ᠨᠠᠶᠢᠰᠯᠡᠯ ᠪᠡᠭᠡᠵᠢᠩ ᠨᠠᠮᠤᠷ ᠤᠨ ᠬᠤᠩᠭᠤᠷ ᠰᠠᠯᠭᠢᠨ ᠤ ᠢᠯᠪᠢᠯᠳᠡ ᠪᠠᠷ ᠠᠭᠠᠷ ᠨᠢ ᠳᠤᠩᠭᠠᠯᠠᠭ ᠠᠭᠤᠷ | ᠠᠮᠢᠰᠬᠤᠯ ᠨᠢ ᠰᠡᠷᠢᠬᠦᠭᠡᠨ ᠳᠠᠭᠠᠯᠠᠮᠵᠢᠳᠠᠢ ᠪᠤᠯᠤᠬᠰᠡᠨ ᠪᠠᠶᠢᠬᠤ ᠳᠤ ᠠᠯᠤᠰ ᠬᠤᠯᠠ ᠪᠠᠶᠢᠬᠤ ᠠᠷᠤ ᠭᠠᠵᠠᠷ ᠤᠨ | ᠭᠡᠰᠢᠭᠳᠡᠨ ᠳᠤ ᠬᠠᠷᠢᠨ ᠠᠩᠬ᠎ᠠ ᠡᠪᠤᠯ ᠰᠠᠭᠠᠳᠠᠭᠠᠳ ᠠᠷᠠᠰᠤ ᠮᠢᠬ᠎ᠠ ᠶᠢ ᠬᠦᠷᠵᠠᠶᠢᠯᠠᠭᠡᠬᠦ ᠬᠦᠢᠳᠡᠨ ᠰᠠᠯᠭᠢ ᠦᠯᠢᠶᠡᠵᠤ | ᠡᠭᠢᠯᠡᠭᠰᠡᠨ ᠪᠠᠶᠢᠳᠠᠭ᠃ ᠡᠨᠡ ᠪᠤᠯ ᠦᠨᠳᠦᠷᠯᠢᠭ ᠤᠨ ᠠᠭᠤᠷ ᠠᠮᠢᠰᠬᠤᠯ ᠤᠨ ᠦᠪᠡᠷᠮᠢᠴᠡ ᠤᠨᠴᠠᠯᠢᠭ ᠪᠤᠯᠬᠤ ᠶᠤᠮ᠃ | ᠭᠡᠰᠢᠭᠳᠡᠨ ᠭᠡᠰᠡᠨ ᠨᠡᠷ᠎ᠡ ︽ᠭᠡᠰᠢᠭ ᠤᠨ ᠬᠦᠮᠤᠰ︾᠂ ︽ᠳᠤᠷᠭᠠᠨ ᠴᠡᠷᠢᠭ︾ ᠭᠡᠳᠡᠭ ᠠᠴᠠ ᠢᠷᠡᠯᠳᠡ ᠲᠠᠢ ᠶᠤᠮ | ᠳ᠋ᠠᠭ᠃ ᠳᠡᠤᠭᠡ ᠶᠢᠨ ᠮᠠᠭᠠᠳᠯᠠᠯ ᠢ ᠦᠨᠳᠦᠰᠦᠯᠡᠪᠡᠯ᠂ ᠶᠤᠸᠠᠨ ᠤᠯᠤᠰ ᠤᠨ ᠦᠶ᠎ᠡ ᠳᠤ ᠠᠳᠡ ᠭᠡᠰᠢᠭᠳᠡᠨ ᠴᠡᠷᠢᠭ | ᠰᠠᠭᠤᠵᠤ ᠪᠠᠶᠢᠬᠰᠡᠨ ᠪᠤᠯᠬᠤᠷ ᠠᠳᠡᠭᠢ ᠶᠢ ᠭᠡᠰᠢᠭᠳᠡᠨ ᠭᠡᠵᠤ ᠳᠠᠭᠤᠳᠠᠬᠤ ᠪᠤᠯᠵᠠᠢ᠃ ᠠᠷᠪᠠᠨ ᠭᠡᠳᠤᠨ ᠵᠢᠯ ᠤᠨ | ᠡᠮᠤᠨ᠎ᠡ᠂ ᠭᠡᠰᠢᠭᠳᠡᠨ ᠬᠤᠰᠢᠭᠤᠨ ᠤ ᠳᠦᠪ ᠪᠢᠷᠠᠭᠤ ᠪᠠᠯᠭᠠᠰᠤ ᠪᠤᠭᠤᠮᠳᠠ ᠶᠢᠨ ᠭᠠᠳᠠᠨᠠᠭᠢ ᠵᠢᠵᠢᠭ ᠪᠠᠯᠭᠠᠰᠤ | ᠪᠠᠶᠢᠬᠰᠡᠨ ᠪᠢᠯᠡ᠂ ᠤᠳᠤ ᠳᠡᠭᠡᠬᠦ ᠳᠤ ᠦᠩᠭᠡᠷᠡᠭᠰᠡᠨ ᠤ ᠬᠢ ᠲᠠᠢ ᠪᠠᠨ ᠦᠰᠦᠳ ᠦᠭᠡᠷ᠎ᠡ ᠪᠤᠯᠵᠠᠢ᠃ ᠦᠪᠡᠷᠮᠢᠴᠠ | ᠪᠠᠶᠢᠷᠢᠰᠢᠯ ᠪᠤᠯᠤᠨ ᠦᠭᠡᠷ᠎ᠡ ᠠᠴᠠ ᠢᠯᠭᠠᠬᠳᠠᠬᠤ ᠭᠠᠵᠠᠷ ᠵᠦᠢ ᠶᠢᠨ ᠨᠦᠬᠦᠴᠡᠯ ᠠᠴᠠ ᠪᠠᠨ ᠪᠤᠯᠤᠬᠰᠡᠨ ᠪᠠᠶᠢᠭᠠᠯᠢ | ᠶᠢᠨ ᠪᠠᠭ᠋ᠠᠷᠤᠮ᠎ᠠ ᠦᠵᠡᠮᠵᠢ ᠪᠠᠨ ᠠᠰᠢᠬᠯᠠᠨ 1996 ᠤᠨ ᠳᠤ ᠠᠳᠡ ᠬᠤᠰᠢᠭᠤᠨ ᠤ ᠳᠡᠰ ᠤᠨ ᠭᠠᠵᠠᠷ ᠵᠦᠢ ᠶᠢᠨ | ᠴᠡᠴᠡᠷᠯᠢᠭ ᠪᠠᠶᠢᠭᠤᠯᠵᠤ᠂ 2001 ᠤᠨ ᠳᠤ ᠡᠨᠡ ᠬᠦ ᠴᠡᠴᠡᠷᠯᠢᠭ ᠨᠢ ᠤᠯᠤᠰ ᠤᠨ ᠭᠠᠵᠠᠷ ᠵᠦᠢ ᠶᠢᠨ ᠴᠡᠴᠡᠷᠯᠢᠭ | ᠲᠤ ᠳᠤᠭᠠᠴᠠᠬᠳᠠᠵᠤ᠂ 2005 ᠤᠨ ᠳᠤ ᠳᠡᠯᠡᠭᠡᠢ ᠶᠢᠨ ᠭᠠᠵᠠᠷ ᠵᠦᠢ ᠶᠢᠨ ᠴᠡᠴᠡᠷᠯᠢᠭ ᠪᠤᠯᠤᠨ ᠦᠪᠰᠢᠭᠰᠡᠨ | ᠪᠠᠶᠢᠨ᠎ᠠ᠃ ᠭᠡᠰᠢᠭᠳᠡᠨ ᠳᠤ ᠪᠠᠰᠠ ᠪᠠᠶ᠋ᠬᠠᠤᠪᠤᠭ᠎ᠠ ᠪᠤᠯᠤᠨ ᠳᠠᠯᠠᠢ ᠨᠠᠭᠤᠷ ᠤᠨ ᠤᠯᠤᠰ ᠤᠨ ᠳᠡᠰ ᠤᠨ ᠪᠠᠶᠢᠭᠠᠯᠢ ᠶᠢᠨ | ᠬᠠᠮᠠᠭᠠᠯᠠᠯᠳᠡ ᠶᠢᠨ ᠤᠷᠤᠨ ᠪᠠᠶᠢᠳᠠᠭ᠃ ᠦᠩᠭᠡᠷᠡᠭᠰᠡᠨ ᠳᠤ ᠦᠴᠦᠭᠡᠨ ᠬᠤᠳᠠ ᠪᠠᠶᠢᠬᠰᠡᠨ ᠪᠢᠷᠠᠭᠤ ᠪᠠᠯᠭᠠᠰᠤ ᠦᠨᠤ | ᠬᠠᠷᠢᠨ ᠳᠡᠯᠭᠡᠢ ᠶᠢᠨ ᠬᠦᠮᠤᠰ ᠤᠨ ᠬᠠᠷᠠᠭᠠᠨ ᠳᠤ ᠤᠷᠤᠭᠠᠳ ᠦᠭᠡᠳᠡ ᠤᠷᠤᠭᠤ ᠪᠠᠨ ᠵᠤᠷᠴᠢᠬᠤ ᠤᠯᠠᠨ ᠬᠦᠮᠤᠨ ᠤ | ᠤᠷᠤᠰᠬᠠᠯ ᠦᠨᠤᠴᠢᠨ ᠰᠢᠬᠠᠭᠤ ᠪᠠᠶᠢᠬᠰᠡᠨ ᠪᠢᠷᠠᠭᠤ ᠪᠠᠯᠭᠠᠰᠤ ᠶᠢ ᠦᠷᠨᠢᠬᠦᠨ ᠬᠦᠭᠵᠢᠯᠳᠠᠢ ᠳᠤᠮᠳᠠ ᠵᠡᠷᠭᠡ ᠶᠢᠨ | ᠬᠤᠳᠠ ᠪᠤᠯᠭᠠᠨ ᠬᠦᠭᠵᠢᠬᠦᠯᠦᠭᠰᠡᠨ ᠪᠠᠶᠢᠨᠠᠮ᠃ 2012 ᠤᠨ ᠤ 10 ᠰᠠᠷ᠎ᠠ ᠶᠢᠨ ᠰᠢᠨᠠᠳ ᠢᠶᠠᠷ ᠪᠢ ᠭᠡᠰᠢᠭᠳᠡᠨ | ᠳᠤ ᠰᠤᠷᠪᠤᠯᠵᠢᠯᠠᠬᠤ ᠪᠠᠷ ᠬᠦᠷᠦᠭᠡᠳ ᠤᠮᠤᠬᠯᠠᠩ ᠪᠠᠳᠠᠷᠠᠭᠤᠨ ᠮᠦᠷᠳᠡᠭᠡᠨ ᠤᠷᠠᠯᠢᠬᠠᠨ ᠨᠠᠮᠵᠢᠭᠤᠨ ᠭᠤᠴᠤ ᠰᠠᠶᠢᠬᠠᠨ | ᠪᠠᠶᠢᠭᠠᠯᠢ ᠶᠢᠨ ᠦᠵᠡᠮᠵᠢ ᠶᠢ ᠨᠢ ᠪᠠᠭ᠋ᠠᠷᠤᠨ ᠰᠤᠨᠢᠷᠬᠠᠵᠤ ᠶᠠᠪᠤᠬᠰᠡᠨ ᠶᠤᠮ᠃ | ᠠᠮᠢᠳᠡᠨ ᠤᠷᠭᠤᠮᠠᠯ ᠤᠨ ᠠᠮᠢᠳᠤ ᠴᠢᠯᠠᠭᠤᠵᠢᠮᠠᠯ — ᠪᠠᠶ᠋ᠬᠠᠤᠪᠤᠭ᠎ᠠ ᠶᠢᠨ ᠡᠯᠡᠰᠤᠨ ᠭᠠᠴᠤᠷ᠎ᠠ | ᠰᠢᠯᠢᠩᠬᠤᠳᠠ ᠠᠴᠠ ᠮᠠᠰᠢᠨ ᠳᠤ ᠰᠠᠭᠤᠨ ᠬᠠᠭᠠᠰ ᠴᠠᠭ ᠢᠯᠡᠬᠦᠭᠡᠨ ᠠᠶᠠᠯᠠᠭᠠᠳ ᠪᠢᠳᠡ ᠪᠠᠶ᠋ᠬᠠᠤᠪᠤᠭ᠎ᠠ ᠶᠢᠨ | ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠡ ᠶᠢᠨ ᠤᠷᠤᠨ ᠳᠤ ᠬᠦᠷᠴᠤ ᠢᠷᠡᠯ᠎ᠡ᠂ ᠪᠠᠶᠢᠭᠠᠯᠢ ᠶᠢᠨ ᠡᠬᠦᠯᠡ | ᠰᠠᠯᠭᠢᠨ ᠳᠤᠤᠷ᠎ᠠ ᠪᠠᠨ ᠳᠤᠯᠤᠭ᠎ᠠ ᠬᠤᠪᠢᠷᠠᠵᠤ ᠪᠠᠶᠢᠬᠰᠡᠨ ᠪᠤᠯᠪᠠᠴᠤ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ | ᠤᠷᠤᠬᠤ ᠲᠠᠢ ᠵᠡᠷᠭᠡ ᠬᠦᠭᠡ ᠤᠬᠳᠠᠷᠭᠤᠢ ᠶᠢᠨ ᠳᠤᠤᠷ᠎ᠠ ᠨᠤᠭᠤᠭᠠᠨ ᠮᠤᠳᠤ ᠴᠡᠯᠡᠬᠡᠷᠡᠬᠡᠳ ᠬᠦᠮᠤᠰ ᠤᠨ ᠰᠡᠳᠭᠢᠯ ᠢ | ᠰᠤᠬᠳᠤᠭᠤᠷᠠᠭᠤᠯᠤᠮᠠ ᠰᠠᠶᠢᠬᠠᠨ ᠦᠵᠡᠮᠵᠢ ᠳᠤᠳᠤᠷᠠᠬᠰᠡᠨ ᠨᠢ ᠨᠠᠳᠠ ᠶᠢ ᠦᠪᠡᠷ ᠤᠨ ᠡᠷᠭᠡ ᠦᠭᠡᠢ ᠭᠠᠶᠢᠬᠠᠰᠢ | ᠠᠯᠳᠠᠭᠤᠯᠵᠤ ᠪᠢᠯᠡ᠃ | ᠪᠠᠶ᠋ᠬᠠᠤᠪᠤᠭ᠎ᠠ ᠶᠢᠨ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠭᠡᠰᠢᠭᠳᠡᠨ | ᠬᠤᠰᠢᠭᠤᠨ ᠤ ᠳᠦᠪ ᠪᠢᠷᠠᠭᠤ ᠪᠠᠯᠭᠠᠰᠤ ᠠᠴᠠ 75 ᠺᠢᠯᠤᠮᠧᠲᠷ ᠵᠠᠶᠢᠳᠠᠢ ᠭᠠᠵᠠᠷ ᠲᠤ ᠬᠤᠰᠢᠭᠤᠨ ᠤ ᠪᠠᠨ | ᠪᠠᠷᠠᠭᠤᠨ ᠬᠤᠶᠢᠳᠤ ᠳᠠᠯ᠎ᠠ ᠳᠤ ᠤᠷᠤᠰᠢᠵᠤ ᠪᠠᠶᠢᠳᠠᠭ ᠪᠤᠯᠬᠤᠷ ᠬᠦᠩᠭᠡᠷ ᠤᠨ ᠳᠠᠯ᠎ᠠ ᠲᠠᠢ ᠵᠠᠬ᠎ᠠ ᠨᠡᠶᠢᠯᠡᠭᠰᠡᠨ | ᠪᠠᠶᠢᠳᠠᠭ᠃ ᠪᠠᠶ᠋ᠬᠠᠤᠪᠤᠭ᠎ᠠ ᠶᠢᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠢ 1979 ᠤᠨ ᠳᠤ ᠠᠩᠬ᠎ᠠ | ᠪᠠᠶᠢᠭᠤᠯᠵᠤ᠂ 2000 ᠤᠨ ᠳᠤ ᠳᠦᠷᠦ ᠶᠢᠨ ᠶᠠᠪᠤᠳᠠᠯ ᠤᠨ ᠬᠤᠷᠢᠶ᠎ᠠ ᠪᠠᠷ ᠵᠦᠪᠰᠢᠶᠡᠷᠡᠬᠦᠯᠤᠨ ᠤᠯᠤᠰ ᠤᠨ ᠳᠡᠰ | ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠪᠤᠯᠭᠠᠬᠰᠡᠨ ᠪᠠᠶᠢᠵᠠᠢ᠃ ᠠᠳᠡ ᠭᠤᠤᠯᠳᠠᠭᠤ ᠡᠯᠡᠰᠤᠨ ᠭᠠᠴᠤᠷ᠎ᠠ | ᠶᠢᠨ ᠤᠢ ᠶᠢᠨ ᠰᠢᠰᠲ᠋ᠧᠮ ᠳᠤ ᠬᠠᠮᠠᠭᠠᠯᠠᠯᠳᠠ ᠭᠢᠵᠤ ᠪᠠᠶᠢᠨ᠎ᠠ᠃ | ᠡᠯᠡᠰᠤᠨ ᠭᠠᠴᠤᠷ᠎ᠠ ᠪᠤᠯ ᠡᠷᠭᠢᠮ ᠨᠠᠨᠳᠢᠨ ᠬᠤᠪᠤᠷ ᠴᠤᠬᠠᠭ ᠮᠤᠳᠤᠨ ᠤ ᠳᠦᠷᠦᠯ ᠪᠤᠯᠬᠤ ᠪᠦᠭᠡᠳ ᠤᠳᠤ | ᠳᠡᠯᠡᠭᠡᠢ ᠳᠠᠶᠠᠭᠠᠷ ᠲᠤ ᠵᠦᠪᠬᠡᠨ 10 ᠲᠦᠮᠡ ᠰᠢᠬᠠᠮ ᠮᠤ᠋ ᠯᠡ ᠦᠯᠡᠳᠡᠵᠤ ᠪᠠᠶᠢᠬᠤ ᠪᠠ ᠳᠡᠷᠡ ᠨᠢ ᠴᠦᠮ ᠢᠶᠠᠷ | ᠢᠶᠠᠨ ᠦᠪᠦᠷ ᠮᠤᠩᠭᠤᠯ ᠤᠷᠤᠨ ᠳᠤ ᠪᠠᠶᠢᠳᠠᠭ᠂ ᠳᠡᠬᠦᠨ ᠤ ᠳᠤᠳᠤᠷᠠᠭᠢ ᠪᠦᠭᠡᠮ ᠤᠢ ᠨᠢ 3.6 ᠳᠦᠮᠡ | ᠭᠠᠷᠤᠶᠢᠬᠠᠨ ᠮᠤ᠋ ᠪᠠᠶᠢᠳᠠᠭ ᠪᠠ ᠳᠡᠷᠡ ᠨᠢ ᠭᠡᠰᠢᠭᠳᠡᠨ ᠬᠤᠰᠢᠭᠤᠨ ᠳᠤ ᠳᠦᠪᠯᠡᠷᠡᠵᠤ ᠪᠠᠶᠢᠭ᠎ᠠ ᠪᠢᠯᠡ᠃ ᠠᠳᠡᠭᠢ | ᠡᠯᠡᠰᠤᠨ ᠭᠠᠴᠤᠷ᠎ᠠ ᠨᠢ ᠳᠤᠮᠳᠠᠴᠢ ᠪᠠᠷ 80 — 120 ᠵᠢᠯ ᠤᠨ ᠨᠠᠰᠤ ᠲᠠᠢ᠂ 25 — 30 ᠮᠧᠲᠷ | ᠦᠨᠳᠤᠷ ᠤᠷᠭᠤᠬᠰᠡᠨ ᠪᠠᠶᠢᠳᠠᠭ ᠪᠠ ᠮᠤᠳᠤᠨ ᠤ ᠪᠦᠳᠦᠬᠦᠨ ᠭᠡᠰᠡᠭ ᠤᠨ ᠳ᠋ᠢᠶᠠᠮᠧᠲᠷ ᠨᠢ 22 — 36 | ᠰᠡᠨᠲ᠋ᠢᠮᠧᠲᠷ ᠪᠠᠶᠢᠳᠠᠭ᠃ ᠪᠠᠶ᠋ᠬᠠᠤᠪᠤᠭ᠎ᠠ ᠪᠤᠯ ᠶᠡᠭᠡ ᠭᠢᠩᠭᠠᠨ ᠳᠠᠪᠠᠭᠠᠨ ᠤ ᠰᠡᠵᠢᠬᠦᠷ ᠪᠤᠯᠬᠤ ᠪᠠ ᠡᠨᠡ ᠤᠪᠤᠭᠠᠨ ᠤ | ᠡᠷᠭᠢᠨ ᠳᠤᠭᠤᠷᠢᠨ ᠤ ᠭᠠᠵᠠᠷ ᠨᠢ ᠴᠦᠮ ᠡᠯᠡᠰᠤ ᠮᠠᠩᠬ᠎ᠠ ᠪᠠᠶᠢᠳᠠᠭ ᠶᠤᠮ᠂ ᠡᠯᠡᠰᠤᠨ ᠳᠠᠪᠬᠤᠷᠭ᠎ᠠ ᠶᠢᠨ ᠵᠤᠵᠠᠭᠠᠨ ᠤ | ᠭᠡᠮᠵᠢᠶ᠎ᠡ ᠨᠢ 10 — 100 ᠮᠧᠲᠷ ᠪᠠᠶᠢᠬᠤ ᠪᠠ ᠬᠦᠷᠦᠰᠦᠨ ᠤ ᠭᠠᠳᠠᠷ ᠳᠠᠪᠬᠤᠷᠭ᠎ᠠ ᠨᠢ 30 — 50 | ᠰᠡᠨᠲ᠋ᠢᠮᠧᠲᠷ ᠭᠢᠷᠢᠳᠠᠢ ᠵᠤᠵᠠᠭᠠᠨ ᠢᠯᠵᠠᠮᠠᠯ ᠡᠳ᠋ ᠠᠴᠠ ᠪᠦᠳᠦᠭᠰᠡᠨ ᠴᠠᠶᠢᠪᠦᠷ ᠦᠩᠭᠡᠳᠤ ᠤᠢ ᠶᠢᠨ ᠰᠢᠷᠤᠢ ᠳᠤ | ᠬᠤᠴᠠᠬᠳᠠᠬᠰᠡᠨ ᠪᠤᠯᠬᠤᠷ ᠬᠦᠷᠦᠰᠤ ᠰᠢᠷᠤᠢ ᠨᠢ ᠬᠦᠪᠰᠦᠭᠡᠷ ᠵᠦᠭᠡᠯᠡᠨ᠂ ᠰᠢᠮ᠎ᠡ ᠳᠡᠵᠢᠭᠡᠯ ᠢᠶᠠᠷ ᠪᠠᠷᠤᠬᠳᠠᠢ᠂ ᠤᠰᠤ | ᠨᠡᠪᠴᠢᠭᠡᠬᠦ ᠪᠠᠷ ᠰᠠᠶᠢᠨ᠂ ᠴᠢᠭᠢᠭ ᠢ ᠬᠠᠳᠠᠭᠠᠯᠠᠬᠤ ᠪᠠᠷ ᠠᠨᠠᠢ ᠪᠠᠶᠢᠳᠠᠭ ᠪᠠᠶᠢᠨ᠎ᠠ᠃ ᠡᠬᠦᠨ ᠵᠡᠶᠢᠷ ᠦᠯᠤ ᠪᠠᠷᠠᠨ | ᠠᠳᠡ ᠬᠠᠪᠤᠷ ᠲᠤ ᠪᠠᠨ ᠭᠠᠩ ᠬᠠᠭᠤᠷᠠᠢ᠂ ᠬᠠᠪᠰᠠᠷᠭ᠎ᠠ ᠶᠡᠭᠡ ᠲᠠᠢ᠂ ᠵᠤᠨ ᠨᠢ ᠳᠤᠯᠠᠭᠠᠬᠠᠨ ᠪᠤᠯᠪᠠᠴᠤ ᠬᠤᠭᠤᠴᠠᠭ᠎ᠠ | ᠨᠢ ᠤᠬᠤᠷ᠂ ᠨᠠᠮᠤᠷ ᠲᠤ ᠪᠠᠨ ᠠᠭᠤᠷ ᠠᠮᠢᠰᠬᠤᠯ ᠰᠡᠷᠢᠬᠦᠪᠳᠤᠷ᠂ ᠡᠪᠤᠯ ᠳᠤ ᠪᠠᠨ ᠬᠠᠭᠢᠷ ᠬᠦᠢᠳᠡᠨ ᠤᠳᠠᠭᠠᠨ | ᠦᠷᠬᠦᠯᠵᠢᠯᠡᠳᠡᠭ᠃ ᠳᠡᠶᠢᠮᠤ ᠪᠤᠯᠬᠤᠷ ᠠᠳᠡᠭᠢ ᠡᠯᠡᠰᠤᠨ ᠭᠠᠴᠤᠷ᠎ᠠ ᠡᠳᠡᠭᠡᠳ ᠮᠠᠭᠤᠬᠠᠨ ᠤᠷᠴᠢᠨ ᠠᠬᠤᠢ ᠳᠤ | ᠤᠷᠭᠤᠨ ᠳᠦᠯᠵᠢᠵᠤ ᠪᠠᠶᠢᠭ᠎ᠠ ᠪᠢᠯᠡ᠃ | ᠳᠡᠤᠭᠡ ᠱᠠᠰᠳᠢᠷ ᠢ ᠦᠨᠳᠦᠰᠦᠯᠡᠪᠡᠯ᠂ ᠭᠡᠰᠢᠭᠳᠡᠨ ᠤ ᠡᠯᠡᠰᠦᠨ ᠭᠠᠴᠤᠷ᠎ᠠ ᠶᠢ ᠡᠷᠳᠡ ᠦᠶ᠎ᠡ ᠳᠤ ᠳᠡᠮᠳᠡᠭᠯᠡᠨ | ᠦᠯᠡᠳᠡᠭᠡᠭᠰᠡᠨ ᠪᠠᠶᠢᠵᠠᠢ᠂ ᠭᠡᠯᠡᠪᠡᠯ ᠳᠡᠬᠦᠨ ᠢ ᠳᠦᠷᠦᠯ ᠵᠦᠢᠯ ᠳᠤ ᠠᠩᠭᠢᠯᠠᠬᠤ ᠳᠠᠯ᠎ᠠ ᠪᠠᠷ ᠬᠦᠮᠤᠰ ᠶᠡᠷᠤ | ᠳᠤᠳᠤᠷᠬᠠᠢ ᠳᠠᠨᠢᠯᠳᠠ ᠦᠭᠡᠢ ᠪᠠᠶᠢᠬᠰᠡᠨ ᠪᠠᠶᠢᠨ᠎ᠠ᠃ ᠰᠢᠨ᠎ᠡ ᠳᠤᠮᠳᠠᠳᠤ ᠤᠯᠤᠰ ᠪᠠᠶᠢᠭᠤᠯᠤᠬᠳᠠᠬᠰᠡᠨ ᠡᠭᠢᠨ ᠤ | ᠦᠶ᠎ᠡ ᠳᠤ ᠠᠳᠡᠭᠢ ᠶᠢᠨ ᠭᠠᠴᠤᠷ᠎ᠠ ᠨᠢ ᠬᠦᠭᠡᠨᠡᠭᠤᠷ ᠤᠨ ᠭᠠᠴᠤᠷ᠎ᠠ ︵Picea crassifolia︶ ᠭᠡᠵᠤ | ᠦᠵᠡᠵᠤ ᠪᠠᠶᠢᠬᠰᠡᠨ ᠪᠠ 20 ᠳ᠋ᠤᠭᠠᠷ ᠵᠠᠭᠤᠨ ᠤ ᠵᠢᠷᠠ ᠳᠠᠯᠠᠭᠠᠳ ᠤᠨ ᠤ ᠦᠶ᠎ᠡ ᠳᠤ ᠪᠠᠰᠠ ᠵᠠᠷᠢᠮ ᠬᠦᠮᠤᠰ | ᠤᠯᠠᠭᠠᠨ ᠭᠠᠴᠤᠷ᠎ᠠ ᠴᠦ ᠭᠡᠵᠤ ᠨᠡᠷᠡᠯᠡᠵᠤ ᠪᠠᠶᠢᠵᠠᠢ᠃ ᠤᠷᠴᠢᠮ ᠤᠨ ᠵᠢᠯ ᠠᠴᠠ ᠳᠤᠮᠳᠠᠳᠤ ᠤᠯᠤᠰ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠮᠦᠭᠳᠡᠨ ᠳᠠᠬᠢ ᠭᠡᠷᠡᠭᠯᠡᠭᠡᠨ ᠤ ᠠᠮᠢ ᠠᠬᠤᠢ ᠶᠢᠨ ᠰᠤᠳᠤᠯᠤᠯ ᠤᠨ ᠭᠠᠵᠠᠷ ᠤᠨ ᠰᠢᠤᠢ | ᠸᠧᠨ ᠹᠧᠩ ᠵᠡᠷᠭᠡ ᠶᠢᠨ ᠬᠦᠮᠤᠰ ᠭᠡᠳᠤᠨ ᠳᠦᠷᠦᠯ ᠤᠨ ᠭᠠᠴᠤᠷ᠎ᠠ ᠶᠢᠨ ᠭᠡᠯᠪᠡᠷᠢ ᠳᠦᠷᠬᠦ ᠳᠤ ᠵᠠᠳᠠᠯᠤᠯᠳᠠ ᠭᠢᠵᠤ᠂ | ᠳᠡᠳᠡᠭᠡᠷ ᠤᠨ ᠪᠤᠳᠤᠬᠳᠠᠮᠠᠬᠠᠢ ᠪᠡᠶ᠎ᠡ ᠶᠢᠨ ᠴᠦᠮ᠎ᠡ ᠶᠢᠨ ᠭᠡᠪ ᠢ ᠰᠢᠨᠵᠢᠯᠡᠨ ᠨᠠᠷᠢᠪᠴᠢᠯᠠᠵᠤ᠂ ᠢᠵᠢᠯ ᠢᠰᠢᠭᠡᠬᠦᠷ ᠢ ᠨᠢ | ᠰᠢᠯᠭᠠᠨ ᠳᠤᠬᠳᠠᠭᠠᠬᠤ ᠪᠠ ᠰᠦᠷᠦᠭᠵᠢᠭᠰᠡᠨ ᠪᠡᠶ᠎ᠡ ᠶᠢ ᠭᠡᠪᠳᠡᠭᠡ ᠴᠢᠭᠯᠡᠯ ᠢᠶᠠᠷ ᠰᠤᠳᠤᠯᠠᠬᠤ᠂ ᠠᠮᠢ ᠠᠬᠤᠢ ᠶᠢᠨ | ᠭᠠᠵᠠᠷ ᠵᠦᠢ ᠳᠤ ᠵᠠᠳᠠᠯᠤᠯᠳᠠ ᠭᠢᠬᠦ ᠪᠤᠯᠤᠨ ᠳᠠᠷᠢᠵᠤ ᠤᠷᠭᠤᠭᠤᠯᠬᠤ ᠳᠤᠷᠰᠢᠯᠳᠠ ᠵᠡᠷᠭᠡ ᠪᠦᠬᠦ ᠳᠠᠯ᠎ᠠ ᠪᠠᠷ | ᠰᠢᠰᠲ᠋ᠧᠮ ᠲᠠᠢ ᠰᠤᠳᠤᠯᠤᠬᠰᠡᠨ ᠪᠠᠶᠢᠨ᠎ᠠ᠃ 1997 ᠤᠨ ᠤ 3 ᠰᠠᠷ᠎ᠠ ᠶᠢᠨ 27 ᠳᠤ ᠳᠤᠮᠳᠠᠳᠤ ᠤᠯᠤᠰ ᠤᠨ | ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠢᠭᠰᠡᠨ ᠡᠷᠳᠡᠮᠳᠡᠳ ᠤᠨ ᠭᠢᠨᠠᠨ ᠪᠠᠳᠤᠯᠠᠬᠤ ᠬᠤᠷᠠᠯ ᠳᠡᠭᠡᠷ᠎ᠡ ᠬᠤᠷᠠᠯ ᠳᠤ | ᠤᠷᠤᠯᠴᠠᠬᠰᠡᠨ ᠪᠦᠬᠦ ᠬᠦᠮᠤᠰ ᠦᠪᠦᠷ ᠮᠤᠩᠭᠤᠯ ᠤᠨ ᠭᠡᠰᠢᠭᠳᠡᠨ ᠤ ᠪᠠᠶ᠋ᠬᠤᠪᠤᠭ᠎ᠠ ᠳᠠᠬᠢ ᠪᠠᠶᠢᠭᠠᠯᠢ ᠶᠢᠨ | ᠬᠠᠮᠠᠭᠠᠯᠠᠯᠳᠠ ᠶᠢᠨ ᠤᠷᠤᠨ ᠤ ᠭᠠᠴᠤᠷ᠎ᠠ ᠪᠤᠯ ᠤᠨᠴᠠᠭᠠᠢ ᠨᠢᠭᠡᠨ ᠵᠦᠢᠯ ᠤᠨ ᠰᠢᠨ᠎ᠡ ᠳᠦᠷᠦᠯ — ᠡᠯᠡᠰᠤᠨ | ᠭᠠᠴᠤᠷ᠎ᠠ ︵P.mongolica︶ ᠪᠤᠯᠤᠨ᠎ᠠ ᠭᠡᠵᠤ ᠰᠠᠨᠠᠯ ᠨᠢᠭᠡᠳᠠᠢ ᠦᠵᠡᠵᠡᠭᠡᠭᠰᠡᠨ ᠪᠠᠶᠢᠨ᠎ᠠ᠃ ᠡᠬᠦᠨ ᠤ ᠤᠴᠢᠷ | ᠰᠢᠯᠳᠠᠭᠠᠨ ᠨᠢ ᠭᠡᠪᠡᠯ᠂ ᠭᠠᠵᠠᠷ ᠵᠦᠢ ᠪᠤᠯᠤᠨ ᠠᠭᠠᠷ ᠤᠷᠴᠢᠨ ᠤ ᠤᠷᠳᠤ ᠬᠤᠭᠤᠴᠠᠭᠠᠨ ᠤ ᠳᠤᠰᠭᠠᠷᠯᠠᠨ ᠠᠴᠠ | ᠪᠤᠯᠤᠭᠠᠳ ᠦᠷᠡᠵᠢᠯ ᠨᠢ ᠳᠤᠰᠭᠠᠷᠯᠠᠬᠳᠠᠬᠰᠡᠨ ᠪᠤᠯᠬᠤᠷ ᠰᠦᠷᠦᠭᠵᠢᠭᠰᠡᠨ ᠪᠡᠶ᠎ᠡ ᠨᠢ ᠵᠠᠳᠠᠷᠠᠨ ᠰᠢᠨ᠎ᠡ ᠳᠦᠷᠦᠯ ᠵᠦᠢᠯ | ᠡᠬᠦᠰᠦᠭᠰᠡᠨ ᠠᠴᠠ ᠪᠤᠯᠤᠬᠰᠡᠨ ᠪᠠᠶᠢᠨ᠎ᠠ᠃ ᠡᠯᠡᠰᠤᠨ ᠭᠠᠴᠤᠷ᠎ᠠ ᠡᠩ ᠳᠡᠯᠡᠭᠡᠢ ᠳᠤ ᠳᠤᠩ ᠬᠤᠪᠤᠷ ᠬᠠᠷᠠᠬᠳᠠᠳᠠᠭ᠂ | ᠳᠡᠷᠨ ᠨᠢ ᠦᠪᠦᠷ ᠮᠤᠩᠭᠤᠯ ᠤᠨ ᠳᠠᠯ᠎ᠠ ᠨᠤᠳᠤᠭ ᠤᠨ ᠬᠤᠯᠠᠨ ᠰᠢᠷᠭ᠎ᠠ ᠲᠠᠬᠢ ᠶᠢᠨ ᠮᠠᠩᠬᠠᠨ ᠳᠤ ᠦᠯᠡᠳᠡᠭᠡᠳ | ᠪᠠᠶᠢᠭ᠎ᠠ ᠤᠢ ᠰᠢᠭᠤᠢ ᠶᠢᠨ ᠠᠮᠢ ᠠᠬᠤᠢ ᠶᠢᠨ ᠰᠢᠰᠲ᠋ᠧᠮ ᠤᠨ ᠳᠦᠷᠦᠯ ᠵᠦᠢᠯ ᠪᠤᠯᠬᠤ ᠪᠠ ᠤᠳᠤ ᠳᠤ ᠪᠠᠨ ᠳᠡᠯᠡᠭᠡᠢ | ᠶᠢᠨ ᠪᠤᠮᠪᠤᠷᠴᠡᠭ ᠳᠡᠭᠡᠷ᠎ᠡ ᠦᠯᠡᠳᠡᠵᠤ ᠪᠠᠶᠢᠭ᠎ᠠ ᠴᠤᠷ ᠤᠨ ᠭᠠᠭᠴᠠ ᠡᠯᠡᠰᠤᠨ ᠭᠠᠴᠤᠷ᠎ᠠ ᠶᠢᠨ ᠤᠢ ᠪᠤᠯᠬᠤ ᠶᠤᠮ᠃ | ᠡᠬᠦᠨ ᠢᠶᠠᠷ ᠦᠯᠤ ᠪᠠᠷᠠᠨ ᠡᠨᠡ ᠭᠠᠵᠠᠷ ᠨᠢ ᠤᠳᠤ ᠮᠠᠨ ᠤ ᠤᠯᠤᠰ ᠤᠨ ᠡᠯᠡᠰᠤᠨ ᠭᠠᠴᠤᠷ᠎ᠠ ᠶᠢᠨ ᠡᠭᠡ ᠮᠤᠳᠤ ᠶᠢ | ᠦᠰᠭᠡᠨ ᠦᠷᠡᠵᠢᠬᠦᠯᠬᠦ ᠰᠠᠭᠤᠷᠢᠨ ᠭᠠᠵᠠᠷ ᠪᠤᠯᠤᠬᠰᠡᠨ ᠪᠠᠶᠢᠨ᠎ᠠ᠂ ᠡᠯᠡᠰᠤᠨ ᠭᠠᠴᠤᠷ᠎ᠠ ᠨᠢ ︽ᠠᠮᠢᠳᠡᠨ ᠤᠷᠭᠤᠮᠠᠯ | ᠤᠨ ᠭᠧᠨ ᠤ ᠬᠦᠮᠤᠷᠭᠡ︾᠂ ︽ᠠᠮᠢᠳᠡᠨ ᠤᠷᠭᠤᠮᠠᠯ ᠤᠨ ᠠᠮᠢᠳᠤ ᠴᠢᠯᠠᠭᠤᠵᠢᠮᠠᠯ︾ ᠭᠡᠰᠡᠨ ᠰᠠᠶᠢᠬᠠᠨ ᠠᠯᠳᠠᠷ ᠲᠠᠢ | ᠪᠠᠶᠢᠳᠠᠭ᠃ | ᠡᠯᠡᠰᠤᠨ ᠭᠠᠴᠤᠷ᠎ᠠ ᠪᠤᠯ ᠮᠦᠩᠭᠡ ᠨᠤᠭᠤᠭᠠᠨ ᠳᠤᠮᠤ ᠳᠤᠷᠤᠭ ᠮᠤᠳᠤ ᠪᠤᠯᠬᠤ ᠪᠦᠭᠡᠳ ᠬᠠᠯᠢᠰᠤ ᠨᠢ | ᠬᠦᠷᠡᠩ ᠤᠯᠠᠭᠠᠪᠳᠤᠷ ᠪᠠᠶᠢᠳᠠᠭ᠂ ᠰᠢᠨᠡᠭᠡᠨ ᠤᠷᠭᠤᠬᠰᠡᠨ ᠰᠠᠯᠠᠭ᠎ᠠ ᠨᠠᠮᠠᠭ᠎ᠠ ᠨᠢ ᠰᠢᠷᠠᠪᠳᠤᠷ ᠪᠤᠶᠤ ᠡᠰᠡᠬᠦᠯ᠎ᠡ ᠬᠦᠷᠡᠩ | ᠤᠯᠠᠭᠠᠪᠳᠤᠷ ᠪᠠᠶᠢᠵᠤ᠂ 1.2 — 2.2 ᠰᠡᠨᠲ᠋ᠢᠮᠧᠲᠷ ᠤᠷᠭᠤᠬᠰᠡᠨ ᠨᠠᠪᠴᠢ ᠨᠢ ᠦᠵᠦᠬᠦᠷ ᠵᠦᠭ ᠢᠶᠠᠨ | ᠱᠤᠪᠤᠭᠤᠷ ᠮᠦᠷᠳᠡᠭᠡᠨ ᠬᠠᠳᠠᠭᠤ᠂ ᠬᠦᠨᠳᠡᠯᠡᠨ ᠤᠬᠳᠤᠯᠤᠭᠠᠰᠤ ᠨᠢ ᠭᠤᠷᠪᠠᠯᠵᠢᠨ ᠭᠡᠯᠪᠡᠷᠢ ᠲᠠᠢ ᠪᠠᠶᠢᠳᠠᠭ᠂ ᠡᠨᠡ | ᠮᠤᠳᠤ ᠨᠢ ᠰᠤᠪᠤᠷᠠᠭᠠᠯᠠᠬᠰᠡᠨ ᠭᠡᠯᠪᠡᠷᠢ ᠲᠠᠢ ᠪᠠᠷ ᠤᠷᠭᠤᠬᠰᠡᠨ ᠪᠠᠶᠢᠳᠠᠭ ᠶᠤᠮ᠃ ᠡᠯᠡᠰᠤᠨ ᠭᠠᠴᠤᠷ᠎ᠠ ᠨᠢ ᠭᠡᠳᠤᠢ | ᠪᠠᠷ ᠬᠦᠶᠦᠭᠡᠨ ᠦᠨᠳᠤᠰᠤ ᠲᠠᠢ ᠮᠤᠳᠤᠨ ᠤ ᠳᠦᠷᠦᠯ ᠳᠤ ᠤᠷᠤᠬᠤ ᠪᠤᠯᠪᠠᠴᠤ ᠰᠠᠯᠪᠦᠷᠢ ᠦᠨᠳᠤᠰᠤ ᠨᠢ ᠳᠤᠩ | ᠬᠦᠭᠵᠢᠭᠰᠡᠨ ᠪᠠᠶᠢᠳᠠᠭ ᠪᠤᠯᠬᠤᠷ ᠮᠤᠳᠤᠨ ᠤ ᠤᠷᠳᠤ ᠶᠢᠨ ᠢᠶᠠᠨ 1.5 ᠳᠠᠭᠢᠨ ᠳᠤ ᠬᠦᠷᠳᠡᠭ᠃ ᠮᠤᠳᠤᠨ ᠤ ᠭᠤᠤᠯ | ᠦᠨᠳᠦᠰᠤᠨ ᠠᠴᠠ ᠰᠠᠯᠪᠦᠷᠢᠯᠠᠬᠰᠡᠨ ᠦᠨᠳᠤᠰᠤ ᠨᠢ ᠳᠡᠭᠡᠭᠰᠢ ᠪᠠᠨ ᠬᠦᠳᠦᠶᠢᠵᠤ ᠤᠷᠭᠤᠬᠰᠡᠨ ᠨᠢ ᠬᠦᠷᠦᠰᠤᠨ ᠤ | ᠭᠠᠳᠠᠷᠭᠤ ᠶᠢ ᠳᠤᠪᠦᠶᠢᠯᠭᠡᠵᠤ᠂ ᠤᠷᠢᠶᠠᠯᠳᠤᠨ ᠰᠦᠯᠵᠢᠯᠳᠤᠵᠤ ᠤᠷᠭᠤᠬᠰᠡᠨ ᠦᠨᠳᠤᠰᠤᠨ ᠤ ᠭᠢᠨᠢ ᠬᠠᠭᠠᠰ ᠨᠢ | ᠬᠦᠷᠦᠰᠤᠨ ᠤ ᠭᠠᠳᠠᠷᠭᠤ ᠳᠡᠭᠡᠷ᠎ᠡ ᠢᠯᠡ ᠭᠠᠷᠤᠭᠠᠳ ᠨᠦᠬᠦᠭᠡ ᠬᠠᠭᠠᠰ ᠨᠢ ᠬᠦᠷᠦᠰᠤᠨ ᠳᠤ ᠪᠤᠯᠠᠬᠳᠠᠭᠠᠳ ᠶᠠᠭ ᠯᠡ | ᠪᠡᠭᠡᠳᠤ ᠵᠢᠭᠠᠰᠤᠨ ᠤ ᠳᠡᠮᠳᠡᠷᠢᠬᠦᠯ ᠰᠢᠭ ᠢᠶᠠᠷ ᠳᠦᠷᠪᠡᠨ ᠵᠦᠭ ᠨᠠᠢᠮᠠᠨ ᠵᠤᠪᠭᠢᠰ ᠳᠡᠰᠢ ᠰᠤᠨᠤᠬᠰᠡᠨ ᠨᠢ ᠬᠦᠷᠦᠰᠤᠨ | ᠤ ᠭᠠᠳᠠᠷᠭᠤ ᠠᠴᠠ ᠳᠤᠳᠤᠬᠠᠨ ᠬᠠᠷᠠᠬᠳᠠᠳᠠᠭ ᠶᠤᠮ᠃ ᠡᠯᠡᠰᠤᠨ ᠭᠠᠴᠤᠷ᠎ᠠ ᠶᠢᠨ ᠬᠦᠭᠵᠢᠯᠳᠡ ᠰᠠᠶᠢᠳᠠᠢ | ᠰᠦᠯᠵᠢᠯᠳᠦᠭᠰᠡᠨ ᠦᠨᠳᠤᠰᠤ ᠨᠢ ᠪᠤᠳᠠᠷᠠᠮᠠᠳᠠᠭᠠᠢ ᠡᠯᠡᠰᠤ ᠶᠢ ᠪᠦᠭᠡᠮᠨᠡᠷᠡᠬᠦᠯᠤᠨ ᠪᠠᠷᠢᠯᠳᠤᠭᠤᠯᠬᠤ ᠳᠤ ᠳᠤᠩ ᠠᠰᠢᠭ | ᠲᠠᠢ ᠪᠠᠶᠢᠳᠠᠭ ᠪᠤᠯᠬᠤᠷ ᠡᠯᠡᠰᠤᠨ ᠤ ᠨᠡᠬᠦᠳᠡᠯ ᠢ ᠡᠷᠴᠢᠮ ᠬᠦᠴᠦᠳᠠᠢ ᠬᠤᠷᠢᠬᠯᠠᠵᠤ ᠳᠡᠶᠢᠯᠳᠡᠭ᠃ ᠵᠠᠭᠤᠨ ᠵᠢᠯ | ᠪᠤᠯᠤᠬᠰᠡᠨ ᠨᠢᠭᠡ ᠪᠦᠳᠦᠬᠦᠨ ᠭᠠᠴᠤᠷ᠎ᠠ ᠵᠢᠭᠠᠬᠠᠨ ᠰᠢᠭ᠋ ᠡᠯᠡᠰᠤᠨ ᠪᠦᠭᠡᠷᠡᠭ ᠢ ᠳᠤᠬᠳᠠᠪᠦᠷᠢᠵᠢᠭᠤᠯᠤᠨᠠ ᠳᠡᠶᠢᠯᠤᠨ᠎ᠡ | ᠭᠡᠵᠤ ᠭᠡᠯᠡᠬᠦ ᠳᠤ ᠠᠬᠠᠳᠠᠬᠤ ᠶᠠᠪᠤᠳᠠᠯ ᠶᠡᠷᠤ ᠠᠯᠠᠭ᠎ᠠ᠃ ᠪᠠᠶ᠋ᠬᠤᠪᠤᠭ᠎ᠠ ᠶᠢᠨ ᠡᠯᠡᠰᠤᠨ ᠭᠠᠴᠤᠷ᠎ᠠ ᠶᠢᠨ ᠤᠢ 10 | — 100 ᠮᠧᠲᠷ ᠵᠤᠵᠠᠭᠠᠨ ᠪᠠᠶᠢᠬᠤ 10 ᠳᠦᠮᠡᠨ ᠮᠤ᠋ ᠳᠠᠯᠠᠪᠠᠢ ᠪᠦᠬᠦᠢ ᠡᠯᠡᠰᠤ ᠮᠠᠩᠬ᠎ᠠ ᠶᠢ ᠰᠠᠶᠢᠳᠤᠷ | ᠳᠤᠬᠳᠠᠪᠦᠷᠢᠵᠢᠭᠤᠯᠵᠤ ᠪᠠᠶᠢᠨ᠎ᠠ᠃ ᠳᠤᠰ ᠭᠠᠵᠠᠷ ᠤᠷᠤᠨ ᠳᠤ ᠳᠤᠵᠢ ᠳᠤ ᠪᠠᠨ ᠪᠠᠷᠠᠭᠤᠨ ᠬᠤᠶᠢᠨ᠎ᠠ ᠠᠴᠠ | ᠰᠠᠯᠭᠢᠯᠠᠳᠠᠭ ᠪᠤᠯᠬᠤᠷ ᠡᠨᠡ ᠬᠦ ᠡᠯᠡᠰᠤᠨ ᠭᠠᠴᠤᠷ᠎ᠠ ᠶᠢᠨ ᠤᠢ ᠪᠠᠶᠢᠬᠰᠡᠨ ᠦᠭᠡᠢ ᠪᠤᠯ ᠡᠳᠡᠭᠡᠳ ᠰᠠᠶᠢᠬᠠᠨ | ᠦᠵᠡᠮᠵᠢᠳᠠᠢ ᠬᠦᠩᠭᠡᠷ ᠳᠠᠯ᠎ᠠ ᠶᠠᠭᠠᠭᠢᠨ ᠪᠠᠶᠢᠵᠤ ᠴᠢᠳᠠᠬᠤ ᠪᠢᠯᠡ︖ | |