  ᠠᠵᠢᠯ ᠢ  ᠬᠦᠨᠵᠡᠭᠡᠢ  ᠠᠬᠢᠭᠤᠯᠬᠤ  ᠲᠤᠬᠠᠢ  ᠵᠢᠯᠤᠭᠤᠳᠬᠤ  ᠰᠠᠨᠠᠯ︾ ᠢ ᠲᠠᠷᠤᠮᠠᠯᠯᠠᠨ ᠲᠠᠷᠬᠠᠭᠠᠵᠤ᠂ ᠬᠢᠨᠠᠨ  ᠵᠦᠪᠰᠢᠶᠡᠷᠡᠬᠦ  ᠦᠢᠯᠡᠴᠢᠯᠡᠭᠡ  ᠶᠢ ᠠᠷᠡᠳ ᠲᠤ  ᠲᠦᠬᠦᠮ ᠦᠵᠡᠬᠦᠯᠬᠦ ᠶᠢ  ᠬᠦᠨᠵᠡᠭᠡᠢ ᠠᠬᠢᠭᠤᠯᠬᠤ ᠠᠵᠢᠯ‌‍ᠳᠤ ᠪᠠᠶᠢᠷᠢᠯᠠᠭᠤᠯᠤᠯᠲᠠ ᠬᠢᠪᠠ᠃                ᠰᠠᠨᠠᠯ ᠳᠤ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂  ᠤᠷᠤᠨ  ᠨᠤᠲᠤᠭ ᠤᠨ  ᠡᠯ᠎ᠡ  ᠱᠠᠲᠤᠨ ᠤ ᠨᠠᠮ ᠤᠨ ᠬᠤᠷᠢᠶ᠎ᠡ ᠪᠤᠯᠤᠨ ᠵᠠᠰᠠᠭ ᠤᠨ ᠤᠷᠳᠤᠨ ᠵᠠᠰᠠᠭ ᠢ ᠴᠤᠮᠬᠠᠳᠬᠠᠵᠤ  ᠡᠷᠭᠡ ᠶᠢ ᠲᠠᠯᠪᠢᠬᠤ᠂  ᠲᠠᠯᠪᠢᠬᠤ ᠬᠠᠮᠢᠶᠠᠷᠬᠤ ᠶᠢ ᠤᠶᠠᠯᠳᠤᠭᠤᠯᠬᠤ᠂  ᠦᠢᠯᠡᠴᠢᠯᠡᠭᠡ ᠶᠢ ᠰᠢᠯᠢᠳᠡᠭᠵᠢᠭᠦᠯᠬᠦ ᠦᠭᠡᠷᠡᠴᠢᠯᠡᠯᠲᠠ ᠶᠢ  ᠯᠠᠪᠳᠠᠭᠤᠨ ᠪᠠᠲᠤᠲᠠᠢ ᠠᠬᠢᠭᠤᠯᠵᠤ᠂ ︽ᠭᠡᠳᠦᠷᠡᠬᠦ ᠳᠡᠭᠡᠨ ᠨᠢᠭᠡ ᠯᠡ ᠤᠳᠠᠭ᠎ᠠ ᠬᠦᠶᠦᠯᠭᠡᠬᠦ︾᠂ ︽ᠠᠭᠤᠯᠵᠠᠬᠤ ᠦᠭᠡᠢ ᠪᠠᠷ ᠬᠢᠨᠡᠨ ᠵᠦᠪᠰᠢᠶᠡᠷᠡᠬᠦ︾᠂  ︽ᠲᠠᠷᠦ᠋ᠢᠬᠠᠨ ᠰᠢᠢᠳᠪᠤᠷᠢᠯᠡᠬᠦ ᠰᠦᠯᠵᠢᠶᠠᠨ ᠲᠡᠭᠡᠷ᠎ᠡ ᠰᠢᠢᠳᠪᠤᠷᠢᠯᠡᠬᠦ‍ ᠨᠢᠭᠡ ᠯᠡ ᠤᠳᠠᠭ᠎ᠠ ᠳᠤ ᠰᠢᠢᠳᠪᠤᠷᠢᠯᠡᠬᠦ︾᠂  ︽ᠨᠢᠭᠡ  ᠯᠡ  ᠲᠠᠮᠠᠭ᠎ᠠ ᠪᠠᠷ ᠬᠢᠨᠠᠨ ᠵᠦᠪᠰᠢᠶᠠᠷᠡᠬᠦᠯᠬᠦ︾᠂ ︽ᠨᠢᠭᠡ ᠯᠡ ᠠᠯᠪᠠᠨ ᠭᠡᠷ ᠨᠢᠭᠡ ᠯᠡ ᠰᠦᠯᠵᠢᠶ᠎ᠡ︾ ᠵᠡᠷᠭᠡ ᠪᠦᠲᠦᠮᠵᠢᠲᠠᠢ ᠠᠷᠭ᠎ᠠ ᠬᠡᠮᠵᠢᠶ᠎ᠡ ᠪᠤᠯᠤᠨ ᠭᠡᠷᠡᠭᠵᠢᠬᠦᠯᠬᠦ ᠠᠷᠭ᠎ᠠ ᠶᠢ ᠰᠦᠪᠡᠭᠴᠢᠯᠡᠵᠤ᠂ ᠠᠵᠤ ᠠᠬᠤᠢᠢᠯᠡᠯ ᠪᠤᠯᠤᠨ ᠠᠷᠡᠳ ᠲᠦᠮᠡᠨ ᠤ ᠤᠴᠢᠷ  ᠶᠠᠪᠤᠳᠠᠯ  ᠰᠢᠢᠳᠪᠤᠷᠢᠯᠡᠵᠤ ᠦᠢᠯᠡᠰ  ᠪᠤᠰᠬᠠᠬᠤ ᠳᠤ  ᠲᠦᠬᠦᠮ  ᠦᠵᠡᠬᠦᠯᠵᠤ᠂  ᠲᠦᠷᠢᠮ ᠤᠨ  ᠴᠢᠨᠠᠷᠲᠠᠢ  ᠠᠷᠠᠯᠵᠢᠶᠠᠨ ᠤ   ᠦᠪᠡᠷ ᠤᠨ  ᠦᠷᠳᠡᠭ ᠢ ᠪᠦᠲᠦᠮᠵᠢᠲᠠᠢ ᠪᠠᠭᠤᠷᠠᠭᠤᠯᠵᠤ᠂ ᠵᠠᠰᠠᠭ ᠤᠨ ᠤᠷᠳᠤᠨ ᠤ  ᠡᠬᠦᠷᠭᠡ  ᠴᠢᠳᠠᠪᠬᠢ  ᠪᠤᠯᠤᠨ  ᠠᠵᠢᠯ ᠤᠨ  ᠰᠤᠷᠳᠠᠯ ᠢ  ᠲᠦᠷᠭᠡᠨ ᠬᠤᠪᠢᠷᠠᠭᠤᠯᠵᠤ᠂ ᠵᠠᠰᠠᠭ ᠤᠨ ᠤᠷᠳᠤᠨ ᠤ ᠵᠠᠰᠠᠯᠲᠠ ᠶᠢᠨ ᠴᠢᠳᠠᠪᠤᠷᠢ ᠪᠤᠯᠤᠨ ᠲᠦᠪᠰᠢᠨ ᠢ ᠲᠡᠭᠡᠭᠰᠢᠯᠡᠬᠦᠯᠬᠦ  ᠵᠡᠷᠭᠡ ᠲᠠᠯ᠎ᠡ ᠪᠠᠷ ᠢᠯᠡᠷᠭᠡᠢ ᠦᠷ᠎ᠡ ᠪᠦᠳᠦᠮᠵᠢ ᠤᠯᠵᠡᠢ ᠬᠡᠵᠥ ᠵᠢᠭᠠᠵᠥ ᠭᠠᠷᠭᠠᠪᠠ᠃                ᠰᠠᠨᠠᠯ ᠳᠤ᠂ ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠪᠤᠯᠤᠨ ᠨᠠᠮ ᠤᠨ  ᠠᠷᠪᠠ  ᠶᠢᠰᠤᠳᠤᠭᠡᠷ  ᠬᠤᠭᠤᠴᠠᠭᠠᠨ ᠤ ᠲᠦᠪ ᠬᠤᠷᠢᠶᠠᠨ ᠤ ᠬᠤᠶᠠᠳᠤᠭᠠᠷ᠂  ᠭᠤᠷᠪᠠᠳᠤᠭᠠᠷ  ᠪᠦᠬᠦᠳᠠ  ᠬᠤᠷᠠᠯ ᠤᠨ  ᠵᠤᠷᠢᠬ  ᠰᠠᠨᠠᠭ᠎ᠠ ᠶᠢ  ᠬᠦᠨᠵᠡᠬᠡᠢ  ᠰᠤᠷᠤᠯᠴᠠᠨ ᠲᠤᠤᠱᠯᠠᠭᠤᠯᠵᠤ᠂ ᠰᠢ ᠶᠢᠨ ᠫᠢᠩ ᠤᠨ ᠰᠢᠨ᠎ᠠ ᠴᠠᠬ ᠦᠶ᠎ᠠ ᠶᠢᠨ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ  ᠵᠢᠷᠤᠮ ‍ᠤᠨ‌ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ᠠᠵᠤ ᠠᠬᠤᠢᠢᠯᠠᠯ ᠪᠤᠯᠤᠨ ᠤᠯᠠᠨ ᠲᠦᠮᠡᠨ ᠤ ᠤᠴᠢᠷ ᠶᠠᠪᠤᠳᠠᠯ  ᠪᠦᠳᠤᠬᠡᠵᠤ ᠤᠢᠢᠯᠡᠰ ᠪᠤᠰᠬᠠᠬᠤ ᠳᠤ ᠨᠡᠩ ᠲᠦᠷᠬᠡᠨ ᠨᠡᠩ ᠰᠠᠶᠢᠨ ᠲᠦᠭᠦᠮ ᠪᠤᠯᠭᠠᠬᠤ ᠪᠠᠷ ᠵᠢᠯᠤᠭᠤᠳᠤᠮᠵᠢ ᠪᠤᠯᠭᠠᠵᠤ᠂  ᠠᠵᠤ  ᠠᠬᠤᠢᠢᠯᠠᠯ ᠪᠤᠯᠤᠨ ᠤᠯᠠᠨ  ᠲᠦᠮᠡᠨ ᠳᠤ  ᠰᠢᠭᠤᠳ  ᠬᠠᠨᠳᠤᠭᠤᠯᠵᠤ᠂  ᠭᠤᠶᠤᠴᠢᠯᠠᠯ ᠢᠶᠠᠷ  ᠬᠦᠢᠴᠡᠳᠬᠡᠬᠦ  ᠵᠠᠰᠠᠬ  ᠵᠠᠬᠢᠷᠭᠠᠨ ᠤ  ᠬᠢᠨᠠᠨ ᠵᠦᠪᠰᠢᠶᠡᠷᠡᠬᠦ ᠪᠠ ᠤᠯᠠᠨ ᠨᠡᠶᠢᠳᠠ ᠶᠢᠨ ᠤᠢᠢᠯᠡᠴᠢᠯᠡᠬᠡᠨ ᠤ  ᠲᠦᠷᠤᠯ  ᠵᠦᠢᠯ ᠢᠶᠠᠷ  ᠭᠤᠤᠯᠯᠠᠭᠤᠯᠵᠤ᠂  ᠬᠢᠨᠠᠨ  ᠵᠦᠪᠰᠢᠶᠡᠷᠡᠬᠦ ᠤᠢᠢᠯᠡᠴᠢᠯᠡᠬᠡᠨ ᠤ ᠤᠢᠢᠯᠠᠭᠠᠭᠳᠠᠬᠤᠨ᠂ ᠲᠦᠷᠢᠮ᠂ ᠰᠤᠷᠳᠠᠯ ᠤᠨ ᠪᠦᠬᠦ ᠲᠠᠯ᠎ᠠ ᠶᠢᠨ ᠬᠦᠨ ᠲᠠᠪᠬᠤᠷᠭ᠎ᠠ ᠶᠢᠨ ᠦᠬᠡᠷᠡᠴᠢᠯᠠᠯᠳᠠ ᠶᠢ ᠠᠬᠢᠭᠤᠯᠬᠤ ᠭᠡᠷᠡᠭᠳᠠᠢ ᠬᠡᠵᠤ ᠱᠠᠭᠠᠷᠳᠠᠪᠠ᠃                ᠰᠠᠨᠠᠯ ᠳᠤ ᠤᠷᠤᠨ ᠨᠤᠳᠤᠬ ᠤᠨ ᠨᠡᠶᠢᠳᠡᠯᠢᠭ ᠲᠤᠷᠰᠢᠯᠭ᠎ᠠ ᠠᠷᠭ᠎ᠠ ᠬᠢᠳᠡᠯ ᠢ ᠳ᠋ᠦᠩᠨᠡᠭᠰᠡᠨ ᠰᠠᠭᠤᠷᠢᠨ  ᠲᠡᠭᠡᠷ᠎ᠠ᠂  8 ᠲᠠᠯ᠎ᠠ ᠠᠴᠠ ᠦᠬᠡᠷᠡᠴᠢᠯᠠᠯᠳᠠ ᠶᠢᠨ ᠡᠬᠦᠷᠬᠡ ᠪᠤᠯᠤᠨ ᠪᠤᠳᠠᠳᠠᠢ ᠱᠠᠭᠠᠷᠳᠠᠯᠭ᠎ᠠ ᠶᠢ ᠲᠤᠷᠠᠳᠴᠠᠢ᠄ ᠨᠢᠬᠡ ᠳᠤ ᠬᠢᠨᠠᠨ ᠵᠦᠪᠰᠢᠶᠡᠷᠡᠬᠦ ᠤᠢᠢᠯᠡᠴᠢᠯᠡᠬᠡᠨ ᠤ ︽ᠲᠦᠷᠬᠡᠨ ᠬᠦᠢᠴᠡᠳᠬᠡᠬᠦ᠂ ᠰᠦᠯᠵᠢᠶᠡᠨ ᠲᠡᠭᠡᠷ᠎ᠠ ᠬᠦᠢᠴᠡᠳᠬᠡᠬᠦ᠂  ᠤᠢᠢᠷ᠎ᠠ  ᠭᠠᠵᠠᠷ ᠲᠤ  ᠬᠦᠢᠴᠡᠳᠬᠡᠬᠦ᠂ ᠨᠢᠬᠡ ᠯᠡ ᠲᠡᠭᠡᠷ᠎ᠠ  ᠬᠦᠢᠴᠡᠳᠬᠡᠬᠦ︾  ᠶᠢ  ᠪᠦᠬᠦ  ᠲᠠᠯ᠎ᠠ ᠪᠠᠷ  ᠠᠬᠢᠭᠤᠯᠬᠤ  ᠭᠡᠷᠡᠭᠳᠠᠢ᠃  ᠬᠤᠶᠠᠷ ᠲᠤ  ᠬᠢᠨᠠᠨ  ᠵᠦᠪᠰᠢᠶᠡᠷᠡᠬᠦ ᠤᠢᠢᠯᠡᠴᠢᠯᠡᠬᠡᠨ ᠤ ᠪᠠᠷᠢᠮᠵᠢᠶᠠᠵᠢᠯᠳᠠ ᠶᠢ ᠬᠦᠨᠵᠡᠬᠡᠢ ᠠᠬᠢᠭᠤᠯᠬᠤ ᠭᠡᠷᠡᠭᠳᠠᠢ᠃  ᠭᠤᠷᠪᠠ ᠳᠤ  ︽ᠬᠡᠷᠡᠴᠢ ᠶᠢ  ᠬᠠᠰᠤᠵᠤ  ᠠᠷᠠᠳ ᠲᠦᠮᠡᠨ ᠳᠤ  ᠲᠦᠬᠦᠮ  ᠦᠵᠡᠬᠦᠯᠬᠦ︾  ᠠᠵᠢᠯᠯᠠᠭ᠎ᠠ ᠶᠢ  ᠦᠷᠬᠦᠯᠵᠢᠯᠠᠨ  ᠦᠷᠨᠢᠬᠦᠯᠬᠦ  ᠭᠡᠷᠡᠭᠳᠠᠢ᠃   ᠲᠦᠷᠪᠡ ᠳᠤ   ᠬᠢᠨᠠᠨ ᠵᠦᠪᠰᠢᠶᠡᠷᠡᠬᠦ ᠤᠢᠢᠯᠡᠴᠢᠯᠡᠭᠡ ᠶᠢ ᠲᠦᠪᠯᠡᠷᠡᠬᠦᠯᠤᠨ ᠬᠦᠢᠴᠡᠳᠬᠡᠬᠦ ᠶᠢ ᠶᠡᠬᠡᠪᠡᠷ ᠠᠬᠢᠭᠤᠯᠬᠤ  ᠭᠡᠷᠡᠭᠳᠠᠢ᠃  ᠲᠠᠪᠤ ᠳᠤ  ︽ᠢᠨᠲ᠋ᠧᠷ‌‍ᠰᠦ᠋ᠯᠵᠢᠶ᠎ᠠ  +  ᠵᠠᠰᠠᠬ ᠤᠨ  ᠶᠠᠪᠤᠳᠠᠯ ᠤᠨ  ᠤᠢᠢᠯᠡᠴᠢᠯᠡᠬᠡᠨ ︾ ᠤ  ᠲᠦᠪᠰᠢᠨ ᠢ  ᠬᠦᠴᠤᠯᠠᠨ  ᠲᠡᠭᠡᠭᠰᠢᠯᠡᠬᠦᠯᠬᠦ  ᠭᠡᠷᠡᠭᠳᠠᠢ᠃ ᠵᠢᠷᠭᠤᠭ᠎ᠠ ᠳᠤ ᠠᠷᠠᠳ ᠤᠯᠠᠨ ᠳᠤ  ᠲᠦᠬᠦᠮ  ᠠᠵᠤ  ᠠᠬᠤᠢᠢᠯᠠᠯ ᠳᠤ  ᠠᠰᠢᠬᠳᠠᠢ  ᠬᠢᠨᠠᠨ  ᠵᠦᠪᠰᠢᠶᠡᠷᠡᠬᠦ  ᠤᠢᠢᠯᠡᠴᠢᠯᠡᠬᠡᠨ ᠤ ᠠᠷᠭ᠎ᠠ ᠶᠢ ᠰᠢᠨᠡᠳᠬᠡᠬᠦ ᠭᠡᠷᠡᠭᠳᠠᠢ᠃ ᠲᠤᠯᠤᠭ᠎ᠠ ᠳᠤ ᠵᠠᠰᠠᠬ  ᠵᠠᠬᠢᠷᠭᠠᠨ ᠤ  ᠬᠢᠨᠠᠨ  ᠵᠦᠪᠰᠢᠶᠡᠷᠡᠬᠦ  ᠵᠠᠭᠤᠴᠢ  ᠤᠢᠢᠯᠡᠴᠢᠯᠡᠬᠡᠨ ᠤ ᠦᠬᠡᠷᠡᠴᠢᠯᠠᠯᠳᠠ ᠶᠢ ᠬᠦᠨᠵᠡᠬᠡᠶᠢᠷᠡᠬᠦᠯᠬᠦ ᠭᠡᠷᠡᠭᠳᠠᠢ᠃ ᠨᠠᠢᠮᠠ ᠳᠤ ᠤᠴᠢᠷ ᠶᠠᠪᠤᠳᠠᠯ ᠢ ᠪᠦᠳᠤᠬᠡᠬᠦ ᠶᠠᠪᠤᠴᠠ ᠪᠤᠯᠤᠨ  ᠶᠠᠪᠤᠳᠠᠯ ᠤᠨ ᠲᠠᠷᠠᠭᠠᠬᠢ ᠬᠢᠨᠠᠯᠳᠠ ᠬᠠᠮᠢᠶᠠᠷᠤᠯᠳᠠ ᠶᠢ ᠦᠨᠡᠨᠬᠦ ᠴᠢᠩᠭᠠᠳᠬᠠᠬᠤ ᠭᠡᠷᠡᠭᠳᠠᠢ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号