| | | | | | ᠬᠥᠨᠳᠤᠳᠤ ᠤᠳᠤᠷᠢᠳᠤᠯᠭ᠎ᠠ ᠡᠷᠭᠢᠮ ᠵᠤᠴᠢᠳ ᠡ᠄ | ᠲᠠ ᠪᠥᠬᠦᠨ ᠤ ᠬᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠮᠥᠽᠸᠢ ᠳᠤ | ᠢᠷᠡᠭᠰᠡᠨ ᠢ ᠴᠢᠨᠢ ᠪᠠᠶᠠᠷᠯᠠᠨ ᠤᠭᠳᠤᠵᠤ ᠪᠠᠶᠢᠨ᠎ᠡ︕ | ᠮᠠᠨ ᠤ ᠡᠮᠥᠨ᠎ᠡ ᠬᠠᠷᠠᠭᠳᠠᠵᠣ ᠪᠠᠶᠢᠭ᠎ᠠ ᠢᠯᠨ ᠳᠤᠳᠤ ᠤᠨᠴᠠᠯᠢᠭ ᠲᠠᠢ ᠪᠠᠷᠢᠯᠭ᠎ᠠ ᠪᠤᠯ ᠳᠤᠮᠳᠠᠳᠤ ᠤᠯᠤᠰ᠂ | ᠭᠡᠰᠢᠭᠳᠡᠨ ᠲᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠮᠥᠽᠸᠢ ᠪᠤᠯᠤᠨ᠎ᠡ᠂ ᠡᠨ᠋ᠨ ᠮᠥᠽᠸᠢ ᠶᠢ ᠥᠪᠤᠷ | ᠮᠤᠩᠭᠤᠯ ᠤᠨ ᠥᠪᠠᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠪᠠ ᠭᠡᠰᠢᠭᠳᠡᠨ ᠬᠤᠰᠢᠭᠤᠨ ᠤ | ᠠᠷᠠᠳ ᠤᠨ ᠵᠠᠰᠠᠭ ᠤᠨ ᠤᠷᠳᠤᠨ ᠬᠠᠮᠳᠤ ᠪᠠᠷ 3000 ᠳᠥᠮᠠᠨ ᠳᠥᠬᠦᠷᠢᠭ ᠤᠨ ᠪᠡᠯᠨ ᠤᠷᠤᠭᠤᠯᠤᠨ | ᠪᠠᠶᠢᠭᠤᠯᠤᠭᠰᠠᠨ ᠶᠤᠮ᠃ 2005 ᠤᠨ ᠤ ᠵᠢᠯ ᠤᠨ ᠡᠴᠥᠰ ᠲᠤ ᠪᠠᠷᠢᠯᠭ᠎ᠠ ᠡᠭᠢᠯᠠᠨ 2006 ᠤᠨ ᠤ 12 ᠰᠠᠷ᠎ᠡ | ᠳᠤ ᠥᠨᠳᠤᠰᠤᠨ ᠪᠠᠷᠢᠯᠭ᠎ᠠ ᠳᠠᠭᠤᠰᠴᠤ᠂ ᠡᠵᠡᠯᠡᠬᠦ ᠳᠠᠯᠠᠪᠠᠢ 8100 ᠳᠡᠭᠰᠢ ᠳᠥᠷᠪᠡᠯᠵᠢᠨ ᠮᠧᠲᠷ᠂ ᠪᠠᠷᠢᠯᠭ᠎ᠠ ᠶᠢᠨ | ᠳᠠᠯᠠᠪᠠᠢ 8105 ᠳᠡᠭᠰᠢ ᠳᠥᠷᠪᠡᠯᠵᠢᠨ ᠮᠧᠲᠷ᠂ ᠭᠡᠷ ᠳᠤᠳᠤᠷᠠᠭᠢ ᠥᠵᠡᠬᠦᠯᠥᠯᠭᠡ ᠶᠢᠨ ᠲᠢᠩᠬᠢᠮ ᠤᠨ ᠳᠠᠯᠠᠪᠠᠢ | 5000 ᠳᠡᠭᠰᠢ ᠳᠥᠷᠪᠡᠯᠵᠢᠨ ᠮᠧᠲᠷ᠂ 2007 ᠤᠨ ᠤ 7 ᠰᠠᠷ᠎ᠡ ᠳᠤ ᠭᠡᠷ ᠳᠤᠳᠤᠷᠠᠭᠢ ᠵᠢᠷᠤᠭ ᠵᠠᠰᠠᠯ ᠤᠨ | ᠠᠵᠢᠯ ᠢ ᠳᠠᠭᠤᠰᠬᠠᠵᠠᠢ᠃ ᠳᠤᠰ ᠮᠥᠽᠸᠢ ᠨᠢ ᠤᠳᠤᠬᠠᠨ ᠳᠤ ᠪᠠᠨ ᠲᠤᠮᠳᠠᠳᠤ ᠤᠯᠤᠰ ᠤᠨ ᠳᠠᠯᠠᠪᠠᠢ ᠪᠠᠷ ᠬᠠᠮᠤᠭ | ᠶᠡᠭᠡ᠂ ᠴᠢᠳᠠᠪᠭᠢ ᠪᠠᠷ ᠬᠠᠮᠤᠭ ᠪᠥᠷᠢᠨ᠂ ᠮᠠᠷᠭᠡᠵᠢᠯ ᠢᠶᠠᠷ ᠬᠠᠮᠤᠭ ᠤᠨ ᠳᠠᠷᠢᠬᠦᠨ ᠤ ᠳᠠᠯᠠᠭᠡᠢ ᠶᠢᠨ ᠭᠠᠵᠠᠷ | ᠰᠢᠨᠵᠢᠯᠡᠭᠡᠨ ᠤ ᠮᠥᠽᠸᠢ ᠪᠣᠯᠣᠨ᠎ᠠ᠃ | ᠮᠥᠽᠸᠢ ᠶᠢᠨ ᠭᠤᠤᠯ ᠪᠠᠷᠢᠯᠭ᠎ᠠ᠂ ᠭᠠᠳᠠᠷ ᠥᠵᠡᠮᠵᠢ ᠨᠢ ᠬᠥᠨᠳᠠᠯᠠᠨ ᠵᠤᠷᠪᠤᠰ ᠭᠡᠯᠪᠠᠷᠢ ᠪᠠᠷ ᠪᠥᠳᠤᠵᠠᠢ᠃ | ᠬᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠥᠪᠠᠷᠮᠢᠴᠡ ᠪᠤᠷᠵᠢᠨ ᠴᠢᠯᠠᠭᠤᠨ ᠰᠢᠭᠤᠢ ᠶᠢᠨ | ᠥᠵᠡᠮᠵᠢ ᠶᠢᠨ ᠤᠨᠴᠠᠯᠢᠭ ᠢ ᠠᠮᠢᠳᠤᠯᠢᠭ ᠢᠶᠠᠷ ᠳᠤᠰᠬᠠᠵᠠᠢ᠃ | ᠡᠨᠡᠬᠦ ᠮᠥᠽᠸᠢ ᠨᠢ ᠪᠢᠳᠠᠨ ᠳᠤ ᠬᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠲᠡᠨᠢᠭᠦᠨ | ᠠᠭᠤᠳᠠᠮ ᠳᠠᠯ᠎ᠠ ᠨᠤᠳᠤᠭ ᠤᠨ ᠥᠵᠡᠮᠵᠢ ᠪᠠ ᠦᠪᠡᠷᠮᠢᠴᠡ ᠣᠨᠴᠠᠯᠢᠭ ᠪᠦᠬᠦᠢ ᠥᠨᠳᠤᠰᠥᠳᠡᠨ ᠤ ᠵᠠᠩ ᠵᠠᠩᠰᠢᠯ ᠢ | ᠰᠢᠰᠲ᠋ᠧᠮ ᠲᠠᠢ ᠳᠤᠰᠬᠠᠭᠰᠠᠨ ᠢᠶᠠᠷ ᠪᠠᠷᠠᠬᠤ ᠥᠭᠡᠢ ᠨᠠᠩ ᠴᠢᠬᠤᠯᠨ ᠨᠢ ᠲᠡᠯᠡᠬᠡᠢ ᠶᠢᠨ ᠪᠥᠮᠪᠤᠷᠴᠡᠭ ᠤᠨ ᠤᠯᠠᠨ | ᠵᠠᠭᠤᠨ ᠵᠢᠯ ᠤᠨ ᠳᠤᠷᠰᠢᠭᠢ ᠬᠤᠪᠢᠷᠠᠯᠳᠠ ᠢᠶᠠᠷ ᠳᠠᠮᠵᠢᠨ ᠮᠠᠨ ᠳᠤ ᠥᠯᠡᠳᠡᠭᠡᠵᠤ ᠥᠭᠬᠦᠭᠰᠡᠨ ᠮᠠᠰᠢ ᠤᠯᠠᠨ ᠬᠤᠪᠤᠷ | ᠴᠤᠬᠠᠭ ᠭᠠᠵᠠᠷ ᠰᠢᠨᠵᠢᠯᠡᠭᠡᠨ ᠤ ᠥᠯᠡᠳᠡᠭᠳᠡᠯ ᠶᠢ ᠳᠡᠯᠭᠡᠨ ᠥᠵᠡᠬᠦᠯᠵᠤ ᠪᠠᠶᠢᠬᠤ ᠶᠤᠮ᠃ | ᠤᠳᠤ ᠪᠢᠳᠠ ᠰᠤᠨᠢᠨ ᠭᠠᠶᠢᠬᠠᠮᠰᠢᠭᠳᠤ ᠭᠠᠵᠠᠷ ᠰᠢᠨᠵᠢᠯᠡᠭᠡᠨ ᠤ ᠠᠶᠠᠯᠠᠯ ᠢᠶᠠᠨ ᠡᠭᠢᠯᠡᠬᠦᠯᠥᠶᠡ᠃ | | 2005 ᠤᠨ ᠤ 2 ᠰᠠᠷ᠎ᠡ ᠶᠢᠨ 11 ᠳᠤ ᠤᠯᠠᠨ ᠤᠯᠤᠰ ᠤᠨ ᠰᠤᠷᠭᠠᠨ ᠬᠥᠮᠥᠵᠢᠯ ᠰᠢᠨᠵᠢᠯᠡᠬᠦ ᠤᠬᠠᠭᠠᠨ | ᠰᠤᠶᠤᠯ ᠤᠨ ᠵᠤᠭᠢᠶᠠᠨ ᠪᠠᠶᠢᠭᠤᠯᠤᠯᠳᠠ ᠠᠴᠠ ᠭᠡᠰᠢᠭᠳᠡᠨ ᠳᠤ ︽ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ︾ | ᠤᠨ ᠴᠤᠯᠨ ᠬᠠᠶᠢᠷᠠᠯᠠᠵᠠᠢ᠃ ᠮᠠᠨ ᠤ ᠡᠮᠥᠨ᠎ᠡ ᠪᠠᠶᠢᠭ᠎ᠠ ᠮᠥᠽᠸᠢ ᠶᠢᠨ ᠭᠤᠤᠯ ᠬᠥᠰᠢᠶ᠎ᠡ ᠪᠤᠯ ᠤᠯᠠᠨ ᠤᠯᠤᠰ ᠤᠨ | ᠰᠤᠷᠭᠠᠨ ᠬᠥᠮᠥᠵᠢᠯ ᠰᠢᠨᠵᠢᠯᠡᠬᠦ ᠤᠬᠠᠭᠠᠨ ᠤ ᠰᠤᠶᠤᠯ ᠤᠨ ᠵᠤᠭᠢᠶᠠᠨ ᠪᠠᠶᠢᠭᠤᠯᠤᠯᠳᠠ ᠠᠴᠠ ᠤᠯᠭᠤᠭᠰᠠᠨ ᠳᠡᠮᠳᠡᠭ ᠢ | 150 ᠳᠠᠭᠢᠨ ᠶᠡᠭᠡᠰᠭᠡᠵᠤ ᠬᠢᠭᠰᠡᠨ ᠶᠤᠮ᠃ ᠬᠥᠰᠢᠶᠠᠨ ᠤ ᠳᠤᠤᠷ᠎ᠡ ᠭᠡᠰᠡᠭ ᠲᠤ ᠨᠢ ᠮᠥᠽᠸᠢ ᠶᠢᠨ ᠳᠥᠬᠦᠮ | ᠳᠠᠨᠢᠯᠴᠠᠭᠤᠯᠭ᠎ᠠ ᠪᠠᠶᠢᠵᠥ᠂ ᠨᠢᠭᠤᠷ ᠳᠠᠯ᠎ᠠ ᠳᠤᠨᠢ ᠮᠤᠩᠭᠤᠯ ᠭᠢᠳᠡᠳ ᠥᠰᠥᠭ ᠤᠨ ᠪᠢᠴᠢᠭᠡᠰᠤ᠂ ᠠᠷᠤ ᠳᠠᠯ᠎ᠠ ᠳᠤᠨᠢ | ᠠᠩᠭ᠍ᠯᠢ ᠥᠰᠥᠭ ᠤᠨ ᠪᠢᠴᠢᠭᠡᠰᠤ ᠲᠠᠢ᠃ ᠭᠡᠰᠢᠭᠳᠡᠨ᠂ ᠳᠠᠯᠡᠭᠡᠢ ᠶᠢᠨ ᠭᠠᠵᠠᠷ ᠰᠢᠨᠵᠢᠯᠡᠭᠡᠨ ᠤ ᠴᠠᠴᠡᠷᠯᠢᠭ ᠪᠤᠯᠤᠭᠰᠠᠨ | ᠨᠢ ᠨᠢᠭᠡᠨ ᠢᠷᠠᠭᠤ ᠠᠯᠳᠠᠷ᠂ ᠨᠠᠩ ᠴᠤ ᠨᠢᠭᠡᠨ ᠬᠠᠷᠢᠭᠤᠴᠠᠯᠭ᠎ᠠ ᠪᠤᠯᠬᠤ ᠶᠤᠮ᠂ ᠳᠠᠷᠨ ᠨᠢ ᠪᠢᠳᠠᠨ ᠳᠤ᠂ ᠠᠳᠡᠭᠢ | ᠭᠠᠵᠠᠷ ᠰᠢᠨᠵᠢᠯᠡᠭᠡᠨ ᠤ ᠥᠯᠡᠳᠡᠭᠳᠡᠯ ᠢ ᠰᠠᠶᠢᠳᠤᠷ ᠬᠠᠮᠠᠭᠠᠯᠬᠤ ᠨᠢ ᠭᠡᠰᠢᠭᠳᠡᠨ ᠤ ᠠᠷᠠᠳ ᠳᠥᠮᠠᠨ ᠤ ᠬᠠᠷᠢᠭᠤᠴᠠᠯᠭ᠎ᠠ᠂ | ᠳᠤᠮᠳᠠᠳᠤ ᠶᠢᠨ ᠠᠷᠠᠳ ᠳᠥᠮᠠᠨ ᠤ ᠬᠠᠷᠢᠭᠤᠴᠠᠯᠭ᠎ᠠ᠂ ᠮᠥᠨ ᠴᠤ ᠪᠥᠬᠦ ᠳᠡᠯᠡᠭᠡᠢ ᠶᠢᠨ ᠬᠥᠮᠥᠰ ᠤᠨ | ᠬᠥᠢᠴᠡᠳᠭᠡᠪᠠᠰᠤ ᠵᠤᠭᠢᠬᠤ ᠡᠬᠦᠷᠭᠡ ᠮᠥᠨ ᠭᠡᠳᠡᠭ ᠢ ᠭᠡᠯᠡᠵᠤ ᠥᠭᠴᠠᠢ᠃ ᠮᠠᠨ ᠤ ᠵᠤᠭᠠᠴᠠᠭᠰᠠᠳ ᠨᠠᠩ ᠴᠤ ᠡᠨᠡᠬᠦ | ᠡᠬᠦᠷᠭᠡ ᠬᠠᠷᠢᠭᠤᠴᠠᠯᠭ᠎ᠠ ᠶᠢ ᠪᠠᠶᠠᠳᠠᠨ ᠬᠥᠢᠴᠡᠳᠭᠡᠭᠴᠢ ᠪᠠ ᠰᠤᠷᠳᠠᠯᠴᠢᠯᠠᠨ ᠤᠬᠠᠭᠤᠯᠤᠭᠴᠢ ᠮᠥᠨ᠂ ᠤᠯᠠᠨ ᠤ | ᠬᠠᠮᠳᠤ ᠶᠢᠨ ᠴᠢᠷᠮᠠᠶᠢᠯᠭ᠎ᠠ ᠪᠠᠷ ᠡᠳᠡᠭᠡᠷ ᠥᠯᠡᠳᠡᠭᠳᠡᠯ ᠨᠠᠩ ᠰᠠᠶᠢᠨ ᠢᠶᠠᠷ ᠬᠠᠳᠠᠭᠠᠯᠠᠭᠳᠠᠬᠤ ᠨᠢ ᠯᠠᠪᠳᠠᠢ ᠶᠤᠮ᠃ | | ᠨᠢᠭᠡ᠂ ᠠᠭᠤᠳᠠᠮ ᠳᠠᠯᠠᠪᠠᠢ | ᠭᠤᠤᠯ ᠬᠥᠰᠢᠶ᠎ᠡ ᠶᠢ ᠥᠩᠬᠡᠷᠡᠪᠡᠯ᠂ ᠮᠥᠽᠸᠢ ᠶᠢᠨ ᠠᠭᠤᠳᠠᠮ ᠳᠠᠯᠠᠪᠠᠢ ᠮᠠᠨ ᠤ ᠡᠮᠥᠨ᠎ᠡ ᠲᠡᠯᠭᠡᠭᠳᠡᠨ᠎ᠡ᠃ | ᠭᠠᠵᠠᠷ ᠰᠢᠨᠵᠢᠯᠡᠭᠡᠨ ᠤ ᠴᠡᠴᠡᠷᠯᠢᠭ ᠤᠨ ᠨᠠᠢᠮᠠᠨ ᠶᠡᠭᠡ ᠳᠤᠭᠤᠷᠢᠭ ᠨᠢ ᠭᠡᠰᠢᠭᠳᠡᠨ ᠬᠤᠰᠢᠭᠤᠨ ᠳᠤ ᠬᠠᠷᠢᠴᠠᠩᠭᠤᠢ | ᠪᠠᠶᠢᠷᠢ ᠪᠠᠷ᠂ ᠬᠠᠷᠢᠯᠴᠠᠨ ᠳᠠᠷᠬᠠᠭᠰᠠᠨ ᠪᠠᠶᠢᠳᠠᠯ ᠢᠶᠠᠷ ᠢᠶᠠᠨ ᠠᠭᠤᠳᠠᠮ ᠳᠠᠯᠠᠪᠠᠢ ᠳᠤ ᠤᠷᠤᠰᠢᠵᠤ ᠪᠠᠶᠢᠨ᠎ᠡ᠃ ᠡᠨ᠋ᠨ | ᠨᠠᠢᠮᠠᠨ ᠳᠤᠭᠤᠷᠢᠭ ᠲᠤ ᠳᠤᠰ ᠳᠤᠰ᠄ ᠠᠰᠬᠠᠳᠤ ᠶᠢᠨ ᠪᠤᠷᠵᠢᠨ ᠴᠢᠯᠠᠭᠤᠨ ᠰᠢᠭᠤᠢ ᠶᠢᠨ ᠳᠤᠭᠤᠷᠢᠭ᠂ ᠠᠪᠳᠠᠷᠳᠤ | ᠶᠢᠨ ᠴᠢᠯᠠᠭᠤᠨ ᠤᠭᠤᠷ ᠵᠢᠴᠢ ᠪᠤᠷᠵᠢᠨ ᠴᠢᠯᠠᠭᠤᠨ ᠤᠷᠭᠢᠯ ᠤᠨ ᠳᠤᠭᠤᠷᠢᠭ᠂ ᠳᠠᠯᠠᠶᠢᠨᠠᠭᠤᠷ ᠤᠨ ᠭᠠᠯᠳᠤ ᠠᠭᠤᠯᠠᠨ | ᠰᠥᠷᠥᠭᠵᠢᠯ ᠤᠨ ᠳᠤᠭᠤᠷᠢᠭ᠂ ᠬᠤᠩᠭᠤ ᠶᠢᠨ ᠳᠠᠪᠠᠭ᠎ᠠ ᠶᠢᠨ ᠳᠥᠷᠪᠠᠳᠡᠭᠴᠢ ᠭᠠᠯᠪᠠ ᠶᠢᠨ ᠮᠥᠰᠥᠳᠥᠯᠭᠡ ᠶᠢᠨ | ᠥᠯᠡᠳᠡᠭᠳᠡᠯ ᠤᠨ ᠳᠤᠭᠤᠷᠢᠭ᠂ ᠭᠠᠯᠳᠠᠰᠥᠳᠠᠢ ᠶᠢᠨ ᠬᠠᠯᠠᠭᠤᠨ ᠷᠠᠰᠢᠶᠠᠨ ᠤ ᠳᠤᠭᠤᠷᠢᠭ᠂ ᠰᠢᠷᠠᠮᠦ᠋ᠷᠠᠨ ᠤ ᠶᠡᠭᠡ | ᠬᠠᠪᠴᠢᠯ ᠤᠨ ᠳᠤᠭᠤᠷᠢᠭ᠂ ᠪᠠᠶᠢᠴᠠ ᠶᠢᠨ ︽ᠮᠥᠰᠥᠨ ᠬᠤᠳᠤᠭᠤᠷ︾ ᠤᠨ ᠳᠤᠭᠤᠷᠢᠭ᠂ ᠬᠤᠯᠠᠨ ᠰᠢᠷᠭ᠎ᠠ ᠳᠠᠭ᠎ᠠ | ᠶᠢᠨ ᠡᠯᠡᠰᠥᠷᠭᠡᠭ ᠤᠷᠤᠨ ᠤ ᠳᠤᠭᠤᠷᠢᠭ ᠵᠡᠷᠭᠡ ᠶᠢ ᠪᠠᠭᠳᠠᠭᠠᠨ᠎ᠡ᠃ | ᠬᠤᠶᠠᠷ᠂ ᠶᠡᠭᠡ ᠳᠢᠩᠭᠢᠮ᠄ | ᠡᠯᠡᠰᠤᠨ ᠴᠠᠷᠡ | ᠮᠠᠨ ᠤ ᠡᠮᠥᠨ᠎ᠡ ᠢᠯᠠᠷᠠᠵᠤ ᠪᠠᠶᠢᠭ᠎ᠠ ᠪᠤᠯ ᠪᠥᠬᠦᠶᠢᠯᠨ ᠭᠡᠰᠢᠭᠳᠡᠨ ᠬᠤᠰᠢᠭᠤᠨ ᠤ ᠭᠠᠵᠠᠷ ᠤᠨ ᠭᠠᠳᠠᠷᠭᠤ | ᠶᠢᠨ ᠭᠡᠯᠪᠠᠷᠢ ᠳᠥᠷᠰᠤ ᠶᠢᠨ ᠡᠯᠡᠰᠤᠨ ᠴᠡᠷ᠎ᠡ ᠪᠤᠯᠤᠨ᠎ᠡ᠃ ᠳᠤᠰ ᠡᠯᠡᠰᠤᠨ ᠴᠡᠷ᠎ᠡ ᠳᠤ ᠭᠢᠳᠡᠳ᠂ ᠮᠤᠩᠭᠤᠯ᠂ ᠠᠩᠭ᠍ᠯᠢ | ᠭᠡᠯᠡᠨ ᠤ ᠳᠠᠨᠢᠯᠴᠠᠭᠤᠯᠭ᠎ᠠ ᠶᠢᠨ ᠰᠢᠰᠲ᠋ᠧᠮ ᠲᠠᠢ ᠪᠠᠶᠢᠵᠥ᠂ ᠤᠳᠤᠬᠠᠨ ᠤ ᠮᠠᠨ ᠤ ᠤᠯᠤᠰ ᠤᠨ ᠭᠠᠵᠠᠷ ᠰᠢᠨᠵᠢᠯᠡᠭᠡᠨ ᠤ | ᠴᠡᠴᠡᠷᠯᠢᠭ ᠤᠨ ᠮᠥᠽᠸᠢ ᠶᠢᠨ ᠬᠡᠷᠡᠭᠯᠡᠵᠤ ᠪᠠᠶᠢᠭ᠎ᠠ ᠭᠡᠯᠡᠨ ᠤ ᠳᠥᠷᠤᠯ ᠬᠠᠮᠤᠭ ᠤᠯᠠᠨ ᠡᠯᠡᠰᠤᠨ ᠴᠡᠷ᠎ᠡ ᠶᠢᠨ ᠭᠡᠯᠨ | ᠠᠪᠢᠶᠠᠨ ᠤ ᠳᠠᠶᠢᠯᠤᠮᠵᠢ ᠶᠢᠨ ᠰᠢᠰᠲ᠋ᠧᠮ ᠪᠤᠯᠤᠨ᠎ᠡ᠃ ︵ᠡᠯᠡᠰᠤᠨ ᠴᠡᠷ᠎ᠡ ᠶᠢᠨ ᠭᠡᠯᠨ ᠠᠪᠢᠶᠠᠨ ᠤ ᠳᠠᠨᠢᠯᠴᠠᠭᠤᠯᠭ᠎ᠠ ᠶᠢ | ᠰᠤᠨᠤᠰᠪᠠᠯ᠂ ᠳᠤᠤᠷᠠᠭᠢ ᠨᠢᠭᠡ ᠭᠡᠰᠡᠭ ᠢ ᠶᠠᠷᠢᠬᠤ ᠥᠭᠡᠢ ᠪᠠᠶᠢᠵᠥ ᠪᠤᠯᠤᠨ᠎ᠡ︶᠂ | ᠭᠡᠰᠢᠭᠳᠡᠨ — ᠥᠪᠤᠷ ᠮᠤᠩᠭᠤᠯ ᠤᠨ ᠳᠠᠯ᠎ᠠ ᠨᠤᠳᠤᠭ ᠳᠠᠬᠢ ᠬᠡᠷᠡᠯᠳᠤ ᠰᠤᠪᠤᠳ᠂ ᠤᠮᠠᠷᠠᠳᠤ ᠶᠢᠨ ᠠᠯᠳᠠᠨ | ᠬᠤᠰᠢᠭᠤᠯᠵᠢᠨ ᠤᠷᠤᠨ ᠤ ᠭᠠᠶᠢᠬᠠᠮᠰᠢᠭᠳᠤ ᠬᠥᠷᠥᠰᠤ᠂ ᠤᠮᠠᠷᠠᠰᠢ ᠶᠡᠭᠡ ᠭᠢᠩᠭᠠᠨ ᠳᠠᠪᠠᠭ᠎ᠠ ᠶᠢ ᠳᠥᠰᠢᠵᠥ᠂ | ᠡᠮᠥᠨᠡᠰᠢ ᠶᠠᠨᠱᠠᠨ ᠠᠭᠤᠯᠨ ᠨᠢᠷᠤᠭᠤ ᠳᠤ ᠤᠶᠢᠷᠠᠳᠤᠵᠤ᠂ ᠪᠠᠷᠠᠭᠤᠨᠰᠢ ᠬᠤᠯᠠᠨ ᠰᠢᠷᠭ᠎ᠠ ᠲᠠᠭ᠎ᠠ ᠶᠢᠨ ᠡᠯᠡᠰᠥᠷᠭᠡᠭ | ᠤᠷᠤᠨ ᠲᠠᠢ ᠵᠠᠯᠭᠠᠯᠳᠤᠵᠤ᠂ ᠡᠨᠡᠬᠦ ᠠᠳᠠᠯᠢ ᠪᠤᠰᠤ ᠶᠢᠨ ᠭᠤᠷᠪᠠᠨ ᠵᠥᠢᠯ ᠤᠨ ᠭᠠᠵᠠᠷ ᠤᠨ ᠭᠠᠳᠠᠷᠭᠤ ᠶᠢᠨ ᠭᠡᠯᠪᠠᠷᠢ | ᠳᠥᠷᠰᠤ ᠬᠡᠰᠢᠭᠳᠡᠨ ᠳᠤ ᠠᠭᠤᠯᠵᠠᠭᠰᠠᠨ ᠠᠴᠠ ᠠᠳᠡ ᠡᠯᠪᠡᠭ ᠪᠠᠶᠠᠯᠢᠭ ᠭᠠᠵᠠᠷ ᠰᠢᠨᠵᠢᠯᠡᠭᠡᠨ ᠤ ᠥᠯᠡᠳᠡᠭᠳᠡᠯ ᠢ | ᠪᠥᠳᠥᠭᠡᠵᠤ᠂ ᠬᠡᠷᠡᠯ ᠰᠠᠴᠤᠷᠠᠩᠭᠤᠢ ᠪᠠᠶᠢᠭᠠᠯᠢ ᠶᠢᠨ ᠪᠠ ᠰᠤᠶᠤᠯ ᠤᠨ ᠥᠵᠡᠮᠵᠢ ᠶᠢ ᠪᠤᠢ ᠪᠤᠯᠭᠠᠭᠰᠠᠨ ᠶᠤᠮ᠃ | | ᠭᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠨᠢ 8 ᠳᠤᠭᠤᠷᠢᠭ ᠢᠶᠠᠷ ᠪᠥᠷᠢᠯᠳᠥᠨ᠂ | ᠡᠵᠡᠯᠡᠬᠦ ᠳᠠᠯᠠᠪᠠᠢ ᠨᠢ 1750 ᠳᠡᠭᠰᠢ ᠳᠥᠷᠪᠡᠯᠵᠢᠨ ᠺᠢᠯᠥᠮᠧᠲᠷ ᠪᠠᠶᠢᠵᠤ᠂ ᠪᠥᠬᠦᠶᠢᠯᠨ ᠥᠪᠤᠷ ᠮᠤᠩᠭᠤᠯ ᠤᠨ | ᠥᠩᠭᠡ ᠥᠵᠡᠮᠵᠢ ᠶᠢᠨ ᠪᠠᠭᠠᠰᠬᠠᠯ ᠳᠥᠷᠢ ᠪᠤᠯᠵᠤ᠂ ᠮᠥᠰᠥᠳᠥᠯᠭᠡ ᠶᠢᠨ ᠥᠯᠡᠳᠡᠭᠳᠡᠯ᠂ ᠭᠠᠯᠳᠤ ᠠᠭᠤᠯᠨ᠂ | ᠬᠠᠯᠠᠭᠤᠨ ᠷᠠᠰᠢᠶᠠᠨ᠂ ᠡᠯᠡᠰᠤ ᠮᠠᠩᠬ᠎ᠠ᠂ ᠳᠠᠯ᠎ᠠ ᠨᠤᠳᠤᠭ᠂ ᠭᠤᠤᠯ ᠮᠥᠷᠠᠨ ᠪᠠ ᠨᠠᠭᠤᠷ ᠴᠥᠬᠦᠷᠥᠮ ᠢᠶᠠᠷ | ᠴᠣᠭᠴᠠᠵᠢᠯᠠᠭᠰᠠᠨ ᠶᠠᠷᠥᠩᠭᠡᠶᠢᠯᠡᠭᠰᠡᠨ ᠴᠢᠨᠠᠷᠳᠠᠢ ᠳᠠᠯᠠᠭᠡᠢ ᠳᠤ ᠬᠤᠤᠰ ᠥᠭᠡᠢ ᠭᠠᠵᠠᠷ ᠰᠢᠨᠵᠢᠯᠡᠭᠡᠨ ᠤ ᠴᠡᠴᠡᠷᠯᠢᠭ | ᠪᠤᠯᠵᠤ ᠪᠥᠷᠢᠯᠳᠥᠵᠠᠢ᠃ | ᠡᠯᠡᠰᠤᠨ ᠴᠠᠷᠡ ᠶᠢᠨ ᠬᠠᠮᠤᠭ ᠳᠡᠭᠡᠳᠤ ᠳᠠᠯ᠎ᠠ ᠳᠤ ᠪᠠᠶᠢᠭ᠎ᠠ ᠠᠰᠬᠠᠳᠤ ᠶᠢᠨ ᠴᠢᠯᠠᠭᠤᠨ ᠰᠢᠭᠤᠢ ᠶᠢᠨ | ᠳᠤᠭᠤᠷᠢᠭ ᠨᠢ ᠪᠤᠷᠵᠢᠨ ᠴᠢᠯᠠᠭᠤᠨ ᠰᠢᠭᠤᠢ ᠪᠠᠷ ᠨᠠᠷ᠎ᠡ ᠠᠯᠳᠠᠷᠰᠢᠭᠰᠠᠨ ᠶᠤᠮ᠃ ᠴᠢᠯᠠᠭᠤᠨ ᠰᠢᠭᠤᠢ ᠶᠢ ᠠᠯᠤᠰ | ᠠᠴᠠ ᠬᠠᠷᠠᠪᠠᠯ᠂ ᠳᠡᠭᠰᠢ ᠭᠠᠵᠠᠷ ᠰᠥᠨᠳᠠᠷᠯᠠᠨ ᠪᠤᠰᠴᠤ᠂ ᠠᠰᠬ᠎ᠠ ᠰᠥᠷᠯᠢᠭ ᠠᠶᠤᠮᠠᠷ ᠭᠠᠶᠢᠬᠠᠮᠰᠢᠭ ᠲᠠᠢ ᠪᠠᠶᠢᠳᠠᠭ︔ | ᠤᠶᠢᠷ᠎ᠡ ᠠᠴᠠ ᠥᠵᠡᠪᠡᠯ ᠴᠢᠯᠠᠭᠤᠨ ᠰᠢᠭᠤᠢ ᠳᠠᠪᠬᠤᠷᠯᠠᠨ ᠳᠡᠭᠳᠡᠷᠯᠠᠵᠤ᠂ ᠥᠵᠠᠮᠵᠢ ᠳᠥᠷᠬᠦ ᠤᠯᠠᠨ ᠶᠠᠩᠵᠤ | ᠪᠠᠶᠢᠵᠤ᠂ ᠪᠠᠶᠢᠭᠠᠯᠢ ᠶᠢᠨ ᠪᠥᠳᠥᠭᠡᠭᠰᠡᠨ ᠬᠠᠴᠢᠨ ᠤᠷᠠᠯᠢᠭ ᠬᠥᠮᠥᠨ ᠢ ᠰᠤᠴᠢᠭᠠᠮᠡ ᠪᠠᠶᠢᠵᠤ᠂ ᠳᠥᠷᠪᠠᠳᠡᠭᠴᠢ | ᠭᠠᠯᠪᠠ ᠶᠢᠨ ᠮᠥᠰᠥᠳᠥᠯᠭᠡ ᠪᠠ ᠠᠭᠤᠷ ᠠᠮᠢᠰᠬᠤᠯ ᠤᠷᠴᠢᠨ ᠳᠤᠭᠤᠷᠢᠨ ᠤ ᠬᠤᠪᠢᠷᠠᠯᠳᠠ ᠶᠢ ᠪᠠᠶᠢᠴᠠᠭᠠᠬᠤ | ᠰᠢᠨᠵᠢᠯᠡᠭᠡᠨ ᠤ ᠰᠠᠭᠤᠷᠢᠨ ᠭᠠᠵᠠᠷ ᠪᠣᠯᠵᠠᠢ᠃ | ᠡᠯᠡᠰᠤᠨ ᠴᠡᠷ᠎ᠡ ᠶᠢᠨ ᠵᠡᠬᠦᠨ ᠳᠠᠯ᠎ᠠ ᠳᠠᠬᠢ ᠳᠠᠯᠠᠢ ᠨᠠᠭᠤᠷ ᠤᠨ ᠤᠷᠴᠢᠨ ᠤ ᠳᠠᠯᠠᠶᠢᠨᠠᠭᠤᠷ ᠤᠨ ᠭᠠᠯᠳᠤ | ᠠᠭᠤᠯᠨ ᠶᠢᠨ ᠳᠤᠭᠤᠷᠢᠭ ᠪᠤᠯ ᠳᠤᠮᠳᠠᠳᠤ ᠤᠯᠤᠰ ᠤᠨ ᠵᠡᠬᠦᠨ ᠬᠤᠶᠢᠳᠤ ᠤᠷᠤᠨ ᠤ ᠶᠢᠰᠤᠨ ᠶᠡᠭᠡ ᠭᠠᠯᠳᠤ ᠠᠭᠤᠯᠠᠨ | ᠰᠥᠷᠥᠭᠵᠢᠯ ᠤᠨ ᠨᠢᠭᠡ ᠨᠢ ᠮᠥᠨ᠂ ᠮᠥᠨ ᠴᠤ ᠭᠠᠯᠳᠤ ᠠᠭᠤᠯᠨ ᠶᠢ ᠰᠤᠳᠤᠯᠬᠤ ᠪᠠᠶᠢᠭᠠᠯᠢ ᠶᠢᠨ ᠮᠥᠽᠸᠢ ᠮᠥᠨ᠃ | ᠠᠳᠡᠭᠢ ᠡᠯᠪᠡᠭ ᠪᠠᠶᠠᠯᠢᠭ ᠭᠠᠯᠳᠤ ᠠᠭᠤᠯᠠᠨ ᠤ ᠥᠯᠡᠳᠡᠭᠳᠡᠯ ᠨᠢ ᠳᠠᠯᠡᠭᠡᠢ ᠶᠢᠨ ᠪᠥᠮᠪᠤᠷᠴᠡᠭ ᠤᠨ ᠭᠢᠯᠢᠩᠨᠡᠨ | ᠳᠤᠭᠰᠢᠷᠠᠭᠰᠠᠨ ᠰᠥᠷᠯᠢᠭ ᠲᠦᠷᠬᠦ ᠶᠢ ᠳᠡᠯᠭᠡᠨ ᠥᠵᠡᠬᠦᠯᠵᠥ᠂ ᠭᠠᠯᠳᠤ ᠠᠭᠤᠯᠠᠨ ᠤ ᠰᠥᠷᠴᠢᠨ ᠪᠥᠳᠥᠭᠡᠭᠰᠡᠨ | ᠳᠠᠯᠠᠶᠢᠨᠠᠭᠤᠷ ᠨᠢ ᠰᠢᠪᠠᠭᠤᠳ ᠵᠢᠷᠭᠢᠨ᠂ ᠵᠢᠭᠠᠰᠤ ᠢᠷᠠᠯᠵᠠᠭᠰᠡᠨ ᠳᠠᠯ᠎ᠠ ᠨᠤᠳᠤᠭ ᠤᠨ ᠬᠡᠷᠡᠯᠳᠤ ᠰᠤᠪᠤᠳ ᠪᠤᠯᠵᠤ᠂ | ᠤᠯᠠᠨ ᠵᠥᠢᠯ ᠤᠨ ᠰᠢᠪᠠᠭᠤᠳ ᠤᠨ ᠵᠤᠰᠠᠭᠠᠯ ᠤᠨ ᠭᠠᠵᠠᠷ ᠪᠤᠯᠵᠠᠢ᠃ | ᠳᠠᠭᠢᠨ ᠡᠮᠥᠨᠡᠰᠢᠯᠡᠪᠡᠯ ᠬᠥᠪᠡᠭᠡ ᠭᠢᠵᠠᠭᠠᠷ ᠥᠭᠡᠢ ᠬᠤᠯᠠᠨ ᠰᠢᠷᠭ᠎ᠠ ᠳᠠᠭ᠎ᠠ ᠶᠢᠨ ᠡᠯᠡᠰᠥᠷᠭᠡᠭ ᠭᠠᠵᠠᠷ | ᠥᠷᠬᠦᠯᠵᠢᠯᠠᠵᠥ᠂ ᠴᠡᠯᠮᠡᠭ ᠳᠡᠭᠷᠢ᠂ ᠴᠠᠭᠠᠨ ᠡᠬᠦᠯᠨ ᠶᠢᠨ ᠳᠤᠤᠷ᠎ᠡ᠂ ᠢᠭ᠌ᠴᠢ ᠰᠠᠬᠤᠯᠢᠭ ᠪᠤᠳᠠ ᠳᠤᠷᠤᠭ ᠮᠤᠳᠤ | ᠠᠯᠳᠠᠨ ᠰᠢᠷᠭᠠᠯ ᠡᠯᠡᠰᠤᠨ ᠳᠡᠭᠡᠷ᠎ᠡ ᠥᠩᠭᠡ ᠪᠤᠳᠤᠭ ᠨᠠᠮᠠᠷᠢᠯᠠᠵᠠᠢ᠃ ᠬᠤᠯᠠᠨ ᠰᠢᠷᠭ᠎ᠠ ᠳᠠᠭ᠎ᠠ ᠶᠢᠨ ᠡᠯᠡᠰᠥᠷᠭᠡᠭ | ᠭᠠᠵᠠᠷ ᠤᠨ ᠵᠠᠬ᠎ᠠ ᠪᠠᠷ ᠰᠢᠷ᠎ᠡ ᠮᠥᠷᠡᠨ ᠢ ᠲᠠᠭᠠᠨ ᠵᠡᠬᠦᠨᠰᠢᠯᠡᠪᠡᠯ ᠳᠠᠷᠤᠢ ᠰᠢᠷᠠᠮᠦ᠋ᠷᠠᠨ ᠤ ᠳᠤᠭᠤᠷᠢᠭ ᠪᠤᠯᠤᠨ᠎ᠡ᠂ | ᠰᠢᠷᠠᠮᠦ᠋ᠷᠡᠨ ᠤ ᠪᠥᠬᠦ ᠤᠷᠳᠤ ᠨᠢ 1250 ᠺᠢᠯᠥᠮᠧᠲᠷ᠂ ᠪᠥᠬᠦ ᠳᠤᠭᠤᠷᠢᠭ ᠢ ᠬᠥᠨᠳᠠᠯᠠᠨ ᠢᠶᠠᠷ ᠣᠭᠳᠣᠯᠵᠣ᠂ ᠶᠡᠭᠡ | ᠭᠢᠩᠭᠠᠨ ᠳᠠᠪᠠᠭ᠎ᠠ ᠪᠠ ᠶᠠᠨᠱᠠᠨ ᠠᠭᠤᠯᠨ ᠨᠢᠷᠤᠭᠤ ᠶᠢᠨ ᠵᠠᠭᠠᠳᠠᠰᠤ ᠱᠤᠭᠤᠮ ᠪᠤᠯᠵᠤ᠂ ᠡᠷᠳᠡᠨ ᠤ ᠠᠮᠢᠳᠤ ᠡᠷᠡᠨ ᠤ | ᠤᠮᠠᠷᠠᠳᠤ ᠤᠷᠤᠨ ᠪᠠ ᠬᠢᠩᠭᠠᠨ ᠲᠠᠪᠠᠭ᠎ᠠ ᠮᠤᠩᠭᠤᠯ ᠤᠨ ᠦᠨᠳᠦᠷᠯᠢᠭ ᠤᠨ ᠭᠠᠵᠠᠷ ᠤᠨ ᠵᠠᠭᠠᠭ ᠤᠨ ᠪᠥᠷᠢᠯᠳᠥᠴᠡ | ᠶᠢᠨ ᠵᠠᠭᠠᠭ ᠱᠤᠭᠤᠮ ᠪᠣᠯᠵᠠᠢ᠃ ᠭᠤᠤᠯ ᠤᠨ ᠤᠷᠤᠰᠬᠠᠯ ᠳᠠᠭᠠᠤ ᠶᠢᠨ ᠥᠵᠡᠮᠵᠢ ᠨᠢ ᠭᠤᠶᠢᠳᠠ ᠰᠠᠶᠢᠬᠠᠨ | ᠭᠠᠷᠤᠯᠳᠠ ᠡᠯᠪᠡᠭ ᠪᠠᠶᠢᠳᠠᠭ᠃ | ᠰᠢᠷᠠᠮᠦ᠋ᠷᠡᠨ ᠤ ᠡᠮᠥᠨ᠎ᠡ ᠡᠷᠭᠢ ᠶᠢᠨ ᠳᠤᠭᠤᠷᠢᠭ ᠪᠤᠯ ᠳᠤᠮᠳᠠᠳᠤ ᠤᠯᠤᠰ ᠤᠨ ᠵᠠᠬᠦᠨ ᠬᠤᠶᠢᠳᠤ ᠶᠢᠨ | ᠭᠡᠪᠴᠢᠶ᠎ᠡ ᠪᠠᠷ ᠬᠠᠮᠤᠭ ᠶᠡᠭᠡ᠂ ᠪᠤᠶᠢᠵᠢᠯᠳᠡ ᠪᠠᠷ ᠬᠠᠮᠤᠭ ᠬᠥᠢᠴᠡᠳ᠂ ᠬᠠᠮᠤᠭ ᠤᠨ ᠪᠥᠷᠢᠨ ᠪᠥᠳᠥᠨ | ᠬᠠᠳᠠᠭᠠᠯᠠᠭᠳᠠᠵᠤ ᠪᠠᠶᠢᠭ᠎ᠠ ᠮᠥᠰᠥᠳᠥᠯᠭᠡ ᠶᠢᠨ ᠭᠠᠳᠠᠷᠭᠤ ᠪᠤᠯᠤᠨ᠎ᠡ᠃ ᠮᠥᠰᠥᠳᠥᠯᠭᠡ ᠶᠢᠨ ᠪᠠᠶᠢᠷᠢᠰᠢᠯ ᠨᠢ ᠵᠢᠭᠳᠡ᠂ | ᠰᠡᠷᠢᠳᠠᠭ ᠤᠷᠭᠢᠯ ᠰᠥᠬᠦᠶᠢᠯᠴᠡᠨ ᠠᠰᠬ᠎ᠠ ᠭᠢᠷ᠎ᠡ ᠵᠠᠯᠭᠠᠯᠳᠤᠭᠰᠠᠨ ᠪᠠᠶᠢᠳᠠᠯ ᠢ ᠥᠵᠡᠪᠡᠯ ᠥᠪᠠᠷ ᠤᠨ ᠡᠷᠭᠡ ᠥᠭᠡᠢ | ᠭᠠᠵᠠᠷ ᠳᠡᠭᠷᠢ ᠵᠠᠯᠭᠠᠯᠳᠤᠨ᠂ ᠬᠠᠳᠠ ᠴᠢᠯᠠᠭᠤ ᠬᠠᠷᠰᠢᠯᠳᠤᠭᠰᠠᠨ ᠬᠠᠴᠢᠨ ᠳᠥᠷᠥᠭᠳᠡᠯ ᠤᠯᠬᠤ ᠶᠤᠮ᠃ | ᠪᠠᠶᠢᠴᠠ ᠠᠭᠤᠯᠨ ᠶᠢᠨ ᠬᠤᠶᠢᠳᠤ ᠭᠡᠰᠡᠭ ᠳᠠᠬᠢ ᠠᠪᠳᠠᠷᠠᠳᠣ ᠶᠢᠨ ᠳᠤᠭᠤᠷᠢᠭ ᠨᠢ ᠳᠡᠯᠡᠭᠡᠢ ᠳᠤ | ᠬᠤᠪᠤᠷᠬᠠᠨ ᠳᠤᠮᠤ ᠭᠡᠯᠪᠠᠷᠢ ᠶᠢᠨ ᠮᠥᠰᠥᠳᠥᠯᠭᠡ ᠶᠢᠨ ᠤᠭᠤᠷ ᠤᠨ ᠰᠥᠷᠥᠭᠵᠢᠯ ᠢ ᠪᠤᠢ ᠪᠤᠯᠭᠠᠨ ︽ᠶᠢᠰᠤᠨ ᠭᠠᠩ | ᠠᠷᠪᠠᠨ ᠨᠠᠢᠮᠠᠨ ᠳᠤᠭᠤᠭ᠎ᠠ︾ ᠮᠠᠳᠤᠴᠢᠯᠠᠨ᠂ ︽ᠳᠡᠯᠡᠭᠡᠢ ᠶᠢᠨ ᠬᠠᠴᠢᠨ ᠥᠵᠡᠭᠳᠡᠯ︾ ᠢᠶᠠᠷ ᠢᠶᠠᠨ ᠠᠯᠳᠠᠷᠰᠢᠵᠠᠢ᠃ | ᠵᠢᠨᠢᠩ — ᠳᠥᠩᠯᠢᠶᠤᠤ ᠶᠢᠨ ᠳᠠᠮᠤᠷ ᠵᠠᠮ ᠤᠨ ᠪᠠᠷᠠᠭᠤᠨ ᠭᠡᠰᠡᠭ ᠳᠠᠬᠢ ᠭᠠᠯᠳᠠᠰᠥᠳᠠᠢ ᠪᠠᠯᠭᠠᠰᠣᠨ ᠳᠤ ᠳᠠᠯᠡᠭᠡᠢ ᠳᠤ | ᠠᠯᠳᠠᠷᠳᠠᠢ ᠷᠠᠰᠢᠶᠠᠨ ᠪᠤᠯᠠᠭ ᠤᠨ ᠳᠤᠭᠤᠷᠢᠭ ᠪᠠᠶᠢᠳᠠᠭ᠃ ᠳᠤᠰ ᠳᠤᠭᠤᠷᠢᠭ ᠨᠢ ᠪᠢᠴᠢᠯ ᠡᠯᠧᠮᠧᠨ᠋ᠲ ᠡᠯᠪᠡᠭ᠂ ᠤᠯᠠᠨ | ᠵᠥᠢᠯ ᠤᠨ ᠡᠪᠠᠳᠴᠢᠨ ᠡᠮᠭᠡᠭ ᠢ ᠵᠠᠰᠠᠨ ᠡᠳᠡᠬᠡᠷᠡᠬᠦᠯᠳᠡᠭ ᠷᠠᠰᠢᠶᠠᠨ ᠪᠤᠯᠠᠭ ᠤᠨ ᠡᠭᠢ ᠪᠠᠶᠠᠯᠢᠭ ᠢᠶᠠᠷ ᠢᠶᠠᠨ ᠨᠡᠷ᠎ᠡ | ᠮᠠᠨᠳᠤᠵᠤ᠂ ᠪᠥᠬᠦ ᠤᠯᠤᠰ ᠤᠨ ᠬᠥᠭᠡ ᠳᠠᠰ ᠤᠨ ᠷᠠᠰᠢᠶᠠᠨ ᠪᠤᠯᠠᠭ ᠤᠨ ᠠᠳᠠᠯᠢᠳᠬᠠᠯ ᠳᠤ ᠬᠤᠶᠠᠳᠤᠭᠠᠷ ᠲᠤ | ᠵᠢᠭᠰᠠᠭᠠᠭᠳᠠᠵᠤ᠂ ᠡᠩᠭᠡ ᠠᠮᠤᠭᠤᠯᠠᠩ ᠬᠠᠭᠠᠨ᠂ ᠶᠢᠰᠥᠳᠥᠭᠡᠷ ᠳᠥᠷᠢ ᠶᠢᠨ ᠪᠠᠨᠴᠢᠨ ᠤᠯᠠᠨ ᠤᠳᠠᠭ᠎ᠠ ᠠᠳᠡ ᠢᠷᠠᠵᠤ | ᠰᠤᠪᠢᠯᠠᠵᠤ ᠥᠩᠬᠡᠷᠡᠵᠠᠢ᠂ ᠤᠳᠤ ᠨᠢᠭᠡᠨᠳᠡ ᠰᠤᠪᠢᠯᠠᠬᠤ᠂ ᠵᠤᠭᠠᠴᠠᠬᠤ ᠶᠢ ᠴᠣᠭᠴᠠᠵᠢᠯᠠᠭᠰᠠᠨ ᠵᠤᠭᠠᠴᠠᠯ ᠤᠨ ᠨᠠᠷᠠᠳᠤ | ᠤᠷᠤᠨ ᠪᠤᠯᠵᠠᠢ᠃ | ᠡᠬᠦᠨ ᠠᠴᠠ ᠤᠮᠠᠷᠠᠰᠢ ᠪᠤᠯ ᠶᠡᠭᠡ ᠭᠢᠩᠭᠠᠨ ᠳᠠᠪᠠᠭᠠᠨ ᠤ ᠰᠠᠬᠤᠯᠢᠭ ᠤᠢ ᠶᠢᠨ ᠬᠥᠨ ᠳᠠᠬᠢ ᠬᠤᠩᠭᠤ ᠶᠢᠨ | ᠳᠠᠪᠠᠭ᠎ᠠ ᠶᠢᠨ ᠳᠤᠭᠤᠷᠢᠭ ᠪᠤᠯᠤᠨ᠎ᠡ᠂ ᠠᠳᠡ ᠠᠮᠢᠳᠠᠨ ᠤᠷᠭᠤᠮᠠᠯ ᠤᠨ ᠡᠭᠢ ᠪᠠᠶᠠᠯᠢᠭ ᠡᠯᠪᠡᠭ᠂ ᠭᠤᠶᠤ ᠴᠡᠴᠡᠭ | ᠭᠠᠶᠢᠬᠠᠮᠰᠢᠭᠳᠤ ᠡᠪᠠᠰᠤ ᠥᠩᠭᠡ ᠪᠤᠯᠢᠶᠠᠯᠳᠤᠨ᠂ ᠵᠡᠷᠯᠢᠭ ᠠᠷᠢᠶᠠᠳᠠᠨ ᠰᠦᠯᠵᠢᠯᠳᠣᠨ᠂ ︽ᠪᠡᠭᠡᠵᠢᠩ ᠤᠨ ᠠᠷᠤ | ᠴᠡᠴᠡᠷᠯᠢᠭ︾ ᠭᠡᠮᠡᠬᠦ ᠭᠤᠶᠤ ᠨᠠᠷ᠎ᠡ ᠲᠠᠢ ᠪᠠᠶᠢᠳᠠᠭ᠃ | ᠡᠨᠡᠬᠦ ᠭᠠᠶᠢᠬᠠᠮᠰᠢᠭᠳᠤ ᠬᠥᠷᠤᠰᠥᠨ ᠳᠡᠭᠡᠷ᠎ᠡ᠂ ᠶᠡᠭᠡ ᠭᠡᠮᠵᠢᠶᠠᠨ ᠤ ᠬᠥᠮᠥᠨ ᠳᠥᠷᠥᠯᠭᠢᠳᠡᠨ ᠤ ᠳᠡᠥᠭᠡ | ᠰᠤᠶᠤᠯ ᠤᠨ ᠥᠯᠡᠳᠡᠭᠳᠡᠯ ᠢ ᠬᠠᠳᠠᠭᠠᠯᠠᠵᠥ ᠪᠠᠶᠢᠳᠠᠭ᠃ ᠪᠠᠶᠢᠴᠠ ᠶᠢᠨ ᠭᠤᠤᠯ ᠤᠨ ᠬᠤᠶᠠᠷ ᠡᠷᠬᠢ ᠶᠢᠨ ︽ᠵᠠᠭᠤᠨ | ᠭᠠᠵᠠᠷ ᠤᠨ ᠭᠤᠳᠤᠮᠵᠢ ᠶᠢᠨ ᠵᠢᠷᠤᠭ︾ ᠨᠢ ᠨᠡᠬᠦᠳᠡᠯᠴᠢᠨ ᠥᠨᠳᠤᠰᠥᠳᠡᠨ ᠤ ᠢᠷᠠᠭᠤ ᠠᠯᠳᠠᠷᠳᠤ ᠳᠡᠥᠭᠡ ᠶᠢ | ᠳᠠᠮᠳᠡᠭᠯᠡᠵᠤ︔ ᠳᠤᠯᠤᠭᠠᠨ ᠮᠢᠩᠭᠠᠨ ᠵᠢᠯ ᠤᠨ ᠡᠮᠥᠨᠡᠭᠢ ᠤᠯᠠᠭᠠᠨ ᠬᠠᠳᠠ ᠶᠢᠨ ᠰᠤᠶᠤᠯ ᠪᠠ ᠯᠢᠶᠤᠤ ᠤᠯᠤᠰ ᠤᠨ | ᠮᠠᠰᠢ ᠤᠯᠠᠨ ᠥᠯᠡᠳᠡᠭᠳᠡᠯ᠂ ᠪᠠᠷᠰ ᠬᠤᠳᠠ ᠶᠢᠨ ᠥᠯᠡᠳᠡᠭᠳᠡᠯ ᠵᠡᠷᠭᠡ ᠨᠢ ᠠᠳᠡᠭᠢ ᠥᠩᠬᠡᠷᠡᠭᠰᠡᠨ ᠤ ᠬᠥᠭᠵᠢᠯ | ᠪᠠᠳᠠᠷᠠᠯ ᠢ ᠳᠤᠭᠠᠴᠠᠵᠤ︔ 1500 ᠺᠢᠯᠥᠮᠧᠲᠷ ᠥᠷᠬᠦᠯᠵᠢᠯᠡᠭᠰᠡᠨ ᠠᠯᠳᠠᠨ ᠤᠯᠤᠰ ᠤᠨ ᠤᠳᠠᠰᠤᠨ ᠭᠡᠷᠡᠮ ᠪᠠ | ᠤᠯᠠᠭᠠᠨᠪᠤᠳᠤᠩ ᠤᠨ ᠡᠷᠳᠡᠨ ᠤ ᠪᠠᠶᠢᠯᠳᠤᠭᠠᠨ ᠤ ᠳᠠᠯᠠᠪᠠᠢ ᠠᠴᠠ ᠡᠷᠳᠡᠨ ᠤ ᠪᠠᠶᠢᠯᠳᠤᠭᠠᠨ ᠤ ᠳᠠᠭᠤ ᠴᠢᠮᠡᠭᠡ | ᠰᠤᠨᠤᠰᠳᠠᠬᠤ ᠮᠠᠳᠤ ᠪᠠᠶᠢᠳᠠᠭ᠃ | ᠬᠥᠳᠥᠬᠦᠷ ᠰᠠᠶᠢᠯᠥᠮᠠᠯ | ᠡᠯᠧᠺᠲᠷᠤᠨ ᠡᠯᠡᠰᠤᠨ ᠴᠡᠷ᠎ᠡ ᠶᠢᠨ ᠠᠷᠤ ᠳᠠᠬᠢ ᠭᠡᠷᠡᠮ ᠳᠡᠭᠡᠷ᠎ᠡ ᠨᠢ ᠨᠢᠭᠡᠨ ᠳᠤᠮᠤ ᠬᠥᠳᠥᠬᠦᠷ ᠰᠠᠶᠢᠯᠥᠮᠠᠯ | ᠪᠠᠶᠢᠳᠠᠭ᠃ ᠡᠨᠡᠬᠦ ᠬᠥᠳᠥᠬᠦᠷ ᠰᠠᠶᠢᠯᠥᠮᠠᠯ ᠨᠢ ᠭᠡᠰᠢᠭᠳᠡᠨ ᠤ ᠬᠠᠮᠤᠭ ᠤᠨ ᠳᠥᠯᠥᠭᠡᠯᠡᠬᠦ ᠴᠢᠨᠠᠷᠳᠠᠢ ᠪᠠᠶᠢᠭᠠᠯᠢ ᠭᠢᠭᠡᠳ | ᠬᠥᠮᠥᠨ ᠰᠤᠶᠤᠯ ᠤᠨ ᠥᠩᠭᠡ ᠥᠵᠡᠮᠵᠢ ᠶᠢ ᠴᠤᠮᠬᠠᠳᠬᠠᠨ ᠥᠵᠡᠬᠦᠯᠵᠥ᠂ ᠰᠥᠷᠯᠢᠭ ᠥᠨᠳᠤᠷ ᠶᠡᠭᠡ ᠭᠢᠩᠭᠠᠨ | ᠳᠠᠪᠠᠭ᠎ᠠ᠂ ᠱᠤᠤᠭᠢᠨ ᠤᠷᠤᠰᠤᠭᠰᠠᠨ ᠰᠢᠷᠠᠮᠦ᠋ᠷᠡᠨ᠂ ᠰᠢᠪᠠᠭᠤᠳ ᠤᠨ ᠥᠯᠥᠭᠡᠢ ᠭᠡᠮᠡᠭᠡᠭᠳᠡᠭᠰᠡᠨ ᠳᠠᠯᠠᠶᠢᠨᠠᠭᠤᠷ᠂ | ᠥᠵᠡᠰᠬᠦᠯᠡᠩᠳᠤ ᠰᠠᠶᠢᠬᠠᠨ ᠬᠥᠩᠭᠡᠷ ᠤᠨ ᠳᠠᠯ᠎ᠠ᠂ ᠬᠠᠴᠢᠨ ᠡᠭ᠍ᠴᠡ ᠪᠤᠷᠵᠢᠨ ᠴᠢᠯᠠᠭᠤᠯᠢᠭ ᠤᠨ ᠴᠢᠯᠠᠭᠤᠨ ᠰᠢᠭᠤᠢ᠂ | ᠡᠴᠢᠨ᠎ᠡ ᠨᠢᠭᠤᠴᠬᠠᠢ ᠤᠪᠤᠭᠠᠨ ᠳᠡᠭᠢᠯᠭ᠎ᠠ᠂ ᠥᠪᠠᠳᠡᠭᠰᠢ ᠶᠡᠭᠡ ᠨᠡᠭᠠᠳᠤᠮ ᠤᠨ ᠶᠡᠭᠡ ᠬᠤᠷᠠᠯ᠂ ᠨᠡᠬᠦᠳᠠᠯ ᠤᠨ | ᠮᠤᠩᠭᠤᠯ ᠭᠡᠷ᠂ ᠠᠩᠭᠢᠯᠥᠮᠡ ᠰᠠᠶᠢᠬᠠᠨ ᠰᠠᠭᠠᠨᠯᠢ ᠶᠢᠨ ᠠᠷᠢᠭᠢ ᠪᠤᠯᠤᠨ ᠰᠠᠳᠭᠢᠯ ᠬᠥᠳᠡᠯᠭᠡᠮ᠎ᠡ ᠮᠤᠩᠭᠤᠯ ᠳᠠᠭᠤᠤ | ᠪᠥᠵᠢᠭ ᠵᠡᠷᠭᠡ ᠥᠨᠳᠤᠰᠥᠳᠡᠨ ᠤ ᠵᠠᠩ ᠳᠠᠳᠬᠠᠯ ᠢ ᠬᠠᠷᠠᠭᠤᠯᠤᠭᠰᠠᠨ ᠪᠠᠶᠢᠳᠠᠭ᠃ | ᠭᠤᠷᠪᠡ᠂ ᠡᠮᠥᠨᠡᠭᠢ ᠲᠢᠩᠬᠢᠮ | ᠳᠤᠮᠳᠠᠳᠤ ᠤᠯᠤᠰ ᠤᠨ ᠭᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠮᠥᠽᠸᠢ ᠨᠢ | ᠭᠠᠵᠠᠷ ᠰᠢᠨᠵᠢᠯᠡᠭᠡᠨ ᠤ ᠥᠯᠡᠳᠡᠭᠳᠡᠯ ᠤᠨ ᠲᠢᠩᠬᠢᠮ᠂ ᠠᠮᠢ ᠠᠬᠤᠢ ᠶᠢᠨ ᠤᠷᠴᠢᠨ ᠠᠬᠤᠢ ᠶᠢᠨ ᠲᠢᠩᠬᠢᠮ᠂ ᠭᠡᠪ | ᠵᠠᠭᠪᠤᠷ ᠤᠨ ᠥᠵᠡᠬᠦᠯᠥᠯᠭᠡ ᠶᠢᠨ ᠲᠢᠩᠬᠢᠮ᠂ ᠳᠡᠥᠭᠡ ᠰᠤᠶᠤᠯ ᠤᠨ ᠲᠢᠩᠬᠢᠮ᠂ ᠰᠢᠨᠵᠢᠯᠡᠭᠡ ᠮᠡᠷᠭᠡᠵᠢᠯᠡᠭᠰᠡᠨ ᠲᠢᠩᠬᠢᠮ | ᠂ 4D ᠺᠢᠨᠤ᠋ ᠤᠷᠳᠤᠨ᠂ ᠬᠥᠨᠳᠤᠳᠤ ᠵᠤᠴᠢᠳ ᠤᠨ ᠦᠷᠦᠭᠡ᠂ ᠨᠤᠮ ᠤᠨ ᠰᠠᠩ ᠵᠡᠷᠭᠡ ᠪᠠᠷ ᠪᠥᠷᠢᠯᠳᠥᠵᠠᠢ᠃ | | ᠤᠷᠢᠳᠠᠪᠠᠷ ᠪᠢᠳᠠ ᠭᠠᠵᠠᠷ ᠰᠢᠨᠵᠢᠯᠡᠭᠡᠨ ᠤ ᠴᠡᠴᠡᠷᠯᠢᠭ ᠤᠨ ᠤᠬᠠᠭᠳᠠᠬᠤᠨ ᠢ ᠣᠶᠢᠯᠠᠭᠠᠵᠠᠭᠠᠶ᠎ᠠ᠃ ᠭᠠᠵᠠᠷ | ᠰᠢᠨᠵᠢᠯᠡᠭᠡᠨ ᠤ ᠴᠡᠴᠡᠷᠯᠢᠭ ᠪᠤᠯ ᠤᠨᠴᠠᠭᠠᠢ ᠭᠠᠵᠠᠷ ᠰᠢᠨᠵᠢᠯᠡᠭᠡᠨ ᠤ ᠰᠢᠨᠵᠢᠯᠡᠬᠦ ᠤᠬᠠᠭᠠᠨᠴᠢ ᠤᠳᠬ᠎ᠠ ᠠᠭᠤᠯᠭ᠎ᠠ ᠲᠠᠢ | ᠪᠠᠶᠢᠵᠥ᠂ ᠬᠤᠪᠤᠷᠬᠠᠨ ᠪᠠᠶᠢᠳᠠᠭ ᠪᠠᠶᠢᠭᠠᠯᠢ ᠶᠢᠨ ᠬᠠᠷᠢᠶᠠᠯᠠᠬᠤ ᠴᠢᠨᠠᠷ᠂ ᠨᠠᠯᠢᠶᠠᠳ ᠥᠨᠳᠤᠷ ᠭᠤᠸ᠎ᠠ ᠵᠦᠢ ᠶᠢᠨ | ᠰᠤᠨᠢᠷᠬᠠᠬᠤ ᠥᠨ᠎ᠡ ᠥᠷᠳᠡᠭ ᠲᠠᠢ ᠪᠠᠶᠢᠵᠥ᠂ ᠵᠤᠭᠢᠬᠤ ᠭᠡᠪᠴᠢᠶ᠎ᠡ ᠪᠠ ᠳᠠᠷᠬᠠᠯᠳᠠ ᠶᠢᠨ ᠭᠡᠮᠵᠢᠶ᠎ᠠ ᠲᠠᠢ ᠭᠠᠵᠠᠷ | ᠰᠢᠨᠵᠢᠯᠡᠭᠡᠨ ᠤ ᠥᠯᠡᠳᠡᠭᠳᠡᠯ ᠤᠨ ᠥᠵᠡᠮᠵᠢ ᠪᠠᠷ ᠭᠤᠤᠯ ᠴᠤᠭᠴᠠ ᠪᠤᠯᠭᠠᠨ᠂ ᠪᠤᠰᠤᠳ ᠪᠠᠶᠢᠭᠠᠯᠢ ᠶᠢᠨ ᠥᠵᠡᠮᠵᠢ ᠪᠠ | ᠬᠥᠮᠥᠨ ᠰᠤᠶᠤᠯ ᠤᠨ ᠥᠵᠡᠮᠵᠢ ᠲᠠᠢ ᠠᠭᠤᠰᠤᠯᠴᠠᠨ ᠪᠥᠷᠢᠯᠳᠥᠭᠰᠡᠨ ᠨᠢᠭᠡ ᠵᠥᠢᠯ ᠤᠨ ᠤᠨᠴᠠᠭᠠᠢ ᠪᠠᠶᠢᠭᠠᠯᠢ ᠶᠢᠨ | ᠤᠷᠤᠨ ᠪᠥᠰᠠ ᠶᠢ ᠵᠢᠭᠠᠳᠠᠭ᠃ ᠤᠳᠤ᠂ ᠮᠠᠨ ᠤ ᠡᠮᠥᠨ᠎ᠡ ᠳᠤᠳᠤᠷᠠᠵᠤ ᠪᠠᠶᠢᠭ᠎ᠠ ᠪᠤᠯ ᠭᠠᠵᠠᠷ ᠰᠢᠨᠵᠢᠯᠡᠭᠡᠨ ᠤ | ᠴᠡᠴᠡᠷᠯᠢᠭ ᠤᠨ ᠰᠥᠯᠳᠡ ᠪᠤᠯᠤᠨ᠎ᠡ᠂ ᠡᠬᠦᠨ ᠳᠠᠬᠢ ᠨᠢᠭᠡ ᠳᠠᠯ᠎ᠠ ᠨᠢ ᠳᠤᠮᠳᠠᠳᠤ ᠤᠯᠤᠰ ᠤᠨ ᠤᠯᠤᠰ ᠤᠨ ᠭᠠᠵᠠᠷ | ᠰᠢᠨᠵᠢᠯᠡᠭᠡᠨ ᠤ ᠴᠡᠴᠡᠷᠯᠢᠭ ᠤᠨ ᠰᠥᠯᠳᠡ᠂ ᠳᠤᠰ ᠰᠥᠯᠳᠡ ᠶᠢ ᠳ᠋ᠠᠢ ᠰᠢᠶᠠᠩ ᠷᠥᠩ ᠠᠪᠤᠭᠠᠢ ᠳᠥᠰᠥᠪᠯᠡᠭᠰᠡᠨ ᠶᠤᠮ | ᠃ ᠳᠤᠮᠳᠠ ᠨᠢ ᠳᠤᠮᠳᠠᠳᠤ ᠶᠢᠨ ᠤᠨᠴᠠᠯᠢᠭ ᠲᠠᠢ ᠳᠥᠷᠰᠤᠳᠤ ᠥᠰᠥᠭ ︽ᠠᠭᠤᠯᠨ︾᠂ ︽ᠤᠰᠤ︾ ᠵᠢᠴᠢ | ᠠᠪᠤᠷᠭᠤ ᠬᠥᠷᠪᠡᠯ ᠢᠶᠠᠷ ᠪᠥᠷᠢᠯᠳᠥᠵᠥ᠂ ᠭᠠᠵᠠᠷ ᠰᠢᠨᠵᠢᠯᠡᠭᠡᠨ ᠤ ᠴᠡᠴᠡᠷᠯᠢᠭ ᠤᠨ ᠥᠨᠳᠤᠰᠤᠨ ᠡᠯᠧᠮᠧᠨ᠋ᠲ᠄ ᠠᠭᠤᠯᠨ᠂ | ᠤᠰᠤ᠂ ᠠᠭᠤᠢ᠂ ᠭᠠᠵᠠᠷ ᠰᠢᠨᠵᠢᠯᠡᠭᠡ᠂ ᠪᠥᠳᠥᠴᠡ᠂ ᠡᠷᠳᠡᠨ ᠤ ᠠᠮᠢᠳᠤ ᠪᠤᠳᠠᠰ ᠵᠡᠷᠭᠡ ᠶᠢ ᠳᠥᠯᠥᠭᠡᠯᠡᠵᠤ ᠪᠠᠶᠢᠨ᠎ᠡ | ᠃ ᠨᠥᠬᠦᠭᠡ ᠨᠢᠭᠡ ᠳᠠᠯ᠎ᠠ ᠳᠤᠨᠢ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠰᠥᠯᠳᠡ᠂ ᠳᠤᠰ ᠰᠥᠯᠳᠡ | ᠶᠢ ᠶᠤᠷᠺ᠂ ᠫᠸᠢᠨᠥ᠋ ᠠᠪᠤᠭᠠᠢ ᠳᠥᠰᠥᠪᠯᠡᠭᠰᠡᠨ ᠶᠤᠮ᠂ ᠳᠠᠷᠨ ᠨᠢ ᠳᠠᠯᠠᠭᠡᠢ ᠶᠢᠨ ᠪᠥᠮᠪᠤᠷᠴᠡᠭ ᠤᠨ ᠭᠠᠷᠠᠭ ᠤᠳᠤ ᠪᠤᠯ | ᠮᠠᠨ ᠤ ᠤᠷᠴᠢᠨ ᠠᠬᠤᠢ ᠶᠢ ᠪᠥᠳᠥᠭᠡᠭᠰᠡᠨ ᠡᠯ᠎ᠡ ᠵᠥᠢᠯ ᠤᠨ ᠬᠡᠷᠡᠭ ᠤᠴᠢᠷ ᠪᠠ ᠥᠢᠯᠡᠳᠤᠯ ᠢᠶᠠᠷ ᠪᠥᠷᠢᠯᠳᠥᠭᠰᠡᠨ | ᠳᠠᠰᠤᠷᠠᠯᠳᠠ ᠥᠭᠡᠢ ᠬᠤᠪᠢᠷᠠᠵᠤ ᠪᠠᠶᠢᠭ᠎ᠠ ᠰᠢᠰᠲ᠋ᠧᠮ ᠪᠤᠯᠬᠤ ᠶᠢ ᠪᠡᠯᠭᠡᠳᠡᠵᠤ᠂ ᠡᠬᠦᠨ ᠳᠠᠬᠢ ᠴᠠᠭᠠᠨ ᠳᠤᠯᠤᠭᠠᠢ ︽ | UNESCO GEOPARK︾ ᠪᠤᠯ ᠳᠠᠯᠠᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠠᠩᠭ᠍ᠯᠢ | ᠨᠠᠶᠢᠷᠠᠳᠤᠯ ᠪᠤᠯᠤᠨ᠎ᠡ᠃ | ᠭᠠᠵᠠᠷ ᠰᠢᠨᠵᠢᠯᠡᠭᠡᠨ ᠤ ᠴᠡᠴᠡᠷᠯᠢᠭ ᠤᠨ ᠪᠠᠶᠢᠭᠤᠯᠤᠭᠳᠠᠭᠰᠠᠨ ᠶᠠᠪᠤᠴᠠ | 2000 ᠤᠨ ᠤ 12 ᠰᠠᠷ᠎ᠡ ᠳᠤ ᠬᠡᠰᠢᠭᠳᠡᠨ ᠭᠠᠵᠠᠷ ᠰᠢᠨᠵᠢᠯᠡᠭᠡᠨ ᠤ ᠴᠡᠴᠡᠷᠯᠢᠭ ᠢ ᠥᠪᠤᠷ ᠮᠤᠩᠭᠤᠯ ᠤᠨ | ᠥᠪᠠᠷᠳᠡᠭᠡᠨ ᠵᠠᠰᠠᠬᠤ ᠤᠷᠤᠨ ᠤ ᠤᠯᠤᠰ ᠤᠨ ᠭᠠᠵᠠᠷ ᠰᠢᠷᠤᠢ ᠶᠢᠨ ᠡᠭᠢ ᠪᠠᠶᠠᠯᠢᠭ ᠤᠨ ᠳᠢᠩᠭᠢᠮ ᠠᠴᠠ ᠥᠪᠠᠷᠳᠡᠭᠡᠨ | ᠵᠠᠰᠠᠬᠤ ᠤᠷᠤᠨ ᠤ ᠳᠠᠰ ᠤᠨ ᠭᠠᠵᠠᠷ ᠰᠢᠨᠵᠢᠯᠡᠭᠡᠨ ᠤ ᠴᠡᠴᠡᠷᠯᠢᠭ ᠢᠶᠠᠷ ᠵᠥᠪᠰᠢᠶᠡᠷᠡᠪᠡ᠃ | 2001 ᠤᠨ ᠤ 12 ᠰᠠᠷ᠎ᠡ ᠶᠢᠨ 28 ᠤ ᠡᠳᠤᠷ ᠪᠥᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠤᠯᠤᠰ ᠤᠨ ᠭᠠᠵᠠᠷ ᠰᠢᠷᠤᠢ ᠶᠢᠨ ᠡᠭᠢ ᠪᠠᠶᠠᠯᠢᠭ ᠤᠨ ᠶᠠᠮᠤᠨ ᠠᠴᠠ ᠤᠯᠤᠰ ᠤᠨ ᠳᠠᠰ ᠤᠨ ᠭᠠᠵᠠᠷ ᠰᠢᠨᠵᠢᠯᠡᠭᠡᠨ ᠤ | ᠴᠡᠴᠡᠷᠯᠢᠭ ᠢᠶᠠᠷ ᠵᠥᠪᠰᠢᠶᠡᠷᠡᠪᠡ᠃ | 2002 ᠤᠨ ᠤ 8 ᠰᠠᠷ᠎ᠡ ᠶᠢᠨ 12 ᠤ ᠡᠳᠤᠷ ᠪᠥᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠤᠯᠤᠰ ᠤᠨ ᠭᠠᠵᠠᠷ ᠰᠢᠷᠤᠢ ᠶᠢᠨ ᠡᠭᠢ ᠪᠠᠶᠠᠯᠢᠭ ᠤᠨ ᠶᠠᠮᠤᠨ ᠪᠠ ᠥᠪᠤᠷ ᠮᠤᠩᠭᠤᠯ ᠤᠨ ᠥᠪᠠᠷᠳᠡᠭᠡᠨ ᠵᠠᠰᠠᠬᠤᠪ | ᠤᠷᠤᠨ ᠤ ᠠᠷᠠᠳ ᠤᠨ ᠵᠠᠰᠠᠭ ᠤᠨ ᠤᠷᠳᠤᠨ ᠠᠴᠠ ᠬᠡᠰᠢᠭᠳᠡᠨ ᠳᠤ ᠤᠯᠤᠰ ᠤᠨ ᠭᠠᠵᠠᠷ ᠰᠢᠨᠵᠢᠯᠡᠭᠡᠨ ᠤ | ᠴᠡᠴᠡᠷᠯᠢᠭ ᠤᠨ ᠬᠥᠰᠢᠭᠡ ᠰᠡᠬᠦᠬᠦ ᠶᠤᠰᠤᠯᠠᠯ ᠶᠠᠪᠤᠭᠤᠯᠪᠡ᠃ | 2005 ᠤᠨ ᠤ 2 ᠰᠠᠷ᠎ᠡ ᠶᠢᠨ 11 ᠳᠤ᠂ ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ | ᠰᠤᠷᠭᠠᠨ ᠬᠥᠮᠥᠵᠢᠯ ᠰᠢᠨᠵᠢᠯᠡᠬᠦ ᠤᠬᠠᠭᠠᠨ ᠰᠤᠶᠤᠯ ᠤᠨ ᠵᠤᠭᠢᠶᠠᠨ ᠪᠠᠶᠢᠭᠤᠯᠤᠯᠳᠠ ᠠᠴᠠ ᠳᠡᠯᠡᠭᠡᠢ ᠶᠢᠨ ᠭᠠᠵᠠᠷ | ᠰᠢᠨᠵᠢᠯᠡᠭᠡᠨ ᠤ ᠴᠡᠴᠡᠷᠯᠢᠭ ᠢᠶᠠᠷ ᠵᠥᠪᠰᠢᠶᠡᠷᠡᠪᠡ᠃ | ᠳᠥᠷᠪᠡ᠂ ᠴᠡᠴᠡᠷᠯᠢᠭ ᠤᠨ ᠳᠠᠭᠤᠤ | ᠡᠨ᠋ᠨ ᠪᠤᠯ ᠬᠡᠰᠢᠭᠳᠡᠨ ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠴᠡᠴᠡᠷᠯᠢᠭ ᠤᠨ ᠳᠠᠭᠤᠨ ᠤ | ᠥᠭᠡ ᠪᠤᠯᠤᠨ᠎ᠡ᠂ ᠴᠧ ᠰᠢᠩ ᠥᠭᠡ ᠶᠢ ᠪᠢᠴᠢᠵᠥ᠂ ᠵᠠᠩ ᠵᠥᠸᠧ ᠶᠠ ᠠᠶ᠎ᠠ ᠶᠢ ᠨᠢ ᠵᠤᠭᠢᠶᠠᠵᠤ᠂ ᠹᠧᠩ ᠿᠥᠢ ᠯᠢ | ᠳᠠᠭᠤᠯᠠᠭᠰᠠᠨ ᠶᠤᠮ᠃ ᠴᠡᠴᠡᠷᠯᠢᠭ ᠤᠨ ᠳᠠᠭᠤᠨ ᠤ ᠥᠭᠡ ᠨᠢ ᠤᠷᠤᠰᠥᠮᠡ ᠤᠶᠢᠯᠭᠠᠮᠵᠢᠳᠠᠢ᠂ ᠠᠶᠢᠵᠢᠮ ᠴᠤᠭᠢᠯᠭ᠎ᠠ | ᠨᠢ ᠢᠷᠠᠭᠤᠬᠠᠨ ᠪᠠᠶᠢᠵᠥ᠂ ᠵᠤᠭᠠᠴᠠᠭᠰᠠᠳ ᠢ ᠬᠥᠭᠡ ᠳᠡᠭᠷᠢ ᠬᠦᠬᠡᠮᠳᠦᠭ ᠤᠰᠤ ᠲᠠᠢ᠂ ᠮᠠᠯ ᠰᠥᠷᠥᠭ ᠳᠠᠷᠬᠠᠨ | ᠪᠠᠯᠴᠢᠭ᠍ᠰᠡᠨ ᠳᠠᠯ᠎ᠠ ᠨᠤᠳᠤᠭ ᠳᠡᠭᠡᠷ᠎ᠡ ᠵᠤᠭᠠᠴᠠᠵᠤ ᠪᠠᠶᠢᠭ᠎ᠠ ᠰᠢᠭ᠋ ᠪᠤᠳᠤᠭᠳᠠᠭᠤᠯᠳᠠᠭ ᠶᠤᠮ᠃ ︵ᠵᠠᠮᠴᠢᠯᠠᠭᠴᠢ ᠭᠠᠵᠠᠷ | ᠰᠢᠨᠵᠢᠯᠡᠭᠡᠨ ᠤ ᠳᠠᠭᠤᠤ ᠶᠢ ᠳᠠᠭᠤᠯᠠᠵᠤ ᠥᠭᠬᠦᠨ᠎ᠡ︶ | ᠳᠠᠪᠤ᠂ ᠭᠠᠵᠠᠷ ᠰᠢᠨᠵᠢᠯᠡᠭᠡᠨ ᠤ ᠥᠯᠡᠳᠡᠭᠳᠡᠯ ᠤᠨ ᠳᠢᠩᠭᠢᠮ | ᠭᠠᠵᠠᠷ ᠰᠢᠨᠵᠢᠯᠡᠭᠡᠨ ᠤ ᠦᠯᠡᠳᠡᠭᠳᠡᠯ ᠤᠨ ᠳᠢᠩᠭᠢᠮ ᠠᠴᠠ ᠪᠢᠳᠠ ᠬᠡᠰᠢᠭᠳᠡᠨ ᠬᠤᠰᠢᠭᠤᠨ ᠤ ᠭᠠᠵᠠᠷ | ᠰᠢᠨᠵᠢᠯᠡᠭᠡᠨ ᠤ ᠴᠡᠴᠡᠷᠯᠢᠭ ᠤᠨ ᠬᠠᠮᠢᠶ᠎ᠡ ᠪᠥᠬᠦᠢ ᠭᠠᠵᠠᠷ ᠵᠥᠢ ᠶᠢᠨ ᠮᠡᠳᠡᠯᠭᠡ ᠶᠢ ᠪᠥᠬᠦ ᠳᠠᠯ᠎ᠠ ᠪᠠᠷ ᠣᠶᠢᠯᠠᠭᠠᠵᠣ | ᠪᠤᠯᠤᠨ᠎ᠡ᠃ | ᠪᠥᠷᠢᠨ ᠪᠥᠳᠥᠨ ᠮᠥᠰᠥᠳᠥᠯᠭᠡ ᠶᠢᠨ ᠥᠯᠡᠳᠡᠭᠳᠡᠯ | ᠶᠠᠭᠤᠨ ᠤ ᠤᠷᠢᠳ ᠪᠢᠳᠠ ᠮᠥᠰᠥᠳᠥᠯᠭᠡ ᠶᠢᠨ ᠬᠠᠮᠢᠶ᠎ᠡ ᠪᠥᠬᠦᠢ ᠮᠡᠳᠡᠯᠭᠡ ᠶᠢ ᠣᠶᠢᠯᠠᠭᠠᠵᠠᠭᠠᠶ᠎ᠠ | ᠤᠳᠤᠬᠠᠨ ᠳᠤ᠂ ᠳᠠᠯᠠᠭᠡᠢ ᠶᠢᠨ ᠪᠥᠮᠪᠤᠷᠴᠡᠭ ᠤᠨ 10% ᠤᠨ ᠡᠭᠡ ᠬᠠᠭᠤᠷᠠᠢ ᠮᠥᠰᠤ ᠴᠠᠰᠤᠨ ᠳᠤ ᠬᠤᠴᠢᠭᠳᠠᠵᠤ | ᠪᠠᠶᠢᠨ᠎ᠡ᠃ ᠭᠡᠪᠠᠴᠤ ᠤᠷᠳᠤ ᠤᠳᠠᠭᠠᠨ ᠭᠠᠵᠠᠷ ᠰᠢᠨᠵᠢᠯᠡᠭᠡᠨ ᠤ ᠳᠡᠥᠭᠡᠨ ᠳᠡᠭᠡᠷ᠎ᠡ᠂ ᠭᠡᠰᠡᠭ ᠬᠤᠭᠤᠴᠠᠭᠠᠨ ᠳᠤ | ᠳᠡᠯᠡᠭᠡᠢ ᠶᠢᠨ ᠪᠥᠮᠪᠤᠷᠴᠡᠭ ᠤᠨ ᠳᠤᠮᠳᠠᠴᠢ ᠳᠤᠯᠠᠭᠠᠨ ᠤ ᠭᠡᠮᠵᠢᠶ᠎ᠡ ᠤᠳᠤᠭᠢ ᠠᠴᠠ ᠬᠤᠯᠨ ᠳᠤᠤᠷ᠎ᠡ ᠪᠠᠶᠢᠵᠤ᠂ | ᠮᠥᠰᠤ ᠴᠠᠰᠤᠨ ᠳᠤ ᠬᠤᠵᠢᠭᠳᠠᠭᠰᠠᠨ ᠳᠠᠯᠠᠪᠠᠢ ᠨᠢ ᠴᠤ ᠤᠳᠤ ᠠᠴᠠ ᠬᠤᠯᠨ ᠶᠡᠭᠡ ᠪᠠᠶᠢᠵᠠᠢ᠃ ᠪᠢᠳᠠ ᠳᠠᠷᠨ ᠴᠠᠭ | ᠥᠶ᠎ᠡ ᠶᠢ ᠮᠥᠰᠥᠳᠥᠯᠭᠡ ᠶᠢᠨ ᠬᠤᠭᠤᠴᠠᠭ᠎ᠠ ᠭᠡᠳᠡᠭ᠂ ᠨᠠᠯᠢᠶᠠᠳ ᠶᠡᠭᠡ ᠰᠢᠭ ᠮᠥᠰᠥᠳᠥᠯᠭᠡ ᠶᠢᠨ ᠬᠤᠭᠤᠴᠠᠭ᠎ᠠ ᠨᠢ | ᠨᠠᠶᠢᠳᠠ ᠭᠤᠷᠪᠠ ᠤᠳᠠᠭ᠎ᠠ ᠡᠬᠦᠰᠴᠤ᠂ ᠶᠡᠭᠡ ᠳᠥᠯᠥᠪ ᠭᠤᠷᠪᠠᠨ ᠳ᠋ᠥᠩᠰᠢᠭᠤᠷ ᠵᠢᠯ ᠳᠤ ᠨᠢᠭᠡ ᠤᠳᠠᠭ᠎ᠠ ᠡᠬᠦᠰᠳᠡᠭ | ᠪᠠᠶᠢᠵᠠᠢ᠃ | ᠨᠢᠭᠡᠳᠥᠭᠡᠷ ᠤᠳᠠᠭ᠎ᠠ ᠨᠢ ᠵᠢᠷᠭᠤᠭᠠᠨ ᠳ᠋ᠥᠩᠰᠢᠭᠤᠷ ᠵᠢᠯ ᠤᠨ ᠡᠮᠥᠨ᠎ᠡ ᠡᠬᠦᠰᠥᠭᠰᠡᠨ ︽ᠵᠧᠨ᠋ᠳᠠᠨ ᠤ ᠭᠠᠯᠪᠠ | ᠶᠢᠨ ᠶᠡᠭᠡ ᠮᠥᠰᠥᠳᠥᠯᠭᠡ︾ ᠪᠤᠯᠤᠨ᠎ᠡ᠂ ᠲᠣᠮᠳᠠᠳᠣ ᠤᠯᠤᠰ᠂ ᠠᠦ᠋ᠰᠲᠷᠡᠯᠢᠶ᠎ᠠ᠂ ᠠᠹᠷᠢᠺᠠ ᠳᠢᠪ᠂ ᠡᠮᠥᠨᠠᠳᠤ | ᠠᠮᠧᠷᠢᠺ ᠳᠢᠪ᠂ ᠤᠮᠠᠷᠠᠳᠤ ᠠᠮᠧᠷᠢᠺ ᠳᠢᠪ᠂ ᠠᠽᠢᠶ᠎ᠡ ᠡᠸᠦ᠋ᠷᠤᠫᠠ ᠵᠡᠷᠭᠡ ᠡᠭᠡ ᠬᠠᠭᠤᠷᠠᠢ ᠳᠤ ᠨᠠᠶᠢᠳᠠᠮ ᠤᠨ | ᠴᠢᠨᠠᠷᠳᠠᠢ ᠮᠥᠰᠥᠳᠥᠯᠭᠡ ᠢᠯᠠᠷᠠᠵᠠᠢ᠃ ᠡᠨ᠋ᠨ ᠪᠤᠯ ᠨᠢᠭᠡᠨᠳᠡ ᠮᠡᠳᠡᠭᠰᠡᠨ ᠳᠡᠯᠡᠭᠡᠢ ᠭᠡᠪᠴᠢᠶᠠᠨ ᠤ ᠬᠠᠮᠤᠭ ᠤᠨ ᠡᠷᠳᠡᠨ ᠤ | ᠨᠢᠭᠡ ᠤᠳᠠᠭᠠᠨ ᠤ ᠮᠥᠰᠥᠳᠥᠯᠭᠡ ᠶᠢᠨ ᠬᠤᠭᠤᠴᠠᠭ᠎ᠠ ᠪᠤᠯᠤᠨ᠎ᠡ᠃ | ᠬᠤᠶᠠᠳᠤᠭᠠᠷ ᠤᠳᠠᠭ᠎ᠠ ᠨᠢ ᠭᠤᠷᠪᠠᠨ ᠳ᠋ᠥᠩᠰᠢᠭᠤᠷ ᠵᠢᠯ ᠤᠨ ᠡᠮᠥᠨ᠎ᠡ ᠡᠬᠦᠰᠥᠭᠰᠡᠡ ᠴᠢᠯᠠᠭᠤᠨ ᠨᠡᠭᠦᠷᠡᠰᠦᠨ ᠤᠨ | ᠭᠠᠯᠪᠠ ᠶᠢᠨ ᠬᠤᠶᠠᠳᠠᠭᠴᠢ ᠡᠷᠡᠨ ᠪᠤᠯᠤᠨ᠎ᠡ᠂ ᠡᠨ᠋ᠨ ᠤᠳᠠᠭᠠᠨ ᠤ ᠶᠡᠭᠡ ᠮᠥᠰᠥᠳᠥᠯᠭᠡ ᠭᠤᠤᠯᠳᠠᠭᠤ ᠭᠠᠩ ᠸᠠ ᠨᠨ | ᠡᠷᠳᠡᠨ ᠤ ᠡᠭᠡ ᠬᠠᠭᠤᠷᠠᠢ ᠳᠤ ᠡᠬᠦᠰᠴᠠᠢ᠃ | ᠭᠤᠷᠪᠠᠳᠤᠭᠠᠷ ᠤᠳᠠᠭ᠎ᠠ ᠨᠢ ᠬᠠᠮᠤᠭ ᠠᠴᠠ ᠨᠥᠯᠥᠭᠡ ᠲᠠᠢ ᠳᠥᠷᠪᠠᠳᠡᠭᠴᠢ ᠭᠠᠯᠪᠡ ᠶᠢᠨ ᠶᠡᠭᠡ | ᠮᠥᠰᠥᠳᠥᠯᠭᠡ ᠶᠢᠨ ᠬᠤᠭᠤᠴᠠᠭ᠎ᠠ ᠪᠤᠯᠤᠨ᠎ᠡ᠂ ᠮᠥᠨ ᠴᠤ ᠤᠳᠤᠭᠢ ᠨᠥᠯᠥᠭᠡ ᠬᠠᠮᠤᠭ ᠤᠨ ᠶᠡᠭᠡ ᠮᠥᠰᠥᠳᠥᠯᠭᠡ ᠶᠢᠨ | ᠬᠤᠭᠤᠴᠠᠭ᠎ᠠ ᠪᠤᠯᠤᠨ᠎ᠡ᠃ ᠳᠥᠷᠪᠠᠳᠡᠭᠴᠢ ᠭᠠᠯᠪᠠ ᠳᠤ᠂ ᠠᠭᠤᠷ ᠠᠮᠢᠰᠬᠤᠯ ᠤᠨ ᠬᠤᠪᠢᠷᠠᠯᠳᠠ ᠮᠠᠰᠢ ᠶᠡᠭᠡ᠂ | ᠮᠥᠰᠥᠳᠥᠯᠭᠡ ᠶᠢᠨ ᠬᠥᠳᠡᠯᠭᠡᠭᠡᠨ ᠤᠯᠠᠨ᠂ ᠬᠠᠮᠤᠭ ᠬᠥᠨᠳᠤ ᠨᠤᠴᠢᠳᠠᠢ ᠥᠶ᠎ᠡ ᠳᠤ ᠳᠡᠯᠡᠭᠡᠢ ᠶᠢᠨ ᠪᠥᠮᠪᠥᠷᠴᠡᠭ ᠤᠨ | ᠡᠭᠡ ᠬᠠᠭᠤᠷᠠᠢ ᠶᠢᠨ 3/10 ᠶᠢᠨ ᠳᠠᠯᠠᠪᠠᠢ ᠨᠢ ᠮᠥᠰᠥᠳᠥᠯᠭᠡ ᠳᠤ ᠬᠤᠴᠢᠭᠳᠠᠵᠤ ᠪᠠᠶᠢᠵᠠᠢ᠃ ᠶᠠᠷᠥᠳᠡᠭᠡᠨ ᠤᠳᠤᠭᠢ | ᠳᠡᠯᠡᠭᠡᠢ ᠶᠢᠨ ᠪᠥᠮᠪᠤᠷᠴᠡᠭ ᠢ ᠮᠥᠰᠥᠳᠥᠯᠭᠡ ᠪᠠᠭᠠᠰᠣᠨ ᠤᠰᠠᠳᠴᠤ ᠪᠠᠶᠢᠭ᠎ᠠ ᠬᠤᠭᠤᠴᠠᠭ᠎ᠠ ᠳᠤ ᠤᠷᠤᠰᠢᠵᠤ ᠪᠠᠶᠢᠨ᠎ᠡ | ᠭᠡᠵᠤ ᠥᠵᠡᠳᠡᠭ᠃ | ᠳᠠᠭᠡᠪᠠᠯ᠂ ᠮᠥᠰᠥᠳᠥᠯᠭᠡ ᠶᠠᠭᠠᠭᠢᠵᠤ ᠪᠤᠢ ᠪᠤᠯᠤᠭᠰᠠᠨ ᠪᠤᠢ︖ | ᠰᠠᠷᠢᠳᠠᠭ ᠤᠷᠭᠢᠯ ᠤᠳ ᠢᠶᠠᠷ ᠤᠷᠢᠳ ᠵᠢᠯ ᠤᠨ ᠴᠠᠰᠤ ᠨᠢ ᠬᠠᠶᠢᠯᠠᠵᠤ ᠪᠠᠷᠠᠬᠤ ᠠᠴᠠ ᠡᠮᠥᠨ᠎ᠡ ᠳᠠᠭᠢᠨ | ᠰᠢᠨ᠎ᠡ ᠴᠠᠰᠤ ᠬᠤᠷᠠᠳᠠᠭ᠂ ᠢᠩᠭᠢᠵᠤ ᠵᠢᠯ ᠠᠴᠠ ᠵᠢᠯ ᠴᠠᠰᠤᠨ ᠳᠠᠪᠬᠤᠷᠭ᠎ᠠ ᠤᠯᠠᠮ ᠢᠶᠠᠷ ᠵᠤᠵᠠᠭᠠᠷᠠᠨ᠂ ᠳᠤᠤᠷᠠᠳᠤ | ᠳᠠᠪᠬᠤᠷᠭ᠎ᠠ ᠶᠢᠨ ᠬᠤᠷᠠᠭᠰᠠᠨ ᠴᠠᠰᠤ ᠨᠢ ᠳᠠᠷᠤᠭᠳᠠᠨ ᠬᠠᠳᠠᠭᠤᠷᠠᠵᠤ ᠮᠥᠰᠤ ᠪᠤᠯᠳᠠᠭ᠃ ᠮᠥᠰᠤ ᠨᠢ ᠨᠢᠭᠳᠠᠷᠠᠭᠠᠳ | ᠵᠤᠭᠢᠬᠤ ᠭᠡᠮᠵᠢᠶᠠᠨ ᠳᠤ ᠬᠥᠷᠥᠭᠰᠡᠨ ᠤ ᠳᠠᠷᠠᠭ᠎ᠠ᠂ ᠠᠭᠤᠯᠠᠨ ᠤ ᠨᠠᠯᠤᠴᠠ ᠶᠢᠨ ᠭᠡᠮᠵᠢᠶ᠎ᠡ ᠪᠠ ᠬᠥᠨᠳᠤ ᠶᠢᠨ | ᠬᠥᠴᠥᠨ ᠤ ᠨᠦᠯᠦᠭᠡ ᠠᠴᠠ ᠪᠤᠯᠵᠤ᠂ ᠠᠭᠤᠯᠨ ᠤᠷᠤᠭᠤ ᠭᠤᠯᠭᠤᠳᠠᠭ᠃ ᠡᠶᠢᠮᠥᠷᠬᠦ ᠠᠭᠠᠵᠢᠮ ᠢᠶᠠᠷ ᠰᠢᠯᠵᠢᠵᠤ | ᠪᠠᠶᠢᠭ᠎ᠠ ᠮᠥᠰᠤ ᠨᠢ ᠳᠠᠷᠤᠢ ᠮᠥᠰᠥᠳᠥᠯᠭᠡ ᠪᠤᠯᠤᠨ᠎ᠡ᠃ ᠮᠥᠰᠥᠳᠥᠯᠭᠡ ᠶᠢᠨ ᠠᠵᠢᠯᠯᠠᠭ᠎ᠠ ᠨᠢ ᠳᠤᠶᠢᠯ ᠤᠨ ᠤᠳᠠᠭᠠᠨ | ᠂ ᠨᠢᠭᠡ ᠵᠢᠯ ᠳᠤ ᠵᠥᠪᠭᠡᠨ ᠠᠷᠪᠠ ᠠᠴᠠ ᠵᠠᠭᠤ ᠮᠧᠲᠷ ᠯᠨ ᠤᠷᠤᠭᠰᠢᠯᠠᠳᠠᠭ ᠶᠤᠮ᠃ | ᠡᠭᠡ ᠬᠠᠭᠤᠷᠠᠢ ᠳᠤ ᠳᠠᠷᠬᠠᠵᠤ ᠪᠠᠶᠢᠭ᠎ᠠ ᠮᠥᠰᠥᠳᠥᠯᠭᠡ ᠶᠢ ᠡᠭᠡ ᠬᠠᠭᠤᠷᠠᠢ ᠶᠢᠨ ᠮᠥᠰᠥᠳᠥᠯᠭᠡ᠂ | ᠥᠨᠳᠦᠷᠯᠢᠭ ᠤᠨ ᠮᠥᠰᠥᠳᠥᠯᠭᠡ ᠪᠠ ᠠᠭᠤᠯᠨ ᠳᠤᠪᠤᠷᠴᠠᠭ ᠤᠨ ᠮᠥᠰᠥᠳᠥᠯᠭᠡ ᠭᠡᠵᠤ ᠬᠤᠪᠢᠶᠠᠳᠠᠭ᠃ | ᠡᠭᠡ ᠬᠠᠭᠤᠷᠠᠢ ᠶᠢᠨ ᠮᠥᠰᠥᠳᠥᠯᠭᠡ ᠨᠢ ᠡᠮᠥᠨᠡᠳᠤ ᠳᠤᠶᠢᠯ ᠤᠨ ᠳᠢᠪ ᠪᠠ ᠭᠷᠢᠯᠠᠨᠳ᠋ ᠵᠡᠷᠭᠡ ᠥᠨᠳᠤᠷ | ᠥᠷᠭᠡᠷᠢᠭ ᠤᠨ ᠡᠭᠡ ᠬᠠᠭᠤᠷᠠᠢ ᠳᠤ ᠳᠠᠷᠬᠠᠵᠤ᠂ ᠭᠡᠪᠴᠢᠶ᠎ᠡ ᠨᠢ ᠨᠠᠯᠢᠶᠠᠳ ᠶᠡᠭᠡ ᠪᠠᠶᠢᠵᠥ᠂ ᠪᠠᠰᠠ ᠮᠥᠰᠥᠨ | ᠬᠤᠴᠢᠯᠠᠭ᠎ᠠ ᠭᠡᠳᠡᠭ᠃ | ᠥᠨᠳᠦᠷᠯᠢᠭ ᠤᠨ ᠮᠥᠰᠥᠳᠥᠯᠭᠡ ᠪᠠ ᠠᠭᠤᠯᠨ ᠬᠠᠶᠢᠷᠬᠠᠨ ᠤ ᠮᠥᠰᠥᠳᠥᠯᠭᠡ ᠨᠢ ᠳᠤᠮᠳᠠ ᠳᠤᠤᠷ᠎ᠡ | ᠥᠷᠭᠡᠷᠢᠭ ᠤᠨ ᠥᠨᠳᠦᠷᠯᠢᠭ ᠪᠠ ᠥᠨᠳᠤᠷ ᠠᠭᠤᠯᠠᠨ ᠳᠤ ᠳᠠᠷᠬᠠᠵᠤ ᠪᠠᠶᠢᠳᠠᠭ᠃ | ᠮᠥᠰᠥᠳᠥᠯᠭᠡ ᠶᠢᠨ ᠢᠳᠡᠭᠳᠡᠬᠦᠯᠬᠦ ᠪᠠ ᠤᠪᠤᠭᠠᠷᠠᠭᠤᠯᠬᠤ ᠥᠢᠯᠡᠳᠤᠯ ᠠᠴᠠ ᠪᠥᠳᠥᠭᠡᠭᠰᠡᠨ ᠭᠠᠵᠠᠷ ᠤᠨ | ᠭᠠᠳᠠᠷᠭᠤ ᠶᠢᠨ ᠭᠡᠯᠪᠠᠷᠢ ᠳᠥᠷᠰᠤ ᠶᠢ ᠮᠥᠰᠥᠳᠥᠯᠭᠡ ᠶᠢᠨ ᠭᠠᠵᠠᠷ ᠤᠨ ᠭᠠᠳᠠᠷᠭᠤ ᠭᠡᠳᠡᠭ᠃ ᠮᠥᠰᠥᠳᠥᠯᠭᠡ ᠶᠢᠨ | ᠭᠠᠵᠠᠷ ᠤᠨ ᠭᠠᠳᠠᠷᠠᠭᠤ ᠶᠢ ᠮᠥᠰᠥᠳᠥᠯᠭᠡ ᠶᠢᠨ ᠢᠳᠡᠭᠳᠡᠯ ᠤᠨ ᠭᠠᠵᠠᠷ ᠤᠨ ᠭᠠᠳᠠᠷᠭᠤ ᠪᠠ ᠮᠥᠰᠥᠳᠥᠯᠭᠡ ᠶᠢᠨ | ᠤᠪᠤᠭᠠᠷᠠᠯ ᠤᠨ ᠭᠠᠵᠠᠷ ᠤᠨ ᠭᠠᠳᠠᠷᠠᠭᠤ ᠭᠡᠵᠤ ᠬᠤᠪᠢᠶᠠᠳᠠᠭ᠃ | ᠮᠥᠰᠥᠳᠥᠯᠭᠡ ᠶᠢᠨ ᠮᠥᠰᠤᠨ ᠳᠤᠳᠤᠷ᠎ᠡ ᠤᠯᠠᠨ ᠵᠥᠢᠯ ᠤᠨ ᠴᠢᠯᠠᠭᠤᠯᠢᠭ ᠤᠨ ᠭᠡᠮᠭᠡᠷᠭᠡᠢ ᠭᠡᠰᠡᠭ ᠪᠠᠶᠢᠳᠠᠭ ᠪᠤᠯᠬᠤᠷ | ᠮᠥᠰᠥᠳᠥᠯᠭᠡ ᠶᠢᠨ ᠬᠥᠳᠡᠯᠭᠡᠭᠡᠨ ᠤ ᠶᠠᠪᠤᠴᠠ ᠳᠤ ᠡᠳᠡᠭᠡᠷ ᠴᠢᠯᠠᠭᠤᠯᠢᠭ ᠨᠢ ᠬᠠᠪᠴᠢᠯ ᠤᠨ ᠢᠷᠤᠭᠠᠷ ᠬᠠᠪᠴᠢᠯ ᠤᠨ | ᠬᠥᠳᠥᠯ ᠤᠨ ᠬᠠᠳᠠ ᠶᠢ ᠳᠠᠷᠤᠵᠤ ᠭᠡᠮᠭᠡᠷᠠᠬᠦᠯᠬᠦ᠂ ᠱᠥᠷᠬᠦᠨ ᠢᠳᠡᠭᠳᠡᠬᠦᠯᠬᠦ᠂ ᠱᠠᠭᠠᠯᠠᠨ ᠢᠳᠡᠭᠳᠡᠬᠦᠯᠬᠦ ᠵᠡᠷᠭᠡ | ᠥᠢᠯᠡᠳᠤᠯ ᠢᠶᠠᠷ ᠳᠠᠮᠵᠢᠨ ᠤᠯᠠᠨ ᠵᠥᠢᠯ ᠤᠨ ᠭᠠᠵᠠᠷ ᠤᠨ ᠭᠠᠳᠠᠷᠭᠤ ᠶᠢᠨ ᠥᠵᠡᠮᠵᠢ ᠶᠢ ᠪᠥᠳᠥᠭᠡᠭᠰᠡᠨ ᠶᠤᠮ᠃ | ᠳᠠᠳᠡᠭᠡᠷ ᠢ ᠮᠥᠰᠥᠳᠥᠯᠭᠡ ᠶᠢᠨ ᠢᠳᠡᠭᠳᠡᠬᠦᠯᠥᠯ ᠤᠨ ᠭᠠᠵᠠᠷ ᠤᠨ ᠭᠠᠳᠠᠷᠭᠤ ᠭᠡᠳᠡᠭ᠃ ᠵᠢᠱᠢᠶᠠᠯᠠᠪᠠᠯ ᠮᠥᠰᠥᠳᠥᠯᠭᠡ | ᠶᠢᠨ ᠤᠷᠤ ᠮᠥᠷ᠂ ᠵᠥᠯᠬᠦᠭᠳᠡᠭᠰᠡᠨ ᠨᠢᠭᠤᠷ᠂ ᠬᠤᠨᠢᠨ ᠴᠢᠯᠠᠭᠤ᠂ ᠮᠥᠰᠥᠨ ᠬᠤᠳᠤᠭᠤᠷ᠂ ᠱᠤᠪᠠᠭ᠋ᠤ ᠤᠷᠭᠢᠯ᠂ u | ᠭᠡᠯᠪᠠᠷᠢᠳᠤ ᠬᠠᠪᠴᠢᠯ ᠵᠡᠷᠭᠡ ᠪᠣᠢ᠃ | ᠮᠥᠰᠥᠳᠥᠯᠭᠡ ᠶᠢᠨ ᠤᠪᠤᠭᠠᠷᠠᠯ ᠤᠨ ᠭᠠᠵᠠᠷ ᠤᠨ ᠭᠠᠳᠠᠷᠭᠤ ᠪᠤᠯ ᠮᠥᠰᠥᠳᠥᠯᠭᠡ ᠶᠢᠨ ᠠᠵᠢᠯᠯᠠᠭᠠᠨ ᠳᠤᠮᠳᠠ ᠪᠤᠶᠤ | ᠵᠤᠭᠰᠤᠭᠰᠠᠨ ᠤ ᠳᠠᠷᠠᠭᠠᠭᠢ ᠮᠥᠰᠥᠳᠥᠯᠭᠡ ᠶᠢᠨ ᠬᠤᠷᠠᠳᠠᠰᠣ ᠤᠪᠤᠭᠠᠷᠠᠨ ᠪᠥᠳᠥᠭᠡᠭᠰᠡᠨ ᠭᠠᠵᠠᠷ ᠤᠨ ᠭᠠᠳᠠᠷᠭᠤ ᠮᠥᠨ | ᠂ ᠵᠢᠱᠢᠶᠡᠯᠡᠪᠡᠯ ᠡᠴᠥᠰ ᠤᠨ ᠬᠤᠷᠠᠳᠠᠰᠤᠨ ᠤ ᠳᠠᠯᠠᠠᠩ᠂ ᠬᠠᠵᠠᠭᠤ ᠳᠠᠯᠠᠩ᠂ ᠳᠤᠪᠤᠷᠴᠠᠭ ᠪᠠ ᠮᠥᠰᠥᠳᠥᠯᠭᠡ ᠶᠢᠨ | ᠬᠤᠷᠠᠳᠠᠰᠤ ᠵᠡᠷᠭᠡ ᠪᠣᠢ᠃ | ᠡᠯ᠎ᠡ ᠵᠥᠢᠯ ᠤᠨ ᠠᠳᠠᠯᠢ ᠪᠤᠰᠤ ᠮᠥᠰᠥᠳᠥᠯᠭᠡ ᠶᠢᠨ ᠭᠠᠵᠠᠷ ᠤᠨ ᠭᠠᠳᠠᠷᠭᠤ ᠨᠢ ᠵᠤᠭᠢᠬᠤ ᠵᠢᠮ᠎ᠡ ᠶᠤᠰᠤ | ᠪᠠᠷ ᠳᠠᠷᠬᠠᠭᠰᠠᠨ ᠪᠠᠶᠢᠳᠠᠭ᠃ ᠮᠥᠰᠥᠳᠥᠯᠭᠡ ᠶᠢᠨ ᠳᠥᠪ ᠠᠴᠠ ᠭᠠᠳᠠᠨ᠎ᠡ ᠬᠥᠷᠢᠶ᠎ᠡ ᠬᠥᠷᠳᠡᠯ᠎ᠡ ᠢᠳᠡᠭᠳᠡᠯ ᠤᠨ | ᠭᠠᠵᠠᠷ ᠤᠨ ᠭᠠᠳᠠᠷᠠᠭᠤ ᠠᠴᠠ ᠤᠪᠤᠭᠠᠷᠠᠯ ᠤᠨ ᠭᠠᠵᠠᠷ ᠤᠨ ᠭᠠᠳᠠᠷᠠᠭᠤ ᠳᠡᠰᠢ ᠰᠢᠯᠵᠢᠭᠰᠡᠨ ᠪᠠᠶᠢᠳᠠᠭ᠃ ᠠᠳᠠᠯᠢ | ᠪᠤᠰᠤ ᠡᠷᠬᠦᠭᠳᠡᠴᠡ ᠳᠤ ᠮᠥᠰᠥᠳᠥᠯᠭᠡ ᠶᠢᠨ ᠭᠠᠵᠠᠷ ᠤᠨ ᠭᠠᠳᠠᠷᠭᠤ ᠶᠢᠨ ᠳᠥᠷᠥᠯ ᠵᠥᠢᠯ ᠨᠢ ᠴᠤ ᠠᠳᠠᠯᠢ ᠥᠭᠡᠢ | ᠪᠠᠶᠢᠳᠠᠭ᠂ ᠴᠠᠰᠤᠨ ᠤ ᠱᠤᠭᠤᠮ ᠠᠴᠠ ᠳᠡᠭᠡᠭᠰᠢᠭᠢ ᠨᠢ ᠮᠥᠰᠥᠳᠥᠯᠭᠡ ᠶᠢᠨ ᠬᠤᠳᠤᠭᠤᠷ᠂ ᠱᠤᠪᠬᠤ ᠤᠷᠭᠢᠯ᠂ ᠭᠢᠷ᠎ᠡ | ︔ ᠴᠠᠰᠤᠨ ᠤ ᠱᠤᠭᠤᠮ ᠠᠴᠠ ᠳᠤᠷᠤᠭᠰᠢ ᠡᠴᠥᠰ ᠤᠨ ᠬᠤᠷᠠᠳᠠᠰᠤ ᠶᠢᠨ ᠳᠠᠯᠠᠩ ᠬᠥᠷᠳᠡᠯᠡᠭᠢ ᠨᠢ ᠮᠥᠰᠥᠳᠥᠯᠭᠡ | ᠶᠢᠨ ᠢᠳᠡᠭᠳᠡᠯ — ᠤᠪᠤᠭᠠᠷᠠᠯ ᠤᠨ ᠭᠠᠵᠠᠷ ᠤᠨ ᠭᠠᠳᠠᠷᠭᠤ ᠶᠢᠨ ᠠᠭᠤᠯᠵᠠᠷ ᠭᠡᠰᠡᠭ︔ ᠬᠠᠮᠤᠭ ᠳᠤᠤᠷᠠᠭᠢ ᠭᠡᠰᠡᠭ | ᠨᠢ ᠡᠴᠥᠰ ᠤᠨ ᠬᠤᠷᠠᠳᠠᠰᠤᠨ ᠤ ᠳᠠᠯᠠᠩ᠂ ᠮᠥᠰᠥᠳᠥᠯᠭᠡ ᠶᠢᠨ ᠬᠠᠪᠴᠢᠯ ᠪᠤᠯᠤᠨ᠎ᠡ᠃ | ᠪᠤᠳᠠᠳᠤ ᠰᠤᠳᠤᠯᠭᠠᠨ ᠳᠤ᠂ ᠬᠠᠶᠢᠨ ᠰᠤᠳᠥᠯᠤᠭᠴᠢᠳ ᠠᠳᠠᠯᠢ ᠪᠤᠰᠤ ᠭᠠᠵᠠᠷ ᠤᠨ ᠭᠠᠳᠠᠷᠭᠤ ᠶᠢ | ᠨᠡᠶᠢᠯᠡᠬᠦᠯᠵᠥ᠂ ᠬᠡᠰᠢᠭᠳᠡᠨ ᠭᠠᠵᠠᠷ ᠤᠨ ᠭᠠᠳᠠᠷᠭᠤ ᠶᠢᠨ ᠮᠥᠰᠥᠳᠥᠯᠭᠡ ᠶᠢᠨ ᠪᠤᠶᠢᠵᠢᠯᠳᠡ ᠪᠠ ᠬᠤᠪᠢᠷᠠᠯᠳᠠ ᠶᠢᠨ | ᠶᠠᠪᠤᠴᠠ ᠶᠢ ᠰᠡᠷᠬᠦᠭᠡᠭᠰᠡᠨ ᠶᠤᠮ᠃ ᠵᠢᠱᠢᠶᠠᠯᠠᠪᠠᠯ ᠪᠢᠳᠠ ᠮᠥᠰᠥᠳᠥᠯᠭᠡ ᠶᠢᠨ ᠬᠤᠳᠤᠭᠤᠷ ᠤᠨ ᠥᠨᠳᠤᠷ ᠪᠠᠷ ᠳᠤᠬᠠᠢ | ᠶᠢᠨ ᠥᠶ᠎ᠡ ᠶᠢᠨ ᠠᠭᠤᠷ ᠠᠮᠢᠰᠬᠤᠯ ᠤᠨ ᠤᠨᠴᠠᠯᠢᠭ ᠢ ᠮᠠᠭᠠᠳᠯᠠᠵᠤ᠂ ᠮᠥᠰᠥᠳᠥᠯᠭᠡ ᠶᠢᠨ ᠬᠥᠳᠡᠯᠭᠡᠭᠡᠨ ᠢᠶᠠᠷ | ᠮᠥᠰᠥᠳᠥᠯᠭᠡ ᠶᠢᠨ ᠬᠥᠷᠢᠶ᠎ᠡ ᠭᠡᠪᠴᠢᠶ᠎ᠡ ᠪᠠ ᠶᠡᠭᠡ ᠪᠠᠭ᠎ᠠ ᠶᠢ ᠮᠠᠭᠠᠳᠯᠠᠳᠠᠭ᠃ | ᠭᠡᠰᠢᠭᠳᠡᠨ ᠭᠠᠵᠠᠷ ᠰᠢᠨᠵᠢᠯᠡᠭᠡᠨ ᠤ ᠴᠡᠴᠡᠷᠯᠢᠭ ᠨᠢ ᠶᠡᠭᠡ ᠭᠡᠮᠵᠢᠶᠠᠨ ᠤ᠂ ᠪᠥᠷᠢᠨ ᠪᠥᠳᠥᠨ᠂ ᠨᠠᠶᠢᠳᠡᠯᠢᠭ | ᠮᠥᠰᠥᠳᠥᠯᠭᠡ ᠶᠢᠨ ᠥᠯᠡᠳᠡᠭᠳᠡᠯ ᠤᠨ ᠭᠠᠵᠠᠷ ᠤᠨ ᠭᠠᠳᠠᠷᠭᠤ ᠶᠢ ᠬᠠᠳᠠᠭᠠᠯᠠᠵᠤ᠂ ᠭᠤᠤᠯᠳᠠᠭᠤ ᠪᠠᠶᠢᠴᠠ ᠠᠭᠤᠯᠨ | ᠶᠢᠨ ᠳᠤᠭᠤᠷᠢᠭ ᠪᠠ ᠬᠤᠩᠭᠤ ᠶᠢᠨ ᠳᠠᠪᠠᠭ᠎ᠠ ᠶᠢᠨ ᠳᠤᠭᠤᠷᠢᠭ ᠲᠤ ᠳᠠᠷᠬᠠᠵᠤ ᠪᠠᠶᠢᠳᠠᠭ᠃ ᠪᠠᠶᠢᠴᠠ ᠠᠭᠤᠯᠨ ᠶᠢᠨ | ᠳᠤᠭᠤᠷᠢᠭ ᠲᠤ᠂ ᠠᠳᠠᠯᠢ ᠪᠤᠰᠤ ᠴᠠᠭ ᠡᠷᠡᠨ ᠤ ᠮᠥᠰᠥᠳᠥᠯᠭᠡ ᠨᠢ ᠶᠡᠭᠡ ᠠᠴᠠ ᠪᠠᠭ᠎ᠠ ᠶᠢᠨ ᠳᠠᠷᠠᠭᠠᠯᠠᠯ ᠢᠶᠠᠷ | 1700 — 1400m ᠤᠨ ᠥᠨᠳᠤᠷ ᠲᠤ ᠳᠠᠷᠬᠠᠵᠤ᠂ ᠳᠥᠷᠪᠠᠳᠡᠭᠴᠢ ᠭᠠᠯᠪᠠ ᠠᠴᠠ ᠨᠠᠰᠢᠭᠢ ᠳᠤᠰ | ᠳᠤᠭᠤᠷᠢᠭ ᠤᠨ ᠮᠥᠰᠥᠳᠥᠯᠭᠡ ᠶᠢᠨ ᠪᠤᠶᠢᠵᠢᠯᠳᠠ ᠶᠢᠨ ᠠᠳᠠᠯᠢ ᠪᠤᠰᠤ ᠬᠤᠭᠤᠴᠠᠭ᠎ᠠ ᠪᠠ ᠠᠭᠤᠷ ᠠᠮᠢᠰᠬᠤᠯ ᠤᠨ | ᠬᠤᠪᠢᠷᠠᠯᠳᠠ ᠶᠢ ᠪᠥᠷᠢᠨ ᠪᠥᠳᠥᠨ ᠳᠤᠰᠬᠠᠵᠠᠢ᠃ ᠬᠤᠩᠭᠤ ᠶᠢᠨ ᠳᠠᠪᠠᠭ᠎ᠠ ᠶᠢᠨ ᠳᠤᠭᠤᠷᠢᠭ ᠲᠤ ᠨᠢ ᠬᠠᠷᠢᠨ᠂ | ᠮᠥᠰᠥᠳᠥᠯᠭᠡ ᠶᠢᠨ ᠬᠤᠳᠤᠭᠤᠷ᠂ ᠱᠤᠪᠬᠤ ᠤᠷᠭᠢᠯ᠂ ︽u︾ ᠭᠡᠯᠪᠠᠷᠢᠳᠤ ᠬᠠᠪᠴᠢᠯ᠂ ᠬᠤᠷᠠᠳᠠᠰᠤ᠂ ᠡᠴᠥᠰ ᠤᠨ | ᠬᠤᠷᠠᠳᠠᠰᠤ ᠵᠢᠴᠢ ᠬᠤᠷᠠᠳᠠᠰᠤᠨ ᠪᠤᠳᠠᠰ ᠵᠡᠷᠭᠡ ᠪᠠᠶᠢᠵᠤ᠂ ᠨᠡᠶᠢᠳᠡᠯᠢᠭ ᠴᠢᠨᠠᠷ ᠲᠠᠢ ᠠᠭᠤᠯᠨ ᠬᠠᠶᠢᠷᠬᠠᠨ ᠤ | ᠮᠥᠰᠥᠳᠥᠯᠭᠡ ᠪᠤᠯᠵᠠᠢ᠃ | ᠥᠨᠥᠳᠥᠷ ᠮᠥᠰᠥᠨ ᠭᠤᠤᠯ ᠮᠥᠨ ᠯᠠ ᠠᠭᠤᠯᠨ ᠨᠢᠷᠤᠭᠤ ᠶᠢ ᠰᠠᠶᠢᠯᠥᠭᠰᠠᠭᠡᠷ ᠪᠠᠶᠢᠨ᠎ᠡ᠃ ᠭᠡᠳᠥᠶᠢᠪᠡᠷ | ᠳᠤᠬᠠᠢ ᠶᠢᠨ ᠥᠶ᠎ᠡ ᠶᠢᠨ ᠰᠢᠭ ᠭᠡᠪᠴᠢᠶ᠎ᠡ ᠪᠠᠷ ᠶᠡᠭᠡ ᠪᠢᠰᠢ ᠪᠤᠯᠪᠠᠴᠤ᠂ ᠮᠥᠨ ᠯᠨ ᠡᠷᠳᠡᠨ ᠤ ᠠᠵᠢᠯᠯᠠᠬᠤ ᠭᠡᠯᠪᠠᠷᠢ | ᠪᠠᠷ ᠢᠶᠠᠨ ᠪᠢᠳᠠᠨ ᠳᠤ ᠥᠵᠡᠮᠵᠢ ᠶᠢᠨ ᠤᠷᠤᠨ ᠤ ᠭᠠᠵᠠᠷ ᠰᠢᠨᠵᠢᠯᠡᠭᠡᠨ ᠤ ᠳᠡᠥᠭᠡ ᠶᠢ ᠬᠥᠤᠷᠨᠢᠵᠤ ᠪᠠᠶᠢᠨ᠎ᠡ᠃ | | ᠥᠪᠠᠷᠮᠢᠴᠡ ᠤᠨᠴᠠᠯᠢᠭ ᠲᠠᠢ ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ | | ᠵᠠᠯᠭᠠᠭᠠᠳ᠂ ᠲᠨ ᠪᠥᠬᠦᠨ ᠳᠤ ᠠᠰᠬᠠᠳᠤ ᠶᠢᠨ ᠴᠢᠯᠠᠭᠤᠨ ᠰᠢᠭᠤᠢ ᠪᠠ ᠪᠤᠷᠵᠢᠨ ᠴᠢᠯᠠᠭᠤᠯᠢᠭ ᠤᠨ | ᠭᠠᠵᠠᠷ ᠤᠨ ᠭᠠᠳᠠᠷᠭᠤ ᠶᠢ ᠤᠶᠢᠯᠠᠭᠤᠯᠤᠶᠡ᠃ | ᠴᠢᠯᠠᠭᠤᠨ ᠰᠢᠭᠤᠢ ᠶᠢᠨ ᠥᠵᠡᠮᠵᠢ | ᠠᠰᠬᠠᠳᠤ ᠶᠢᠨ ᠴᠢᠯᠠᠭᠤᠨ ᠰᠢᠭᠤᠢ ᠴᠤᠬᠤᠮ ᠶᠠᠭᠠᠭᠢᠵᠤ ᠪᠥᠳᠥᠭᠰᠡᠨ ᠪᠤᠢ︖ | ᠪᠢᠳᠠ ᠣᠷᠢᠳᠠᠪᠡᠷ ᠴᠢᠯᠠᠭᠤᠯᠢᠭ ᠢ ᠣᠶᠢᠯᠠᠭᠠᠵᠠᠭᠠᠶ᠎ᠠ᠃ ᠴᠢᠯᠠᠭᠤᠯᠢᠭ ᠪᠤᠯ ᠬᠠᠳᠠᠭᠤ ᠪᠠᠶᠠᠳᠤ ᠳᠡᠯᠡᠭᠡᠢ ᠶᠢᠨ | ᠪᠥᠮᠪᠤᠷᠴᠡᠭ ᠤᠨ ᠭᠤᠤᠯ ᠪᠥᠷᠢᠯᠳᠥᠬᠦᠨ ᠭᠡᠰᠡᠭ ᠮᠦᠨ᠃ ᠴᠢᠯᠠᠭᠤᠯᠢᠭ ᠪᠥᠳᠥᠭᠰᠡᠨ ᠭᠠᠵᠠᠷ ᠰᠢᠨᠵᠢᠯᠡᠭᠡᠨ ᠤ ᠶᠠᠪᠤᠴᠠ | ᠶᠢᠨ ᠠᠳᠠᠯᠢ ᠪᠤᠰᠤ ᠶᠢ ᠥᠨᠳᠤᠰᠥᠯᠡᠭᠡᠳ᠂ ᠴᠢᠯᠠᠭᠤᠯᠢᠭ ᠶᠢ ᠭᠠᠯᠳᠤ ᠠᠭᠤᠯᠨ ᠶᠢᠨ ᠠᠵᠢᠯᠯᠠᠭ᠎ᠠ ᠠᠴᠠ ᠪᠥᠳᠥᠭᠰᠡᠨ | ᠴᠢᠯᠠᠭᠤᠯᠢᠭ᠂ ᠳᠤᠨᠤᠨ ᠪᠥᠳᠥᠭᠰᠡᠨ ᠴᠢᠯᠠᠭᠤᠯᠢᠭ᠂ ᠴᠢᠨᠠᠷ ᠬᠤᠪᠢᠷᠠᠨ ᠪᠥᠳᠥᠭᠰᠡᠨ ᠴᠢᠯᠠᠭᠤᠯᠢᠭ ᠭᠡᠵᠤ ᠭᠤᠷᠪᠠᠨ | ᠳᠥᠷᠤᠯ ᠳᠤ ᠬᠤᠪᠢᠶᠠᠳᠠᠭ᠃ ᠡᠬᠦᠨ ᠳᠤ ᠮᠠᠭᠮᠨ ᠶᠢᠨ ᠴᠢᠯᠠᠭᠤᠯᠢᠭ ᠪᠤᠯ ᠳᠡᠯᠡᠭᠡᠢ ᠶᠢᠨ ᠪᠥᠮᠪᠥᠷᠴᠡᠭ ᠤᠨ | ᠳᠤᠳᠤᠭᠠᠳᠤ ᠳᠠᠬᠢ ᠮᠠᠭᠮᠨ ᠠᠴᠠ ᠪᠥᠳᠥᠭᠰᠡᠨ ᠴᠢᠯᠠᠭᠤᠯᠢᠭ ᠮᠥᠨ᠂ ᠪᠤᠷᠵᠢᠨ ᠴᠢᠯᠠᠭᠤᠯᠢᠭ ᠪᠤᠯ ᠮᠠᠭᠮᠨ ᠶᠢᠨ | ᠴᠢᠯᠠᠭᠤᠯᠢᠭ ᠤᠨ ᠨᠢᠭᠡ ᠵᠥᠢᠯ ᠮᠥᠨ᠃ ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠪᠤᠯ ᠪᠤᠷᠵᠢᠨ | ᠴᠢᠯᠠᠭᠤᠯᠢᠭ ᠤᠨ ᠰᠠᠭᠤᠷᠢᠨ ᠳᠡᠭᠡᠷ᠎ᠡ ᠪᠥᠳᠥᠭᠰᠡᠨ ᠶᠤᠮ᠃ | ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ ᠶᠢᠨ ᠳᠥᠷᠤᠯ ᠵᠥᠢᠯ ᠤᠯᠠᠨ ᠪᠠᠶᠢᠳᠠᠭ᠂ | ᠭᠡᠰᠢᠭᠳᠡᠨ ᠪᠤᠯ ᠮᠠᠨ ᠤ ᠤᠯᠤᠰ ᠤᠨ ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ ᠶᠢᠨ ᠳᠥᠷᠤᠯ | ᠬᠠᠮᠤᠭ ᠪᠥᠷᠢᠨ᠂ ᠬᠠᠮᠠᠭᠠᠯᠠᠭᠰᠠᠨ ᠢᠶᠠᠷ ᠬᠠᠮᠤᠭ ᠰᠠᠶᠢᠨ ᠤᠷᠤᠨ ᠪᠤᠯᠬᠤ ᠶᠤᠮ᠂ ᠪᠤᠷᠵᠢᠨ ᠴᠢᠯᠠᠭᠤᠯᠢᠭ ᠤᠨ | ᠴᠢᠯᠠᠭᠤᠨ ᠰᠢᠭᠤᠢ ᠪᠠ ᠮᠥᠰᠥᠳᠥᠯᠭᠡ ᠶᠢᠨ ᠥᠯᠡᠳᠡᠭᠳᠡᠯ ᠤᠨ ᠢᠯᠠᠷᠠᠬᠦᠯᠥᠯᠳᠡ ᠨᠢ ᠨᠠᠩ ᠴᠤ ᠪᠤᠷᠵᠢᠨ | ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ ᠶᠢᠨ ᠰᠢᠨ᠎ᠡ ᠳᠥᠷᠤᠯ ᠢ ᠨᠡᠮᠡᠭᠳᠡᠬᠦᠯᠵᠥ᠂ ᠪᠤᠷᠵᠢᠨ | ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠳᠠᠯ᠎ᠠ ᠳᠠᠬᠢ ᠬᠤᠭᠤᠰᠤᠨ ᠢ ᠨᠥᠬᠦᠪᠥᠷᠢᠯᠡᠵᠠᠢ᠃ | ᠬᠠᠮᠤᠭ ᠤᠷᠢᠳᠠᠪᠠᠷ ᠨᠢᠭᠡ ᠪᠥᠯᠥᠭ ᠰᠤᠳᠤᠯᠤᠭᠴᠢᠳ ᠤᠨ ᠥᠵᠡᠬᠦ ᠪᠠᠷ ᠭᠡᠰᠢᠭᠳᠡᠨ ᠳᠠᠬᠢ ᠪᠤᠷᠵᠢᠨ | ᠴᠢᠯᠠᠭᠤᠯᠢᠭ ᠤᠨ ᠴᠢᠯᠠᠭᠤᠨ ᠰᠢᠭᠤᠢ ᠪᠤᠯ ᠪᠤᠷᠵᠢᠨ ᠴᠢᠯᠠᠭᠤᠯᠢᠭ ᠮᠥᠰᠤᠨ ᠤ ᠬᠤᠴᠢᠯᠭ᠎ᠠ ᠶᠢᠨ ᠳᠠᠷᠤᠯᠳᠠ ᠪᠠ | ᠬᠥᠨᠳᠠᠯᠠᠨ ᠪᠤᠶᠤ ᠭᠤᠤᠯᠳᠤ ᠴᠢᠭᠯᠡᠯ ᠢᠶᠠᠷ ᠵᠠᠭᠠᠭ ᠭᠠᠷᠴᠤ᠂ ᠮᠥᠰᠤᠨ ᠤ ᠬᠤᠴᠢᠯᠭ᠎ᠠ ᠬᠠᠶᠢᠯᠤᠭᠰᠠᠨ ᠤ ᠳᠠᠷᠠᠭ᠎ᠠ | ᠪᠤᠷᠵᠢᠨ ᠴᠢᠯᠠᠭᠤᠯᠢᠭ ᠤᠨ ᠳᠤᠳᠤᠭᠠᠳᠤ ᠳᠠᠷᠤᠯᠳᠠ ᠶᠢ ᠰᠤᠯᠨ ᠪᠤᠯᠭᠠᠨ᠂ ᠬᠥᠨᠳᠠᠯᠠᠨ ᠭᠠᠪᠠ ᠪᠠ ᠭᠤᠤᠯᠳᠤ ᠭᠠᠪᠠ | ᠪᠤᠢ ᠪᠤᠯᠤᠨ᠂ ᠵᠠᠭᠤᠨ ᠳᠥᠮᠠᠨ ᠵᠢᠯ ᠤᠨ ᠰᠠᠬᠦᠯᠴᠢ ᠶᠢᠨ ᠬᠤᠭᠤᠴᠠᠭᠠᠨ ᠤ ᠬᠤᠪᠢᠷᠠᠯᠳᠠ ᠶᠢ ᠳᠠᠮᠵᠢᠨ ᠪᠥᠳᠥᠭᠰᠡᠨ | ᠶᠤᠮ ᠭᠡᠵᠠᠢ᠃ ᠭᠡᠪᠠᠴᠤ᠂ ᠪᠠᠶᠢᠴᠠᠭᠠᠯᠳᠠ ᠪᠠᠷ ᠳᠤᠳᠤᠯᠠᠭᠰᠠᠨ ᠨᠢ ᠬᠡᠰᠢᠭᠳᠡᠨ ᠤᠷᠤᠨ ᠳᠤ ᠮᠥᠰᠤᠨ ᠬᠤᠴᠢᠯᠠᠭ᠎ᠠ | ᠶᠢᠨ ᠪᠤᠢ ᠪᠤᠯᠬᠤ ᠨᠥᠬᠦᠴᠡᠯ ᠪᠥᠷᠢᠯᠳᠥᠭᠰᠡᠨ ᠥᠭᠡᠢ ᠮᠥᠷᠳᠡᠭᠡᠨ ᠮᠠᠨ ᠤ ᠤᠯᠤᠰ ᠤᠨ ᠪᠤᠰᠤᠳ ᠥᠨᠳᠤᠷ ᠠᠭᠤᠯᠠᠨ | ᠳᠤ ᠴᠤ ᠮᠥᠰᠤᠨ ᠳᠤ ᠬᠤᠴᠢᠭᠳᠠᠭᠰᠠᠨ ᠥᠯᠡᠳᠡᠭᠳᠡᠯ ᠪᠠᠶᠢᠬᠤ ᠥᠭᠡᠢ ᠪᠠᠶᠢᠵᠥ᠂ ᠵᠥᠪᠭᠡᠨ ᠨᠢᠭᠡ ᠪᠥᠯᠥᠭ | ᠮᠥᠰᠥᠳᠥᠯᠭᠡ ᠶᠢᠨ ᠬᠤᠳᠤᠭᠤᠷ᠂ ᠱᠤᠪᠠᠭ᠋ᠤ ᠤᠷᠭᠢᠯ᠂ ᠭᠢᠷ᠎ᠡ ᠵᠡᠷᠭᠡ ᠮᠥᠰᠥᠳᠥᠯᠭᠡ ᠶᠢᠨ ᠭᠠᠵᠠᠷ ᠤᠨ ᠭᠠᠳᠠᠷᠭᠤ | ᠪᠠᠶᠢᠨ᠎ᠡ᠃ ᠮᠥᠰᠤᠨ ᠬᠤᠴᠢᠯᠠᠭ᠎ᠠ ᠶᠢᠨ ᠳᠠᠷᠤᠯᠳᠠ ᠪᠠᠷ ᠪᠥᠳᠥᠭᠰᠡᠨ ᠤᠨᠤᠯ ᠨᠢ ᠮᠠᠷᠭᠤᠭᠠᠨ ᠲᠠᠢ ᠪᠠᠶᠢᠭᠰᠠᠭᠠᠷ ᠡ᠃ | | ᠡᠬᠦᠨ ᠠᠴᠠ ᠳᠠᠷᠠᠭ᠎ᠠ ᠪᠠᠷ᠂ ᠨᠢᠭᠡ ᠪᠥᠯᠥᠭ ᠰᠤᠳᠤᠯᠤᠭᠴᠢᠳ ᠠᠴᠠ ᠬᠡᠰᠢᠭᠳᠡᠨ ᠤ ᠪᠤᠷᠵᠢᠨ | ᠴᠢᠯᠠᠭᠤᠯᠢᠭ ᠤᠨ ᠴᠢᠯᠠᠭᠤᠨ ᠰᠢᠭᠤᠢ ᠪᠤᠯ ᠪᠤᠷᠵᠢᠨ ᠴᠢᠯᠠᠭᠤᠯᠢᠭ ᠨᠢ ᠮᠥᠰᠥᠳᠥᠯᠭᠡ ᠶᠢᠨ ᠬᠤᠳᠤᠭᠤᠷ ᠤᠨ ᠬᠤᠶᠢᠳᠤ | ᠢᠷᠮᠡᠭ᠂ ᠱᠤᠪᠬᠤ ᠤᠷᠭᠢᠯ ᠪᠠ ᠠᠭᠤᠯᠨᠨ ᠭᠢᠷ᠎ᠡ ᠶᠢᠨ ᠬᠠᠵᠠᠭᠤ ᠶᠢᠨ ᠮᠥᠰᠥᠳᠥᠯᠭᠡ ᠶᠢᠨ ᠢᠳᠡᠭᠳᠡᠬᠦᠯᠬᠦ ᠥᠢᠯᠡᠳᠤᠯ | ᠪᠠ ᠮᠥᠰᠥᠳᠥᠯᠭᠡ ᠶᠢᠨ ᠬᠠᠶᠢᠯᠤᠭᠰᠠᠨ ᠤᠰᠤᠨ ᠤ ᠤᠭᠢᠶᠠᠨ ᠢᠳᠡᠭᠳᠡᠬᠦᠯᠬᠦ ᠥᠢᠯᠡᠳᠤᠯ ᠤᠨ ᠳᠤᠤᠷ᠎ᠡ ᠪᠥᠳᠤᠵᠠᠢ | ᠭᠡᠵᠤ ᠳᠤᠷᠠᠳᠤᠭᠰᠠᠨ ᠪᠠᠶᠢᠨ᠎ᠡ᠃ ᠪᠠᠶᠢᠴᠠ ᠠᠭᠤᠯᠨ᠂ ᠠᠪᠳᠠᠷᠠᠳᠣ ᠵᠡᠷᠭᠡ ᠳᠤ ᠢᠯᠡᠷᠡᠬᠦᠯᠥᠭᠰᠡᠨ ᠮᠥᠰᠥᠳᠥᠯᠭᠡ ᠶᠢᠨ | ᠬᠤᠳᠤᠭᠤᠷ᠂ ᠱᠤᠪᠬᠤ ᠤᠷᠭᠢᠯ᠂ ᠠᠭᠤᠯᠨ ᠭᠢᠷ᠎ᠡ ᠵᠡᠷᠭᠡ ᠭᠠᠵᠠᠷ ᠤᠨ ᠭᠠᠳᠠᠷᠭᠤ ᠨᠢ ᠡᠨᠡᠬᠦ ᠤᠨᠤᠯ ᠳᠤ ᠨᠤᠳᠠᠯᠠᠯᠳᠠ | ᠭᠢᠭᠰᠡᠨ ᠪᠠᠶᠢᠨ᠎ᠡ᠃ | ᠭᠡᠳᠤᠨ ᠵᠥᠢᠯ ᠤᠨ ᠥᠵᠡᠯᠳᠡ ᠶᠢ ᠳ᠋ᠥᠩᠨᠡᠪᠠᠯ ᠠᠰᠠᠬᠳᠤ ᠶᠢᠨ ᠪᠤᠷᠵᠢᠨ ᠴᠢᠯᠠᠭᠤᠯᠢᠭ ᠤᠨ ᠴᠢᠯᠠᠭᠤᠨ | ᠰᠢᠭᠤᠢ ᠶᠢᠨ ᠪᠥᠳᠥᠭᠰᠡᠨ ᠶᠠᠪᠤᠴᠠ ᠶᠢ ᠳᠤᠤᠷᠠᠭᠢ ᠭᠡᠳᠤᠨ ᠬᠤᠭᠤᠴᠠᠭ᠎ᠠ ᠳᠤ ᠬᠤᠪᠢᠶᠠᠵᠤ ᠪᠤᠯᠤᠨ᠎ᠡ᠄ | 250 ᠳᠥᠮᠠᠨ ᠵᠢᠯ ᠤᠨ ᠡᠮᠥᠨ᠎ᠡ᠂ ᠳᠥᠷᠪᠡᠳᠡᠭᠴᠢ ᠭᠠᠯᠪᠠ ᠶᠢᠨ ᠮᠥᠰᠥᠳᠥᠯᠭᠡ ᠶᠢᠨ ᠥᠢᠯᠡᠳᠤᠯ ᠢᠶᠠᠷ᠂ | ᠵᠡᠬᠦᠨ ᠬᠠᠶᠢᠷᠬᠠᠨ ᠤ ᠮᠥᠰᠥᠳᠥᠯᠭᠡ ᠶᠢᠨ ᠬᠤᠳᠤᠭᠤᠷ ᠤᠳ ᠪᠠ ᠬᠤᠷᠴᠠ ᠭᠢᠷ᠎ᠡ ᠪᠤᠢ ᠪᠤᠯᠤᠭᠰᠠᠨ ᠪᠠᠶᠢᠨ᠎ᠡ᠃ | | ᠮᠥᠰᠥᠳᠥᠯᠭᠡ ᠶᠢᠨ ᠬᠤᠳᠤᠭᠤᠷ ᠤᠳ ᠪᠠ ᠬᠤᠷᠴᠠ ᠭᠢᠷ᠎ᠡ ᠨᠢ ᠮᠥᠰᠥᠳᠥᠯᠭᠡ ᠶᠢᠨ ᠢᠳᠡᠭᠳᠡᠬᠦᠯᠥᠯ ᠤᠨ | ᠥᠢᠯᠡᠳᠤᠯ ᠢᠶᠠᠷ ᠭᠡᠪᠳᠡᠭᠡ ᠭᠠᠪᠠ᠂ ᠪᠤᠰᠤᠭ᠎ᠠ ᠭᠠᠪᠠ ᠶᠢ ᠪᠤᠢ ᠪᠤᠯᠭᠠᠵᠤ᠂ ᠪᠤᠷᠵᠢᠨ ᠴᠢᠯᠠᠭᠤᠯᠢᠭ ᠤᠨ ᠭᠠᠪᠠ ᠶᠢ | ᠨᠢᠭᠤᠷ ᠨᠢ ᠳᠠᠰᠤᠷᠠᠯᠳᠠ ᠥᠭᠡᠢ ᠰᠥᠢᠷᠠᠵᠤ᠂ ᠠᠭᠤᠯᠨᠨ ᠭᠢᠷ᠎ᠡ ᠶᠢ ᠳᠠᠭᠠᠭᠰᠠᠨ ᠴᠢᠯᠠᠭᠤᠨ ᠭᠡᠷᠡᠮ ᠪᠤᠢ ᠪᠤᠯᠵᠠᠢ᠃ | ᠰᠠᠯᠭᠢ ᠡᠰᠡᠷᠬᠦ ᠬᠥᠳᠤᠯ ᠤᠨ ᠴᠢᠯᠠᠭᠤᠨ ᠬᠡᠷᠡᠮ ᠨᠢ ᠬᠥᠴᠥᠳᠤ ᠰᠠᠯᠭᠢᠨ ᠤ ᠢᠳᠡᠭᠳᠡᠬᠦᠯᠥᠯ ᠤᠨ ᠥᠢᠯᠡᠳᠤᠯ ᠢᠶᠠᠷ | ᠪᠥᠭᠡᠷᠡᠩᠭᠡᠢ ᠭᠡᠯᠪᠠᠷᠢᠳᠠᠢ ᠴᠢᠯᠠᠭᠤᠨ ᠪᠠᠭᠠᠨᠡ ᠪᠤᠯᠵᠤ᠂ ᠨᠥᠮᠥᠷᠢ ᠳᠠᠯ᠎ᠠ ᠶᠢᠨ ᠬᠥᠳᠤᠯ ᠤᠨ ᠴᠢᠯᠠᠭᠤᠨ ᠭᠡᠷᠡᠮ ᠨᠢ | ᠥᠨᠴᠥᠭ ᠢᠷᠮᠡᠭ ᠨᠢ ᠳᠤᠳᠤᠷᠬᠠᠢ ᠳ᠋ᠠᠩ ᠴᠢᠯᠠᠭᠤᠨ ᠬᠡᠷᠡᠮ ᠪᠤᠶᠤ ᠴᠢᠯᠠᠭᠤᠨ ᠪᠠᠭᠠᠨᠡ ᠪᠤᠯᠵᠠᠢ᠃ | ᠴᠢᠯᠠᠭᠤᠨ ᠬᠡᠷᠡᠮ ᠪᠠ ᠴᠢᠯᠠᠭᠤᠨ ᠪᠠᠭᠠᠨᠡ ᠨᠢ ᠤᠷᠳᠤ ᠬᠤᠭᠤᠴᠠᠭᠠᠨ ᠤ ᠰᠠᠯᠭᠢᠨ᠂ ᠪᠤᠷᠤᠭᠠᠨ ᠪᠠ ᠬᠥᠨᠳᠤ | ᠶᠢᠨ ᠬᠥᠴᠥᠨ ᠤ ᠥᠢᠢᠯᠡᠳᠤᠯ ᠠᠴᠠ ᠪᠤᠯᠵᠤ᠂ ᠠᠭᠠᠵᠢᠮ ᠢᠶᠠᠷ ᠨᠤᠷᠠᠵᠤ᠂ ᠴᠢᠯᠠᠭᠤᠨ ᠳᠠᠶᠢᠰᠠ᠂ ᠴᠢᠯᠠᠭᠤᠨ ᠳᠠᠯᠠᠢ | ᠪᠤᠯᠵᠤ᠂ ᠡᠴᠥᠰ ᠲᠡᠭᠡᠨ ᠰᠠᠯᠭᠢᠨ ᠳᠤ ᠢᠳᠡᠭᠳᠡᠨ ᠰᠢᠷᠤᠢ ᠪᠤᠯᠳᠠᠭ᠃ | ᠪᠣᠷᠵᠢᠨ ᠴᠢᠯᠠᠭᠤᠯᠢᠭ ᠤᠨ ᠣᠭᠤᠷ | ᠬᠡᠰᠢᠭᠳᠡᠨ ᠣᠷᠣᠨ ᠳᠤ ᠪᠠᠰᠠ ᠨᠢᠭᠡᠨ ᠣᠨᠴᠠᠭᠠᠢ ᠭᠠᠵᠠᠷ ᠤᠨ ᠭᠠᠳᠠᠷᠭᠤ — ᠪᠣᠷᠵᠢᠨ ᠴᠢᠯᠠᠭᠤᠯᠢᠭ ᠤᠨ | ᠣᠭᠤᠷ ᠪᠠᠶᠢᠳᠠᠭ᠃ ᠪᠤᠷᠵᠢᠨ ᠴᠢᠯᠠᠭᠤᠯᠢᠭ ᠤᠨ ᠤᠭᠤᠷ ᠪᠤᠯ ᠪᠤᠷᠵᠢᠨ ᠴᠢᠯᠠᠭᠤᠯᠢᠭ ᠤᠨ ᠨᠢᠭᠤᠷ ᠲᠠᠬᠢ ᠵᠢᠭᠳᠡ | ᠪᠤᠰᠤ ᠬᠤᠩᠬᠤᠷ ᠢ ᠭᠡᠯᠡᠳᠡᠭ᠂ ᠡᠶᠢᠮᠥᠷᠬᠦ ᠬᠤᠩᠬᠤᠷ ᠤᠨ ᠠᠮᠠᠰᠠᠷ ᠨᠢ ᠶᠡᠭᠡ ᠭᠡᠪᠠᠯᠢ ᠨᠢ ᠪᠠᠭ᠎ᠠ᠂ ᠳᠤᠳᠤᠷ᠎ᠡ ᠬᠠᠨ᠎ᠡ | ᠨᠢ ᠱᠤᠷᠠᠭ ᠭᠡᠯᠪᠠᠷᠢ ᠶᠢᠨ ᠤᠨᠴᠠᠯᠢᠭ ᠲᠠᠢ ᠪᠠᠶᠢᠳᠠᠭ᠃ ᠤᠮᠠᠷᠠᠳᠤ ᠶᠢᠨ ᠥᠨᠳᠤᠷ ᠥᠷᠭᠡᠷᠢᠭ ᠤᠨ ᠤᠷᠤᠨ ᠳᠤ | ᠤᠯᠠᠨ ᠪᠠᠶᠢᠵᠤ᠂ ᠠᠪᠳᠠᠷᠠᠳᠤ ᠶᠢᠨ ᠠᠭᠤᠯᠨᠨ ᠤᠷᠤᠢ ᠳᠠᠬᠢ ᠴᠢᠯᠠᠭᠤᠯᠢᠭ ᠤᠭᠤᠷ ᠢᠶᠠᠷ ᠳᠥᠯᠥᠭᠡᠯᠡᠬᠦᠯᠵᠥ ᠪᠠᠶᠢᠳᠠᠭ᠃ | ᠡᠳᠡᠭᠡᠷ ᠤᠭᠤᠷ ᠤᠨ ᠤᠯᠠᠩᠭᠢ ᠨᠢ ᠪᠤᠷᠵᠢᠨ ᠴᠢᠯᠠᠭᠤᠯᠢᠭ ᠤᠨ ᠨᠢᠭᠤᠷ ᠲᠤ ᠳᠠᠷᠬᠠᠵᠤ ᠵᠤᠤᠪᠠᠩ ᠭᠡᠯᠪᠠᠷᠢ᠂ | ᠳᠤᠭᠤᠷᠢᠭ ᠭᠡᠯᠪᠠᠷᠢ᠂ ᠬᠠᠯᠪᠠᠭ᠎ᠠ ᠭᠡᠯᠪᠠᠷᠢ ᠪᠠ ᠵᠢᠭᠳᠡ ᠪᠤᠰᠤ ᠬᠠᠭᠠᠰ ᠳᠤᠭᠤᠷᠢᠭ ᠭᠡᠯᠪᠠᠷᠢ ᠪᠠᠷ ᠪᠤᠷᠵᠢᠨ | ᠴᠢᠯᠠᠭᠤᠯᠢᠭ ᠤᠨ ᠴᠤᠭᠴᠠ ᠳᠤ ᠰᠢᠭᠢᠳᠤᠨ ︽ᠳᠡᠯᠡᠭᠡᠢ ᠶᠢᠨ ᠬᠠᠴᠢᠨ ᠥᠵᠡᠭᠳᠡᠯ︾ ᠭᠡᠮᠡᠨ ᠠᠯᠳᠠᠷᠰᠢᠵᠠᠢ᠃ | | ᠠᠪᠳᠠᠷᠠᠳᠣ ᠶᠢᠨ ᠪᠤᠷᠵᠢᠨ ᠴᠢᠯᠠᠭᠤᠯᠢᠭ ᠤᠨ ᠤᠭᠤᠷ ᠤᠨ ᠪᠥᠳᠥᠭᠰᠡᠨ ᠰᠢᠯᠳᠠᠭᠠᠨ ᠨᠢ ᠥᠨᠥᠳᠤᠷ ᠲᠤ | ᠳᠤᠯᠳᠠᠯ᠎ᠠ ᠨᠢᠭᠡᠨ ᠭᠦᠨᠵᠡᠭᠡᠢ ᠰᠤᠳᠤᠯᠤᠭᠤᠰᠢᠳᠠᠢ ᠰᠢᠨᠵᠢᠯᠡᠬᠦ ᠤᠬᠠᠭᠠᠨ ᠤ ᠠᠰᠠᠭᠤᠳᠠᠯ ᠪᠤᠯᠤᠭᠠᠳ ᠪᠠᠶᠢᠨ᠎ᠡ᠂ | ᠤᠳᠤᠬᠠᠨ ᠳᠤ ᠮᠥᠰᠥᠳᠥᠯᠭᠡ ᠶᠢᠨ ᠤᠨᠤᠯ᠂ ᠰᠠᠯᠭᠢᠨ ᠤ ᠢᠳᠡᠭᠳᠡᠬᠦᠯᠥᠯ ᠤᠨ ᠤᠨᠤᠯ᠂ ᠶᠠᠷᠥᠩᠭᠡᠶᠢᠯᠡᠨ ᠪᠥᠳᠥᠭᠡᠭᠰᠡᠨ | ᠰᠢᠯᠳᠠᠭᠠᠨ ᠤ ᠤᠨᠤᠯ ᠵᠡᠷᠭᠡ ᠥᠵᠡᠯᠳᠡ ᠪᠤᠢ᠃ | ᠮᠥᠰᠥᠳᠥᠯᠭᠡ ᠶᠢᠨ ᠤᠨᠤᠯ ᠤᠨ ᠥᠵᠡᠬᠦ ᠪᠠᠷ ᠮᠥᠰᠥᠨ ᠭᠤᠤᠯ ᠤᠨ ᠬᠠᠶᠢᠯᠤᠭᠰᠠᠨ ᠤᠰᠤ᠂ ᠮᠥᠰᠥᠨ ᠤ | ᠠᠩ ᠵᠠᠪᠰᠠᠷ ᠪᠤᠶᠤ ᠮᠥᠰᠤᠨ ᠤ ᠵᠠᠭᠠᠭ ᠢᠶᠠᠷ ᠳᠤᠷᠤᠭᠰᠢ ᠰᠥᠷᠴᠢᠬᠦ᠂ ᠳᠥᠷᠭᠡᠨ ᠤᠷᠤᠰᠬᠤ᠂ ᠳᠥᠷᠢᠬᠦ᠂ | ᠡᠷᠭᠢᠯᠳᠥᠬᠦ ᠪᠠ ᠰᠠᠭᠤᠷᠢ ᠴᠢᠯᠠᠭᠤᠯᠢᠭ ᠢ ᠡᠯᠡᠭᠳᠡᠬᠦᠯᠬᠦ ᠪᠠᠷ ᠳᠠᠮᠵᠢᠨ ︽ᠮᠥᠰᠥᠳᠥᠯᠭᠡ ᠶᠢᠨ ᠤᠭᠤᠷ︾ ᠪᠤᠯᠵᠠᠢ︔ | ᠭᠡᠪᠠᠴᠤ ᠰᠠᠯᠭᠢᠨ ᠤ ᠢᠳᠡᠭᠳᠡᠬᠦᠯᠥᠯ ᠤᠨ ᠤᠨᠤᠯ ᠤᠨ ᠥᠵᠡᠬᠦ ᠪᠠᠷ 1 ᠳᠥᠮᠨ 8 ᠮᠢᠩᠭ᠎ᠠ ᠠᠴᠠ 1 ᠳᠥᠮᠠᠨ ᠵᠢᠯ | ᠠᠴᠠ ᠨᠠᠰᠢ᠂ ᠬᠡᠰᠢᠭᠳᠡᠨ ᠤᠷᠤᠨ ᠤ ᠰᠠᠯᠭᠢᠨ ᠤ ᠬᠥᠴᠥ ᠴᠢᠩᠭ᠎ᠠ᠂ ᠪᠤᠷᠵᠢᠨ ᠴᠢᠯᠠᠭᠤᠯᠢᠭ ᠥᠯᠢᠶᠠᠨ ᠢᠳᠡᠭᠳᠡᠬᠦᠯᠬᠦ | ᠥᠢᠯᠡᠳᠤᠯ ᠢᠶᠠᠷ ᠨᠢᠭᠤᠷ ᠳᠠᠯ᠎ᠠ ᠳᠤᠨᠢ ᠠᠳᠠᠯᠢ ᠪᠤᠰᠤ ︽ᠨᠥᠭᠡ︾ ᠪᠥᠳᠤᠵᠠᠢ︔ | ᠬᠠᠮᠳᠤᠷᠠᠨ ᠪᠥᠳᠥᠭᠡᠭᠰᠡᠨ ᠤᠨᠤᠯ ᠤᠨ ᠥᠵᠡᠬᠦ ᠪᠠᠷ ᠪᠤᠷᠵᠢᠨ ᠴᠢᠯᠠᠭᠤᠯᠢᠭ ᠪᠤᠯ ᠠᠮᠠᠷᠬᠠᠨ ᠰᠠᠯᠭᠢᠨ ᠳᠤ | ᠡᠯᠡᠭᠳᠡᠳᠡᠭ ᠴᠢᠯᠠᠭᠤᠯᠢᠭ ᠮᠥᠨ᠂ ᠪᠤᠷᠵᠢᠨ ᠴᠢᠯᠠᠭᠤᠯᠢᠭ ᠨᠢ ᠤᠰᠤ᠂ ᠬᠥᠯᠳᠠᠵᠤ ᠭᠡᠰᠡᠬᠦ ᠥᠢᠯᠡᠳᠤᠯ᠂ ᠰᠠᠯᠭᠢᠨ ᠤ | ᠢᠳᠡᠭᠳᠡᠬᠦᠯᠥᠯ ᠤᠨ ᠥᠢᠯᠡᠳᠤᠯ ᠤᠨ ᠬᠠᠮᠳᠤ ᠪᠠᠷ ᠤᠷᠤᠯᠴᠠᠭᠰᠠᠨ ᠠᠳᠠᠯᠢ ᠪᠤᠰᠤ ᠶᠢᠨ ᠡᠯᠡᠭᠳᠡᠯ ᠤᠨ ᠥᠢᠯᠡᠳᠤᠯ ᠢᠶᠠᠷ | ᠪᠥᠳᠥᠭᠡᠭᠰᠡᠨ ᠴᠢᠯᠠᠭᠤᠯᠢᠭ ᠤᠭᠤᠷ ᠮᠥᠨ᠃ | ᠡᠳᠡᠭᠡᠷ ᠳᠠᠨᠢᠯᠴᠠᠭᠤᠯᠭ᠎ᠠ ᠪᠠᠷ ᠳᠠᠮᠵᠢᠨ᠂ ᠲᠠ ᠪᠥᠬᠦᠨ ᠪᠤᠷᠵᠢᠨ ᠴᠢᠯᠠᠭᠤᠯᠢᠭ ᠶᠠᠭᠠᠭᠢᠵᠤ ᠪᠥᠳᠥᠭᠡᠭᠰᠡᠨ ᠢ | ᠭᠡᠯᠡᠵᠤ ᠳᠠᠶᠢᠯᠥᠨᠡ︖ ᠮᠥᠳᠳᠤ ᠮᠡᠳᠡᠯᠭᠡ ᠶᠢᠨ ᠠᠰᠠᠭᠤᠯᠳᠠ ᠬᠠᠷᠢᠭᠤᠯᠳᠠ ᠳᠤ ᠤᠷᠤᠯᠴᠠᠬᠤ ᠥᠶᠡᠰ᠂ | ᠥᠪᠠᠷ ᠤᠨ ᠥᠵᠡᠯᠳᠡ ᠪᠠᠨ ᠶᠠᠷᠢᠵᠤ ᠪᠤᠯᠤᠨ᠎ᠡ᠃ ᠬᠠᠷᠢᠭᠤᠯᠵᠤ ᠴᠢᠳᠠᠬᠤ ᠡᠰᠡᠬᠦ ᠶᠢ ᠴᠢᠨᠢ ᠥᠵᠡᠨ᠎ᠡ ᠳ᠋ᠠ᠃ | | ᠪᠤᠰᠤᠳ ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ | ᠳᠡᠭᠡᠷ᠎ᠡ ᠳᠤᠷᠠᠳᠤᠭᠰᠠᠨ ᠪᠤᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠥᠵᠡᠮᠵᠢ ᠠᠴᠠ ᠭᠠᠳᠠᠨ᠎ᠡ | ᠭᠠᠵᠠᠷ ᠰᠢᠨᠵᠢᠯᠡᠭᠡᠨ ᠤ ᠴᠡᠴᠡᠷᠯᠢᠭ ᠳᠤ ᠪᠠᠰᠠ ᠪᠤᠷᠵᠢᠨ ᠴᠢᠯᠠᠭᠤᠯᠢᠭ ᠤᠨ ᠬᠠᠳᠠᠨ ᠰᠢᠭᠤᠢ ᠪᠠ ᠪᠤᠷᠵᠢᠨ | ᠴᠢᠯᠠᠭᠤᠯᠢᠭ ᠤᠨ ᠴᠢᠯᠠᠭᠤᠨ ᠥᠨᠳᠡᠭᠡ ᠵᠡᠷᠭᠡ ᠪᠤᠢ᠃ | ᠪᠤᠷᠵᠢᠨ ᠴᠢᠯᠠᠭᠤᠯᠢᠭ ᠤᠨ ᠬᠠᠳᠠᠨ ᠰᠢᠭᠤᠢ ᠶᠢᠨ ᠤᠯᠠᠩᠭᠢ ᠨᠢ ᠴᠢᠯᠠᠭᠤᠯᠢᠭ ᠪᠠᠭᠠᠨᠡ ᠪᠠᠷ ᠪᠥᠷᠢᠯᠳᠥᠭᠰᠡᠨ | ᠪᠤᠷᠵᠢᠨ ᠴᠢᠯᠠᠭᠤᠯᠢᠭ ᠤᠨ ᠴᠤᠭᠴᠠ ᠪᠠᠷ ᠪᠥᠳᠥᠵᠥ᠂ ᠠᠭᠤᠯᠨ ᠨᠢ ᠡᠭ᠍ᠴᠡ ᠥᠨᠳᠤᠷ᠂ ᠴᠢᠯᠠᠭᠤᠯᠢᠭ ᠨᠢ ᠢᠯᠨ | ᠭᠠᠷᠤᠭᠰᠠᠨ ᠪᠠᠶᠢᠳᠠᠭ᠂ ᠭᠠᠪᠠ ᠪᠠ ᠤᠭᠳᠤᠯᠤᠭᠠᠰᠤ ᠶᠢ ᠳᠠᠭᠠᠵᠤ ᠬᠥᠴᠥᠳᠤ ᠰᠠᠯᠭᠢᠨ ᠳᠤ ᠳᠠᠭᠠᠷᠢᠭᠳᠠᠨ᠂ | ᠤᠷᠤᠰᠬᠠᠯ ᠤᠰᠤᠨ ᠳᠤ ᠢᠳᠡᠭᠳᠡᠵᠤ ᠬᠠᠴᠢᠨ ᠤᠷᠭᠢᠯ ᠬᠥᠨ ᠭᠠᠩᠭ᠎ᠠ ᠶᠢᠨ ᠥᠵᠡᠮᠵᠢ ᠶᠢ ᠪᠥᠳᠥᠭᠡᠵᠠᠢ᠃ | ᠤᠯᠤᠰ ᠤᠨ ᠳᠤᠳᠤᠭᠠᠳᠤ ᠳᠠᠬᠢ ᠪᠤᠷᠵᠢᠨ ᠴᠢᠯᠠᠭᠤᠯᠢᠭ ᠤᠨ ᠬᠠᠳᠠᠨ ᠰᠢᠭᠤᠢ ᠨᠢ ᠤᠯᠠᠩᠭᠢ ᠨᠢ ᠡᠮᠥᠨᠡᠳᠤ ᠤᠷᠤᠨ ᠳᠤ | ᠳᠠᠷᠬᠠᠵᠤ ᠪᠠᠶᠢᠳᠠᠭ᠂ ᠵᠢᠱᠢᠶᠠᠯᠡᠪᠠᠯ᠂ ᠠᠨᠾᠦ᠋ᠢ᠂ ᠵᠢᠶᠠᠩᠰᠢ ᠵᠡᠷᠭᠡ ᠭᠠᠵᠠᠷ᠃ | ᠴᠢᠯᠠᠭᠤᠨ ᠥᠨᠳᠡᠭᠡᠨ ᠤ ᠭᠠᠵᠠᠷ ᠤᠨ ᠭᠠᠳᠠᠷᠭᠤ ᠪᠤᠯ ᠪᠤᠷᠵᠢᠨ ᠴᠢᠯᠠᠭᠤᠯᠢᠭ ᠤᠨ ᠳᠤᠳᠤᠷᠠᠭᠢ ᠭᠠᠪᠠ ᠨᠢ | ᠳᠠᠰᠤᠷᠠᠯᠳᠠ ᠥᠭᠡᠢ ᠢᠳᠡᠭᠳᠡᠬᠦ ᠪᠠ ᠰᠠᠯᠭᠢᠨ ᠳᠤ ᠡᠯᠡᠭᠳᠡᠨ᠂ ᠴᠢᠯᠠᠭᠤᠯᠢᠭ ᠤᠨ ᠭᠡᠰᠡᠭ ᠪᠣᠯᠵᠣ᠂ ᠪᠥᠮᠪᠤᠷᠴᠡᠭ | ᠭᠡᠯᠪᠠᠷᠢ ᠪᠠᠷ ᠰᠠᠯᠭᠢᠨ ᠳᠤ ᠡᠯᠡᠭᠳᠡᠭᠰᠡᠨ ᠤ ᠳᠠᠷᠠᠭ᠎ᠠ ᠪᠤᠢ ᠪᠤᠯᠵᠠᠢ᠃ ᠳᠠᠯᠠᠶᠢᠨᠠᠭᠤᠷ ᠤᠨ ᠡᠮᠥᠨ᠎ᠡ ᠡᠷᠭᠡ ᠳᠠᠬᠢ ᠮᠠᠨᠳᠠᠯ | ᠠᠭᠤᠯᠨ᠂ ᠭᠡᠯᠪᠠᠷᠢ ᠳᠥᠷᠰᠤ ᠨᠢ ᠡᠳᠡᠭᠡᠳ ᠴᠢᠯᠠᠭᠤᠨ ᠥᠨᠳᠡᠭᠡᠨ ᠭᠠᠵᠠᠷ ᠤᠨ ᠭᠠᠳᠠᠷᠭᠤ ᠨᠢ ᠨᠢᠭᠡᠨ ᠪᠥᠭᠡᠷᠡᠩᠭᠡᠢ | ᠭᠡᠯᠪᠠᠷᠢ ᠲᠠᠢ ᠠᠭᠤᠯᠨ ᠶᠢᠨ ᠴᠤᠭᠴᠠ ᠶᠢ ᠪᠥᠳᠥᠭᠡᠵᠤ᠂ ᠮᠠᠨᠲᠸᠤ ᠭᠡᠯᠪᠠᠷᠢ ᠲᠠᠢ ᠪᠤᠯᠵᠠᠢ᠃ ᠤᠯᠤᠰ ᠤᠨ | ᠳᠤᠳᠤᠭᠠᠳᠤ ᠳᠠᠬᠢ ᠪᠤᠷᠵᠢᠨ ᠴᠢᠯᠠᠭᠤᠯᠢᠭ ᠤᠨ ᠴᠢᠯᠠᠭᠤᠨ ᠥᠨᠳᠡᠭᠡ ᠨᠢ ᠵᠥᠵᠢᠶᠡᠩ ᠤᠨ ᠭᠤᠷᠪᠠᠯᠵᠢᠨ ᠬᠤᠶᠢᠭ ᠤᠨ | ᠡᠯ᠎ᠡ ᠭᠠᠵᠠᠷ ᠪᠠ ᠵᠡᠬᠦᠨ ᠡᠮᠥᠨᠡᠳᠤ ᠶᠢᠨ ᠳᠠᠯᠠᠢ ᠳᠠᠭᠠᠤ ᠤᠷᠤᠨ ᠳᠤ ᠤᠯᠠᠨ ᠬᠠᠷᠠᠭᠳᠠᠳᠠᠭ᠃ | ᠭᠡᠰᠢᠭᠳᠡᠨ ᠪᠤᠯ ᠮᠠᠨ ᠤ ᠤᠯᠤᠰ ᠤᠨ ᠴᠤᠷ ᠤᠨ ᠭᠠᠭᠴᠠ ᠳᠥᠷᠪᠡᠨ ᠵᠥᠢᠯ ᠤᠨ ᠪᠤᠷᠵᠢᠨ ᠴᠢᠯᠠᠭᠤᠯᠢᠭ ᠤᠨ | ᠭᠠᠵᠠᠷ ᠤᠨ ᠭᠠᠳᠠᠷᠭᠤ ᠶᠢᠨ ᠳᠥᠷᠤᠯ ᠵᠥᠢᠯ ᠢ ᠪᠥᠷᠢᠯᠳᠥᠬᠦᠯᠥᠭᠰᠡᠨ ᠥᠵᠡᠮᠵᠢ ᠶᠢᠨ ᠤᠷᠤᠨ ᠮᠥᠨ᠂ ᠪᠥᠬᠦ ᠳᠠᠯᠡᠭᠡᠢ | ᠳᠤ ᠴᠤ ᠬᠤᠪᠣᠷᠬᠠᠨ ᠥᠪᠠᠷᠮᠢᠴᠡ ᠤᠨᠴᠠᠯᠢᠭ ᠲᠠᠢ ᠪᠠᠶᠢᠵᠥ᠂ ᠤᠯᠠᠨ ᠮᠠᠷᠭᠡᠵᠢᠯᠳᠡᠳ ᠤᠨ ᠰᠤᠨᠢᠷᠬᠠᠯ ᠢ ᠳᠠᠳᠠᠵᠤ | ᠰᠢᠨᠵᠢᠯᠡᠨ ᠪᠠᠶᠢᠴᠠᠭᠠᠬᠤ ᠪᠠᠷ ᠢᠷᠡᠵᠡᠭᠡᠵᠣ ᠪᠤᠢ᠃ | ᠭᠠᠯᠳᠤ ᠠᠭᠤᠯᠠᠨ ᠤ ᠭᠠᠵᠠᠷ ᠰᠢᠨᠵᠢᠯᠡᠭᠡᠨ ᠤ ᠥᠯᠡᠳᠡᠭᠳᠡᠯ | ᠤᠰᠤ ᠪᠠ ᠭᠠᠯ ᠪᠤᠯ ᠬᠠᠷᠢᠯᠴᠠᠨ ᠡᠰᠡᠷᠬᠦᠴᠡᠯᠳᠤᠵᠤ ᠪᠠᠶᠢᠳᠠᠭ᠃ ᠬᠠᠮᠳᠤ ᠪᠠᠷ ᠤᠷᠤᠰᠢᠵᠤ ᠳᠠᠶᠢᠯᠬᠦ ᠥᠭᠡᠢ | ᠃ ᠲᠠ ᠪᠥᠬᠦᠨ ᠯᠠᠪᠳᠠᠢ ᠭᠠᠶᠢᠬᠠᠰᠢ ᠳᠥᠷᠥᠬᠦ ᠪᠠᠶᠢᠬᠤ ᠡ᠂ ᠮᠥᠰᠥᠳᠥᠯᠭᠡ ᠳᠤ ᠬᠤᠴᠢᠭᠳᠠᠭᠰᠠᠨ ᠬᠡᠰᠢᠭᠳᠡᠨ ᠤᠷᠤᠨ | ᠳᠤ ᠶᠠᠭᠠᠭᠢᠬᠤ ᠳᠠᠭᠠᠨ ᠪᠠᠰᠠ ᠭᠠᠯᠳᠤ ᠠᠭᠤᠯᠨ ᠰᠥᠷᠴᠢᠳᠡᠭ ᠪᠤᠢ︖ | ᠭᠠᠯᠳᠤ ᠠᠭᠤᠯᠨ ᠶᠢ ᠭᠡᠳᠥᠶᠢᠪᠡᠷ ︽ᠭᠠᠯᠳᠤ︾ ᠠᠭᠤᠯᠨ ᠭᠡᠳᠡᠭ ᠪᠤᠯᠪᠠᠴᠤ᠂ ᠳᠠᠷᠨ ᠪᠥᠬᠦᠳᠠᠭᠡᠷ ᠢᠶᠠᠨ | ᠭᠠᠯ ᠲᠠᠢ ᠪᠢᠰᠢ᠃ ᠭᠠᠯᠳᠤ ᠠᠭᠤᠯᠨ ᠪᠤᠯ ᠬᠠᠳᠠᠭᠤ ᠪᠠᠶᠠᠳᠤ ᠭᠡᠮᠭᠡᠳᠡᠭ ᠪᠤᠳᠠᠰ᠂ ᠮᠠᠭᠮᠨ ᠶᠢᠨ ᠤᠷᠤᠰᠬᠠᠯ ᠪᠤᠶᠤ | ᠬᠥᠩᠭᠦᠷ ᠭᠡᠯᠪᠠᠷᠢᠳᠤ ᠰᠥᠷᠴᠢᠮᠡᠯ ᠪᠤᠳᠠᠰ ᠰᠥᠷᠴᠢᠮᠡᠯ ᠠᠮᠨ ᠶᠢᠨ ᠳᠤᠭᠤᠷᠢᠨ ᠳᠤ ᠤᠪᠤᠭᠠᠷᠠᠨ ᠪᠥᠳᠥᠭᠰᠡᠨ | ᠳᠤᠪᠤᠷᠬᠠᠭ ᠪᠤᠶᠤ ᠠᠭᠤᠯᠨ ᠶᠢ ᠭᠡᠯᠡᠳᠡᠭ᠃ ᠭᠠᠵᠠᠷ ᠤᠨ ᠴᠡᠷᠴᠠᠳᠠᠰᠤᠨ ᠠᠴᠠ ᠳᠤᠷᠤᠭᠰᠢ 100 ᠠᠴᠠ 150 | ᠺᠢᠯᠥᠮᠧᠲᠷ ᠤᠨ ᠭᠡᠮᠵᠢᠶᠠᠨ ᠳᠤ᠂ ᠨᠢᠭᠡᠨ ︽ᠰᠢᠩᠭᠡᠨ ᠪᠠᠶᠠᠳᠤ ᠤᠷᠤᠨ︾ ᠪᠠᠶᠢᠵᠥ᠂ ᠠᠳᠡ ᠥᠨᠳᠤᠷ ᠳᠤᠯᠠᠭᠠᠨ᠂ | ᠥᠨᠳᠤᠷ ᠳᠠᠷᠤᠯᠳᠠ᠂ ᠭᠡᠢ ᠪᠠᠶᠠᠳᠤ ᠶᠢᠨ ᠪᠥᠷᠢᠯᠳᠡᠬᠦᠨ ᠲᠠᠢ ᠬᠠᠶᠢᠯᠤᠮᠠᠯ ᠭᠡᠯᠪᠠᠷᠢ ᠶᠢᠨ ᠴᠢᠭᠢᠭᠤᠷ ᠬᠥᠴᠢᠯ | ᠳᠠᠪᠤᠰᠤᠯᠢᠭ ᠪᠤᠳᠠᠰ ᠪᠠᠶᠢᠳᠠᠭ ᠨᠢ ᠳᠠᠷᠤᠢ ᠮᠠᠭᠮᠨ ᠪᠤᠯᠤᠨ᠎ᠡ᠃ ᠳᠠᠷᠨ ᠨᠢ ᠭᠠᠵᠠᠷ ᠤᠨ ᠴᠡᠷᠴᠠᠳᠠᠰᠤᠨ ᠤ ᠭᠡᠪᠠᠷᠡᠭ | ᠭᠠᠵᠠᠷ ᠢᠶᠠᠷ ᠤᠷᠭᠢᠯᠥᠨ ᠭᠠᠷᠪᠠᠯ᠂ ᠭᠠᠯᠳᠤ ᠠᠭᠤᠯᠨ ᠪᠤᠢ ᠪᠤᠯᠳᠠᠭ᠃ | ᠭᠠᠯᠳᠤ ᠠᠭᠤᠯᠨ ᠶᠢ ᠭᠤᠷᠪᠡᠨ ᠳᠥᠷᠤᠯ ᠳᠤ ᠬᠤᠪᠢᠶᠠᠳᠠᠭ᠄ ᠠᠵᠢᠯᠯᠠᠭ᠎ᠠ ᠲᠠᠢ ᠭᠠᠯᠳᠤ ᠠᠭᠤᠯᠨ᠂ | ᠢᠴᠡᠭᠡᠯᠡᠭᠰᠡᠨ ᠭᠠᠯᠳᠤ ᠠᠭᠤᠯᠨ᠂ ᠰᠥᠨᠥᠭᠰᠡᠨ ᠭᠠᠯᠳᠤ ᠠᠭᠤᠯᠨ᠃ | ᠠᠵᠢᠯᠯᠠᠭ᠎ᠠ ᠲᠠᠢ ᠭᠠᠯᠳᠤ ᠠᠭᠤᠯᠨ ᠪᠤᠯ ᠳᠡᠥᠭᠡᠨ ᠳᠡᠭᠡᠷ᠎ᠡ ᠰᠥᠷᠴᠢᠵᠤ ᠥᠩᠭᠡᠷᠡᠭᠰᠡᠨ ᠪᠥᠭᠡᠳ ᠤᠳᠤ | ᠪᠠᠰᠠ ᠠᠵᠢᠯᠯᠠᠭ᠎ᠠ ᠲᠠᠢ ᠪᠠᠶᠢᠭ᠎ᠠ ᠭᠠᠯᠳᠤ ᠠᠭᠤᠯᠨ ᠶᠢ ᠭᠡᠯᠡᠨ᠎ᠡ᠃ | ᠢᠴᠡᠭᠡᠯᠡᠭᠰᠡᠨ ᠭᠠᠯᠳᠤ ᠠᠭᠤᠯᠨ ᠪᠤᠯ ᠳᠡᠥᠭᠡᠨ ᠳᠡᠭᠡᠷ᠎ᠡ ᠰᠥᠷᠴᠢᠵᠥ ᠥᠩᠬᠡᠷᠡᠭᠰᠡᠨ ᠪᠤᠯᠪᠠᠴᠤ ᠤᠳᠤ | ᠢᠴᠡᠭᠡᠯᠡᠭᠰᠡᠨ ᠪᠠᠶᠢᠳᠠᠯ ᠳᠤ ᠪᠠᠶᠢᠭ᠎ᠠ ᠭᠠᠯᠳᠤ ᠠᠭᠤᠯᠨ ᠶᠢ ᠭᠡᠯᠡᠨ᠎ᠡ᠃ | ᠰᠦᠨᠦᠭᠰᠡᠨ ᠭᠠᠯᠳᠤ ᠠᠭᠤᠯᠨ ᠪᠤᠯ ᠨᠢᠭᠡᠯᠨ ᠤᠳᠠᠭ᠎ᠠ ᠰᠥᠷᠴᠢᠵᠥ ᠥᠩᠬᠡᠷᠡᠭᠰᠡᠨ ᠤ ᠳᠠᠷᠠᠭ᠎ᠠ ᠳᠠᠭᠢᠨ | ᠰᠥᠷᠴᠢᠵᠥ ᠥᠩᠬᠡᠷᠡᠭᠰᠡᠨ ᠥᠭᠡᠢ ᠭᠠᠯᠳᠤ ᠠᠭᠤᠯᠨ ᠶᠢ ᠭᠡᠯᠡᠨ᠎ᠡ᠂ ᠳᠡᠬᠦᠨ ᠤ ᠪᠥᠳᠥᠴᠡ ᠨᠢ ᠤᠷᠳᠤ ᠤᠳᠠᠭᠠᠨ | ᠭᠠᠵᠠᠷ ᠰᠢᠨᠵᠢᠯᠡᠭᠡᠨ ᠤ ᠳᠡᠥᠭᠡ ᠶᠢᠨ ᠶᠠᠪᠤᠴᠠ ᠳᠤ ᠡᠪᠳᠡᠷᠡᠳᠡᠭ᠃ | ᠭᠡᠯᠡᠯᠭᠡᠨ ᠥᠭᠡᠢ᠂ ᠭᠠᠯᠳᠤ ᠠᠭᠤᠯᠨ ᠨᠢ ᠪᠢᠳᠠᠨ ᠳᠤ ᠮᠠᠰᠢ ᠶᠡᠭᠡ ᠭᠠᠮᠰᠢᠭ ᠢ ᠠᠪᠴᠢᠷᠠᠵᠤ ᠥᠭᠳᠡᠭ᠃ | ᠤᠳᠤᠭ᠎ᠠ ᠮᠠᠨᠠᠨ ᠨᠠᠷᠨ ᠶᠢ ᠬᠠᠯᠬᠠᠯᠠᠵᠤ᠂ ᠬᠠᠶᠢᠯᠤᠭᠰᠠᠨ ᠴᠢᠯᠠᠭᠤᠯᠢᠭ ᠭᠠᠵᠠᠷ ᠳᠠᠷᠢᠶ᠎ᠡ ᠶᠢ ᠳᠠᠷᠤᠵᠤ᠂ ᠭᠡᠷ ᠪᠠᠷᠢᠯᠭ᠎ᠠ | ᠂ ᠬᠤᠳᠠ ᠪᠠᠯᠭᠠᠳ ᠢ ᠨᠤᠷᠠᠭᠠᠵᠤ᠂ ᠬᠥᠨᠳᠤ ᠨᠤᠴᠢᠳᠠᠢ ᠥᠬᠦᠯ ᠰᠢᠷᠬᠠᠳᠤᠯ ᠪᠠ ᠡᠳ᠋ ᠬᠤᠭᠰᠢᠯ ᠤᠨ ᠬᠤᠭᠢᠷᠠᠯ ᠢ ᠪᠤᠢ | ᠪᠤᠯᠭᠠᠳᠠᠭ᠃ ᠭᠠᠯᠳᠤ ᠠᠭᠤᠯᠠᠨ ᠤ ᠳᠠᠯᠪᠢᠨ ᠭᠠᠷᠭᠠᠭᠰᠠᠨ ᠭᠡᠢ ᠪᠠᠶᠠᠳᠤ ᠨᠢ ᠬᠥᠮᠥᠰ ᠢ ᠠᠮᠢᠰᠬᠤᠯ ᠪᠥᠭᠯᠡᠬᠦᠷᠡᠬᠦᠯᠥᠨ | ᠥᠬᠦᠬᠦᠯᠬᠦ ᠪᠠᠷ ᠪᠠᠷᠠᠬᠤ ᠥᠭᠡᠢ᠂ ᠤᠽᠥᠨ ᠳᠠᠪᠬᠤᠷᠭ᠎ᠠ ᠶᠢ ᠡᠪᠳᠡᠳᠡᠭ᠃ ᠭᠠᠯᠳᠤ ᠠᠭᠤᠯᠠᠨ ᠤ ᠢᠴᠡᠭᠡᠯᠡᠬᠦ | ᠬᠤᠭᠤᠴᠠᠭᠠᠨ ᠳᠤ᠂ ᠭᠠᠯᠳᠤ ᠠᠭᠤᠯᠠᠨ ᠤ ᠠᠮᠠᠰᠠᠷ ᠲᠤ ᠥᠷᠬᠦᠯᠵᠢ ᠪᠤᠷᠤᠭᠠᠨ ᠤ ᠤᠰᠤ ᠬᠤᠷᠠᠮᠳᠤᠵᠤ ᠭᠠᠯᠳᠤ | ᠠᠭᠤᠯᠠᠨ ᠤ ᠠᠮᠰᠠᠷ ᠤᠨ ᠨᠠᠭᠤᠷ ᠪᠤᠢ ᠪᠤᠯᠳᠠᠭ᠂ ᠨᠠᠭᠤᠷ ᠤᠨ ᠤᠰᠤᠨ ᠳᠤ ᠶᠡᠭᠡ ᠭᠡᠮᠵᠢᠶᠠᠨ ᠤ ᠭᠠᠯᠳᠤ ᠠᠭᠤᠯᠨ | ᠠᠴᠠ ᠳᠠᠯᠪᠢᠨ ᠭᠠᠷᠭᠠᠭᠰᠠᠨ ᠭᠡᠢ ᠪᠠᠶᠠᠳᠤ ᠶᠢ ᠠᠭᠤᠯᠵᠤ ᠪᠠᠶᠢᠳᠠᠭ ᠠᠴᠠ ᠬᠥᠴᠢᠯᠯᠢᠭ ᠴᠢᠨᠠᠷ ᠨᠢ ᠳᠤᠶᠢᠯ ᠤᠨ | ᠥᠨᠳᠤᠷ ᠪᠠᠶᠢᠵᠥ᠂ ᠠᠮᠢᠳᠤ ᠪᠤᠳᠠᠰ ᠤᠷᠤᠰᠢᠨ ᠳᠤᠭᠳᠠᠨᠢᠬᠤ ᠳᠤ ᠵᠤᠭᠢᠴᠠᠬᠤ ᠥᠭᠡᠢ ᠪᠠᠶᠢᠳᠠᠭ᠃ ᠡᠨ᠋ᠨ ᠪᠥᠬᠦᠨ ᠨᠢ | ᠬᠥᠮᠥᠨ ᠳᠥᠷᠥᠯᠭᠢᠳᠡᠨ ᠤ ᠤᠷᠤᠰᠢᠨ ᠳᠤᠭᠳᠠᠨᠢᠬᠤ ᠳᠤ ᠰᠥᠷᠳᠡᠬᠦᠯᠥᠯ ᠪᠤᠯᠬᠤ ᠨᠢ ᠳᠠᠮᠵᠢᠭ ᠥᠭᠡᠢ ᠶᠤᠮ᠃ | | ᠪᠤᠳᠠᠳᠤ ᠭᠡᠷᠠᠴᠢ ᠳᠤᠳᠤᠷᠬᠠᠶᠢᠯᠠᠭᠰᠠᠨ ᠨᠢ᠂ ᠭᠠᠯᠳᠤ ᠠᠭᠤᠯᠠᠨ ᠤ ᠶᠡᠭᠡ ᠭᠡᠪᠴᠢᠶᠠᠨ ᠤ ᠳᠠᠯᠪᠠᠷᠠᠯᠳᠠ ᠨᠢ | ᠴᠠᠷᠳᠠ ᠶᠢᠨ ᠭᠠᠯᠪᠠ ᠶᠢᠨ ᠰᠠᠬᠦᠯᠴᠢ ᠶᠢᠨ ᠬᠤᠭᠤᠴᠠᠭᠠᠨ ᠤ ᠠᠪᠤᠷᠭᠤ ᠬᠥᠷᠪᠡᠯ ᠤᠨ ᠥᠨᠳᠤᠰᠤ ᠳᠠᠰᠤᠷᠠᠭᠰᠠᠨ ᠤ | ᠭᠤᠤᠯ ᠰᠢᠯᠳᠠᠭᠠᠨ ᠤ ᠨᠢᠭᠡ ᠨᠢ ᠪᠤᠯᠵᠠᠢ᠃ ᠭᠠᠯᠳᠤ ᠠᠭᠤᠯᠠᠨ ᠤ ᠰᠥᠷᠴᠢᠨ ᠭᠠᠷᠭᠠᠭᠰᠠᠨ ᠶᠡᠭᠡ ᠭᠡᠮᠵᠢᠶᠠᠨ ᠤ | ᠭᠠᠯᠳᠤ ᠠᠭᠤᠯᠠᠨ ᠤ ᠥᠨᠡᠰᠤ ᠪᠠ ᠬᠤᠤᠷᠠᠳᠤ ᠪᠤᠳᠠᠰ ᠨᠢ ᠳᠤᠮᠳᠠᠳᠤ ᠠᠮᠢᠳᠤ ᠡᠷᠡᠨ ᠤ ᠳᠡᠯᠡᠭᠡᠢ ᠶᠢᠨ | ᠪᠥᠮᠪᠤᠷᠴᠡᠭ ᠤᠨ ᠡᠵᠡᠷᠭᠡᠭᠴᠢ — ᠠᠪᠤᠷᠭᠤ ᠬᠥᠷᠪᠠᠯ ᠢ ᠤᠭᠰᠠᠭ᠎ᠠ ᠳᠠᠰᠤᠯᠵᠠᠢ᠃ ᠭᠡᠪᠠᠴᠤ ᠭᠠᠯᠳᠤ ᠠᠭᠤᠯᠨ ᠨᠢ | ᠬᠥᠮᠥᠨ ᠳᠥᠷᠥᠯᠭᠢᠨᠨ ᠳᠤ ᠭᠠᠢ ᠭᠠᠮᠰᠢᠭ ᠢ ᠠᠪᠴᠢᠷᠠᠵᠤ ᠥᠭᠬᠦ ᠶᠢᠨ ᠬᠠᠮᠳᠤ ᠪᠠᠰᠠ ᠠᠰᠢᠭᠳᠠᠢ ᠵᠥᠢᠯ ᠢ | ᠪᠥᠳᠥᠭᠡᠵᠤ ᠥᠭᠳᠡᠭ᠃ ᠭᠠᠯᠳᠤ ᠠᠭᠤᠯᠨ ᠶᠢᠨ ᠰᠥᠷᠴᠢᠯᠳᠡ ᠨᠢ ᠤᠯᠠᠨ ᠵᠥᠢᠯ ᠤᠨ ᠠᠭᠤᠷᠬᠠᠢ ᠶᠢ ᠪᠤᠢ | ᠪᠤᠯᠭᠠᠬᠤ ᠮᠥᠷᠳᠡᠭᠡᠨ ᠪᠠᠰᠠ ᠠᠯᠮᠠᠰ᠂ ᠪᠢᠳᠥᠷᠶᠡ ᠬᠠᠰ᠂ ᠴᠠᠭᠢᠭᠤᠷ ᠴᠢᠯᠠᠭᠤ᠂ ᠭᠢᠯᠠᠭᠠᠷ ᠨᠤᠮᠢᠨ ᠴᠢᠯᠠᠭᠤ᠂ | ᠤᠷᠳᠤᠯᠵᠢᠨ ᠴᠢᠯᠠᠭᠤ᠂ ᠮᠠᠭᠨᠢ ᠬᠥᠩᠭᠡᠨ ᠴᠠᠭᠠᠨ ᠠᠨᠠᠷ ᠴᠢᠯᠠᠭᠤ ᠵᠡᠷᠭᠡ ᠬᠤᠪᠤᠷ ᠴᠢᠯᠠᠭᠤ ᠶᠢ ᠪᠥᠳᠥᠭᠡᠵᠠᠢ᠃ | ᠭᠠᠯᠳᠤ ᠠᠭᠤᠯᠠᠨ ᠤ ᠥᠨᠡᠰᠤᠨ ᠳᠤᠳᠤᠷᠠᠭᠢ ᠠᠽᠥᠲ᠂ ᠹᠤᠰᠹᠤᠷ᠂ ᠺᠠᠯᠢ ᠨᠢ ᠤᠷᠴᠢᠨ ᠳᠤᠭᠤᠷᠢᠨ ᠤ ᠬᠥᠷᠥᠰᠤ | ᠰᠢᠷᠤᠢ ᠶᠢ ᠥᠩ ᠰᠢᠮᠡᠯᠢᠭ ᠪᠤᠯᠭᠠᠵᠤ᠂ ᠵᠡᠬᠦᠨ ᠬᠤᠶᠢᠳᠤ ᠶᠢᠨ ᠳᠤᠳᠤᠷᠭ᠎ᠠ ᠶᠢᠨ ᠤᠨᠴᠠᠭᠠᠢ ᠠᠮᠳᠠᠳᠠᠢ ᠪᠠᠶᠢᠳᠠᠭ | ᠨᠢ ᠭᠠᠯᠳᠤ ᠠᠭᠤᠯᠠᠨ ᠤ ᠥᠨᠡᠰᠤ ᠰᠠᠯᠭᠢᠨ ᠳᠤ ᠡᠯᠡᠭᠳᠡᠭᠰᠡᠨ ᠤ ᠳᠠᠷᠠᠭ᠎ᠠ ᠪᠥᠳᠥᠭᠰᠡᠨ ᠬᠠᠷ᠎ᠡ ᠰᠢᠷᠤᠢ ᠶᠢ ᠤᠯᠠᠮ | ᠥᠩᠭᠡ ᠰᠢᠮᠡᠯᠢᠭ ᠪᠤᠯᠭᠠᠭᠰᠠᠨ ᠳᠤ ᠪᠠᠶᠢᠳᠠᠭ᠃ ᠢᠴᠡᠭᠡᠯᠡᠭᠰᠡᠨ ᠭᠠᠯᠳᠤ ᠠᠭᠤᠯᠨ ᠶᠢᠨ ᠤᠷᠴᠢᠨ ᠳᠤ᠂ | ᠥᠷᠬᠦᠯᠵᠢ ᠤᠨᠳᠤᠷᠤᠮᠠᠯ ᠪᠤᠯᠠᠭ᠂ ᠰᠥᠷᠴᠢᠮᠡᠯ ᠪᠤᠯᠠᠭ᠂ ᠬᠠᠯᠠᠭᠤᠨ ᠷᠠᠰᠢᠶᠠᠨ ᠭᠠᠷᠳᠠᠭ᠃ ᠭᠠᠯᠳᠤ | ᠠᠭᠤᠯᠨ ᠰᠥᠷᠴᠢᠭᠰᠡᠨ ᠤ ᠳᠠᠷᠠᠭ᠎ᠠ ᠭᠠᠯᠳᠤ ᠠᠭᠤᠯᠠᠨ ᠤ ᠤᠷᠤᠢ ᠪᠤᠶᠤ ᠭᠠᠯᠳᠤ ᠠᠭᠤᠯᠠᠨ ᠤ ᠠᠮᠰᠠᠷ ᠢ | ᠪᠥᠳᠥᠭᠡᠳᠡᠭ᠃ | ᠭᠠᠯᠳᠤ ᠠᠭᠤᠯᠠᠨ ᠤ ᠤᠷᠤᠢ ᠪᠤᠯ ᠶᠡᠭᠡ ᠭᠡᠮᠵᠢᠶᠠᠨ ᠤ ᠭᠠᠯᠳᠤ ᠠᠭᠤᠯᠠᠨ ᠤ ᠭᠡᠮᠭᠡᠳᠡᠭ ᠪᠤᠳᠠᠰ | ᠰᠥᠷᠴᠢᠭᠳᠡᠨ ᠤᠨᠠᠬᠤ ᠵᠢᠴᠢ ᠭᠠᠯᠳᠤ ᠠᠭᠤᠯᠠᠨ ᠤ ᠬᠠᠶᠢᠯᠤᠮᠠᠯ ᠴᠢᠯᠠᠭᠤᠯᠢᠭ ᠪᠢᠯᠬᠠᠷᠠᠨ ᠭᠠᠷᠴᠤ᠂ ᠭᠠᠯᠳᠤ | ᠠᠭᠤᠯᠠᠨ ᠤ ᠰᠥᠷᠴᠢᠮᠡᠯ ᠠᠮᠰᠠᠷ ᠤᠨ ᠤᠷᠴᠢᠨ ᠳᠤ ᠪᠥᠷᠢᠯᠳᠥᠭᠰᠡᠨ ᠨᠠᠮᠬᠠᠨ ᠳᠤᠪᠤ ᠪᠤᠶᠤ ᠭᠤᠤᠯ ᠳᠤ ᠪᠠᠨ ᠪᠠᠭ᠎ᠠ | ᠬᠤᠩᠬᠤᠷ ᠲᠠᠢ ᠠᠭᠤᠯᠨ ᠶᠢ ᠵᠢᠭᠠᠳᠠᠭ᠃ | ᠭᠠᠯᠳᠤ ᠠᠭᠤᠯᠠᠨ ᠤ ᠠᠮᠰᠠᠷ ᠪᠤᠯ ᠭᠠᠯᠳᠤ ᠠᠭᠤᠯᠠᠨ ᠤ ᠰᠥᠷᠴᠢᠨ ᠭᠠᠷᠭᠠᠬᠤ ᠥᠢᠯᠡᠳᠤᠯ | ᠳᠠᠭᠤᠰᠤᠭᠰᠠᠨ ᠤ ᠳᠠᠷᠠᠭ᠎ᠠ᠂ ᠳᠤᠯᠠᠭᠠᠨ ᠤ ᠭᠡᠮᠵᠢᠶ᠎ᠡ ᠳᠤᠷᠤᠭᠰᠢᠯᠡᠬᠤ ᠠᠴᠠ ᠪᠤᠯᠵᠤ᠂ ᠭᠠᠯᠳᠤ ᠠᠭᠤᠯᠠᠨ ᠤ | ᠠᠮᠰᠠᠷ ᠵᠢᠴᠢ ᠤᠷᠴᠢᠨ ᠳᠠᠬᠢ ᠴᠢᠯᠠᠭᠤᠯᠢᠭ ᠨᠢ ᠠᠪᠴᠢᠵᠤ᠂ ᠪᠥᠬᠦᠯᠢ ᠴᠤᠭᠴᠠ ᠪᠠᠷ ᠰᠠᠭᠤᠭᠳᠠᠨ᠂ ᠨᠠᠮ | ᠬᠤᠩᠬᠤᠷ ᠭᠠᠯᠳᠤ ᠠᠭᠤᠯᠨ ᠶᠢᠨ ᠠᠮᠰᠠᠷ ᠪᠤᠯᠵᠤ ᠪᠥᠷᠢᠯᠳᠥᠳᠡᠭ᠃ ᠭᠡᠷᠪᠡ ᠭᠠᠵᠠᠷ ᠳᠤᠤᠷᠠᠭᠢ ᠤᠰᠤ ᠲᠠᠢ | ᠬᠠᠷᠢᠯᠴᠠᠨ ᠨᠠᠪᠳᠠᠷᠡᠯᠴᠡᠪᠡᠯ ᠨᠠᠭᠤᠷ ᠴᠥᠬᠦᠷᠤᠮ ᠢ ᠪᠥᠳᠥᠭᠡᠳᠡᠭ᠂ ᠳᠠᠷᠤᠢ ︽ ᠡᠷᠬᠦᠭᠳᠡᠮᠠᠯ ᠨᠠᠭᠤᠷ︾ ᠪᠠ ︽ | ᠪᠤᠯᠠᠭᠳᠠᠮᠠᠯ ᠨᠠᠭᠤᠷ︾ ᠢ ᠪᠥᠳᠥᠭᠡᠳᠡᠭ᠃ | ᠥᠷᠭᠡᠨ ᠠᠭᠤᠳᠠᠮ ᠬᠠᠶᠢᠯᠤᠮᠠᠯ ᠴᠢᠯᠠᠭᠤᠯᠢᠭ ᠤᠨ ᠭᠠᠵᠠᠷ ᠲᠤ ᠂ ᠤᠭᠵᠤᠮ ᠡᠷᠬᠦᠭᠳᠡᠭᠰᠡᠨ ᠭᠠᠯᠳᠤ | ᠠᠭᠤᠯᠨ ᠶᠢᠨ ᠠᠮᠠᠰᠠᠷ ᠂ ᠬᠠᠭᠠᠷᠠᠮᠠᠯ ᠭᠠᠯᠳᠤ ᠠᠭᠤᠯᠠᠨ ᠤ ᠠᠮᠠᠰᠠᠷ᠂ ᠨᠠᠶᠢᠯᠠᠮᠠᠯ ᠭᠠᠯᠳᠤ ᠠᠭᠤᠯᠠᠨ ᠤ ᠠᠮᠠᠰᠠᠷ᠂ | ᠭᠠᠯᠳᠤ ᠠᠭᠤᠯᠠᠨ ᠤ ᠰᠥᠷᠴᠢᠮᠡᠯ ᠳᠠᠪᠠᠭ᠂ ᠬᠠᠶᠢᠯᠤᠮᠠᠯ ᠴᠢᠯᠠᠭᠤᠯᠢᠭ ᠤᠨ ᠰᠢᠯᠢ᠂ ᠵᠢᠵᠢᠭ ᠭᠡᠯᠪᠠᠷᠢ ᠶᠢᠨ | ᠭᠠᠯᠳᠤ ᠠᠭᠤᠯᠨᠨ ᠤ ᠭᠠᠵᠠᠷ ᠤᠨ ᠭᠠᠳᠠᠷᠭᠤ ᠵᠢᠴᠢ ᠭᠠᠯᠳᠤ ᠠᠭᠤᠯᠠᠨ ᠤ ᠰᠥᠷᠴᠢᠨ ᠭᠠᠷᠭᠠᠭᠰᠠᠨ ᠤᠪᠤᠭᠠᠷᠠᠯ | ᠪᠤᠳᠠᠰ ᠪᠠ ᠭᠠᠯᠳᠤ ᠠᠭᠤᠯᠠᠨ ᠤ ᠪᠥᠮᠪᠦᠭᠡ᠂ ᠭᠠᠯᠳᠤ ᠠᠭᠤᠯᠠᠨ ᠤ ᠭᠡᠮᠭᠡᠳᠡᠭ᠂ ᠴᠢᠯᠠᠭᠤᠯᠢᠭ ᠭᠡᠰᠡᠭ᠂ | ᠴᠢᠯᠠᠭᠤᠯᠢᠭ ᠪᠥᠮᠪᠦᠭᠡ ᠵᠡᠷᠭᠡ ᠨᠢ ᠳᠤᠭᠤᠷᠢᠨ ᠵᠤᠭᠠᠴᠠᠭᠰᠠᠳ ᠲᠤ ᠪᠥᠷᠢᠨ ᠪᠥᠳᠥᠨ ᠭᠠᠯᠳᠤ ᠠᠭᠤᠯᠠᠨ ᠤ | ᠥᠵᠡᠮᠵᠢ ᠶᠢ ᠬᠠᠷᠠᠭᠤᠯᠵᠥ᠂ ᠠᠭᠤᠯᠭ᠎ᠠ ᠨᠢ ᠡᠯᠪᠡᠭ᠂ ᠰᠤᠨᠢᠷᠬᠠᠬᠤ ᠥᠨ᠎ᠡ ᠥᠷᠳᠡᠭ ᠢᠶᠠᠷ ᠥᠨᠳᠤᠷ ᠪᠤᠯᠭᠠᠵᠠᠢ᠃ | | ᠭᠠᠯᠳᠤ ᠠᠭᠤᠯᠠᠨ ᠤ ᠳᠠᠷᠬᠠᠯᠳᠠ ᠪᠤᠯ ᠵᠢᠮ᠎ᠡ ᠶᠤᠰᠤ ᠲᠠᠢ ᠪᠠᠶᠢᠳᠠᠭ ᠶᠤᠮ᠃ ᠪᠥᠬᠦ ᠪᠥᠮᠪᠥᠷᠴᠡᠭ ᠤᠨ | ᠭᠡᠪᠴᠢᠶᠠᠨ ᠳᠤ ᠠᠪᠴᠤ ᠭᠡᠯᠡᠭᠰᠡᠨ ᠴᠤ᠂ ᠭᠠᠯᠳᠤ ᠠᠭᠤᠯᠨ ᠨᠢ ᠨᠤᠮᠤᠬᠠᠨ ᠳᠠᠯᠠᠢ ᠶᠢ ᠳᠤᠭᠤᠷᠢᠭᠰᠠᠨ ᠪᠥᠰᠠ ᠪᠠ | ᠾᠢᠮᠡᠯᠠᠶᠡ — ᠭᠠᠵᠠᠷ ᠤᠨ ᠳᠤᠮᠳᠠᠳᠤ ᠳᠠᠩᠭᠢᠰ ᠤᠨ ᠪᠥᠰᠠ ᠳᠤ ᠳᠥᠪᠯᠠᠷᠠᠵᠤ᠂ ᠤᠳᠤᠬᠠᠨ ᠤ ᠠᠵᠢᠯᠯᠠᠭ᠎ᠠ ᠲᠠᠢ | ᠭᠠᠯᠳᠤ ᠠᠭᠤᠯᠠᠨ ᠤ ᠵᠠᠭᠤᠨ ᠤ ᠨᠠᠶ᠋ᠨ ᠨᠢ ᠴᠥᠮ ᠡᠨ᠋ᠨ ᠬᠤᠶᠠᠷ ᠪᠥᠰᠠ ᠳᠤ ᠪᠠᠶᠢᠳᠠᠭ᠃ ᠳᠤᠮᠳᠠᠳᠤ ᠤᠯᠤᠰ ᠤᠨ | ᠭᠠᠯᠳᠤ ᠠᠭᠤᠯᠨ ᠨᠢ ᠭᠤᠤᠯᠳᠠᠭᠤ ᠵᠠᠬᠦᠨ ᠡᠮᠥᠨᠡᠳᠤ ᠶᠢᠨ ᠳᠠᠯᠠᠢ ᠳᠠᠭᠠᠤ ᠪᠠ ᠵᠡᠬᠦᠨ ᠬᠤᠶᠢᠳᠤ ᠤᠷᠤᠨ ᠳᠤ | ᠳᠠᠷᠬᠠᠵᠤ ᠪᠠᠶᠢᠳᠠᠭ᠃ | ᠮᠠᠨ ᠤ ᠤᠯᠤᠰ ᠤᠨ ᠵᠠᠬᠦᠨ ᠬᠤᠶᠢᠳᠤ ᠤᠷᠤᠨ ᠳᠤ ᠶᠢᠰᠤᠨ ᠶᠡᠭᠡ ᠭᠠᠯᠳᠤ ᠠᠭᠤᠯᠠᠨ ᠤ ᠰᠥᠷᠥᠭ | ᠪᠠᠶᠢᠳᠠᠭ᠃ ᠡᠬᠦᠨ ᠳᠤ᠄ ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ᠂ ᠴᠠᠩ ᠪᠠᠢ ᠱᠠᠨ ᠤ ᠭᠠᠯᠳᠤ | ᠠᠭᠤᠯᠠᠨ ᠤ ᠰᠥᠷᠥᠭ᠂ ᠳᠠᠪᠤᠨ ᠶᠡᠭᠡ ᠬᠤᠯᠪᠤᠭᠠᠳᠤ ᠨᠠᠭᠤᠷ ᠤᠨ ᠭᠠᠯᠳᠤ ᠠᠭᠤᠯᠠᠨ ᠤ ᠰᠥᠷᠥᠭ᠂ ᠵᠢᠩ | ᠪᠥᠸᠧ ᠬᠤ᠋ ᠨᠠᠭᠤᠷ ᠤᠨ ᠭᠠᠯᠳᠤ ᠠᠭᠤᠯᠠᠨ ᠤ ᠰᠥᠷᠥᠭ᠂ ᠳ᠋ᠠ ᠳᠥᠩ ᠤᠨ ᠭᠠᠯᠳᠤ ᠠᠭᠤᠯᠠᠨ ᠤ ᠰᠥᠷᠥᠭ᠂ | ᠬᠠᠨ ᠨᠥᠸᠧ ᠬᠠᠰᠢᠯᠭ᠎ᠠ ᠶᠢᠨ ᠭᠠᠯᠳᠤ ᠠᠭᠤᠯᠠᠨ ᠤ ᠰᠥᠷᠥᠭ᠂ ᠺᠧ ᠨᠥᠸᠧ ᠭᠠᠯᠳᠤ ᠠᠭᠤᠯᠠᠨ ᠤ ᠰᠥᠷᠥᠭ᠂ | ᠺᠤᠸᠠᠨ ᠳ᠋ᠢᠶᠠᠨ ᠭᠠᠯᠳᠤ ᠠᠭᠤᠯᠨ ᠪᠠ ᠷᠠᠰᠢᠶᠠᠨ ᠭᠠᠯᠳᠤ ᠠᠭᠤᠯᠠᠨ ᠤ ᠰᠥᠷᠥᠭ ᠵᠡᠷᠭᠡ ᠪᠠᠶᠢᠵᠥ᠂ ᠡᠳᠡᠭᠡᠷ ᠨᠢ | ᠪᠥᠷ ᠨᠤᠮᠤᠬᠠᠨ ᠳᠠᠯᠠᠢ ᠶᠢ ᠳᠤᠭᠤᠷᠢᠭᠰᠠᠨ ᠭᠠᠯᠳᠤ ᠠᠭᠤᠯᠠᠨ ᠤ ᠪᠥᠰᠠ ᠳᠤ ᠪᠠᠶᠢᠳᠠᠭ᠃ ᠭᠡᠰᠢᠭᠳᠡᠨ ᠤᠷᠤᠨ | ᠳᠠᠬᠢ ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ ᠪᠤᠯ ᠳᠠᠬᠦᠨ ᠤ ᠳᠤᠳᠤᠷᠠᠭᠢ ᠨᠢᠭᠡ ᠨᠢ ᠮᠥᠨ᠂ ᠳᠠᠷᠨ | ᠪᠤᠯ ᠳᠠᠯᠠᠶᠢᠨᠠᠭᠤᠷ ᠵᠢᠴᠢ ᠳᠠᠯᠠᠶᠢᠨᠠᠭᠤᠷ ᠤᠨ ᠪᠠᠷᠠᠭᠤᠨᠳᠠᠭᠢ ᠭᠡᠳᠤᠨ ᠠᠷᠪᠠᠨ ᠭᠠᠯᠳᠤ ᠠᠭᠤᠯᠨ ᠶᠢᠨ ᠠᠮᠰᠠᠷ᠂ | ᠭᠠᠯᠳᠤ ᠠᠭᠤᠯᠨ ᠶᠢᠨ ᠱᠤᠷᠥᠩ᠂ ᠬᠠᠶᠢᠯᠤᠮᠠᠯ ᠴᠢᠯᠠᠭᠤᠯᠢᠭ ᠤᠨ ᠰᠥᠷᠴᠢᠮᠡᠯ ᠳᠠᠪᠠᠭ ᠪᠠ ᠬᠠᠶᠢᠯᠤᠮᠠᠯ | ᠴᠢᠯᠠᠭᠤᠯᠢᠭ ᠤᠨ ᠳᠠᠨᠵᠢ ᠪᠠᠷ ᠬᠠᠮᠳᠤᠷᠠᠨ ᠪᠥᠷᠢᠯᠳᠥᠭᠰᠡᠨ ᠶᠤᠮ᠃ | ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ ᠤᠨ ᠪᠥᠳᠥᠴᠡ ᠳᠤ ᠳᠤᠤᠷᠠᠭᠢ ᠮᠠᠳᠤ ᠭᠡᠳᠤᠨ ᠱᠠᠳᠤ | ᠶᠢ ᠪᠠᠭᠳᠠᠭᠠᠳᠠᠭ᠄ 5.7 ᠳ᠋ᠥᠩᠰᠢᠭᠤᠷ ᠵᠢᠯ ᠤᠨ ᠡᠮᠥᠨ᠎ᠡ᠂ ᠳᠤᠰ ᠳᠤᠭᠤᠷᠢᠭ ᠨᠢ ᠨᠠᠯᠥᠭᠡᠷ ᠶᠡᠭᠡ ᠳᠠᠯᠠᠢ | ᠳᠠᠩᠭᠢᠰ ᠪᠠᠶᠢᠵᠥ᠂ ᠰᠢᠪᠧᠷᠢᠶ᠎ᠡ ᠶᠢᠨ ᠬᠠᠪᠳᠠᠭᠠᠢ ᠭᠡᠰᠡᠭ ᠪᠠ ᠳᠤᠮᠳᠠᠳᠤ ᠰᠤᠯᠤᠩᠭᠤᠰ ᠤᠨ ᠬᠠᠪᠳᠠᠭᠠᠢ ᠭᠡᠰᠡᠭ ᠤᠨ | ᠬᠤᠭᠤᠷᠤᠨᠳᠤ ᠤᠷᠤᠰᠢᠵᠥ ᠪᠠᠶᠢᠵᠠᠢ᠃ ᠰᠠᠬᠦᠯᠴᠢ ᠶᠢᠨ ᠡᠷᠳᠡᠨ ᠤ ᠠᠮᠢᠳᠤ ᠡᠷᠡᠨ ᠳᠤ ᠬᠥᠷᠥᠭᠡᠳ ᠬᠤᠶᠠᠷ | ᠬᠠᠪᠳᠠᠭᠠᠢ ᠭᠡᠰᠡᠭ ᠨᠢ ᠠᠳᠡ ᠮᠥᠷᠬᠦᠯᠳᠥᠵᠥ᠂ ᠳᠠᠯᠠᠢ ᠳᠠᠩᠭᠢᠰ ᠨᠢ ᠤᠰᠠᠳᠴᠤ᠂ ᠰᠢᠷᠠᠮᠦ᠋ᠷᠠᠨ ᠤ | ᠬᠠᠪᠴᠢᠯ ᠤᠨ ᠬᠠᠭᠠᠷᠢᠯ ᠢ ᠪᠥᠳᠥᠭᠡᠵᠠᠢ᠃ | ᠰᠢᠨ᠎ᠡ ᠠᠮᠢᠳᠤ ᠡᠷᠡᠨ ᠪᠤᠯ ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ ᠪᠥᠳᠥᠭᠰᠡᠨ ᠭᠤᠤᠯ | ᠬᠤᠭᠤᠴᠠᠭ᠎ᠠ ᠪᠤᠯᠤᠨ᠎ᠡ᠃ ᠤᠳᠤ ᠠᠴᠠ 2300 ᠳᠥᠮᠠᠨ ᠵᠢᠯ — 260 ᠳᠥᠮᠠᠨ ᠵᠢᠯ ᠤᠨ ᠰᠢᠨ᠎ᠡ ᠠᠮᠢᠳᠣ | ᠡᠷᠡᠨ ᠳᠤ᠂ ᠭᠡᠪᠴᠢᠶ᠎ᠡ ᠪᠠᠷ ᠮᠤᠨᠳᠠᠭ ᠶᠡᠭᠡ ᠪᠤᠷᠵᠢᠨ ᠴᠢᠯᠠᠭᠤᠯᠢᠭ ᠰᠢᠷᠡᠮᠦ᠋ᠷᠠᠨ ᠤ ᠶᠡᠭᠡ ᠬᠠᠭᠠᠷᠢᠯ ᠢ ᠲᠠᠭᠠᠨ | ᠪᠢᠯᠬᠠᠷᠠᠨ ᠭᠠᠷᠴᠤ᠂ ᠬᠠᠶᠢᠯᠤᠮᠠᠯ ᠴᠢᠯᠠᠭᠤᠯᠢᠭ ᠤᠨ ᠥᠨᠳᠦᠷᠯᠢᠭ ᠵᠢᠴᠢ ᠳᠡᠨᠵᠢ ᠭᠠᠵᠠᠷ ᠢ ᠪᠥᠷᠢᠯᠳᠥᠬᠦᠯᠵᠥ᠂ | ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ ᠡᠭᠢᠯᠡᠨ ᠪᠥᠷᠢᠯᠳᠥᠵᠠᠢ᠃ | ᠤᠳᠤ ᠠᠴᠠ 10 ᠳᠥᠮᠠᠨ ᠠᠴᠠ 1 ᠳᠥᠮᠠᠨ ᠵᠢᠯ ᠤᠨ ᠰᠠᠬᠦᠯᠴᠢ ᠶᠢᠨ ᠬᠠᠯᠠᠬᠤ ᠰᠢᠨ᠎ᠡ ᠡᠷᠡᠨ ᠳᠤ᠂ | ᠭᠠᠯᠳᠤ ᠠᠭᠤᠯᠠᠨ ᠤ ᠰᠥᠷᠴᠢᠯᠳᠡ ᠨᠢ ᠳᠥᠪᠯᠠᠷᠠᠨ ᠰᠥᠷᠴᠢᠬᠦ ᠭᠡᠯᠪᠠᠷᠢ ᠪᠠᠷ ᠭᠤᠤᠯ ᠪᠤᠯᠭᠠᠵᠥ᠂ ᠮᠠᠰᠢ ᠤᠯᠠᠨ | ᠭᠠᠯᠳᠤ ᠠᠭᠤᠯᠠᠨ ᠤ ᠰᠥᠷᠥᠭ ᠪᠠ ᠰᠥᠷᠴᠢᠮᠠᠯ ᠳᠠᠪᠠᠭ ᠢ ᠪᠤᠢ ᠪᠤᠯᠭᠠᠵᠠᠢ᠃ ᠡᠬᠦᠨ ᠠᠴᠠ ᠳᠠᠷᠠᠭ᠎ᠠ ᠪᠠᠷ ᠭᠠᠯᠳᠤ | ᠠᠭᠤᠯᠠᠨ ᠤ ᠰᠥᠷᠴᠢᠯᠳᠡ ᠶᠢᠨ ᠭᠡᠮᠵᠢᠶ᠎ᠡ ᠠᠭᠠᠵᠢᠮ ᠢᠶᠠᠷ ᠪᠠᠭᠠᠰᠴᠤ᠂ ᠬᠠᠶᠢᠯᠤᠮᠠᠯ ᠴᠢᠯᠠᠭᠤᠯᠢᠭ ᠨᠢ ᠬᠤᠳᠤᠭᠤᠷ | ᠭᠠᠵᠠᠷ ᠢ ᠳᠥᠬᠦᠷᠭᠡᠵᠥ᠂ ᠰᠢᠷᠠᠮᠦ᠋ᠷᠠᠨ ᠤ ᠰᠠᠯᠪᠥᠷᠢ ᠤᠷᠤᠰᠬᠠᠯ ᠢ ᠪᠥᠭᠯᠡᠵᠤ ᠳᠠᠯᠠᠢ ᠨᠠᠭᠤᠷ ᠢ ᠪᠥᠳᠥᠭᠡᠵᠠᠢ᠃ | ᠳᠠᠯᠠᠶᠢᠨᠠᠭᠤᠷ ᠤᠨ ᠭᠠᠯᠳᠤ ᠠᠭᠤᠯᠠᠨ ᠤ ᠰᠥᠷᠥᠭ ᠨᠢ ᠡᠴᠥᠰ ᠲᠡᠭᠡᠨ ᠪᠥᠷᠢᠯᠳᠥᠵᠠᠢ᠃ ᠳᠠᠬᠦᠨ ᠠᠴᠠ | ᠬᠤᠶᠢᠰᠢᠭᠢ ᠤᠳᠤ ᠪᠤᠯᠳᠠᠯᠠᠭᠢ ᠭᠡᠳᠤᠨ ᠮᠢᠩᠭᠠᠨ ᠵᠢᠯ ᠤᠨ ᠳᠤᠳᠤᠷ᠎ᠡ᠂ ᠳᠠᠯᠠᠶᠢᠨᠠᠭᠤᠷ ᠤᠨ ᠭᠠᠯᠳᠤ ᠠᠭᠤᠯᠨ ᠶᠢᠨ | ᠰᠥᠷᠥᠭ ᠳᠠᠭᠢᠨ ᠰᠥᠷᠴᠢᠭᠰᠡᠨ ᠥᠭᠡᠢ᠂ ᠡᠶᠢᠮᠤ ᠠᠴᠠ ᠳᠠᠨᠳᠠ ᠳᠤᠭᠤᠷᠢᠨ ᠥᠵᠡᠬᠦ ᠳᠤ ᠶᠠᠮᠠᠷ ᠨᠢᠭᠡᠨ ᠠᠶᠤᠯᠳᠠᠢ | ᠭᠡᠵᠤ ᠰᠠᠨᠠᠭ᠎ᠠ ᠵᠤᠪᠠᠭᠰᠠᠨ ᠤ ᠬᠡᠷᠡᠭ ᠥᠭᠡᠢ᠃ | ᠬᠠᠯᠠᠭᠤᠨ ᠷᠠᠰᠢᠶᠠᠨ | ᠬᠠᠯᠠᠭᠤᠨ ᠷᠠᠰᠢᠶᠠᠨ ᠪᠤᠯ ᠬᠡᠰᠢᠭᠳᠡᠨ ᠳᠡᠯᠡᠭᠡᠢ ᠶᠢᠨ ᠭᠠᠵᠠᠷ ᠰᠢᠵᠢᠯᠡᠭᠡᠨ ᠤ ᠴᠡᠴᠡᠷᠯᠢᠭ ᠤᠨ ᠴᠢᠬᠤᠯᠨ | ᠪᠥᠷᠢᠯᠳᠥᠬᠦᠨ ᠭᠡᠰᠡᠭ ᠮᠥᠨ᠂ ᠭᠠᠵᠠᠷ ᠤᠨ ᠢᠯᠴᠢ ᠶᠢᠨ ᠡᠭᠢ ᠪᠠᠶᠠᠯᠢᠭ ᠢ ᠶᠡᠭᠡ ᠳᠥᠯᠥᠪ ᠭᠤᠷᠪᠠᠨ ᠳᠥᠷᠤᠯ | ᠵᠥᠢᠯ ᠬᠤᠪᠢᠶᠠᠵᠤ ᠪᠤᠯᠤᠨ᠎ᠡ᠃ | ᠨ᠊ ᠵᠭᠡᠳᠦᠭᠡᠷ ᠵᠦᠢᠯ ᠨᠢ ᠤᠷᠴᠢᠨ ᠥᠶ᠎ᠡ ᠶᠢᠨ ᠮᠠᠭᠮᠨ ᠶᠢᠨ ᠠᠵᠢᠯᠯᠠᠭ᠎ᠠ ᠶᠢᠨ ᠭᠡᠯᠪᠠᠷᠢ᠂ ᠡᠨ᠋ᠨ ᠪᠤᠯ | ᠭᠤᠷᠪᠠᠳᠠᠭᠴᠢ ᠭᠠᠯᠪᠠ ᠶᠢᠨ ᠰᠠᠬᠦᠯᠴᠢ ᠶᠢᠨ ᠬᠤᠭᠤᠴᠠᠭ᠎ᠠ ᠶᠢᠨ ᠮᠠᠭᠮᠨ ᠶᠢᠨ ᠠᠵᠢᠯᠯᠠᠭ᠎ᠠ ᠪᠤᠶᠤ ᠳᠥᠷᠪᠠᠳᠡᠭᠴᠢ | ᠭᠠᠯᠪᠠ ᠶᠢᠨ ᠭᠠᠯᠳᠤ ᠠᠭᠤᠯᠨ ᠵᠢᠨᠥᠢᠯᠡᠳᠤᠯ ᠢᠶᠠᠷ ᠪᠥᠷᠢᠯᠳᠥᠭᠰᠡᠨ ᠬᠠᠯᠠᠭᠤᠨ ᠷᠠᠰᠢᠶᠠᠨ᠂ ᠰᠥᠷᠴᠢᠮᠠᠯ ᠪᠤᠯᠠᠭ | ᠪᠤᠶᠤ ᠤᠰᠤ ᠰᠥᠷᠴᠢᠬᠦ ᠨᠥᠭᠡ ᠵᠡᠷᠭᠡ ᠶᠢ ᠵᠢᠭᠠᠵᠤ ᠪᠤᠢ᠃ | ᠬᠤᠶᠠᠳᠤᠭᠠᠷ ᠵᠥᠢᠯ ᠨᠢ ᠡᠷᠬᠦᠭᠳᠡᠯ — ᠠᠳᠤᠷᠢᠯ᠂ ᠬᠠᠭᠠᠷᠠᠯ ᠤᠨ ᠭᠡᠯᠪᠠᠷᠢ᠂ ᠡᠨᠡᠬᠦ ᠳᠥᠷᠤᠯ ᠤᠨ | ᠭᠡᠯᠪᠠᠷᠢ ᠶᠢᠨ ᠪᠠᠶᠢᠷᠢᠯᠠᠯ ᠨᠢ ᠳᠡᠯᠡᠭᠡᠢ ᠶᠢᠨ ᠴᠡᠷᠴᠠᠳᠠᠰᠤ ᠡᠷᠬᠦᠭᠳᠡᠭᠰᠡᠨ ᠪᠤᠶᠤ ᠠᠳᠤᠷᠢᠭᠰᠠᠨ ᠠᠭᠤᠯᠠᠷᠬᠠᠭ | ᠭᠠᠵᠠᠷ ᠲᠤ ᠪᠤᠢ᠂ ᠥᠷᠬᠦᠯᠵᠢ ᠠᠳᠠᠯᠢ ᠪᠤᠰᠤ ᠴᠠᠭ ᠡᠷᠡᠨ ᠤ ᠬᠠᠭᠠᠷᠠᠯ ᠲᠠᠢ ᠴᠤᠭᠭᠠᠷ ᠤᠷᠤᠰᠢᠵᠤ᠂ ᠬᠠᠯᠠᠭᠤᠨ | ᠷᠠᠰᠢᠶᠠᠨ ᠨᠢ ᠬᠠᠭᠠᠷᠠᠯ ᠤᠨ ᠳᠤᠮᠳᠠ ᠪᠤᠢ ᠪᠤᠯᠳᠠᠭ᠃ | ᠭᠤᠷᠪᠠᠳᠤᠭᠠᠷ ᠵᠥᠢᠯ ᠨᠢ ᠳᠤᠨᠤᠮᠠᠯ ᠬᠤᠳᠤᠭᠤᠷ ᠤᠨ ᠨᠢᠭᠤᠭᠳᠠᠮᠠᠯ ᠭᠡᠯᠪᠠᠷᠢ᠄ ᠳᠡᠯᠡᠭᠡᠢ ᠶᠢᠨ | ᠴᠡᠷᠴᠠᠳᠠᠰᠤ ᠬᠠᠷᠢᠴᠠᠩᠭᠤᠢ ᠪᠠᠷ ᠳᠤᠭᠳᠠᠭᠤᠨ ᠪᠠᠶᠢᠭᠰᠠᠨ ᠳᠤᠮᠳᠠ᠂ ᠰᠢᠨ᠎ᠡ ᠠᠮᠢᠳᠤ ᠡᠷᠡᠨ ᠤ ᠵᠥᠷᠢᠭ ᠤᠨ | ᠰᠠᠭᠤᠭᠳᠠᠯ ᠪᠤᠶᠤ ᠰᠠᠭᠤᠳᠠᠯ ᠬᠤᠳᠤᠭᠤᠷ ᠲᠤ ᠭᠠᠵᠠᠷ ᠤᠨ ᠨᠢᠭᠤᠷ ᠳᠡᠭᠡᠷ᠎ᠡ ᠭᠡᠵᠢᠶᠠᠳᠠ ᠢᠯᠴᠢ ᠶᠢᠨ ᠭᠡᠪ ᠤᠨ | ᠪᠤᠰᠤ ᠪᠠᠶᠢᠳᠠᠯ ᠢᠯᠡᠷᠡᠬᠦ ᠥᠭᠡᠢ ᠪᠤᠶᠤ ᠪᠠᠭ᠎ᠠ ᠯᠠ ᠢᠯᠴᠢ ᠶᠢᠨ ᠭᠡᠪ ᠶᠢᠨ ᠪᠤᠰᠤ ᠪᠠᠶᠢᠳᠠᠯ ᠲᠠᠢ ᠪᠠᠶᠢᠳᠠᠭ᠃ | | ᠮᠠᠨ ᠤ ᠤᠯᠤᠰ ᠤᠨ ᠥᠨᠳᠤᠷ ᠳᠤᠯᠠᠭᠠᠨ ᠤ ᠬᠠᠯᠠᠭᠤᠨ ᠷᠠᠰᠢᠶᠠᠨ ᠨᠢ ᠭᠤᠤᠯᠳᠠᠭᠤ ᠳᠠᠶᠢᠸ᠋ᠨᠨ᠂ ᠵᠠᠬᠦᠨ | ᠡᠮᠥᠨᠠᠳᠤ ᠵᠢᠴᠢ ᠳᠥᠪᠠᠳ ᠶᠥᠨᠨᠠᠨ ᠤ ᠭᠠᠵᠠᠷ ᠤᠷᠤᠨ ᠢᠶᠠᠷ ᠳᠥᠪᠯᠠᠷᠠᠵᠥ ᠪᠤᠢ︔ ᠳᠤᠮᠳᠠ ᠳᠤᠯᠠᠭᠠᠨ ᠤ | ᠬᠠᠯᠠᠭᠤᠨ ᠷᠠᠰᠢᠶᠠᠨ ᠤ ᠳᠠᠷᠬᠠᠯᠳᠠ ᠨᠢ᠂ ᠵᠡᠬᠦᠨ ᠭᠡᠰᠡᠭ ᠤᠨ ᠳᠡᠯᠠᠢ ᠳᠠᠭᠠᠤ ᠵᠢᠴᠢ ᠳᠤᠮᠳᠠ᠂ ᠰᠢᠨ᠎ᠡ ᠠᠮᠢᠳᠤ | ᠡᠷᠡᠨ ᠤ ᠬᠤᠳᠤᠭᠤᠷ ᠲᠤ ᠪᠤᠢ︔ ᠳᠤᠮᠳᠠ ᠳᠤᠤᠷ᠎ᠡ ᠳᠤᠯᠠᠭᠠᠨ ᠤ ᠬᠠᠯᠠᠭᠤᠨ ᠷᠠᠰᠢᠶᠠᠨ ᠤ ᠳᠠᠷᠠᠬᠠᠯᠳᠠ ᠨᠢ | ᠥᠪᠤᠷ ᠮᠤᠩᠭᠤᠯ᠂ ᠴᠢᠨᠯᠢᠩ ᠳᠠᠪᠠᠭ᠎ᠠ᠂ ᠳᠤᠮᠳᠠ ᠡᠮᠥᠨᠠᠳᠤ ᠵᠢᠴᠢ ᠪᠠᠷᠠᠭᠤᠨ ᠡᠮᠥᠨᠠᠳᠤ ᠵᠡᠷᠭᠡ ᠭᠠᠵᠠᠷ ᠲᠤ ᠪᠤᠢ︔ | ᠬᠠᠷᠢᠨ ᠳᠤᠤᠷ᠎ᠡ ᠳᠤᠯᠠᠭᠠᠨ ᠤ ᠬᠠᠯᠠᠭᠤᠨ ᠷᠠᠰᠢᠶᠠᠨ ᠤ ᠳᠠᠷᠬᠠᠯᠳᠠ ᠨᠢ ᠮᠠᠨ ᠤ ᠤᠯᠤᠰ ᠤᠨ ᠪᠠᠷᠠᠭᠤᠨ | ᠬᠤᠶᠢᠳᠤ ᠶᠢᠨ ᠥᠷᠭᠡᠨ ᠠᠭᠤᠳᠠᠮ ᠭᠠᠵᠠᠷ ᠤᠷᠤᠨ ᠳᠤ ᠪᠤᠢ᠃ | ᠭᠡᠰᠢᠭᠳᠡᠨ ᠤ ᠬᠠᠯᠠᠭᠤᠨ ᠷᠠᠰᠢᠶᠠᠨ ᠤ ᠡᠭᠢ ᠪᠠᠶᠠᠯᠢᠭ ᠨᠢ ᠭᠤᠤᠯᠳᠠᠭᠤ ᠭᠠᠯᠳᠠᠰᠥᠳᠠᠢ ᠪᠠᠯᠭᠠᠰᠣᠨ ᠳᠤ | ᠳᠥᠪᠯᠡᠷᠡᠵᠤ᠂ ᠳᠠᠷᠨ ᠨᠢ ᠡᠷᠬᠦᠭᠳᠡᠯ — ᠠᠳᠤᠷᠢᠯ — ᠬᠠᠭᠠᠷᠢᠯ ᠤᠨ ᠭᠡᠯᠪᠠᠷᠢ ᠳᠤ ᠬᠠᠷᠢᠶᠠᠯᠠᠭᠳᠠᠨᠡ᠃ | ᠥᠪᠤᠷ ᠮᠤᠩᠭᠤᠯ ᠤᠨ ᠥᠨᠳᠦᠷᠯᠢᠭ ᠤᠨ ᠡᠷᠬᠦᠭᠳᠡᠭᠰᠡᠨ ᠪᠠ ᠶᠡᠭᠡ ᠭᠢᠩᠭᠠᠨ ᠳᠠᠪᠠᠭᠠᠨ ᠤ ᠭᠠᠯᠳᠤ ᠠᠭᠤᠯᠨ ᠶᠢᠨ | ᠰᠥᠷᠴᠢᠯᠳᠡ ᠨᠢ ᠮᠠᠰᠢ ᠤᠯᠠᠨ ᠭᠠᠵᠠᠷ ᠤᠨ ᠭᠠᠳᠠᠷᠭᠤ ᠶᠢᠨ ᠵᠥᠷᠢᠭᠳᠡᠯ ᠤᠨ ᠪᠥᠰᠠ ᠶᠢ ᠪᠤᠢ ᠪᠤᠯᠭᠠᠵᠤ᠂ ᠭᠠᠵᠠᠷ | ᠳᠤᠤᠷᠠᠭᠢ ᠤᠰᠤ ᠨᠢ ᠬᠠᠭᠠᠷᠠᠯ ᠤᠨ ᠪᠥᠰᠠ ᠳᠤ ᠰᠢᠮᠡᠳᠴᠤ᠂ ᠤᠷᠴᠢᠵᠤ᠂ ᠳᠡᠯᠡᠭᠡᠢ ᠶᠢᠨ ᠴᠡᠷᠴᠡᠳᠠᠰᠤ ᠶᠢᠨ ᠬᠥᠨ | ᠭᠡᠰᠡᠭ ᠲᠤ ᠬᠠᠯᠠᠭᠰᠠᠨ ᠤ ᠳᠠᠷᠠᠭ᠎ᠠ᠂ ᠳᠠᠭᠢᠨ ᠡᠪᠳᠠᠷᠭᠡᠢ ᠪᠥᠰᠠ ᠳᠤ ᠬᠤᠷᠠᠵᠤ᠂ ᠵᠠᠢ ᠵᠠᠪᠰᠠᠷ ᠢᠶᠠᠷ ᠨᠢ | ᠭᠠᠵᠠᠷ ᠤᠨ ᠨᠢᠭᠤᠷ ᠳᠡᠭᠡᠷ᠎ᠡ ᠪᠤᠷᠭᠢᠯᠤᠨ ᠭᠠᠷᠴᠥ᠂ ᠬᠠᠮᠤᠭ ᠡᠴᠥᠰ ᠲᠤ ᠭᠠᠯᠳᠠᠰᠥᠳᠠᠢ ᠷᠠᠰᠢᠶᠠᠨ ᠤ ᠭᠠᠵᠠᠷ | ᠤᠷᠤᠨ ᠤ ᠬᠠᠯᠠᠭᠤᠨ ᠷᠠᠰᠢᠶᠠᠨ ᠤ ᠰᠥᠷᠥᠭᠵᠢᠯ ᠢ ᠪᠤᠢ ᠪᠤᠯᠭᠠᠵᠠᠢ᠃ | ᠭᠠᠯᠳᠠᠰᠥᠳᠠᠢ ᠬᠠᠯᠠᠭᠤᠨ ᠷᠠᠰᠢᠶᠠᠨ ᠤ ᠳᠠᠷᠬᠠᠯᠳᠠ ᠶᠢᠨ ᠳᠠᠯᠠᠪᠠᠢ ᠨᠢ ᠪᠠᠷᠤᠭ 0.3 ᠳᠡᠭᠰᠢ ᠲᠦᠷᠪᠡᠯᠵᠢᠨ | ᠺᠢᠯᠥᠮᠧᠲᠷ ᠃ ᠭᠠᠵᠠᠷ ᠳᠤᠤᠷᠠᠭᠢ ᠬᠠᠯᠠᠭᠤᠨ ᠤᠰᠤ ᠨᠢ ᠪᠤᠷᠵᠢᠨ ᠴᠢᠯᠠᠭᠤᠯᠢᠭ ᠤᠨ ᠪᠥᠳᠥᠴᠡ ᠶᠢᠨ ᠵᠡᠪᠰᠠᠷ ᠲᠤ | ᠬᠠᠳᠠᠭᠠᠯᠠᠭᠳᠠᠵᠤ᠂ ᠭᠠᠷᠴᠥ ᠢᠷᠡᠬᠦ ᠬᠠᠯᠠᠭᠤᠨ ᠤᠰᠤᠨ ᠤ ᠬᠠᠮᠤᠭ ᠬᠠᠯᠠᠭᠤᠨ ᠨᠢ 87 ℃ ᠲᠤ ᠬᠥᠷᠳᠡᠭ᠃ | ᠭᠠᠯᠳᠠᠰᠥᠳᠠᠢ ᠷᠠᠰᠢᠶᠠᠨ ᠤ ᠬᠠᠯᠠᠭᠤᠨ ᠷᠠᠰᠢᠶᠠᠨ ᠤ ᠤᠰᠤ ᠨᠢ ᠡᠭᠡ ᠭᠠᠵᠠᠷ ᠤᠨ ᠬᠥᠨ ᠳᠠᠪᠬᠤᠷᠭ᠎ᠠ ᠳᠤ | ᠳᠠᠰᠤᠷᠠᠯᠳᠠ ᠥᠭᠡᠢ ᠤᠷᠴᠢᠵᠤ᠂ ᠥᠨᠳᠤᠷ ᠳᠤᠯᠭᠠᠨ ᠥᠨᠳᠤᠷ ᠳᠠᠷᠤᠯᠳᠠ ᠶᠢᠨ ᠤᠷᠴᠢᠨ ᠳᠤ ᠶᠡᠭᠡ ᠭᠡᠮᠵᠢᠶᠠᠨ ᠤ | ᠪᠢᠴᠢᠯ ᠡᠯᠧᠮᠧᠨ᠋ᠲ ᠪᠤᠯᠤᠨ ᠳᠡᠯᠡᠭᠡᠢ ᠶᠢᠨ ᠪᠥᠮᠪᠤᠷᠴᠡᠭ ᠤᠨ ᠬᠥᠨ ᠭᠡᠰᠡᠭ ᠤᠨ ᠭᠡᠢ ᠪᠠᠶᠠᠳᠤ ᠲᠠᠢ | ᠠᠭᠤᠰᠤᠯᠴᠠᠭᠠᠳ᠂ ᠠᠳᠡᠭᠢ ᠷᠠᠰᠢᠶᠠᠨ ᠪᠤᠯᠠᠭ ᠤᠨ ᠤᠰᠤ ᠶᠢ ᠨᠠᠯᠢᠶᠠᠳ ᠤᠯᠠᠨ ᠬᠠᠴᠢᠨ ᠭᠠᠶᠢᠬᠠᠮᠰᠢᠭᠳᠣ | ᠥᠢᠯᠡᠳᠤᠯ ᠲᠠᠢ ᠪᠤᠯᠭᠠᠵᠠᠢ᠃ ᠨᠢᠭᠡ ᠳᠠᠯ᠎ᠠ ᠪᠠᠷ ᠬᠠᠯᠠᠭᠤᠨ ᠷᠠᠰᠢᠶᠠᠨ ᠢᠶᠠᠷ ᠤᠭᠢᠶᠠᠬᠤ ᠥᠶᠡᠰ ᠲᠤ ᠤᠯᠠᠩᠭᠢ | ᠭᠢᠮᠢ ᠶᠢᠨ ᠪᠤᠳᠠᠰ ᠨᠢ ᠠᠷᠠᠰᠤᠨ ᠳᠤ ᠬᠤᠷᠠᠵᠤ᠂ ᠠᠷᠠᠰᠥᠨ ᠤ ᠬᠥᠴᠢᠯ ᠱᠥᠯᠳᠤ ᠶᠢᠨ ᠭᠡᠮᠵᠢᠶ᠎ᠡ ᠶᠢ | ᠥᠭᠡᠷᠡᠴᠢᠯᠡᠵᠥ᠂ ᠠᠷᠠᠰᠤ ᠮᠢᠬ᠎ᠠ ᠶᠢ ᠴᠠᠶᠢᠷᠠᠭᠤᠯᠤᠨ ᠵᠥᠭᠡᠯᠠᠷᠠᠬᠦᠯᠵᠥ᠂ ᠭᠭᠢᠷ ᠪᠤᠷᠳᠤᠭ ᠢ ᠠᠷᠢᠯᠭᠠᠵᠥ᠂ ᠡᠯ᠎ᠡ | ᠵᠥᠢᠯ ᠤᠨ ᠪᠢᠴᠢᠯ ᠪᠤᠳᠠᠰ ᠢ ᠰᠢᠩᠭᠡᠭᠡᠨ ᠠᠪᠴᠤ᠂ ᠭᠤᠶᠤᠵᠢᠭᠤᠯᠵᠥ᠂ ᠳᠠᠮᠢᠷᠵᠢᠭᠤᠯᠬᠤ ᠥᠢᠯᠡᠳᠤᠯ ᠲᠠᠢ | ᠪᠠᠶᠢᠳᠠᠭ᠃ ᠨᠥᠬᠦᠭᠡ ᠳᠠᠯ᠎ᠠ ᠪᠠᠷ᠂ ᠬᠠᠯᠠᠭᠤᠨ ᠷᠠᠰᠢᠶᠠᠨ ᠤ ᠭᠢᠮᠢ ᠶᠢᠨ ᠪᠤᠳᠠᠰ ᠨᠢ ᠮᠠᠳᠠᠷᠠᠯ ᠳᠤ ᠰᠠᠳᠠᠯᠳᠠ | ᠥᠭᠴᠤ᠂ ᠳᠤᠳᠤᠭᠠᠳᠤ ᠱᠥᠬᠦᠷᠠᠯ ᠵᠢᠴᠢ ᠡᠪᠠᠳᠴᠢᠨ ᠤ ᠡᠰᠡᠷᠬᠦᠴᠡᠬᠦ ᠰᠢᠰᠲ᠋ᠧᠮ ᠢ ᠰᠠᠶᠢᠵᠢᠷᠠᠭᠤᠯᠵᠥ᠂ ᠪᠤᠯᠴᠢᠩ | ᠂ ᠥᠶ᠎ᠡ ᠭᠡᠰᠢᠬᠦᠤ ᠶᠢ ᠰᠤᠯᠠᠳᠬᠠᠬᠤ ᠶᠢ ᠠᠭᠢᠭᠤᠯᠵᠥ᠂ ᠴᠢᠰᠤᠨ ᠰᠤᠳᠠᠯ ᠢ ᠪᠥᠳᠥᠬᠦᠷᠡᠬᠦᠯᠵᠤ᠂ ᠴᠢᠰᠤᠨ ᠤ | ᠡᠷᠭᠢᠯᠳᠡ ᠶᠢ ᠠᠭᠢᠭᠤᠯᠵᠥ᠂ ᠬᠥᠮᠥᠨ ᠤ ᠪᠠᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠳᠥᠷᠭᠡᠳᠭᠡᠵᠥ᠂ | ᠶᠠᠳᠠᠷᠠᠯ ᠢ ᠠᠷᠢᠯᠭᠠᠵᠥ᠂ ᠪᠠᠶ᠎ᠡ ᠮᠠᠬᠠᠪᠤᠳ ᠢ ᠨᠢ ᠴᠢᠭᠢᠷᠠᠭᠵᠢᠭᠤᠯᠵᠥ᠂ ᠰᠠᠳᠭᠢᠯ ᠰᠠᠨᠠᠭ᠎ᠠ ᠶᠢ ᠨᠢ | ᠠᠮᠤᠷᠵᠢᠭᠤᠯᠬᠤ ᠥᠢᠯᠡᠳᠤᠯ ᠲᠠᠢ ᠪᠠᠶᠢᠳᠠᠭ᠃ ᠨᠠᠩ ᠬᠠᠴᠢᠨ ᠭᠠᠶᠢᠬᠠᠮᠰᠢᠭ ᠨᠢ ᠪᠤᠯ᠂ ᠬᠠᠯᠠᠭᠤᠨ ᠷᠠᠰᠢᠶᠠᠨ ᠳᠤ | ᠡᠯᠪᠡᠭ ᠪᠠᠶᠠᠯᠢᠭ ᠺᠠᠯᠽᠢ᠂ ᠺᠠᠯᠢ᠂ ᠠᠽᠤᠲ ᠵᠡᠷᠭᠡ ᠶᠢᠨ ᠪᠥᠷᠢᠯᠳᠥᠬᠦᠨ ᠠᠭᠤᠯᠤᠭᠳᠠᠵᠤ᠂ ᠵᠢᠷᠥᠭᠡ ᠳᠠᠷᠢᠭᠢ᠂ | ᠴᠢᠰᠤᠨ ᠰᠤᠳᠠᠯ ᠤᠨ ᠰᠢᠰᠲ᠋ᠧᠮ ᠢ ᠳᠤᠭᠢᠷᠠᠭᠤᠯᠵᠥ᠂ ᠰᠢᠭᠢᠷ ᠰᠢᠵᠢᠩ ᠡᠪᠠᠳᠴᠢᠨ᠂ ᠳᠤᠯᠠᠢ ᠡᠪᠠᠳᠴᠢᠨ᠂ | ᠮᠠᠳᠠᠷᠠᠯ ᠤᠨ ᠡᠪᠠᠳᠴᠢᠨ᠂ ᠥᠶ᠎ᠡ ᠭᠡᠰᠢᠬᠦᠤ ᠶᠢᠨ ᠡᠪᠠᠳᠴᠢᠨ᠂ ᠬᠡᠷᠡᠬᠦ ᠡᠪᠠᠳᠴᠢᠨ᠂ ᠭᠡᠷᠡᠬᠦᠯᠢᠭ ᠡᠪᠠᠳᠴᠢᠨ | ᠵᠡᠷᠭᠡ ᠶᠢ ᠵᠠᠰᠠᠬᠤ ᠳᠤ ᠵᠤᠭᠢᠬᠤ ᠥᠢᠯᠡᠳᠤᠯ ᠲᠠᠢ᠃ | ᠭᠠᠯᠳᠠᠰᠥᠳᠠᠢ ᠷᠠᠰᠢᠶᠠᠨ ᠨᠢ ᠬᠠᠴᠢᠨ ᠭᠠᠶᠢᠬᠠᠮᠰᠢᠭ ᠡᠮᠴᠢᠯᠡᠭᠡᠨ ᠤ ᠳᠤᠰᠠ ᠲᠠᠢ ᠪᠤᠯᠬᠤᠷ᠂ ᠡᠩᠭᠡ ᠠᠮᠤᠭᠤᠯᠠᠩ | ᠬᠠᠭᠠᠨ ᠴᠤ ᠠᠳᠡ ᠢᠷᠡᠵᠤ ᠪᠠᠶ᠎ᠡ ᠪᠠᠨ ᠤᠭᠢᠶᠠᠵᠤ ᠥᠩᠭᠡᠷᠡᠪᠡ᠂ ᠳᠡᠬᠦᠨ ᠤ ᠬᠡᠷᠡᠭᠯᠡᠵᠤ ᠪᠠᠶᠢᠭᠰᠠᠨ ᠤᠭᠢᠶᠠᠯ ᠤᠨ | ᠬᠤᠳᠳᠤᠭ ᠨᠢ ᠤᠳᠤ ᠪᠤᠯᠳᠠᠯ᠎ᠠ ᠬᠠᠳᠠᠭᠠᠯᠠᠭᠳᠠᠭᠰᠠᠭᠠᠷ ᠪᠠᠶᠢᠨ᠎ᠡ᠃ ᠤᠯᠠᠨ ᠢᠶᠠᠷ ᠢᠶᠠᠨ ᠨᠢᠭᠡ ᠡᠳᠤᠷ ᠵᠤᠭᠠᠴᠠᠨ | ᠨᠠᠭᠠᠳᠤᠭᠰᠠᠨ ᠤ ᠳᠠᠷᠠᠭ᠎ᠠ᠂ ᠬᠠᠯᠠᠭᠤᠨ ᠷᠠᠰᠢᠶᠠᠨ ᠳᠤ ᠪᠠᠶ᠎ᠡ ᠪᠠᠨ ᠤᠭᠢᠶᠠᠵᠤ᠂ ᠰᠠᠶᠢᠬᠠᠨ ᠠᠮᠤᠷᠠᠨ ᠨᠠᠭᠠᠳᠤᠵᠤ | ᠪᠥᠷ ᠪᠤᠯᠤᠨ᠎ᠡ᠃ ᠶᠠᠷᠢᠶᠠᠨ ᠥᠭᠡᠢ᠂ ᠬᠠᠯᠠᠭᠤᠨ ᠷᠠᠰᠢᠶᠠᠨ ᠳᠤ ᠪᠠᠶ᠎ᠡ ᠪᠠᠨ ᠰᠤᠪᠢᠯᠠᠬᠤ ᠳᠤ ᠤᠷᠳᠤ ᠬᠤᠭᠤᠴᠠᠭ᠎ᠠ | ᠪᠠᠷ ᠪᠠᠷᠢᠮᠳᠠᠯᠠᠬᠤ ᠨᠢ ᠴᠢᠬᠤᠯᠨ᠂ ᠭᠡᠨᠡᠳᠳᠡ ᠨᠢᠭᠡ ᠬᠤᠶᠠᠷ ᠤᠳᠠᠭ᠎ᠠ ᠤᠭᠢᠶᠠᠭᠠᠳ᠂ ᠪᠠᠶ᠎ᠡ ᠪᠠᠨ ᠰᠤᠪᠢᠯᠠᠵᠤ᠂ | ᠭᠤᠶᠤᠵᠢᠭᠤᠯᠬᠤ ᠵᠤᠷᠢᠯᠭ᠎ᠠ ᠳᠠᠭᠠᠨ ᠬᠥᠷᠴᠤ ᠳᠠᠶᠢᠯᠬᠦ ᠥᠭᠡᠢ ᠶᠤᠮ᠃ | ᠬᠠᠯᠠᠭᠤᠨ ᠷᠠᠰᠢᠶᠠᠨ ᠤ ᠡᠭᠢ ᠪᠠᠶᠠᠯᠢᠭ ᠨᠢ᠂ ᠬᠡᠷᠡᠭᠯᠡᠭᠡᠳ ᠪᠠᠷᠠᠰᠢ ᠥᠭᠡᠢ ᠪᠢᠰᠢ ᠶᠤᠮ᠃ ᠪᠢᠳᠠ ᠵᠠᠪᠠᠯ | ᠬᠠᠯᠠᠭᠤᠨ ᠷᠠᠰᠢᠶᠠᠨ ᠤ ᠡᠭᠢ ᠪᠠᠶᠠᠯᠢᠭ ᠢ ᠵᠤᠭᠢᠰᠳᠠᠢ ᠪᠠᠷ ᠬᠠᠮᠠᠭᠠᠯᠠᠬᠤ ᠪᠠ ᠠᠰᠢᠭᠯᠠᠵᠥ᠂ ᠵᠠᠯᠭᠠᠭ᠎ᠠ ᠪᠠᠷ | ᠠᠰᠢᠭᠯᠠᠵᠥ ᠴᠢᠳᠠᠭᠰᠠᠨ ᠪᠠᠶᠢᠬᠤ ᠬᠡᠷᠡᠭᠳᠡᠢ᠃ ᠤᠳᠤᠬᠠᠨ ᠳᠤ᠂ ᠬᠡᠰᠢᠭᠳᠡᠨ ᠬᠤᠰᠢᠭᠤᠨ ᠤ ᠵᠠᠰᠠᠭ ᠤᠨ ᠤᠷᠳᠤᠨ | ᠨᠢ ᠶᠠᠭ ᠰᠠᠶᠢᠬᠠᠨ ᠭᠠᠯᠳᠠᠰᠥᠳᠠᠢ ᠷᠠᠰᠢᠶᠠᠨ ᠤ ᠳᠤᠭᠤᠷᠢᠭ ᠤᠨ ᠬᠠᠯᠠᠭᠤᠨ ᠷᠠᠰᠢᠶᠠᠨ ᠤ ᠡᠭᠢ ᠪᠠᠶᠠᠯᠢᠭ ᠢ ᠤᠯᠠᠮ | ᠨᠢᠭᠡ ᠠᠯᠬᠤᠮ ᠳᠥᠯᠥᠪᠵᠢᠬᠦᠯᠬᠦ ᠪᠠ ᠪᠥᠳᠥᠭᠡᠨ ᠪᠠᠶᠢᠭᠤᠯᠵᠤ ᠪᠠᠶᠢᠨ᠎ᠡ᠃ ᠰᠠᠶᠢᠳᠤᠷ ᠪᠥᠳᠥᠭᠡᠨ ᠪᠠᠶᠢᠭᠤᠯᠤᠭᠰᠠᠨ | ᠭᠠᠯᠳᠠᠰᠥᠳᠠᠢ ᠶᠢᠨ ᠨᠡᠭᠡᠭᠡᠯᠳᠡ ᠶᠢᠨ ᠳᠤᠭᠤᠷᠢᠭ ᠤᠨ ᠬᠠᠯᠠᠭᠤᠨ ᠷᠠᠰᠢᠶᠠᠨ ᠤ ᠡᠭᠢ ᠪᠠᠶᠠᠯᠢᠭ ᠨᠢ ᠨᠡᠩ ᠵᠤᠭᠢᠰᠳᠠᠢ | ᠪᠠᠷ ᠬᠠᠮᠠᠭᠠᠯᠠᠭᠳᠠᠬᠤ ᠪᠠ ᠠᠰᠢᠭᠯᠠᠭᠳᠠᠵᠤ ᠴᠢᠳᠠᠬᠤ ᠶᠤᠮ᠃ | ᠳᠤᠭᠳᠠᠴᠠ ᠶᠢᠨ ᠭᠠᠵᠠᠷ ᠰᠢᠨᠵᠢᠯᠡᠭᠡᠨ ᠤ ᠥᠯᠡᠳᠡᠭᠳᠡᠯ | ᠳᠡᠳᠡᠭᠡᠷ ᠳᠡᠯᠡᠭᠡᠢ ᠶᠢᠨ ᠴᠠᠷᠴᠠᠳᠠᠰᠣ ᠶᠢᠨ ᠬᠥᠳᠡᠯᠭᠡᠭᠡᠨ ᠤ ᠥᠶᠡᠰ ᠪᠤᠢ ᠪᠤᠯᠤᠭᠰᠠᠨ ᠵᠠᠷᠢᠮ ᠤᠨᠴᠠᠯᠢᠭᠳᠤ | ᠴᠢᠨᠠᠷ ᠪᠠ ᠨᠠᠶᠢᠳᠡᠯᠢᠭ ᠥᠨ᠎ᠡ ᠥᠷᠳᠡᠭ ᠲᠠᠢ ᠳᠤᠭᠳᠠᠴᠠ ᠶᠢ ᠳᠤᠭᠳᠠᠴᠠ ᠶᠢᠨ ᠭᠠᠵᠠᠷ ᠰᠢᠨᠵᠢᠯᠡᠭᠡᠨ ᠤ | ᠥᠯᠡᠳᠡᠭᠳᠡᠯ ᠭᠡᠵᠤ ᠨᠠᠷᠠᠶᠢᠳᠡᠳᠡᠭ᠃ ᠬᠡᠰᠢᠭᠳᠡᠨ ᠬᠤᠰᠢᠭᠤᠨ ᠤ ᠰᠢᠷᠠᠮᠦ᠋ᠷᠡᠨ ᠪᠤᠯ ᠳᠠᠷᠤᠢ ᠴᠢᠬᠤᠯᠨ ᠳᠤᠭᠳᠠᠴᠠ | ᠶᠢᠨ ᠠᠴᠢ ᠬᠤᠯᠪᠣᠭᠳᠠᠯ ᠲᠠᠢ ᠶᠤᠮ᠃ ᠨᠢᠭᠡᠨ ᠴᠢᠬᠤᠯᠨ ᠳᠤᠭᠳᠠᠴᠠ ᠶᠢᠨ ᠥᠯᠡᠳᠡᠭᠳᠡᠯ ᠮᠥᠨ᠃ ᠪᠢᠳᠠ | ᠰᠢᠷᠠᠮᠦ᠋ᠷᠡᠨ ᠤ ᠭᠠᠵᠠᠷ ᠰᠢᠨᠵᠢᠯᠡᠭᠡᠨ ᠤ ᠥᠨ᠎ᠡ ᠥᠷᠳᠡᠭ ᠢ ᠤᠶᠢᠯᠭᠠᠬᠤ ᠠᠴᠠ ᠡᠮᠥᠨ᠎ᠡ ᠤᠷᠢᠳᠠᠪᠠᠷ ᠨᠢᠭᠡ | ᠪᠥᠯᠥᠭ ᠥᠨᠳᠤᠰᠥᠨ ᠮᠡᠳᠡᠯᠭᠡ ᠶᠢ ᠣᠶᠢᠯᠠᠭᠠᠵᠠᠭᠠᠶ᠎ᠠ᠃ ᠤᠯᠠᠨ ᠢᠶᠠᠷ ᠢᠶᠠᠨ ᠬᠠᠪᠳᠠᠭᠠᠢ ᠭᠡᠰᠡᠭ ᠤᠨ ᠳᠤᠭᠳᠠᠴᠠ | ᠶᠢᠨ ᠰᠤᠷᠭᠠᠯ ᠤᠨ ᠳᠤᠬᠠᠢ ᠪᠥᠷ ᠤᠶᠢᠯᠭᠠᠬᠤ ᠶᠤᠮ᠂ ᠬᠠᠪᠳᠠᠭᠠᠢ ᠭᠡᠰᠡᠭ ᠤᠨ ᠳᠤᠭᠳᠠᠴᠠ ᠶᠢᠨ ᠰᠤᠷᠭᠠᠯ ᠤᠨ | ᠥᠵᠡᠬᠦ ᠪᠠᠷ ᠴᠢᠯᠠᠭᠤᠯᠢᠭ ᠪᠥᠷᠬᠦᠬᠦᠯ ᠨᠢ ᠠᠽᠢᠶ᠎ᠡ ᠡᠸᠦ᠋ᠷᠥᠫᠠ ᠶᠢᠨ ᠬᠠᠪᠳᠠᠭᠠᠢ ᠭᠡᠰᠡᠭ᠂ ᠠᠹᠡᠷᠢᠺᠠ ᠳᠢᠪ ᠤᠨ | ᠬᠠᠪᠳᠠᠭᠠᠢ ᠭᠡᠰᠡᠭ᠂ ᠠᠮᠧᠷᠢᠺᠠ ᠳᠢᠪ ᠤᠨ ᠬᠠᠪᠳᠠᠭᠠᠢ ᠭᠡᠰᠡᠭ᠂ ᠨᠤᠮᠤᠭᠠᠨ ᠳᠠᠯᠠᠢ ᠶᠢᠨ ᠬᠠᠪᠳᠠᠭᠠᠢ ᠭᠡᠰᠡᠭ᠂ | ᠡᠨᠡᠳᠭᠡᠭ ᠤᠨ ᠳᠠᠯᠠᠢ ᠶᠢᠨ ᠬᠠᠪᠳᠠᠭᠠᠢ ᠭᠡᠰᠡᠭ ᠪᠤᠯᠤᠨ ᠡᠮᠥᠨᠡᠳᠤ ᠳᠤᠶᠢᠯ ᠤᠨ ᠳᠢᠪ ᠤᠨ ᠬᠠᠪᠳᠠᠭᠠᠢ ᠭᠡᠰᠡᠭ ᠵᠡᠷᠭᠡ | ᠵᠢᠷᠭᠤᠭᠠᠨ ᠬᠠᠪᠳᠠᠭᠠᠢ ᠭᠡᠰᠡᠭ ᠢᠶᠠᠷ ᠪᠥᠷᠢᠯᠳᠥᠵᠥ᠂ ᠡᠭᠡ ᠬᠠᠭᠤᠷᠠᠢ ᠶᠢᠨ ᠳᠤᠳᠤᠭᠠᠳᠤ ᠭᠡᠰᠡᠭ ᠢ ᠪᠠᠰᠠ ᠨᠢᠭᠡ | ᠪᠥᠯᠥᠭ ᠢ ᠨᠢ ᠳᠠᠳ᠋ ᠬᠠᠭᠤᠷᠠᠢ ᠶᠢᠨ ᠬᠠᠪᠳᠠᠭᠠᠢ ᠭᠡᠰᠡᠭ ᠭᠡᠵᠤ ᠬᠤᠪᠢᠶᠠᠵᠤ ᠪᠤᠯᠤᠨ᠎ᠡ᠃ | ᠳᠠᠯᠠᠢ ᠶᠢᠨ ᠬᠤᠶᠠᠷ ᠳᠠᠯ᠎ᠠ ᠶᠢᠨ ᠡᠭᠡ ᠬᠠᠭᠤᠷᠠᠢ ᠶᠢᠨ ᠬᠠᠪᠳᠠᠭᠠᠢ ᠭᠡᠰᠡᠭ ᠨᠢ ᠬᠠᠷᠢᠯᠴᠠᠨ ᠡᠰᠡᠷᠬᠦ ᠥᠭᠡᠳᠡ | ᠪᠠᠨ ᠬᠥᠪᠪᠤᠨ ᠰᠢᠯᠵᠢᠭᠡᠳ ᠬᠠᠮᠤᠭ ᠡᠴᠥᠰ ᠨᠡᠶᠢᠯᠡᠭᠰᠡᠨ ᠤ ᠳᠠᠷᠠᠭ᠎ᠠ᠂ ᠳᠠᠳᠠᠨ ᠤ ᠬᠤᠭᠤᠷᠤᠨᠳᠤᠭᠢ ᠳᠠᠯᠠᠢ ᠨᠢ | ᠤᠰᠠᠳᠪᠡ᠂ ᠡᠨᠡᠬᠦ ᠨᠡᠶᠢᠯᠡᠭᠰᠡᠨ ᠪᠥᠰᠠ ᠶᠢ ᠨᠢ ᠵᠠᠭᠠᠳᠠᠰᠤ ᠱᠤᠭᠤᠮ ᠭᠡᠵᠤ ᠨᠠᠷᠠᠶᠢᠳᠠᠳᠡᠭ᠃ ᠡᠳᠡᠭᠡᠷ ᠭᠠᠵᠠᠷ | ᠤᠷᠤᠨ ᠳᠤ ᠥᠷᠬᠦᠯᠵᠢ ᠥᠯᠡᠳᠡᠭᠳᠡᠵᠤ ᠢᠷᠡᠭᠰᠡᠨ ᠨᠢᠭᠡ ᠪᠥᠯᠥᠭ ᠳᠠᠯᠠᠢ ᠶᠢᠨ ᠥᠯᠡᠳᠡᠭᠳᠡᠯ ᠪᠠᠶᠢᠳᠠᠭ᠂ ᠪᠢᠳᠠ | ᠳᠠᠬᠦᠨ ᠢ ᠨᠤᠭᠤᠭᠠᠨ ᠮᠤᠭᠠᠢ ᠡᠷᠢᠶᠠᠨ ᠴᠢᠯᠠᠭᠤᠯᠢᠭ ᠳᠤᠬᠤᠢ ᠭᠡᠳᠡᠭ᠃ ᠨᠤᠭᠤᠭᠠᠨ ᠮᠤᠭᠠᠢ ᠡᠷᠢᠶᠠᠨ ᠴᠢᠯᠠᠭᠤᠯᠢᠭ | ᠳᠤᠬᠤᠢ ᠪᠤᠯ ᠭᠡᠳᠤᠨ ᠵᠥᠢᠯ ᠤᠨ ᠠᠳᠠᠯᠢ ᠪᠤᠰᠤ ᠴᠢᠯᠠᠭᠤᠯᠢᠭ ᠢᠶᠠᠷ ᠪᠥᠷᠢᠯᠳᠥᠭᠰᠡᠨ ᠶᠤᠮ᠂ ᠳᠤᠤᠷ᠎ᠡ ᠠᠴᠠ | ᠳᠡᠭᠡᠭᠰᠢᠭᠢ ᠳᠠᠷᠠᠭᠠᠯᠠᠯ ᠨᠢ ᠪᠤᠯ᠂ ᠠᠷᠤᠷᠡ ᠴᠢᠯᠠᠭᠤᠯᠢᠭ᠂ ᠭᠢᠯᠠᠭᠠᠷ ᠵᠤᠩᠰᠢᠳᠤ ᠴᠢᠯᠠᠭᠤᠯᠢᠭ᠂ ᠰᠠᠭᠤᠷᠢᠯᠢᠭ | ᠴᠢᠯᠠᠭᠤᠯᠢᠭ ᠤᠨ ᠭᠡᠷᠡᠮ ᠪᠤᠯᠤᠨ ᠰᠠᠭᠤᠷᠢᠯᠢᠭ ᠴᠢᠯᠠᠭᠤᠯᠢᠭ ᠭᠢᠭᠡᠳ ᠳᠠᠯᠠᠢ ᠶᠢᠨ ᠳᠥᠷᠰᠥᠳᠤ ᠳᠤᠨᠤᠮᠠᠯ ᠪᠤᠳᠠᠰ | ᠵᠡᠷᠭᠡ ᠪᠤᠯᠤᠨ᠎ᠡ᠃ | ᠡᠳᠡᠭᠡᠷ ᠰᠠᠭᠤᠷᠢ ᠮᠡᠳᠡᠯᠭᠡ ᠶᠢ ᠤᠶᠢᠯᠭᠠᠭᠰᠠᠨ ᠤ ᠳᠠᠷᠠᠭ᠎ᠠ᠂ ᠪᠢᠳᠠ ᠳᠠᠭᠢᠨ ᠭᠡᠰᠢᠭᠳᠡᠨ ᠤ ᠭᠠᠵᠠᠷ | ᠤᠷᠤᠨ ᠤ ᠳᠤᠭᠳᠠᠴᠠ ᠶᠢᠨ ᠪᠠᠶᠢᠳᠠᠯ ᠢ ᠥᠵᠡᠶ᠎ᠡ᠃ ᠳᠤᠰ ᠭᠠᠵᠠᠷ ᠤᠷᠤᠨ ᠤ ᠰᠢᠷᠠᠮᠦ᠋ᠷᠠᠨ ᠪᠤᠯ ᠰᠤᠳᠤᠯᠭᠠᠨ ᠤ | ᠵᠠᠩᠭᠢᠯᠭ᠎ᠠ ᠮᠥᠨ᠂ ᠳᠠᠷᠨ ᠨᠢ ᠤᠮᠠᠷᠠᠳᠤ ᠤᠷᠤᠨ ᠤ ᠳᠤᠭᠳᠠᠴᠠ ᠶᠢᠨ ᠤᠯᠠᠷᠢᠯ ᠬᠤᠪᠢᠷᠠᠯ ᠤᠨ ᠨᠠᠶᠢᠳᠡᠯᠢᠭ ᠭᠠᠵᠠᠷ | ᠤᠷᠤᠨ ᠮᠥᠨ᠃ | 5.7 ᠳ᠋ᠥᠩᠰᠢᠭᠤᠷ ᠵᠢᠯ ᠤᠨ ᠡᠮᠥᠨ᠎ᠡ᠂ ᠳᠤᠰ ᠭᠠᠵᠠᠷ ᠤᠷᠤᠨ ᠨᠢ ᠨᠢᠭᠡᠨ ᠨᠠᠯᠤᠭᠡᠷ ᠶᠡᠭᠡ ᠳᠠᠯᠠᠢ | ᠪᠠᠶᠢᠵᠠᠢ᠂ ᠰᠢᠪᠧᠷᠢᠶ᠎ᠡ ᠶᠢᠨ ᠬᠠᠪᠳᠠᠭᠠᠢ ᠬᠡᠰᠡᠭ ᠪᠤᠯᠤᠨ ᠳᠤᠮᠳᠠᠳᠤ ᠶᠢᠨ ᠬᠠᠪᠳᠠᠭᠠᠢ ᠬᠡᠰᠡᠭ ᠤᠨ ᠳᠤᠮᠳᠠ | ᠬᠠᠪᠴᠢᠭᠳᠠᠪᠠ︔ 2.7 ᠳ᠋ᠥᠩᠰᠢᠭᠤᠷ ᠵᠢᠯ ᠤᠨ ᠡᠮᠥᠨ᠎ᠡ᠂ ᠬᠤᠶᠠᠳᠠᠭᠴᠢ ᠭᠠᠯᠪᠠ ᠶᠢᠨ ᠰᠠᠬᠦᠯᠴᠢ ᠶᠢᠨ | ᠬᠤᠭᠤᠴᠠᠭᠠᠨ ᠳᠤ᠂ ᠬᠤᠶᠠᠷ ᠶᠡᠭᠡ ᠬᠠᠪᠳᠠᠭᠠᠢ ᠭᠡᠰᠡᠭ ᠨᠢ ᠠᠳᠡ ᠨᠠᠶᠢᠯᠠᠯᠴᠠᠭᠡᠳ ᠳᠠᠯᠠᠢ ᠤᠰᠠᠳᠪᠠ᠂ ᠨᠢᠭᠡᠨ | ᠵᠤᠷᠪᠤᠰ ᠴᠢᠬᠤᠯᠨ ᠵᠠᠭᠠᠳᠠᠰᠤ ᠱᠤᠭᠤᠮ — ᠰᠢᠷᠠᠮᠦ᠋ᠷᠠᠨ ᠤ ᠬᠠᠭᠠᠷᠠᠯ ᠤᠨ ᠪᠥᠰᠠ ᠶᠢ ᠪᠤᠢ ᠪᠤᠯᠭᠠᠵᠠᠢ᠂ | ᠰᠢᠷᠠᠮᠦ᠋ᠷᠠᠨ ᠤ ᠺᠧ ᠳ᠋ᠠᠨ ᠱᠠᠨ ᠠᠭᠤᠯᠨ ᠠᠴᠠ ᠢᠯᠡᠷᠡᠬᠦᠯᠥᠭᠰᠡᠨ ᠨᠤᠭᠤᠭᠠᠨ ᠮᠤᠭᠠᠢ ᠡᠷᠢᠶᠠᠨ ᠴᠢᠯᠠᠭᠤᠯᠢᠭ ᠤᠨ | ᠳᠤᠬᠤᠢ ᠨᠢ ᠡᠨᠡᠬᠦ ᠪᠠᠶᠢᠳᠠᠯ ᠢ ᠬᠡᠷᠡᠴᠢᠯᠡᠭᠰᠡᠨ ᠪᠠᠶᠢᠨ᠎ᠡ᠃ | ᠬᠤᠶᠠᠷ ᠬᠠᠪᠳᠠᠭᠠᠢ ᠶᠢᠨ ᠭᠡᠰᠡᠭ ᠨᠡᠶᠢᠯᠡᠯᠴᠡᠬᠦ ᠠᠴᠠ ᠡᠮᠥᠨ᠎ᠡ᠂ ᠵᠥᠩ ᠴᠤᠤ ᠬᠠᠪᠳᠠᠭᠠᠢ ᠶᠢᠨ ᠭᠡᠰᠡᠭ | ᠪᠤᠯ ᠡᠷᠳᠡᠨ ᠤ ᠳᠤᠭᠳᠠᠪᠥᠷᠢᠵᠢᠭ᠌ᠰᠠᠨ ᠳᠠᠯᠠᠰᠳᠤ ᠶᠢᠨ ᠰᠠᠭᠤᠷᠢ ᠮᠥᠨ᠂ ᠬᠠᠷᠢᠨ ᠰᠢᠪᠧᠷᠢᠶ᠎ᠡ ᠶᠢᠨ ᠬᠠᠪᠳᠠᠭᠠᠢ | ᠭᠡᠰᠡᠭ ᠤᠨ ᠪᠥᠳᠥᠴᠡ ᠨᠢ ᠬᠠᠷᠢᠴᠠᠩᠭᠤᠢ ᠪᠠᠷ ᠬᠥᠳᠡᠯᠥᠩᠬᠦᠢ᠂ ᠠᠳᠤᠷᠢᠶᠠᠳᠤ ᠠᠭᠤᠯᠨ ᠪᠤᠯᠤᠨ ᠬᠠᠭᠠᠷᠠᠯ ᠵᠡᠷᠭᠡ | ᠳᠤᠭᠳᠠᠴᠠ ᠶᠢᠨ ᠬᠥᠳᠡᠯᠭᠡᠭᠡᠨ ᠰᠢᠷᠤᠬᠦᠨ ᠪᠠᠶᠢᠳᠠᠭ᠃ ᠥᠨᠥᠳᠤᠷ ᠪᠤᠯᠳᠠᠯ᠎ᠠ ᠰᠢᠷᠠᠮᠦ᠋ᠷᠠᠨ ᠤ ᠬᠤᠶᠠᠷ ᠬᠥᠪᠡᠭᠡ | ᠶᠢᠨ ᠴᠢᠯᠠᠭᠤᠯᠢᠭ ᠤᠨ ᠳᠥᠷᠰᠤ᠂ ᠡᠷᠳᠡᠨ ᠤ ᠠᠮᠢᠳᠤ ᠪᠤᠳᠠᠰ ᠤᠨ ᠬᠤᠪᠢᠶᠠᠷᠢᠯᠠᠯ᠂ ᠠᠭᠠᠷ ᠤᠨ ᠰᠥᠷᠢᠨᠵᠢᠨ ᠤ | ᠬᠥᠨᠳᠤ ᠶᠢᠨ ᠬᠥᠴᠥᠨ ᠤ ᠤᠨᠴᠠᠯᠢᠭ᠂ ᠳᠤᠭᠳᠠᠴᠠ ᠶᠢᠨ ᠱᠤᠭᠤᠮ᠂ ᠬᠥᠨᠳᠤ ᠶᠢᠨ ᠬᠥᠴᠤ ᠶᠢᠨ ᠭᠡᠪ ᠤᠨ | ᠪᠤᠰᠤ᠂ ᠠᠭᠠᠷ ᠤᠨ ᠰᠤᠷᠢᠨᠵᠢᠨ ᠤ ᠭᠡᠪ ᠤᠨ ᠪᠤᠰᠤ ᠵᠡᠷᠭᠡ ᠭᠡᠮᠵᠢᠭᠳᠡᠯ ᠤᠨ ᠱᠤᠭᠤᠮ ᠤᠨ ᠳᠠᠷᠬᠠᠯᠳᠠ ᠶᠢᠨ | ᠴᠢᠭᠯᠡᠯ᠂ ᠳᠡᠯᠡᠭᠡᠢ ᠶᠢᠨ ᠴᠡᠷᠳᠡᠰᠤ ᠪᠤᠯᠤᠨ ᠴᠢᠯᠠᠭᠤᠯᠢᠭ ᠤᠨ ᠪᠥᠷᠬᠦᠬᠦᠯ ᠤᠨ ᠪᠥᠳᠥᠴᠡ ᠨᠢ ᠮᠥᠨᠴᠤ ᠤᠭᠳᠤ | ᠠᠳᠠᠯᠢ ᠥᠭᠡᠢ ᠪᠠᠶᠢᠳᠠᠭ᠃ ᠡᠳᠡᠭᠡᠷ ᠨᠢ ᠳᠠᠭᠢᠨ ᠨᠢᠭᠡ ᠤᠳᠠᠭ᠎ᠠ ᠭᠠᠵᠠᠷ ᠰᠢᠨᠵᠢᠯᠡᠭᠡᠨ ᠤ ᠳᠡᠥᠭᠡᠨ ᠳᠡᠭᠡᠷ᠎ᠡ᠂ | ᠰᠢᠷᠠᠮᠦ᠋ᠷᠠᠨ ᠤ ᠬᠤᠶᠠᠷ ᠬᠥᠪᠡᠭᠡ ᠶᠢᠨ ᠬᠠᠷᠢᠶᠠᠯᠠᠭᠳᠠᠯ ᠨᠢ ᠠᠳᠠᠯᠢ ᠪᠤᠰᠤ ᠬᠠᠪᠳᠠᠭᠠᠢ ᠬᠡᠰᠡᠭ ᠪᠠᠶᠢᠵᠥ᠂ | ᠰᠢᠷᠠᠮᠦ᠋ᠷᠠᠨ ᠤ ᠬᠥᠪᠡᠭᠡ ᠨᠢ ᠡᠨ᠋ᠨ ᠬᠤᠶᠠᠷ ᠬᠠᠪᠳᠠᠭᠠᠢ ᠭᠡᠰᠡᠭ ᠤᠨ ᠵᠠᠭᠠᠳᠠᠰᠤ ᠱᠤᠭᠤᠮ ᠭᠡᠳᠡᠭ ᠢ ᠬᠡᠷᠡᠴᠢᠯᠡᠭᠰᠡᠨ | ᠪᠠᠶᠢᠨ᠎ᠡ᠃ | ᠬᠠᠪᠳᠠᠭᠠᠢ ᠭᠡᠰᠡᠭ ᠤᠨ ᠵᠠᠭᠠᠳᠠᠰᠤ ᠱᠤᠭᠤᠮ ᠪᠤᠯ ᠴᠢᠬᠤᠯᠨ ᠳᠤᠭᠳᠠᠴᠠ ᠶᠢᠨ ᠠᠵᠢᠯᠯᠠᠭ᠎ᠠ ᠶᠢᠨ ᠪᠥᠰᠠ | ᠳᠤ ᠪᠠᠶᠢᠳᠠᠭ᠃ ᠤᠴᠢᠷ ᠨᠢ ᠳᠤᠭᠳᠠᠴᠠ ᠶᠢᠨ ᠠᠵᠢᠯᠯᠠᠭ᠎ᠠ ᠰᠢᠷᠥᠬᠦᠨ ᠪᠠᠶᠢᠳᠠᠭ ᠪᠤᠯᠬᠤᠷ᠂ ᠵᠠᠭᠠᠳᠠᠰᠤ | ᠱᠤᠭᠤᠮ ᠤᠨ ᠬᠤᠶᠠᠷ ᠳᠠᠯ᠎ᠠ ᠳᠤ ᠥᠷᠬᠦᠯᠵᠢ ᠡᠯᠪᠡᠭ ᠪᠠᠶᠠᠯᠢᠭ ᠠᠭᠤᠷᠬᠠᠢ ᠶᠢᠨ ᠡᠭᠢ ᠪᠠᠶᠠᠯᠢᠭ ᠪᠥᠷᠢᠯᠳᠥᠳᠡᠭ᠃ | ᠰᠢᠷᠠᠮᠦ᠋ᠷᠠᠨ ᠤ ᠬᠥᠨ ᠤ ᠶᠡᠭᠡ ᠬᠠᠭᠠᠷᠠᠯ ᠤᠨ ᠬᠡᠰᠡᠭ ᠪᠤᠯ ᠮᠠᠨ ᠤ ᠤᠯᠤᠰ ᠤᠨ ᠠᠭᠤᠷᠬᠠᠢ ᠡᠷᠢᠬᠦ | ᠭᠤᠤᠯᠳᠠᠯᠭ᠎ᠠ ᠲᠠᠢ ᠭᠠᠵᠠᠷ ᠤᠷᠤᠨ ᠮᠥᠨ᠃ ᠤᠳᠤ ᠪᠤᠯᠳᠠᠯ᠎ᠠ᠂ ᠰᠢᠷᠠᠮᠦ᠋ᠷᠡᠨ ᠤ ᠶᠡᠭᠡ ᠬᠠᠭᠠᠷᠠᠯ ᠤᠨ ᠳᠤᠮᠳᠠ | ᠭᠡᠰᠡᠭ ᠪᠤᠯᠤᠨ ᠵᠡᠬᠦᠨ ᠭᠡᠰᠡᠭ ᠠᠴᠠ ᠨᠢᠭᠡᠨᠳᠡ ᠬᠥᠭᠡᠴᠢ᠂ ᠪᠠᠶ᠋ᠬᠠᠤᠪᠤᠭ᠎ᠠ᠂ ᠪᠠᠢ ᠨᠠᠢ ᠰᠥᠮ᠎ᠡ᠂ ᠥᠨᠳᠤᠷ | ᠰᠥᠮ᠎ᠡ᠂ ᠬᠤᠩᠭᠤ ᠶᠢᠨ ᠳᠠᠪᠠᠭ᠎ᠠ᠂ ᠪᠠᠶᠠᠨᠨᠠᠭᠤᠷ᠂ ᠬᠤᠪᠤᠭᠤ ᠵᠡᠷᠭᠡ ᠳᠡᠯᠡᠭᠡᠢ ᠳᠤ ᠬᠤᠪᠤᠷ ᠴᠤᠬᠠᠭ᠂ ᠳᠤᠮᠳᠠ | ᠭᠡᠯᠪᠠᠷᠢ ᠶᠢᠨ ᠬᠥᠳᠡᠷ ᠤᠨ ᠬᠡᠪᠳᠠᠰᠢ ᠶᠢ ᠢᠯᠡᠷᠡᠬᠦᠯᠵᠥ᠂ ᠳᠤᠰ ᠬᠡᠪᠴᠢᠶᠠᠨ ᠤ ᠳᠤᠮᠳᠠ ᠪᠠᠷᠠᠭᠤᠨ ᠭᠡᠰᠡᠭ ᠲᠤ | ᠮᠥᠨ ᠵᠤᠯᠵᠠᠭ᠎ᠠ᠂ ᠳᠠᠯ᠎ᠠ ᠶᠢᠨ ᠵᠡᠷᠭᠡ ᠶᠡᠭᠡ ᠭᠡᠯᠪᠠᠷᠢ ᠶᠢᠨ ᠠᠯᠳᠠᠨ ᠤ ᠠᠭᠤᠷᠬᠠᠢ ᠶᠢ ᠢᠯᠡᠷᠡᠬᠦᠯᠥᠭᠰᠡᠨ ᠪᠠᠶᠢᠨ᠎ᠡ᠃ | ᠤᠳᠤᠬᠠᠨ ᠳᠤ ᠥᠪᠤᠷ ᠮᠤᠩᠭᠤᠯ ᠨᠢ ᠨᠢᠭᠡᠨᠳᠡ ᠮᠠᠨ ᠤ ᠤᠯᠤᠰ ᠤᠨ ᠠᠭᠤᠷᠬᠠᠢ ᠶᠢᠨ ᠡᠭᠢ ᠪᠠᠶᠠᠯᠢᠭ ᠤᠨ | ᠪᠡᠯᠡᠳᠭᠡᠯ ᠰᠠᠭᠤᠷᠢᠨ ᠭᠠᠵᠠᠷ ᠢᠶᠠᠷ ᠳᠤᠭᠳᠠᠭᠠᠭᠳᠠᠵᠤ᠂ ᠤᠯᠤᠰ ᠪᠠ ᠤᠷᠤᠨ ᠤ ᠵᠠᠰᠠᠭ ᠤᠨ ᠤᠷᠳᠤᠨ ᠠᠴᠠ | ᠪᠠᠰᠠ ᠭᠡᠳᠤᠨ ᠳ᠋ᠥᠩᠰᠢᠭᠤᠷ ᠳᠥᠬᠦᠷᠢᠭ ᠤᠨ ᠪᠠᠯᠨ ᠤᠷᠤᠭᠤᠯᠵᠥ᠂ ᠰᠢᠷᠠᠮᠦ᠋ᠷᠠᠨ ᠤ ᠡᠷᠭᠢ ᠳᠠᠭᠠᠤ ᠠᠭᠤᠷᠬᠠᠢ ᠶᠢᠨ | ᠡᠭᠢ ᠪᠠᠶᠠᠯᠢᠭ ᠢ ᠡᠷᠢᠬᠦ ᠶᠢᠨ ᠬᠠᠮᠳᠤ ᠨᠢᠭᠡᠨᠳᠡ ᠳᠤᠪᠤᠶᠢᠮ᠎ᠡ ᠠᠮᠵᠢᠯᠳᠠ ᠶᠢ ᠤᠯᠤᠭᠰᠠᠨ ᠪᠠᠶᠢᠨ᠎ᠡ᠃ ᠡᠶᠢᠮᠤ ᠠᠴᠠ | ᠡᠨᠡᠬᠦ ᠥᠵᠡᠬᠦ ᠳᠤ ᠡᠩ ᠤᠨ ᠭᠤᠤᠯ ᠨᠢ ᠰᠢᠨᠵᠢᠯᠡᠬᠦ ᠤᠬᠠᠭᠠᠨ ᠪᠤᠯᠤᠨ ᠠᠵᠤ ᠠᠬᠤᠢ ᠶᠢᠨ ᠳᠠᠯ᠎ᠠ ᠪᠠᠷ ᠴᠥᠮ | ᠳᠤᠶᠢᠯ ᠤᠨ ᠴᠢᠬᠤᠯᠨ ᠠᠴᠢ ᠬᠤᠯᠪᠤᠭᠳᠠᠯ ᠲᠠᠢ ᠪᠠᠷ ᠪᠠᠷᠠᠬᠤ ᠥᠭᠡᠢ ᠪᠠᠰᠠ ᠳᠤᠭ᠎ᠠ ᠳᠤᠮᠰᠢ ᠥᠭᠡᠢ ᠭᠠᠵᠠᠷ | ᠰᠢᠨᠵᠢᠯᠡᠭᠡᠨ ᠤ ᠡᠷᠳᠡᠮᠳᠡᠨ ᠤ ᠰᠤᠳᠤᠯᠭᠠᠨ ᠤ ᠭᠠᠵᠠᠷ ᠪᠤᠯᠤᠭᠰᠠᠨ ᠪᠠᠶᠢᠨ᠎ᠡ᠃ | ᠵᠢᠷᠭᠤᠭ᠎ᠠ᠂ 4 D ᠺᠢᠨᠤ᠋ ᠶᠢᠨ ᠤᠷᠳᠤᠨ | ᠮᠠᠨ ᠤ ᠡᠮᠥᠨᠡᠭᠢ 4 D ᠺᠢᠨᠤ᠋ ᠶᠢᠨ ᠤᠷᠳᠤᠨ ᠪᠤᠯ ᠤᠳᠤᠭᠢᠴᠢᠯᠠᠭᠰᠠᠨ ᠰᠢᠨᠵᠢᠯᠡᠬᠦ ᠤᠬᠠᠭᠠᠨ ᠮᠡᠷᠭᠡᠵᠢᠯ | ᠪᠤᠯᠤᠨ ᠭᠠᠵᠠᠷ ᠰᠢᠨᠵᠢᠯᠡᠭᠡᠨ ᠤ ᠮᠡᠳᠡᠯᠭᠡ ᠶᠢ ᠮᠠᠰᠢ ᠰᠠᠶᠢᠨ ᠤᠶᠠᠯᠳᠤᠭᠤᠯᠤᠭᠰᠠᠨ ᠺᠢᠨᠤ᠋ ᠶᠢᠨ ᠤᠷᠳᠤᠨ ᠮᠥᠨ᠂ | ᠳᠠᠷᠨ ᠨᠢ ᠵᠤᠭ᠎ᠠ ᠴᠡᠩᠭᠡᠯ ᠤᠨ ᠴᠢᠨᠠᠷᠳᠠᠢ ᠲᠠᠢ ᠪᠠᠷ ᠪᠠᠷᠠᠬᠤ ᠥᠭᠡᠢ᠂ ᠮᠥᠨᠴᠤ ᠳᠡᠭᠡᠳᠤ ᠭᠡᠮᠵᠢᠶᠠᠨ ᠤ ᠮᠡᠳᠡᠯᠭᠡ | ᠶᠢ ᠳᠥᠭᠡᠮᠡᠯᠵᠢᠬᠦᠯᠬᠦ ᠴᠢᠨᠠᠷᠳᠠᠢ ᠶᠤᠮ᠃ ᠳᠠᠷᠨ ᠨᠢ 24 ᠥᠵᠡᠭᠴᠢᠳ ᠢ ᠪᠠᠭᠳᠠᠭᠠᠵᠥ᠂ ᠭᠤᠷᠪᠠᠨ ᠭᠡᠮᠵᠢᠯᠳᠡ | ᠪᠠᠶᠠᠳᠤ ᠳᠥᠷᠰᠤ ᠶᠢᠨ ᠺᠢᠨᠤ᠋ ᠪᠤᠯᠤᠨ ᠨᠢᠭᠡ ᠭᠡᠮᠵᠢᠯᠳᠠ ᠤᠷᠴᠢᠨ ᠳᠤᠭᠤᠷᠢᠨ ᠤ ᠥᠷ᠎ᠡ ᠪᠥᠳᠥᠭᠡᠯ ᠢ | ᠤᠶᠠᠯᠳᠤᠭᠤᠯᠤᠨ ᠪᠠᠶᠢᠭᠤᠯᠤᠭᠰᠠᠨ ᠶᠤᠮ᠃ ᠺᠢᠨᠤ᠋ ᠶᠢᠨ ᠹᠢᠯᠢᠮ ᠢ ᠭᠠᠷᠭᠠᠬᠤ ᠥᠶᠡᠰ᠂ ᠤᠷᠴᠢᠨ ᠳᠤᠭᠤᠷᠢᠨ ᠤ | ᠥᠷ᠎ᠡ ᠪᠥᠳᠥᠭᠡᠯ ᠨᠢ ᠺᠢᠨᠤ᠋ ᠶᠢᠨ ᠹᠢᠯᠢᠮ ᠤᠨ ᠥᠯᠢᠭᠡᠷ ᠤᠨ ᠶᠠᠪᠤᠴᠠ ᠶᠢ ᠳᠠᠭᠠᠵᠤ ᠬᠤᠪᠢᠷᠠᠯᠳᠠ ᠭᠠᠷᠬᠤ ᠶᠢᠨ | ᠬᠠᠮᠳᠤ᠂ ᠤᠰᠤ ᠰᠥᠷᠴᠢᠬᠦ᠂ ᠰᠠᠯᠭᠢᠨ ᠥᠯᠢᠶᠡᠬᠦ᠂ ᠭᠡᠯᠪᠠᠯᠵᠢᠬᠦ᠂ ᠤᠳᠤᠭ᠎ᠠ ᠤᠨᠢᠶᠠᠷ ᠭᠢᠭᠡᠳ ᠰᠠᠭᠤᠳᠠᠯ ᠤᠨ | ᠰᠢᠷᠡᠭᠡ ᠳᠤᠷᠤᠭᠰᠢ ᠰᠠᠭᠤᠬᠤ ᠵᠡᠷᠭᠡ ᠤᠨᠴᠠ ᠥᠷ᠎ᠡ ᠪᠥᠳᠥᠭᠡᠯ ᠲᠠᠢ᠂ ᠥᠵᠡᠭᠴᠢᠳ ᠢ ᠴᠠᠭᠢᠯᠭᠠᠨ ᠴᠡᠭᠢᠯᠡᠵᠤ᠂ | ᠠᠶᠤᠩᠭ᠎ᠠ ᠨᠢᠵᠢᠭᠢᠨᠡᠵᠤ᠂ ᠳᠤᠭᠰᠢᠨ ᠰᠠᠯᠭᠢᠨ᠂ ᠰᠢᠷᠥᠬᠦᠨ ᠪᠤᠷᠤᠭᠠᠨ᠂ ᠳᠠᠯᠠᠢ ᠶᠢᠨ ᠤᠰᠤ ᠤᠶᠢᠯᠤᠨ | ᠳᠠᠪᠠᠯᠭᠠᠯᠠᠬᠤ᠂ ᠬᠤᠷᠤᠮᠬᠠᠨ ᠵᠠᠭᠤᠷ᠎ᠡ ᠬᠥᠨᠳᠤ ᠪᠠᠨ ᠠᠯᠳᠠᠬᠤ᠂ ᠭᠠᠵᠠᠷ ᠬᠥᠳᠡᠯᠥᠯᠳᠡ ᠡᠬᠦᠰᠬᠦ᠂ ᠭᠠᠯᠳᠤ | ᠠᠭᠤᠯᠨ ᠰᠥᠷᠴᠢᠬᠦ᠂ ᠠᠪᠤᠷᠭᠤ ᠬᠥᠷᠪᠡᠯ ᠳᠠᠭᠢᠨ ᠠᠮᠢᠯᠠᠬᠤ ᠵᠡᠷᠭᠡ ᠥᠵᠡᠭᠳᠡᠯ ᠨᠢ ᠳᠠᠬᠦᠨ ᠤ ᠪᠥᠬᠦᠶᠢᠯᠨ ᠥᠷ᠎ᠡ | ᠪᠥᠳᠥᠮᠵᠢ ᠶᠢ ᠨᠡᠮᠡᠭᠳᠡᠬᠦᠯᠥᠭᠰᠡᠨ ᠪᠠᠶᠢᠨ᠎ᠡ᠃ | 4D ᠺᠢᠨᠤ᠋ ᠶᠢᠨ ᠤᠷᠳᠤᠨ ᠤ ᠺᠢᠨᠤ᠋ ᠶᠢᠨ ᠹᠢᠯᠢᠮ ᠤᠨ ᠠᠭᠤᠯᠭ᠎ᠠ ᠨᠢ ᠭᠤᠶᠢᠳᠠ ᠰᠠᠶᠢᠬᠠᠨ᠂ ᠤᠶᠢᠯᠨ | ᠶᠠᠪᠤᠳᠠᠯ ᠨᠢ ᠪᠤᠳᠤᠯᠢᠶᠠᠨᠳᠠᠢ ᠪᠠᠶᠢᠳᠠᠭ᠃ ᠲᠠ ᠡᠷᠳᠡᠨ ᠪᠠ ᠢᠷᠠᠭᠡᠳᠤᠢ ᠶᠢᠨ ᠬᠤᠭᠤᠷᠤᠨᠳᠤ ᠰᠠᠨᠠᠭ᠎ᠠ ᠪᠠᠷ ᠢᠶᠠᠨ | ᠳᠤᠪᠳᠤᠯᠠᠵᠤ ᠳᠠᠶᠢᠯᠤᠨᠡ︔ ᠲᠨ ᠤᠩᠭᠤᠴᠠᠨ ᠳᠤ ᠰᠠᠭᠤᠭᠠᠳ ᠳᠤᠭᠰᠢᠨ ᠳᠠᠪᠠᠯᠭᠠᠨ ᠰᠢᠷᠤᠬᠦᠨ ᠳᠤᠯᠭᠢᠶᠠᠨ ᠲᠠᠢ | ᠲᠡᠮᠡᠴᠡᠵᠣ ᠪᠤᠯᠤᠨ᠎ᠡ︔ ᠲᠨ ᠪᠠᠰᠠ ᠬᠠᠭᠤᠴᠢ ᠰᠣᠳᠣᠯᠣᠭᠴᠢ ᠪᠤᠯᠵᠤ᠂ ᠳᠠᠩᠰᠤᠭ ᠰᠠᠶᠢᠬᠠᠨ ᠬᠡᠰᠢᠭᠳᠡᠨ ᠳᠤ | ᠵᠤᠭᠠᠴᠠᠬᠤ ᠳᠠᠭᠠᠨ᠂ ᠳᠡᠥᠭᠡᠨ ᠳᠡᠭᠡᠷᠠᠭᠢ ᠭᠠᠯᠳᠤ ᠠᠭᠤᠯᠨ ᠶᠢᠨ ᠳᠠᠯᠪᠠᠷᠠᠯᠳᠠ ᠶᠢᠨ ᠳᠠᠷᠠᠬᠦ ᠭᠱᠠᠨ ᠤ ᠠᠶᠤᠯ | ᠳᠥᠭᠰᠢᠬᠦᠷᠢᠳᠤ ᠪᠠᠶᠢᠳᠠᠯ᠂ ᠭᠠᠵᠠᠷ ᠬᠥᠳᠡᠯᠥᠯᠳᠡ ᠡᠬᠦᠰᠬᠦ ᠥᠶᠡᠰ ᠤᠨ ᠠᠶᠤᠨ ᠰᠥᠷᠳᠡᠵᠤ ᠡᠮᠢᠶᠠᠬᠦ ᠪᠠᠶᠢᠳᠠᠯ᠂ | ᠳᠠᠯᠠᠢ ᠶᠢᠨ ᠢᠰᠭᠡᠷᠥᠯᠳᠠ ᠭᠠᠷᠬᠤ ᠥᠶᠡᠰ ᠤᠨ ᠠᠶᠤᠮᠰᠢᠭᠳᠠᠢ ᠪᠠᠶᠢᠳᠠᠯ ᠵᠡᠷᠭᠡ ᠶᠢ ᠠᠳᠡ ᠠᠴᠠ ᠮᠡᠳᠡᠵᠤ᠂ ᠲᠨ | ᠨᠠᠷ ᠲᠤ ᠠᠳᠡ ᠠᠴᠠ ᠠᠶᠤᠨ ᠰᠥᠷᠳᠡᠵᠤ᠂ ᠰᠤᠴᠢᠨ ᠡᠮᠢᠶᠡᠬᠦ᠂ ᠪᠠᠶᠠᠷᠯᠠᠨ ᠬᠦᠭᠰᠡᠬᠦ ᠪᠠᠶᠢᠳᠠᠯ ᠢ ᠬᠤᠷᠤᠮᠬᠠᠨᠡ | ᠤᠶᠢᠯᠭᠠᠭᠤᠯᠬᠤ ᠪᠤᠯᠤᠨ᠎ᠡ᠃ ︵ᠮᠥᠽᠸᠢ ᠶᠢ ᠳᠤᠭᠤᠷᠢᠨ ᠥᠵᠡᠵᠤ ᠳᠠᠭᠤᠰᠤᠭᠰᠠᠨ ᠤ ᠳᠠᠷᠠᠭ᠎ᠠ ᠳᠠᠭᠢᠨ 4D ᠺᠢᠨᠤ᠋ | ᠶᠢᠨ ᠤᠷᠳᠤᠨ ᠢ ᠰᠤᠨᠢᠷᠬᠠᠭᠠᠷᠠᠢ︶ | ᠳᠤᠯᠤᠭ᠎ᠠ᠂ ᠠᠮᠢ ᠠᠬᠤᠢ ᠤᠷᠴᠢᠨ ᠳᠤᠭᠤᠷᠢᠨ ᠤ ᠳᠢᠩᠭᠢᠮ | ᠵᠡᠬᠦᠨ ᠬᠤᠶᠢᠳᠤ ᠶᠢᠨ ᠬᠠᠭᠠᠰ ᠴᠡᠭᠢᠭᠯᠢᠭ ᠪᠥᠰᠠ᠂ ᠤᠮᠠᠷᠠᠳᠤ ᠶᠢᠨ ᠭᠠᠩ ᠬᠠᠭᠤᠷᠠᠢ ᠬᠠᠭᠠᠰ ᠬᠠᠭᠤᠷᠠᠢ | ᠪᠥᠰᠠ ᠪᠤᠯᠤᠨ ᠮᠤᠩᠭᠤᠯ ᠤᠨ ᠭᠠᠩ ᠬᠠᠭᠤᠷᠠᠢ ᠪᠥᠰᠠ ᠵᠡᠷᠭᠡ ᠭᠤᠷᠪᠡᠨ ᠶᠡᠭᠡ ᠠᠭᠤᠷ ᠠᠮᠢᠰᠬᠤᠯ ᠤᠨ ᠪᠥᠰᠠ | ᠶᠢᠨ ᠰᠤᠯᠢᠪᠴᠢᠯᠠᠯ ᠨᠥᠯᠥᠭᠡᠯᠡᠯ ᠢ ᠬᠥᠷᠳᠡᠭᠰᠡᠨ ᠠᠴᠠ ᠭᠡᠰᠢᠭᠳᠡᠨ ᠬᠤᠰᠢᠭᠤᠨ ᠤ ᠠᠮᠢᠳᠡᠨ ᠤᠷᠭᠤᠮᠠᠯ ᠤᠨ | ᠳᠥᠷᠤᠯ ᠵᠥᠢᠯ ᠡᠯᠪᠡᠭ ᠪᠠᠶᠠᠯᠢᠭ᠂ ᠠᠮᠢ ᠠᠬᠤᠢ ᠶᠢᠨ ᠳᠥᠷᠤᠯ ᠵᠥᠢᠯ ᠤᠯᠠᠨ ᠶᠠᠩᠵᠤ ᠪᠠᠶᠢᠳᠠᠭ ᠠᠴᠠ ᠲᠡᠭᠦᠨ ᠢ | ᠠᠮᠢᠳᠤ ᠪᠤᠳᠠᠰ ᠤᠨ ᠭᠧᠨ ᠤ ᠬᠥᠮᠥᠷᠭᠡ ᠭᠡᠵᠤ ᠭᠡᠯᠡᠵᠤ ᠪᠤᠯᠤᠨ᠎ᠡ᠃ ᠠᠳᠡ ᠨᠠᠯᠤᠭᠡᠷ ᠶᠡᠭᠡ ᠡᠯᠡᠰᠤᠨ ᠳᠠᠯᠠᠢ᠂ | ᠬᠥᠪᠡᠭᠡ ᠭᠢᠵᠠᠭᠠᠷ ᠥᠭᠡᠢ ᠳᠠᠯ᠎ᠠ ᠨᠤᠳᠤᠭ᠂ ᠢᠭ᠌ᠴᠢ ᠰᠠᠬᠤᠯᠢᠭ ᠪᠠᠯᠠᠷ ᠤᠢ᠂ ᠨᠤᠶᠢᠳᠡᠨ ᠴᠢᠭᠢᠭᠯᠢᠭ ᠨᠤᠭᠤ | ᠭᠠᠵᠠᠷ ᠤᠳ ᠨᠢ ᠭᠡᠰᠢᠭᠳᠡᠨ ᠤ ᠡᠨᠡᠬᠦ ᠳᠠᠩᠰᠤᠭ ᠰᠠᠶᠢᠨ ᠨᠤᠳᠤᠭ ᠳᠠᠪᠢᠰᠭᠡᠷ ᠳᠡᠭᠡᠷ᠎ᠡ ᠴᠤᠭᠯᠠᠷᠠᠵᠤ᠂ ᠳᠤᠮᠳᠠᠳᠤ | ᠤᠯᠤᠰ ᠤᠨ ᠤᠮᠠᠷᠠᠳᠤ ᠶᠢᠨ ᠬᠠᠮᠤᠭ ᠤᠨ ᠨᠠᠶᠢᠳᠡᠯᠢᠭ ᠭᠡᠳᠤᠨ ᠵᠥᠢᠯ ᠤᠨ ᠠᠮᠢ ᠠᠬᠤᠢ ᠶᠢᠨ ᠥᠵᠡᠮᠵᠢ ᠶᠢᠨ | ᠳᠥᠷᠤᠯ ᠵᠥᠢᠯ ᠪᠤᠯᠤᠭᠰᠠᠨ ᠪᠠᠶᠢᠨ᠎ᠡ᠃ ᠡᠨᠡᠬᠦ ᠥᠵᠡᠬᠦᠯᠥᠯᠭᠡ ᠶᠢᠨ ᠳᠢᠩᠭᠢᠮ ᠳᠤ᠂ ᠪᠢᠳᠠ ᠡᠨ᠋ᠨ ᠭᠡᠳᠤᠨ ᠳᠥᠷᠤᠯ | ᠵᠥᠢᠯ ᠤᠨ ᠠᠮᠢ ᠠᠬᠤᠢ ᠶᠢᠨ ᠰᠢᠰᠲ᠋ᠧᠮ ᠢ ᠪᠥᠬᠦ ᠳᠠᠯ᠎ᠠ ᠪᠠᠷ ᠤᠶᠢᠯᠠᠭᠠᠵᠤ ᠪᠤᠯᠤᠨ᠎ᠡ᠃ | ᠬᠤᠯᠠᠨ ᠰᠢᠷᠭ᠎ᠠ ᠳᠠᠭ᠎ᠠ ᠶᠢᠨ ᠡᠯᠡᠰᠥᠷᠭᠡᠭ ᠭᠠᠵᠠᠷ | ᠠᠳᠡ᠂ ᠡᠩ ᠳᠠᠷᠢᠬᠦᠨ ᠳᠤ ᠨᠢᠭᠡᠨ ᠠᠳᠡᠬᠦᠷᠡᠯ ᠢ ᠵᠠᠯᠠᠷᠠᠭᠤᠯᠤᠶᠡ᠂ ᠡᠯᠡᠰᠥᠷᠭᠡᠭ ᠭᠠᠵᠠᠷ ᠪᠤᠯ ᠡᠯᠡᠰᠤ | ᠭᠡᠵᠤ ᠤᠤ︖ ᠥᠨᠡᠨᠳᠡᠭᠡᠨ ᠳᠠᠶᠢᠮᠤ ᠪᠢᠰᠢ᠂ ᠡᠯᠡᠰᠥᠷᠭᠡᠭ ᠭᠠᠵᠠᠷ ᠨᠢ ᠡᠯᠡᠰᠤ ᠪᠢᠰᠢ᠂ ᠳᠠᠬᠦᠨ ᠤ ᠨᠤᠶᠢᠳᠡᠨ | ᠴᠢᠭᠢᠭᠯᠢᠭ ᠤᠨ ᠭᠡᠮᠵᠢᠶ᠎ᠡ ᠨᠢ ᠡᠯᠡᠰᠤᠨ ᠠᠴᠠ ᠥᠨᠳᠤᠷ ᠪᠠᠶᠢᠳᠠᠭ᠃ ᠡᠯᠡᠰᠥᠷᠭᠡᠭ ᠭᠠᠵᠠᠷ ᠪᠤᠯ ᠬᠠᠭᠠᠰ ᠬᠠᠭᠤᠷᠠᠢ᠂ | ᠬᠠᠭᠠᠰ ᠴᠢᠭᠢᠭᠯᠢᠭ ᠪᠠ ᠴᠢᠭᠢᠭᠯᠢᠭ ᠭᠠᠵᠠᠷ ᠤᠷᠤᠨ ᠤ ᠡᠯᠡᠰᠥᠷᠭᠡᠭ ᠴᠢᠨᠠᠷᠳᠠᠢ ᠭᠠᠵᠠᠷ ᠮᠥᠨ᠃ ᠬᠤᠯᠠᠨ ᠰᠢᠷᠭ᠎ᠠ | ᠳᠠᠭ᠎ᠠ ᠶᠢᠨ ᠡᠯᠡᠰᠥᠷᠭᠡᠭ ᠭᠠᠵᠠᠷ ᠨᠢ ᠬᠥᠨᠳᠠᠯᠠᠨ ᠢᠶᠠᠷ ᠥᠪᠤᠷ ᠮᠤᠩᠭᠤᠯ ᠤᠨ ᠥᠨᠳᠦᠷᠯᠢᠭ ᠤᠨ ᠵᠡᠬᠦᠨ ᠭᠡᠰᠡᠭ | ᠬᠥᠷᠴᠥ᠂ ᠶᠠᠨᠱᠠᠨ ᠤ ᠠᠷᠤ ᠬᠤᠷᠮᠤᠢ ᠲᠠᠢ ᠵᠠᠯᠭᠠᠯᠳᠤᠵᠤ ᠪᠠᠶᠢᠳᠠᠭ᠂ ᠵᠠᠬᠦᠨᠰᠢ ᠪᠠᠷᠠᠭᠤᠨᠰᠢ ᠪᠠᠨ ᠤᠷᠳᠤ ᠨᠢ | ᠪᠠᠷᠤᠭ 400 ᠺᠢᠯᠥᠮᠧᠲᠷ᠂ ᠡᠮᠥᠨ᠎ᠡ ᠤᠮᠠᠷᠠᠰᠢ ᠪᠠᠨ ᠬᠠᠮᠤᠭ ᠤᠨ ᠥᠷᠭᠡᠨ ᠭᠠᠵᠠᠷ ᠨᠢ 300 ᠺᠢᠯᠥᠮᠧᠲᠷ᠂ | ᠳᠠᠯᠠᠪᠠᠢ ᠨᠢ 2.7×10000 ᠲᠦᠷᠪᠡᠯᠵᠢᠨ ᠺᠢᠯᠥᠮᠧᠲᠷ ᠪᠠᠶᠢᠳᠠᠭ᠃ | ᠤᠶᠢᠷ᠎ᠡ ᠶᠢᠨ 1 ᠳᠥᠮᠠᠨ ᠵᠢᠯ ᠳᠤ᠂ ᠳᠤᠮᠳᠠᠳᠤ ᠤᠯᠤᠰ ᠤᠨ ᠤᠮᠠᠷᠠᠳᠤ ᠤᠷᠤᠨ ᠤ ᠬᠠᠭᠠᠰ ᠬᠠᠭᠤᠷᠠᠢ | ᠭᠠᠵᠠᠷ ᠤᠷᠤᠨ ᠨᠢ ᠵᠠᠷᠢᠮ ᠳᠠᠭᠠᠨ ᠬᠠᠭᠤᠷᠠᠢ ᠬᠥᠢᠳᠡᠨ᠂ ᠵᠠᠷᠢᠮ ᠳᠠᠭᠠᠨ ᠨᠤᠶᠢᠳᠡᠨ ᠴᠢᠭᠢᠭᠯᠢᠭ ᠪᠠᠶᠢᠳᠠᠭ᠂ ᠬᠤᠯᠠᠨ | ᠰᠢᠷᠭ᠎ᠠ ᠳᠠᠭ᠎ᠠ ᠶᠢᠨ ᠡᠯᠡᠰᠥᠷᠭᠡᠭ ᠭᠠᠵᠠᠷ ᠨᠢ ᠮᠥᠨᠴᠤ ᠬᠠᠭᠤᠷᠠᠢ ᠬᠥᠢᠳᠡᠨ ᠭᠢᠭᠡᠳ ᠨᠤᠶᠢᠳᠡᠨ ᠴᠢᠭᠢᠭᠯᠢᠭ ᠤᠨ | ᠬᠤᠭᠤᠷᠤᠨᠳᠤ ᠳᠠᠰᠤᠷᠠᠯᠳᠠ ᠥᠭᠡᠢ ᠤᠷᠴᠢᠵᠤ ᠪᠠᠶᠢᠳᠠᠭ᠃ ᠡᠨᠡᠬᠦ ᠡᠯᠡᠰᠥᠷᠭᠡᠭ ᠭᠠᠵᠠᠷ ᠨᠢ ᠤᠮᠠᠷᠠᠳᠤ ᠤᠷᠤᠨ ᠤ | ᠠᠭᠤᠷ ᠠᠮᠢᠰᠬᠤᠯ ᠢ ᠶᠡᠭᠡᠪᠠᠷ ᠨᠥᠯᠥᠭᠡᠯᠡᠵᠤ ᠪᠠᠶᠢᠳᠠᠭ᠂ ᠳᠠᠷᠨ ᠨᠢ ᠪᠡᠭᠡᠵᠢᠩ ᠠᠴᠠ ᠬᠠᠮᠤᠭ ᠤᠨ ᠤᠶᠢᠷᠬᠠᠨ | ᠶᠡᠭᠡ ᠭᠡᠪᠴᠢᠶᠠᠨ ᠤ ᠡᠯᠡᠰᠥᠷᠭᠡᠭ ᠭᠠᠵᠠᠷ ᠮᠥᠨ᠂ ᠪᠡᠭᠡᠵᠢᠩ᠂ ᠳᠢᠶᠠᠨᠵᠢᠨ ᠵᠡᠷᠭᠡ ᠶᠡᠭᠡ ᠬᠤᠳᠠ ᠶᠢᠨ ᠡᠯᠡᠰᠤᠨ | ᠰᠢᠭᠤᠷᠭ᠎ᠠ ᠳᠡᠭᠳᠡᠬᠦ ᠵᠠᠮ ᠵᠢᠴᠢ ᠡᠬᠦᠰᠥᠯ ᠤᠨ ᠭᠠᠵᠠᠷ ᠤᠨ ᠨᠢᠭᠡ ᠮᠥᠨ᠂ ᠬᠤᠯᠠᠨ ᠰᠢᠷᠭ᠎ᠠ ᠳᠠᠭ᠎ᠠ ᠶᠢᠨ | ᠡᠯᠡᠰᠥᠷᠭᠡᠭ ᠭᠠᠵᠠᠷ ᠤᠨ ᠤᠷᠴᠢᠨ ᠳᠤᠭᠤᠷᠢᠨ ᠢ ᠰᠠᠶᠢᠵᠢᠷᠠᠭᠤᠯᠬᠤ ᠨᠢ ᠤᠮᠠᠷᠠᠳᠤ ᠤᠷᠤᠨ ᠤ ᠡᠯᠡᠰᠥᠨ ᠰᠢᠭᠤᠷᠭ᠎ᠠ | ᠶᠢᠨ ᠳᠥᠷᠢᠮᠡᠭᠡᠶᠢᠯᠠᠯ ᠢ ᠪᠠᠭᠠᠰᠬᠠᠬᠤ ᠪᠠ ᠬᠤᠷᠢᠭᠯᠠᠬᠤ ᠳᠤ ᠠᠰᠢᠭᠳᠠᠢ ᠪᠠᠶᠢᠳᠠᠭ᠃ | ᠬᠤᠯᠠᠨ ᠰᠢᠷᠭ᠎ᠠ ᠳᠠᠭ᠎ᠠ ᠶᠢᠨ ᠡᠯᠡᠰᠥᠷᠭᠡᠭ ᠭᠠᠵᠠᠷ ᠤᠨ ᠪᠤᠢ ᠪᠤᠯᠤᠭᠰᠠᠨ ᠨᠢ ᠤᠳᠤ ᠠᠴᠠ ᠨᠢᠭᠡᠨᠳᠡ | 700 ᠳᠥᠮᠠᠨ ᠵᠢᠯ ᠤᠨ ᠳᠡᠥᠭᠡ ᠲᠠᠢ ᠪᠤᠯᠵᠠᠢ᠂ ᠡᠯᠡᠰᠥᠷᠭᠡᠭ ᠭᠠᠵᠠᠷ ᠤᠨ ᠠᠮᠢ ᠠᠬᠤᠢ ᠶᠢᠨ ᠰᠢᠰᠲ᠋ᠧᠮ | ᠳᠤᠮᠳᠠ ᠡᠯᠪᠡᠭ ᠪᠠᠶᠠᠯᠢᠭ ᠠᠮᠢᠳᠤ ᠪᠤᠳᠠᠰ ᠤᠨ ᠳᠥᠷᠤᠯ ᠵᠥᠢᠯ ᠢ ᠬᠠᠳᠠᠭᠠᠯᠠᠵᠤ᠂ ᠥᠪᠠᠷ ᠤᠨ ᠤᠴᠠᠯᠢᠭ ᠲᠠᠢ | ᠬᠠᠶᠢᠯᠠᠰᠤ᠂ ᠤᠯᠢᠶᠠᠰᠤ᠂ ᠬᠥᠢᠯᠡᠰᠤᠨ ᠮᠤᠳᠤ ᠨᠢ ᠡᠯᠡᠰᠥᠷᠭᠡᠭ ᠭᠠᠵᠠᠷ ᠤᠨ ᠳᠠᠯ᠎ᠠ ᠨᠤᠳᠤᠭ ᠤᠨ ᠥᠵᠡᠮᠵᠢ ᠶᠢ | ᠪᠥᠷᠢᠯᠳᠥᠬᠦᠯᠥᠭᠰᠡᠨ ᠪᠠᠶᠢᠨ᠎ᠡ᠃ ᠡᠳᠡᠭᠡᠷ ᠠᠮᠢᠳᠤ ᠪᠤᠳᠠᠰ ᠨᠢ ᠴᠥᠮ ᠠᠭᠤᠯᠠᠷᠬᠠᠭ ᠭᠠᠵᠠᠷ ᠤᠨ ᠬᠥᠨ ᠳᠠᠬᠢ ᠶᠡᠭᠡ | ᠪᠠᠭ᠎ᠠ ᠨᠠᠭᠤᠷ ᠢ ᠳᠥᠰᠢᠨ ᠤᠷᠭᠤᠵᠤ᠂ ᠳᠡᠳᠡᠭᠡᠷ ᠨᠢ ᠡᠯᠡᠰᠥᠷᠭᠡᠭ ᠭᠠᠵᠠᠷ ᠤᠨ ᠰᠤᠪᠤᠳ ᠪᠤᠯᠤᠭᠰᠠᠨ ᠪᠠᠶᠢᠨ᠎ᠡ᠃ | | ᠡᠯᠡᠰᠥᠷᠭᠡᠭ ᠭᠠᠵᠠᠷ ᠤᠨ ᠠᠮᠢ ᠠᠬᠤᠢ ᠶᠢᠨ ᠰᠢᠰᠲ᠋ᠧᠮ ᠪᠤᠯ ᠭᠡᠪᠡᠷᠡᠭ ᠶᠤᠮ᠂ ᠭᠡᠷᠪᠡ ᠰᠠᠶᠢᠳᠤᠷ | ᠬᠠᠮᠠᠭᠠᠯᠠᠬᠤ ᠥᠭᠡᠢ ᠪᠤᠯ ᠡᠯᠡᠰᠤ ᠪᠤᠯᠵᠤ ᠬᠤᠪᠢᠷᠠᠬᠤ ᠪᠤᠯᠤᠨ᠎ᠡ᠃ ᠤᠳᠤᠬᠠᠨ ᠳᠤ᠂ ᠬᠤᠯᠠᠨ ᠰᠢᠷᠭ᠎ᠠ ᠳᠠᠭ᠎ᠠ ᠶᠢᠨ | ᠡᠯᠡᠰᠥᠷᠭᠡᠭ ᠭᠠᠵᠠᠷ ᠢ ᠬᠠᠮᠠᠭᠠᠯᠠᠵᠤ ᠪᠠᠶᠢᠭ᠎ᠠ ᠪᠠᠶᠢᠳᠠᠯ ᠨᠠᠯᠢᠶᠠᠳ ᠰᠠᠶᠢᠨ᠂ ᠭᠡᠪᠠᠴᠤ ᠮᠥᠨ ᠠᠮᠢ ᠠᠬᠤᠢ ᠶᠢ | ᠵᠠᠰᠠᠬᠤ ᠪᠡᠷᠭᠡ ᠬᠠᠳᠠᠭᠤᠵᠢᠯᠳᠠᠢ ᠡᠬᠦᠷᠭᠡ ᠳᠤᠯᠭᠠᠷᠠᠵᠤ ᠪᠠᠶᠢᠨ᠎ᠡ᠃ ᠡᠨ᠋ᠨ ᠨᠢ ᠪᠢᠳᠠ ᠪᠥᠬᠦᠳᠡᠭᠡᠷ ᠬᠠᠮᠳᠤᠪᠠᠷ | ᠴᠢᠷᠮᠠᠶᠢᠬᠤ ᠶᠢ ᠴᠢᠬᠤᠯᠠᠴᠢᠯᠠᠵᠤ ᠪᠤᠢ᠃ | ᠳᠠᠯ᠎ᠠ ᠨᠤᠳᠤᠭ | ︽ ᠬᠥᠭᠡ ᠳᠡᠭᠷᠢ ᠴᠡᠯᠮᠡᠭ᠂ ᠬᠥᠳᠡᠭᠡ ᠭᠡᠭᠡᠷ᠎ᠡ ᠠᠭᠤᠳᠠᠮ᠂ ᠠᠶᠠᠰ ᠤᠨ ᠰᠠᠯᠭᠢᠨ ᠥᠯᠢᠶᠡᠬᠦᠶᠡ ᠠᠳᠤᠭᠤ | ᠮᠠᠯ ᠥᠵᠡᠭᠳᠡᠨᠡᠮ︾ ᠭᠡᠳᠡᠭ ᠢ ᠬᠥᠩᠭᠡᠷ ᠤᠨ ᠳᠠᠯ᠎ᠠ ᠶᠢᠨ ᠥᠨᠠᠨ ᠪᠤᠳᠠᠳᠠᠢ ᠵᠢᠷᠤᠭᠯᠠᠯ ᠭᠡᠵᠤ ᠭᠡᠯᠡᠵᠤ ᠪᠤᠯᠤᠨ᠎ᠡ | ᠃ ᠬᠥᠩᠭᠡᠷ ᠤᠨ ᠳᠠᠯ᠎ᠠ ᠨᠢ ᠶᠡᠭᠡ ᠭᠢᠩᠭᠠᠨ ᠳᠠᠪᠠᠭᠠᠨ ᠤ ᠪᠠᠷᠠᠭᠤᠨ ᠳᠠᠯ᠎ᠠ ᠳᠤ ᠪᠠᠶᠢᠷᠢᠰᠢᠵᠤ᠂ ᠡᠭᠡᠷᠡᠮ᠎ᠡ ᠳᠠᠯ᠎ᠠ | ᠬᠥᠪᠡᠭᠡ ᠭᠢᠵᠠᠭᠠᠷ ᠥᠭᠡᠢ ᠲᠡᠨᠡᠶᠢᠵᠣ᠂ ᠴᠡᠴᠡᠭᠳᠤ ᠳᠡᠯᠡᠭᠡᠢ᠂ ᠨᠤᠭᠤᠭᠠᠨ ᠳᠠᠯᠠᠢ ᠰᠢᠭ᠋ ᠥᠵᠡᠰᠬᠦᠯᠡᠩᠳᠤ ᠵᠢᠷᠤᠭ ᠢ | ᠳᠡᠯᠭᠡᠭᠰᠡᠨ ᠮᠠᠳᠤ ᠰᠠᠨᠠᠭᠳᠠᠭᠤᠯᠤᠨᠡ᠃ | ᠳᠠᠯ᠎ᠠ ᠨᠤᠳᠤᠭ ᠤᠨ ᠳᠥᠷᠪᠡᠨ ᠤᠯᠠᠷᠢᠯ ᠤᠨ ᠥᠵᠡᠮᠵᠢ ᠠᠳᠠᠯᠢ ᠥᠭᠡᠢ ᠪᠠᠶᠢᠳᠠᠭ᠃ ᠤᠷᠢᠬᠠᠨ | ᠬᠠᠪᠤᠷ ᠤᠨ ᠳᠠᠯ᠎ᠠ ᠨᠤᠳᠤᠭ ᠲᠤ ᠡᠪᠠᠰᠤ ᠨᠤᠭᠤᠭ᠎ᠠ ᠬᠥᠭᠡᠷᠠᠨ᠂ ᠤᠰᠤ ᠬᠠᠯᠢᠶᠠᠯᠠᠵᠤ᠂ ᠭᠠᠵᠠᠷ ᠰᠠᠢ ᠥᠭᠡᠢ | ᠬᠤᠸᠠᠷ ᠴᠡᠴᠡᠭ ᠳᠡᠯᠭᠡᠷᠡᠳᠡᠭ︔ ᠠᠯ ᠰᠡᠬᠦᠯ᠂ ᠬᠤᠨ ᠭᠠᠯᠠᠭᠤ ᠵᠡᠷᠭᠡ ᠨᠡᠬᠦᠳᠠᠯ ᠤᠨ ᠰᠢᠪᠠᠭᠤᠳ ᠠᠳᠡ ᠤᠯᠠᠨ | ᠠᠷᠪᠢᠨ ᠴᠤᠭᠯᠠᠷᠠᠳᠠᠭ᠃ ᠵᠤᠨ ᠤ ᠤᠯᠠᠷᠢᠯ ᠤᠨ ᠳᠠᠯ᠎ᠠ ᠨᠤᠳᠤᠭ ᠲᠤ ᠡᠪᠠᠰᠤ ᠨᠤᠭᠤᠭ᠎ᠠ ᠬᠠᠯᠢᠭᠤᠷᠠᠵᠤ᠂ ᠬᠥᠭᠡ | ᠤᠭᠳᠠᠷᠭᠤᠢ ᠳᠤ ᠬᠥᠪᠤᠩ ᠡᠬᠦᠯᠨ ᠬᠥᠪᠪᠤᠯᠵᠡᠨ᠂ ᠳᠥᠮᠠᠨ ᠴᠡᠴᠡᠭ ᠳᠡᠯᠭᠡᠷᠡᠵᠤ᠂ ᠠᠭᠤᠯᠨ ᠳᠠᠯ᠎ᠠ ᠶᠢ ᠬᠤᠸᠠᠷ | ᠴᠡᠴᠡᠭ ᠪᠥᠷᠬᠦᠵᠤ᠂ ᠨᠠᠭᠤᠷ ᠤᠨ ᠤᠰᠤ ᠨᠢ ᠬᠤᠪᠢ ᠶᠢᠨ ᠭᠠᠳᠠᠨ᠎ᠡ ᠥᠵᠡᠰᠬᠦᠯᠡᠩ ᠪᠠᠶᠢᠳᠠᠭ᠃ ᠠᠯᠳᠠᠨ | ᠰᠢᠷᠭᠠᠯ ᠨᠠᠮᠤᠷ ᠤᠨ ᠤᠯᠠᠷᠢᠯ ᠤᠨ ᠳᠠᠯ᠎ᠠ ᠨᠤᠳᠤᠭ ᠲᠤ ᠂ ᠨᠠᠮᠤᠷ ᠤᠨ ᠰᠠᠯᠭᠢᠨ ᠥᠯᠢᠶᠡᠬᠦᠶᠡ᠂ ᠬᠥᠪᠤᠩ | ᠡᠬᠦᠯᠨ ᠴᠠᠶᠢᠷᠠᠵᠤ᠂ ᠠᠭᠠᠷ ᠨᠢ ᠴᠡᠯᠮᠡᠭ ᠳᠤᠩᠭᠠᠯᠠᠭ ᠪᠠᠶᠢᠳᠠᠭ᠃ ᠡᠪᠤᠯ ᠤᠨ ᠤᠯᠠᠷᠢᠯ ᠤᠨ ᠳᠠᠯ᠎ᠠ ᠨᠤᠳᠤᠭ ᠲᠤ ᠂ | ᠠᠭᠤᠯᠨ ᠳᠠᠯ᠎ᠠ ᠮᠥᠩᠬᠦᠨ ᠬᠤᠶᠠᠭ ᠭᠡᠳᠤᠷᠴᠥ᠂ ᠨᠠᠯᠥᠭᠡᠷ ᠶᠡᠭᠡ ᠳᠠᠯ᠎ᠠ ᠨᠤᠳᠤᠭ ᠬᠥᠮᠥᠰ ᠢ | ᠰᠤᠭᠳᠤᠭᠤᠷᠠᠭᠤᠯᠳᠠᠭ᠃ ᠥᠨᠡᠭᠡᠷ ᠳᠥᠷᠪᠡᠨ ᠤᠯᠠᠷᠢᠯ ᠤᠨ ᠥᠵᠡᠮᠵᠢ ᠨᠢ ᠥᠪᠠᠷ ᠥᠪᠠᠷ ᠤᠨ ᠢᠶᠠᠨ ᠭᠤᠶᠤ | ᠰᠠᠶᠢᠬᠠᠨ ᠢᠶᠠᠨ ᠭᠠᠶᠢᠬᠠᠭᠤᠯᠵᠥ ᠪᠠᠶᠢᠳᠠᠭ᠃ ᠡᠨ᠋ᠨ ᠪᠤᠯ ᠳᠠᠷᠤᠢ ᠬᠥᠩᠭᠡᠷ ᠤᠨ ᠳᠠᠯ᠎ᠠ ᠨᠤᠳᠤᠭ ᠤᠨ ᠳᠠᠩᠰᠤᠭ | ᠰᠠᠶᠢᠬᠠᠨᠥᠵᠡᠮᠵᠢ ᠮᠥᠨ᠃ | ᠤᠢ ᠰᠢᠭᠤᠢ | ᠭᠠᠵᠠᠷ ᠰᠢᠨᠵᠢᠯᠡᠭᠡᠨ ᠤ ᠴᠡᠴᠡᠷᠯᠢᠭ ᠤᠨ ᠵᠡᠬᠦᠨ ᠬᠤᠶᠢᠨ᠎ᠡ ᠭᠡᠰᠡᠭ ᠤᠨ ᠬᠤᠩᠭᠤ ᠶᠢᠨ ᠳᠠᠪᠠᠭᠠᠨ ᠤ | ᠠᠭᠤᠯᠠᠨ ᠳᠤ ᠶᠡᠭᠡ ᠭᠡᠪᠴᠢᠶᠠᠨ ᠤ ᠳᠤᠮᠳᠠ ᠴᠢᠭᠢᠭᠯᠢᠭ ᠰᠠᠷᠢᠬᠦᠨ ᠪᠥᠰᠠᠨ ᠤ ᠠᠭᠤᠯᠠᠷᠬᠠᠭ ᠤᠷᠤᠨ ᠤ ᠤᠢ | ᠰᠢᠭᠤᠢ ᠪᠠᠶᠢᠳᠠᠭ᠂ ᠳᠠᠷᠨ ᠨᠢ ᠶᠡᠭᠡ ᠭᠢᠩᠭᠠᠨ ᠳᠠᠪᠠᠭᠠᠨ ᠤ ᠨᠢᠭᠡ ᠭᠡᠰᠡᠭ ᠮᠥᠨ᠃ ᠠᠳᠡ ᠳᠠᠷᠬᠠᠯᠳᠠ ᠪᠠᠷ | ᠨᠠᠯᠢᠶᠠᠳ ᠶᠡᠭᠡ ᠬᠡᠪᠴᠢᠶᠡᠨ ᠤ ᠪᠠᠶᠢᠭᠠᠯᠢᠭ ᠤᠢ ᠰᠢᠭᠤᠢ ᠪᠠᠶᠢᠳᠠᠭ᠂ ᠴᠠᠭᠠᠨ ᠬᠤᠰᠤ ᠭᠢᠭᠡᠳ ᠭᠡᠭᠡᠷ᠎ᠡ ᠶᠢᠨ | ᠤᠯᠢᠶᠠᠰᠤ᠂ ᠰᠢᠯᠮᠣᠣᠰᠣᠳᠣ ᠤᠢ᠂ ᠥᠷᠭᠡᠨ ᠨᠠᠪᠴᠢᠳᠤ ᠤᠢ᠂ ᠰᠠᠶᠢᠷᠡᠭ ᠤᠢ ᠶᠢᠨ ᠡᠪᠠᠰᠤᠳᠤ ᠭᠠᠵᠠᠷ ᠭᠢᠭᠡᠳ | ᠠᠭᠤᠯᠠᠷᠬᠠᠭ ᠤᠷᠤᠨ ᠤ ᠨᠤᠭᠤ ᠭᠠᠵᠠᠷ ᠰᠤᠯᠢᠪᠴᠢᠨ ᠪᠠᠶᠢᠳᠠᠭ᠃ | ᠤᠢ ᠰᠢᠭᠤᠢ ᠳᠤ ᠡᠪᠤᠯ ᠤᠨ ᠤᠯᠠᠷᠢᠯ ᠨᠢ ᠬᠠᠭᠢᠷ ᠬᠥᠢᠳᠡᠨ ᠴᠠᠰᠤ ᠶᠡᠭᠡ ᠠᠴᠠ ᠨᠠᠶᠢᠳᠠᠮ ᠮᠥᠩᠬᠦᠨ | ᠬᠤᠶᠠᠭ ᠭᠡᠳᠤᠷᠴᠤ ᠪᠠᠶᠢᠳᠠᠭ︔ ᠵᠤᠨ ᠤ ᠤᠯᠠᠷᠢᠯ ᠳᠤ ᠴᠢᠭᠢᠯᠢᠭ ᠰᠠᠷᠢᠬᠦᠨ ᠪᠤᠷᠤᠭᠠᠨ ᠤᠯᠠᠨ᠂ ᠮᠤᠳᠤᠳ | ᠬᠥᠭᠡᠷᠡᠨ ᠨᠤᠭᠤᠭᠠᠷᠠᠵᠤ᠂ ᠬᠤᠸᠠᠷ ᠴᠡᠴᠡᠭ ᠠᠭᠤᠯᠨ ᠶᠢ ᠪᠥᠷᠬᠦᠵᠤ ᠪᠠᠶᠢᠳᠠᠭ︔ ᠬᠠᠪᠤᠷ ᠤᠨ ᠤᠯᠠᠷᠢᠯ ᠳᠤ | ᠠᠭᠤᠷ ᠠᠮᠢᠰᠬᠤᠯ ᠴᠢᠭᠢᠯᠢᠭ ᠰᠠᠷᠢᠬᠦᠨ ᠪᠠᠶᠢᠳᠠᠭ᠂ ᠡᠨ᠋ᠨ ᠨᠢ ᠢᠯᠨ ᠳᠤᠳᠤᠷᠬᠠᠢ ᠤᠯᠠᠷᠢᠯ ᠤᠨ ᠥᠵᠡᠮᠵᠢ ᠶᠢ | ᠪᠥᠷᠢᠯᠳᠥᠬᠦᠯᠵᠠᠢ᠃ ᠠᠳᠠᠯᠢ ᠪᠤᠰᠤ ᠤᠯᠠᠷᠢᠯ ᠳᠤ ᠠᠳᠠᠯᠢ ᠪᠤᠰᠤ ᠳᠥᠷᠤᠯ ᠵᠥᠢᠯ ᠤᠨ ᠵᠤᠭᠠᠴᠠᠯ ᠤᠨ ᠳᠥᠷᠤᠯ | ᠵᠥᠢᠯ ᠢ ᠡᠷᠭᠢᠯᠡᠵᠤ ᠪᠤᠯᠤᠨ᠎ᠡ᠂ ᠵᠤᠰᠠᠬᠤ᠂ ᠵᠤᠭ᠎ᠠ ᠴᠡᠩᠭᠡᠯ ᠤᠨ ᠳᠠᠭᠠᠳᠠᠢ ᠭᠠᠵᠠᠷ ᠶᠤᠮ᠃ ᠴᠡᠴᠡᠷᠯᠢᠭ ᠲᠤ | ᠤᠳᠤᠬᠠᠨ ᠳᠤ ᠳᠤᠭᠤᠷᠢᠨ ᠥᠵᠡᠬᠦ᠂ ᠴᠤᠭᠯᠠᠭᠤᠯᠬᠤ᠂ ᠨᠠᠮᠨᠠᠬᠤ᠂ ᠵᠢᠭᠠᠰᠤ ᠭᠥᠭᠢᠳᠡᠬᠦ᠂ ᠮᠥᠰᠤ ᠴᠠᠰᠤᠨ ᠳᠤ | ᠭᠤᠯᠭᠤᠬᠤ᠂ ᠤᠩᠭᠤᠴᠠ ᠰᠠᠯᠢᠬᠦ᠂ ᠰᠢᠪᠠᠭᠤ ᠰᠤᠨᠢᠷᠬᠠᠬᠤ᠂ ᠠᠪᠯᠠᠬᠤ ᠵᠠᠷᠭᠡ ᠤᠯᠠᠨ ᠵᠥᠢᠯ ᠤᠨ ᠠᠵᠢᠯᠯᠠᠭᠠᠨ ᠤ | ᠳᠥᠷᠤᠯ ᠵᠥᠢᠯ ᠢ ᠥᠷᠨᠢᠬᠦᠯᠥᠭᠰᠡᠨ ᠪᠠᠶᠢᠨ᠎ᠡ᠃ ᠰᠤᠶᠤᠯ ᠤᠨ ᠵᠤᠭ᠎ᠠ ᠴᠡᠩᠭᠡᠯ ᠤᠨ ᠠᠵᠢᠯᠯᠠᠭ᠎ᠠ ᠳᠤ ᠳᠥᠳᠡᠭ | ᠭᠠᠯ ᠤᠨ ᠥᠳᠡᠰᠢᠯᠡᠭᠡ᠂ ᠮᠤᠩᠭᠤᠯ ᠥᠨᠳᠤᠰᠥᠳᠡᠨ ᠤ ᠳᠠᠭᠤᠤ ᠪᠥᠵᠢᠭ ᠢ ᠰᠤᠨᠢᠷᠬᠠᠬᠤ ᠵᠡᠷᠭᠡ ᠪᠤᠢ᠃ | ᠵᠤᠭᠠᠴᠠᠭᠰᠠᠳ ᠠᠳᠡ ᠠᠴᠠ ᠳᠤᠬᠠᠢ ᠶᠢᠨ ᠭᠠᠵᠠᠷ ᠤᠨ ᠠᠷᠪᠠ ᠭᠠᠷᠤᠢ ᠴᠤᠯᠤ ᠪᠠᠶᠢᠭᠠᠯᠢᠯᠢᠭ᠂ ᠪᠤᠭᠢᠷᠳᠤᠯ ᠥᠭᠡᠢ | ᠭᠡᠭᠡᠷ᠎ᠡ ᠶᠢᠨ ᠨᠤᠭᠤᠭ᠎ᠠ ᠶᠢ ᠠᠮᠳᠠᠯᠠᠵᠤ᠂ ᠥᠪ ᠥᠨᠡᠩᠬᠦ ᠶᠡᠭᠡ ᠪᠠᠶᠢᠭᠠᠯᠢ ᠶᠢᠨ ᠰᠠᠶᠢᠨ ᠰᠠᠶᠢᠬᠠᠨ ᠢ ᠡᠳ᠋ᠯᠡᠵᠤ | ᠪᠠᠶᠢᠭ᠎ᠠ ᠳᠥᠷᠥᠭᠳᠡᠯ ᠤᠯᠭᠤᠨ᠎ᠡ᠃ | ᠨᠤᠭᠤ ᠭᠠᠵᠠᠷ | ᠨᠤᠭᠤ ᠭᠠᠵᠠᠷ ᠪᠤᠯ ᠳᠠᠯᠡᠭᠡᠢ ᠶᠢᠨ ᠪᠥᠮᠪᠤᠷᠴᠡᠭ ᠤᠨ ᠥᠪᠠᠷᠮᠢᠴᠡ ᠠᠮᠢ ᠠᠬᠤᠢ ᠶᠢᠨ ᠰᠢᠰᠲ᠋ᠧᠮ ᠮᠥᠨ᠂ | ᠪᠠᠶᠢᠭᠠᠯᠢᠯᠢᠭ ᠪᠤᠶᠤ ᠬᠥᠮᠥᠨ ᠤ ᠬᠥᠴᠥᠨ ᠤ ᠤᠷᠳᠤ ᠤᠳᠠᠭᠠᠨ ᠪᠤᠶᠤ ᠳᠥᠷ ᠴᠠᠭ ᠤᠨ ᠴᠢᠨᠠᠷᠳᠠᠢ ᠨᠠᠮᠤᠭ ᠭᠠᠵᠠᠷ᠂ | ᠬᠥᠯᠥᠷᠡ ᠭᠠᠵᠠᠷ ᠪᠤᠶᠤ ᠤᠰᠤᠨ ᠴᠠᠷᠠᠭ᠎ᠠ ᠶᠢᠨ ᠤᠷᠤᠨ᠂ ᠳᠤᠭᠳᠠᠩᠭᠤᠢ ᠪᠤᠶᠤ ᠬᠥᠳᠠᠯᠥᠩᠬᠦᠢ᠂ ᠴᠡᠩᠭᠡᠭ | ᠤᠰᠤ᠂ ᠬᠠᠭᠠᠰ ᠱᠤᠷᠪᠤᠭ ᠤᠰᠤ᠂ ᠱᠤᠷᠪᠤᠭ ᠤᠰᠤᠨ ᠤ ᠴᠤᠭᠴᠠ ᠶᠢ ᠵᠢᠭᠠᠵᠤ ᠪᠤᠢ᠂ ᠳᠠᠯᠠᠢ ᠶᠢᠨ ᠤᠰᠤᠨ ᠤ | ᠳᠠᠳᠠᠷᠠᠯᠳᠠ ᠶᠢᠨ ᠥᠶᠡᠰ ᠤᠨ ᠤᠰᠤᠨ ᠬᠥᠨ ᠨᠢ 6 ᠮᠧᠲᠷ ᠠᠴᠠ ᠭᠡᠳᠤᠷᠠᠬᠦ ᠥᠭᠡᠢ ᠪᠠᠶᠢᠬᠤ ᠥᠶ᠎ᠡ ᠶᠢᠨ | ᠤᠰᠤᠨ ᠤ ᠤᠷᠤᠨ ᠪᠥᠰᠠ ᠶᠢ ᠪᠠᠭᠳᠠᠭᠠᠨ᠎ᠡ᠃ ᠮᠥᠨᠴᠤ ᠮᠠᠨ ᠤ ᠰᠠᠶᠢᠨ ᠮᠡᠳᠡᠳᠡᠭ ᠭᠤᠤᠯ ᠤᠨ ᠤᠷᠤᠰᠬᠠᠯ᠂ | ᠨᠠᠭᠤᠷ᠂ ᠤᠰᠤᠨ ᠴᠥᠬᠦᠷᠤᠮ ᠵᠢᠴᠢ ᠳᠡᠳᠡᠭᠡᠷ ᠤᠰᠤ ᠡᠪᠠᠰᠤ ᠰᠠᠬᠤᠯᠢᠭ ᠤᠷᠭᠤᠭᠰᠠᠨ ᠭᠤᠤᠯ ᠤᠨ ᠰᠠᠶᠢᠷᠭᠠᠯ᠂ | ᠨᠠᠮᠤᠭ ᠭᠠᠵᠠᠷ ᠪᠤᠯ ᠴᠥᠮ ᠨᠤᠭᠤ ᠭᠠᠵᠠᠷ ᠤᠨ ᠨᠢᠭᠡ ᠭᠡᠰᠡᠭ ᠮᠥᠨ᠃ | ᠭᠡᠰᠢᠭᠳᠡᠨ ᠤ ᠳᠠᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠲᠠᠬᠢ ᠨᠤᠭᠤ ᠭᠠᠵᠠᠷ ᠤᠨ ᠡᠭᠢ | ᠪᠠᠶᠠᠯᠢᠭ ᠳᠤᠶᠢᠯ ᠤᠨ ᠡᠯᠪᠡᠭ ᠪᠠᠶᠠᠯᠢᠭ ᠶᠤᠮ᠃ ᠳᠠᠷᠬᠠᠯᠳᠠ ᠨᠢ᠂ ᠤᠢ ᠰᠢᠭᠤᠢ ᠶᠢᠨ ᠨᠤᠭᠤ ᠭᠠᠵᠠᠷ᠂ | ᠥᠨᠳᠤᠷ ᠠᠭᠤᠯᠨ ᠶᠢᠨ ᠨᠤᠭᠤ ᠭᠠᠵᠠᠷ᠂ ᠨᠠᠭᠤᠷ ᠤᠨ ᠨᠤᠭᠤ ᠭᠠᠵᠠᠷ᠂ ᠭᠤᠤᠯ ᠤᠨ ᠤᠷᠤᠰᠬᠠᠯ ᠤᠨ ᠨᠤᠭᠤ | ᠭᠠᠵᠠᠷ᠂ ᠨᠠᠮᠤᠭ ᠭᠠᠵᠠᠷ ᠵᠡᠷᠭᠡ ᠤᠯᠠᠨ ᠵᠥᠢᠯ ᠤᠨ ᠨᠤᠭᠤ ᠭᠠᠵᠠᠷ ᠤᠨ ᠳᠥᠷᠤᠯ ᠵᠥᠢᠯ ᠪᠤᠢ᠃ | ᠳᠠᠯᠠᠶᠢᠨᠠᠭᠤᠷ ᠨᠢ ︽ ᠳᠤᠮᠳᠠᠳᠤ ᠤᠯᠤᠰ ᠤᠨ ᠬᠤᠨ ᠭᠠᠯᠠᠭᠤ ᠶᠢᠨ ᠨᠠᠭᠤᠷ︾ ᠭᠢᠭᠡᠳ ︽ ᠰᠢᠪᠠᠭᠤᠨ ᠤ | ᠴᠡᠩᠭᠡᠯ ᠤᠨ ᠤᠷᠳᠤᠨ︾ ᠭᠡᠵᠤ ᠨᠠᠷᠠᠶᠢᠳᠤᠳᠡᠭ᠂ ᠵᠢᠯ ᠪᠥᠷᠢ ᠶᠡᠭᠡ ᠭᠡᠮᠵᠢᠶᠠᠨ ᠤ ᠨᠡᠬᠦᠳᠠᠯ ᠤᠨ ᠰᠢᠪᠠᠭᠤ ᠠᠯᠤᠰ | ᠬᠤᠯᠨ ᠶᠢᠨ ᠰᠢᠪᠧᠷᠢᠶ᠎ᠡ ᠠᠴᠠ ᠠᠳᠡ ᠢᠷᠠᠵᠤ ᠡᠪᠤᠯᠵᠢᠨ ᠥᠷᠠᠵᠢᠳᠡᠭ︔ ᠰᠢᠷᠠᠮᠦ᠋ᠷᠠᠨ ᠪᠤᠯ ᠪᠥᠬᠦᠶᠢᠯᠨ ᠳᠠᠯ᠎ᠠ | ᠨᠤᠳᠤᠭ ᠤᠨ ᠥᠨᠳᠤᠰᠥᠳᠡᠨ ᠤ ᠰᠤᠶᠤᠯ ᠪᠤᠯᠪᠠᠰᠤᠨ ᠤ ᠥᠯᠥᠭᠡᠢ ᠮᠥᠨ︔ ᠮᠤᠷᠤᠯᠵᠠᠨ ᠤᠷᠤᠰᠤᠭᠰᠠᠨ | ᠬᠥᠩᠭᠡᠷ ᠤᠨ ᠭᠤᠤᠯ ᠨᠢ ᠬᠥᠩᠭᠡᠷ ᠤᠨ ᠳᠠᠯ᠎ᠠ ᠨᠤᠳᠤᠭ ᠲᠤ ᠴᠠᠭᠠᠨ ᠳᠤᠷᠳᠤᠩ ᠮᠢᠷᠠᠯᠵᠠᠵᠣ ᠪᠠᠶᠢᠭ᠎ᠠ ᠮᠠᠳᠤ︔ | | ᠳᠥᠷᠥᠭᠡᠨ ᠨᠠᠭᠤᠷ ᠭᠢᠭᠡᠳ ᠳᠠᠯᠠᠶᠢᠨᠠᠭᠤᠷ ᠢ ᠬᠤᠯᠪᠤᠵᠤ ᠪᠠᠶᠢᠭ᠎ᠠ ᠬᠤᠭᠤᠯᠠᠢ ᠶᠢᠨ ᠭᠤᠤᠯ ᠪᠤᠯ ᠳᠡᠯᠡᠭᠡᠢ | ᠳᠡᠭᠡᠷᠡᠭᠢ ᠬᠠᠮᠤᠭ ᠤᠨ ᠨᠠᠷᠢᠨ ᠭᠤᠤᠯ ᠮᠥᠨ᠃ | ᠨᠤᠭᠤ ᠭᠠᠵᠠᠷ ᠨᠢ᠂ ᠤᠷᠴᠢᠨ ᠳᠤᠭᠤᠷᠢᠨ ᠢ ᠴᠡᠪᠠᠷᠰᠢᠬᠦᠯᠵᠥ᠂ ᠠᠭᠤᠷ ᠠᠮᠢᠰᠬᠤᠯ ᠢ ᠳᠤᠭᠢᠷᠠᠭᠤᠯᠤᠨ | ᠂ ᠤᠰᠤᠨ ᠰᠤᠷᠪᠤᠯᠵᠢ ᠶᠢ ᠬᠠᠳᠠᠭᠠᠯᠠᠬᠤ᠂ ᠬᠥᠮᠥᠨ ᠳᠥᠷᠥᠯᠭᠢᠳᠡᠨ ᠤ ᠠᠮᠢᠳᠤᠷᠠᠯ ᠤᠨ ᠰᠠᠭᠤᠷᠢᠰᠢᠯ ᠤᠨ | ᠨᠥᠬᠦᠴᠡᠯ ᠢ ᠰᠠᠶᠢᠵᠢᠷᠠᠭᠤᠯᠬᠤ ᠵᠡᠷᠭᠡ ᠳᠠᠯ᠎ᠠ ᠪᠠᠷ ᠴᠢᠬᠤᠯᠨ ᠥᠢᠯᠡᠳᠤᠯ ᠲᠠᠢ ᠪᠠᠷ ᠪᠠᠷᠠᠬᠤ ᠥᠭᠡᠢ ᠪᠠᠰᠠ ᠠᠮᠢᠳᠡᠨ | ᠤᠷᠭᠤᠮᠠᠯ ᠤᠨ ᠳᠥᠪᠯᠠᠷᠠᠵᠥ ᠳᠠᠷᠬᠠᠬᠤ ᠪᠤᠯᠤᠨ ᠥᠰᠥᠨ ᠪᠤᠶᠢᠵᠢᠵᠤ ᠤᠷᠤᠰᠢᠨ ᠳᠤᠭᠳᠠᠨᠢᠬᠤ ᠭᠠᠵᠠᠷ ᠮᠥᠨ᠂ | ᠠᠮᠢᠳᠡᠨ ᠤᠷᠭᠤᠮᠠᠯ ᠤᠨ ᠤᠯᠠᠨ ᠶᠠᠩᠵᠤᠳᠤ ᠴᠢᠨᠠᠷ ᠢᠶᠠᠷ ᠪᠠᠶᠠᠯᠢᠭ ᠪᠠ ᠥᠢᠯᠡᠳᠪᠥᠷᠢᠯᠠᠯ ᠤᠨ ᠳᠠᠯᠳᠠ ᠬᠥᠴᠥᠨ | ᠢᠶᠠᠷ ᠳᠤᠶᠢᠯ ᠤᠨ ᠶᠡᠭᠡ ᠪᠠᠶᠢᠵᠥ᠂ ᠡᠭᠡ ᠭᠠᠵᠠᠷ ᠤᠨ ᠠᠮᠢᠨ ᠭᠤᠤᠯ ᠭᠡᠵᠤ ᠨᠠᠷᠠᠶᠢᠳᠤᠳᠡᠭ᠃ | ᠤᠳᠤᠬᠠᠨ ᠳᠤ ᠤᠷᠴᠢᠨ ᠳᠤᠭᠤᠷᠢᠨ ᠤ ᠬᠠᠮᠠᠭᠠᠯᠠᠯᠳᠠ ᠨᠢ ᠨᠢᠭᠡᠨᠳᠡ ᠪᠥᠬᠦ ᠪᠥᠮᠪᠥᠷᠴᠡᠭ ᠤᠨ ᠴᠢᠨᠠᠷᠳᠠᠢ | ᠠᠰᠠᠭᠤᠳᠠᠯ ᠪᠤᠯᠵᠤ᠂ ᠨᠡᠩ ᠴᠤ ᠮᠠᠨ ᠤ ᠤᠯᠤᠰ ᠲᠤ ᠤᠷᠴᠢᠮ ᠤᠨ 30 ᠵᠢᠯ ᠤᠨ ᠳᠥᠷᠭᠡᠨ ᠬᠥᠭᠵᠢᠯᠳᠡ ᠶᠢ | ᠳᠠᠭᠠᠯᠳᠤᠨ᠂ ᠬᠥᠮᠥᠨ ᠭᠢᠭᠡᠳ ᠪᠠᠶᠢᠭᠠᠯᠢ ᠶᠢᠨ ᠬᠤᠭᠤᠷᠤᠨᠳᠤᠭᠢ ᠵᠥᠷᠢᠴᠡᠯ ᠤᠯᠠᠮ ᠠᠴᠠ ᠬᠤᠷᠴᠠᠳᠴᠤ᠂ ᠡᠯ᠎ᠡ | ᠵᠥᠢᠯ ᠤᠨ ᠭᠡᠨᠡᠳᠳᠡ ᠶᠢᠨ ᠴᠢᠨᠠᠷᠳᠠᠢ ᠤᠷᠴᠢᠨ ᠳᠤᠭᠤᠷᠢᠨ ᠤ ᠠᠰᠠᠭᠤᠳᠠᠯ ᠢᠯᠠᠷᠠᠨ ᠭᠠᠷᠤᠭᠰᠠᠨ ᠪᠠᠶᠢᠨ᠎ᠡ᠃ | ᠡᠶᠢᠮᠥᠷᠬᠦ ᠪᠠᠶᠢᠳᠠᠯ ᠤᠨ ᠳᠤᠤᠷ᠎ᠡ᠂ ᠡᠭᠡ ᠭᠠᠵᠠᠷ ᠤᠨ ᠠᠮᠢᠵᠢᠷᠠᠯ ᠤᠨ ᠬᠥᠴᠥᠨ ᠢ ᠬᠠᠮᠠᠭᠠᠯᠠᠬᠤ ᠳᠤ ᠪᠥᠬᠦ | ᠨᠠᠶᠢᠭᠡᠮ ᠤᠨ ᠳᠡᠮᠵᠢᠯᠭᠡ ᠪᠤᠯᠤᠨ ᠬᠠᠮᠳᠤ ᠶᠢᠨ ᠴᠢᠷᠮᠠᠶᠢᠯᠠᠭ᠎ᠠ ᠳᠤ ᠳᠥᠰᠢᠭᠯᠡᠬᠦ ᠴᠢᠬᠤᠯᠠᠳᠠᠢ᠂ ᠤᠷᠴᠢᠨ ᠳᠤᠭᠤᠷᠢᠨ ᠢ | ᠨᠡᠨᠳᠢᠩᠨᠠᠬᠤ ᠪᠠ ᠬᠠᠶᠢᠷᠠᠯᠠᠵᠤ ᠬᠠᠮᠠᠭᠠᠯᠠᠬᠤ ᠨᠢ ᠮᠠᠨ ᠤ ᠡᠷᠭᠡᠳᠤ ᠠᠷᠠᠳ ᠨᠢᠭᠡᠪᠥᠷᠢ ᠶᠢᠨ ᠵᠠᠶᠢᠯᠠᠭᠤᠯᠵᠣ ᠪᠤᠯᠤᠰᠢ | ᠥᠭᠡᠢ ᠬᠠᠷᠢᠭᠤᠴᠠᠯᠭ᠎ᠠ ᠮᠥᠨ᠃ | ᠠᠮᠢᠳᠡᠨ ᠤᠷᠭᠤᠮᠠᠯ ᠤᠨ ᠡᠭᠢ ᠪᠠᠶᠠᠯᠢᠭ | ᠭᠡᠰᠢᠭᠳᠡᠨ ᠭᠠᠵᠠᠷ ᠰᠢᠨᠵᠢᠯᠡᠭᠡᠨ ᠤ ᠴᠡᠴᠡᠷᠯᠢᠭ ᠤᠨ ᠤᠷᠭᠤᠮᠠᠯ ᠤᠨ ᠳᠥᠷᠤᠯ ᠵᠥᠢᠯ ᠤᠯᠠᠨ᠂ | ᠠᠮᠢᠳᠡᠨ ᠤ ᠡᠭᠢ ᠪᠠᠶᠠᠯᠢᠭ ᠡᠯᠪᠡᠭ ᠪᠠᠶᠠᠯᠢᠭ ᠶᠤᠮ᠃ ᠠᠮᠢᠳᠡᠨ ᠤᠷᠭᠤᠮᠠᠯ ᠤᠨ ᠰᠤᠳᠤᠯᠭᠠᠨ ᠤ ᠪᠠᠶᠢᠭᠠᠯᠢᠯᠢᠭ | ᠥᠯᠢᠭᠡᠷ ᠶᠠᠩᠵᠤ ᠶᠢᠨ ᠬᠥᠮᠥᠷᠭᠡ ᠪᠠ ᠭᠧᠨ ᠤ ᠬᠥᠮᠥᠷᠭᠡ ᠮᠥᠨ᠃ | ᠴᠡᠴᠡᠷᠯᠢᠭ ᠤᠨ ᠤᠷᠭᠤᠮᠠᠯ ᠤᠨ ᠡᠭᠢ ᠪᠠᠶᠠᠯᠢᠭ ᠤᠨ ᠭᠤᠤᠯ ᠳᠠᠷᠬᠠᠯᠳᠠ ᠨᠢ᠂ ᠴᠡᠴᠡᠷᠯᠢᠭ ᠲᠠᠬᠢ | ᠡᠯᠡᠰᠤᠨ ᠭᠠᠴᠤᠷᠡ ᠶᠢᠨ ᠤᠯᠤᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ᠂ ᠬᠤᠩᠭᠤ ᠶᠢᠨ ᠳᠠᠪᠠᠭᠠᠨ ᠤ | ᠤᠢ ᠰᠢᠭᠤᠢ ᠶᠢᠨ ᠴᠡᠴᠡᠷᠯᠢᠭ ᠪᠠ ᠪᠠᠶ᠋ᠬᠠᠤᠪᠤᠭ᠎ᠠ ᠶᠢᠨ ᠤᠯᠤᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ | ᠪᠤᠯᠤᠨ᠎ᠡ᠃ ᠡᠨ᠋ᠨ ᠭᠡᠳᠤᠨ ᠬᠠᠮᠠᠭᠠᠯᠠᠯᠳᠠ ᠶᠢᠨ ᠤᠷᠤᠨ ᠨᠢ ᠮᠤᠩᠭᠤᠯ ᠤᠨ ᠤᠷᠭᠤᠮᠠᠯ ᠤᠨ ᠳᠤᠭᠤᠷᠢᠭ ᠤᠨ | ᠰᠢᠰᠲ᠋ᠧᠮ᠂ ᠤᠮᠠᠷᠠᠳᠤ ᠶᠢᠨ ᠤᠷᠭᠤᠮᠠᠯ ᠤᠨ ᠳᠤᠭᠤᠷᠢᠭ ᠤᠨ ᠰᠢᠰᠲ᠋ᠧᠮ ᠪᠤᠯᠤᠨ ᠵᠠᠬᠦᠨ ᠬᠤᠶᠢᠳᠤ ᠶᠢᠨ | ᠤᠷᠭᠤᠮᠠᠯ ᠤᠨ ᠳᠤᠭᠤᠷᠢᠭ ᠤᠨ ᠰᠢᠰᠲ᠋ᠧᠮ ᠤᠨ ᠠᠭᠤᠯᠵᠠᠭᠤᠷ ᠤᠨ ᠭᠤᠷᠪᠠᠯᠵᠢᠨ ᠭᠡᠰᠡᠭ ᠲᠤ ᠪᠠᠶᠢᠨ᠎ᠡ᠂ | ᠤᠷᠭᠤᠮᠠᠯ ᠤᠨ ᠪᠥᠷᠬᠦᠴᠡ ᠶᠢᠨ ᠡᠭᠢ ᠪᠠᠶᠠᠯᠢᠭ ᠳᠥᠢᠯ ᠤᠨ ᠡᠯᠪᠡᠭ ᠪᠠᠶᠠᠯᠢᠭ᠂ ᠨᠠᠶᠢᠳᠠ 1008 ᠵᠥᠢᠯ᠂ | 92 ᠳᠥᠷᠤᠯ ᠢᠵᠠᠭᠤᠷ ᠲᠤ ᠬᠠᠷᠢᠶᠠᠯᠠᠭᠳᠠᠨᠡ᠃ | ᠤᠨᠴᠠᠭᠠᠢ ᠭᠠᠵᠠᠷ ᠵᠥᠢ ᠶᠢᠨ ᠪᠠᠶᠢᠷᠢᠯᠠᠯ ᠨᠢ᠂ ᠴᠡᠴᠡᠷᠯᠢᠭ ᠤᠨ ᠤᠯᠠᠨ ᠶᠠᠩᠵᠤ ᠶᠢᠨ ᠤᠢ ᠰᠢᠭᠤᠢ ᠶᠢᠨ | ᠳᠥᠷᠤᠯ ᠵᠥᠢᠯ ᠢ ᠪᠤᠢ ᠪᠤᠯᠭᠠᠵᠠᠢ᠃ ᠭᠤᠤᠯ ᠳᠥᠷᠤᠯ ᠵᠥᠢᠯ ᠳᠤ ᠨᠢ᠂ ᠪᠠᠶᠢᠭᠠᠯᠢ ᠶᠢᠨ ᠪᠠᠯᠠᠷᠯᠢᠭ ᠰᠢᠯᠮᠥᠤᠰᠳᠤ | ᠤᠢ ᠶᠢᠨ ᠤᠷᠤᠨ᠂ ᠵᠤᠨ ᠨᠤᠭᠤᠭᠠᠷᠠᠬᠤ ᠥᠷᠭᠡᠨ ᠨᠠᠪᠴᠢᠳᠤ ᠬᠤᠯᠢᠮᠠᠭ ᠤᠢ ᠶᠢᠨ ᠤᠷᠤᠨ᠂ ᠨᠤᠭᠤ ᠭᠠᠵᠠᠷ᠂ | ᠨᠤᠭᠤ ᠭᠠᠵᠠᠷ ᠤᠨ ᠳᠠᠯ᠎ᠠ ᠨᠤᠳᠤᠭ᠂ ᠳᠠᠯ᠎ᠠ ᠨᠤᠳᠤᠭ ᠤᠨ ᠤᠷᠭᠤᠮᠠᠯ ᠤᠨ ᠪᠥᠷᠬᠦᠴᠡ ᠶᠢᠨ ᠤᠷᠤᠨ᠂ | ᠡᠯᠡᠰᠥᠷᠭᠡᠭ ᠤᠷᠭᠤᠮᠠᠯ ᠤᠨ ᠪᠥᠷᠬᠦᠴᠡ ᠶᠢᠨ ᠤᠷᠤᠨ᠂ ᠨᠠᠮᠤᠭ ᠭᠠᠵᠠᠷ ᠤᠨ ᠤᠷᠭᠤᠮᠠᠯ ᠤᠨ ᠪᠥᠷᠬᠦᠴᠡ ᠶᠢᠨ | ᠤᠷᠤᠨ ᠪᠤᠯᠤᠨ ᠳᠠᠷᠢᠵᠤ ᠪᠤᠶᠢᠵᠢᠭᠤᠯᠤᠭᠰᠠᠨ ᠤᠷᠭᠤᠮᠠᠯ ᠤᠨ ᠪᠥᠷᠬᠦᠴᠡ ᠶᠢᠨ ᠤᠷᠤᠨ ᠪᠤᠢ ᠃ ᠡᠬᠦᠨ ᠳᠤ᠂ | ᠬᠤᠯᠠᠨ ᠰᠢᠷᠭ᠎ᠠ ᠳᠠᠭ᠎ᠠ ᠶᠢᠨ ᠡᠯᠡᠰᠤᠨ ᠤ ᠵᠡᠬᠦᠨ ᠬᠤᠶᠢᠳᠤ ᠳᠠᠯ᠎ᠠ ᠳᠤ ᠤᠷᠭᠤᠵᠤ ᠪᠠᠶᠢᠭ᠎ᠠ ᠡᠯᠡᠰᠤᠨ ᠭᠠᠴᠤᠷᠡ | ᠪᠤᠯ ᠤᠷᠤᠨ ᠳᠤᠳᠤᠷ᠎ᠡ ᠨᠢᠭᠡᠯᠭᠡᠨ ᠤᠷᠤᠰᠢᠵᠤ ᠪᠠᠶᠢᠭ᠎ᠠ ᠪᠠᠯᠠᠷᠯᠢᠭ ᠤᠢ ᠰᠢᠭᠤᠢ ᠮᠥᠨ᠂ ︽ ᠡᠯᠡᠰᠤᠨ ᠤ | ᠭᠠᠶᠢᠬᠠᠮᠰᠢᠭᠳᠤ ᠥᠵᠡᠭᠳᠡᠯ︾ ᠂ ︽ ᠠᠮᠢᠳᠤ ᠪᠤᠳᠠᠰ ᠤᠨ ᠭᠧᠨ ᠤ ᠬᠥᠮᠥᠷᠭᠡ︾ ᠪᠤᠯᠤᠨ ︽ ᠠᠮᠢᠳᠤ | ᠴᠢᠯᠠᠭᠤᠵᠢᠮᠠᠯ︾ ᠭᠡᠵᠤ ᠨᠠᠷᠠᠶᠢᠳᠡᠭᠳᠡᠵᠤ᠂ ᠳᠡᠯᠡᠭᠡᠢ ᠳᠡᠭᠡᠷ᠎ᠡ ᠠᠳᠠᠯᠢ ᠳᠥᠷᠤᠯ ᠤᠨ ᠭᠠᠵᠠᠷ ᠤᠷᠤᠨ ᠳᠤ ᠪᠠᠶᠢᠬᠤ | ᠥᠭᠡᠢ ᠬᠤᠪᠤᠷ ᠳᠥᠷᠤᠯ ᠤᠨ ᠮᠤᠳᠤ ᠮᠥᠨ᠃ | ᠬᠥᠩᠭᠡᠷ ᠤᠨ ᠳᠠᠯ᠎ᠠ ᠳᠤ ᠠᠮᠢᠳᠤ ᠪᠤᠳᠠᠰ ᠤᠨ ᠡᠭᠢ ᠪᠠᠶᠠᠯᠢᠭ ᠡᠯᠪᠡᠭ ᠪᠠᠶᠢᠳᠠᠭ᠂ ᠬᠥᠷᠥᠭᠡᠰᠤ᠂ ᠪᠤᠭᠤ | ᠂ ᠴᠢᠨ᠋ᠸ᠎ᠡ᠂ ᠰᠢᠯᠥᠬᠦᠰᠥ᠂ ᠳᠠᠷᠪᠠᠭ᠎ᠠ ᠵᠠᠷᠭᠡ ᠭᠡᠭᠡᠷ᠎ᠡ ᠶᠢᠨ ᠠᠮᠢᠳᠡᠨ 30 ᠭᠠᠷᠤᠢ ᠳᠥᠷᠤᠯ ᠪᠤᠢ᠂ ᠬᠤᠨ | ᠭᠠᠯᠠᠭᠤ᠂ ᠨᠤᠭᠤᠰᠤ᠂ ᠬᠠᠶᠢᠷᠠᠭᠤᠴᠠᠢ ᠵᠡᠷᠭᠡ ᠬᠤᠪᠤᠷ ᠴᠤᠬᠠᠭ ᠰᠢᠪᠠᠭᠤᠨ ᠤ ᠳᠥᠷᠤᠯ 133 ᠵᠥᠢᠯ ᠪᠤᠢ᠃ | ᠳᠠᠯ᠎ᠠ ᠨᠤᠳᠤᠭ ᠲᠤ ᠡᠳᠡᠭᠡᠷ ᠰᠢᠪᠠᠭᠤᠨ ᠤ ᠳᠥᠷᠤᠯ ᠪᠠᠶᠢᠬᠤ ᠪᠠᠷ ᠪᠠᠷᠠᠬᠤ ᠥᠭᠡᠢ ᠤᠯᠤᠰ ᠤᠨ ᠨᠢᠭᠡᠳᠥᠭᠡᠷ | ᠳᠠᠰ ᠤᠨ ᠬᠠᠮᠠᠭᠠᠯᠠᠯᠳᠠ ᠶᠢᠨ ᠰᠢᠪᠠᠭᠤᠨ ᠤ ᠳᠥᠷᠤᠯ ᠳᠤᠭᠤᠳᠠᠭ᠂ ᠬᠤᠶᠠᠳᠤᠭᠠᠷ ᠳᠠᠰ ᠤᠨ ᠬᠠᠮᠠᠭᠠᠯᠠᠯᠳᠠ ᠶᠢᠨ | ᠰᠢᠪᠠᠭᠤᠨ ᠤ ᠳᠥᠷᠤᠯ ᠠᠷᠢᠰᠤ᠂ ᠬᠠᠷᠭᠢᠷᠡ ᠵᠡᠷᠭᠡ ᠪᠤᠢ᠃ ᠭᠡᠭᠡᠷ᠎ᠡ ᠶᠢᠨ ᠳᠠᠤᠯᠠᠢ᠂ ᠭᠡᠭᠡᠷ᠎ᠡ ᠶᠢᠨ ᠪᠤᠭᠤ ᠵᠡᠷᠭᠡ | ᠠᠮᠢᠳᠡᠨ ᠨᠢ ᠨᠠᠩ ᠴᠤ ᠭᠠᠵᠠᠷ ᠰᠠᠢ ᠥᠭᠡᠢ ᠥᠵᠡᠭᠳᠡᠳᠡᠭ᠃ ᠠᠳᠡ 35.7 ᠳᠥᠮᠠᠨ ᠮᠤ᠋ ᠳᠠᠯᠠᠪᠠᠢ ᠲᠠᠢ | ᠳᠠᠯᠠᠶᠢᠨᠠᠭᠤᠷ᠂ ᠨᠤᠮᠢᠨ ᠨᠤᠭᠤᠭᠠᠨ ᠨᠠᠭᠤᠷ ᠤᠨ ᠤᠰᠤ ᠨᠢ ᠳᠠᠯ᠎ᠠ ᠨᠤᠳᠤᠭ ᠲᠤ ᠭᠡᠷᠠᠯᠳᠤ ᠰᠤᠪᠤᠳ ᠮᠠᠳᠤ | ᠭᠢᠯᠠᠯᠵᠡᠨ᠂ ᠤᠰᠤᠨ ᠤ ᠰᠢᠪᠠᠭᠤᠳ ᠨᠢ ᠨᠠᠭᠤᠷ ᠤᠨ ᠳᠡᠭᠡᠬᠦᠷ ᠬᠠᠯᠢᠨ ᠳᠡᠬᠦᠯᠢᠵᠤ᠂ ᠮᠠᠯ ᠰᠥᠷᠥᠭ ᠨᠢ | ᠨᠠᠭᠤᠷ ᠤᠨ ᠬᠥᠪᠡᠭᠡ ᠪᠠᠷ ᠳᠠᠪᠠᠳᠠᠶᠢᠬᠠᠨ ᠢᠳᠡᠰᠢᠯᠡᠨ᠎ᠡ᠃ | ᠨᠠᠢᠮᠨ᠂ ᠮᠥᠽᠸᠢ ᠶᠢᠨ ᠬᠤᠶᠠᠳᠤᠭᠠᠷ ᠳᠠᠪᠬᠤᠷᠯᠢᠭ | ᠤᠳᠤ ᠪᠢᠳᠠᠨ ᠤ ᠬᠥᠷᠴᠥ ᠢᠷᠡᠭᠰᠡᠨ ᠪᠤᠯ ᠮᠥᠴᠸᠢ ᠶᠢᠨ ᠬᠤᠶᠠᠳᠤᠭᠠᠷ ᠳᠠᠪᠬᠤᠷᠯᠢᠭ ᠪᠤᠯᠤᠨ᠎ᠡ᠂ ᠠᠳᠡ | ᠪᠢᠳᠠ ᠳᠡᠯᠡᠭᠡᠢ ᠶᠢᠨ ᠪᠤᠰᠤᠳ ᠭᠠᠵᠠᠷ ᠤᠷᠤᠨ ᠤ ᠭᠠᠵᠠᠷ ᠰᠢᠨᠵᠢᠯᠡᠭᠡᠨ ᠤ ᠴᠡᠴᠡᠷᠯᠢᠭ ᠤᠨ ᠪᠠᠶᠢᠳᠠᠯ ᠢ ᠤᠯᠵᠤ | ᠥᠵᠡᠬᠦ ᠪᠠᠷ ᠪᠠᠷᠠᠬᠤ ᠥᠭᠡᠢ ᠪᠠᠰᠠ ᠥᠪᠠᠷ ᠤᠨ ᠪᠠᠶ᠎ᠡ ᠪᠠᠷ ᠢᠶᠠᠨ ᠰᠢᠨᠵᠢᠯᠡᠬᠦ ᠤᠬᠠᠭᠠᠨ ᠤ ᠨᠠᠭᠠᠳᠤᠮ | ᠳᠤᠭᠯᠠᠭᠠᠮ ᠤᠨ ᠳᠤᠮᠳᠠ ᠤᠷᠤᠯᠴᠠᠵᠤ ᠪᠤᠯᠤᠨ᠎ᠡ᠃ | ᠤᠳᠤᠷᠢᠳᠤᠯᠭ᠎ᠠ ᠶᠢᠨ ᠬᠠᠯᠠᠮᠵᠢᠯᠠᠯ | ᠭᠡᠰᠢᠭᠳᠡᠨ ᠤ ᠭᠠᠵᠠᠷ ᠰᠢᠨᠵᠢᠯᠡᠭᠡᠨ ᠤ ᠴᠡᠴᠡᠷᠯᠢᠭ ᠢ ᠡᠭᠢᠯᠡᠨ ᠪᠠᠶᠢᠭᠤᠯᠤᠭᠰᠠᠨ ᠠᠴᠠ ᠨᠠᠰᠢ᠂ ᠡᠯ᠎ᠡ | ᠱᠠᠳᠣᠨ ᠤ᠂ ᠡᠯ᠎ᠡ ᠰᠠᠯᠠᠭ᠎ᠠ ᠮᠥᠴᠢᠷ ᠤᠨ ᠤᠳᠤᠷᠢᠳᠤᠯᠭ᠎ᠠ ᠵᠢᠴᠢ ᠳᠤᠰᠬᠠᠢ ᠮᠡᠷᠭᠡᠵᠢᠯᠳᠡᠨ ᠤ ᠬᠠᠯᠠᠭᠤᠨ | ᠵᠢᠯᠤᠭᠤᠳᠤᠯᠭ᠎ᠠ ᠪᠤᠯᠤᠨ ᠬᠠᠯᠠᠮᠵᠢᠯᠠᠯ ᠢ ᠤᠯᠵᠤ᠂ ᠳᠠᠳᠠ ᠨᠠᠷ ᠴᠡᠴᠡᠷᠯᠢᠭ ᠢ ᠪᠠᠶᠢᠭᠤᠯᠬᠤ ᠳᠤ ᠴᠢᠭᠯᠡᠯ ᠢ ᠵᠢᠭᠠᠨ | ᠵᠢᠯᠤᠭᠤᠳᠴᠤ᠂ ᠭᠠᠵᠠᠷ ᠰᠢᠨᠵᠢᠯᠡᠭᠡᠨ ᠤ ᠴᠡᠴᠡᠷᠯᠢᠭ ᠤᠨ ᠥᠷᠨᠢᠬᠦᠨ ᠬᠥᠭᠵᠢᠯᠳᠡ ᠳᠤ ᠪᠠᠳᠤ ᠪᠠᠭᠢ ᠳᠥᠰᠢᠭ | ᠪᠤᠯᠵᠠᠢ᠃ ︵ᠥᠵᠡᠬᠦᠯᠭᠡ ᠶᠢᠨ ᠰᠠᠮᠪᠠᠷ᠎ᠡ ᠶᠢᠨ ᠠᠭᠤᠯᠭ᠎ᠠ ᠶᠤᠰᠤᠭᠠᠷ ᠳᠤᠭᠤᠷᠢᠨ ᠪᠠᠶᠢᠴᠠᠭᠠᠭᠰᠠᠨ ᠤᠳᠤᠷᠢᠳᠤᠯᠭ᠎ᠠ | ᠪᠠ ᠠᠯᠳᠠᠷᠳᠤ ᠰᠤᠳᠤᠯᠭᠠᠳᠠᠳ ᠢ ᠳᠠᠨᠢᠯᠴᠠᠭᠤᠯᠤᠨᠡ᠃︶ | ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠳᠠᠨᠢᠯᠴᠠᠭᠤᠯᠭ᠎ᠠ | ᠤᠳᠤᠬᠠᠨ ᠳᠤ᠂ ᠳᠠᠯᠡᠭᠡᠢ ᠳᠡᠭᠡᠷ᠎ᠡ 48 ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠤᠢ᠂ | ᠮᠠᠨ ᠤ ᠤᠯᠤᠰ ᠲᠤ 18 ᠳᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠤᠢ᠂ ᠳᠡᠯᠡᠭᠡᠢ ᠳᠡᠭᠡᠷ᠎ᠡ ᠭᠠᠵᠠᠷ | ᠰᠢᠨᠵᠢᠯᠡᠭᠡᠨ ᠤ ᠴᠡᠴᠡᠷᠯᠢᠭ ᠢᠶᠠᠷ ᠬᠠᠮᠤᠭ ᠤᠨ ᠤᠯᠠᠨ ᠤᠯᠤᠰ ᠮᠥᠨ᠃ ᠡᠨ᠋ᠨ ᠥᠵᠡᠬᠦᠯᠥᠯᠭᠡ ᠶᠢᠨ | ᠳᠤᠭᠤᠷᠢᠭ ᠲᠤ ᠭᠤᠤᠯᠳᠠᠭᠤ ᠳᠠᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠤᠨᠴᠠᠯᠢᠭ ᠢ ᠨᠠᠯᠢᠶᠠᠳ ᠪᠥᠬᠦ | ᠳᠠᠯ᠎ᠠ ᠪᠠᠷ ᠳᠠᠨᠢᠯᠴᠠᠭᠤᠯᠵᠥ᠂ ᠪᠠᠰᠠ ᠡᠳᠡᠭᠡᠷ ᠭᠠᠵᠠᠷ ᠰᠢᠨᠵᠢᠯᠡᠭᠡᠨ ᠤ ᠴᠡᠴᠡᠷᠯᠢᠭ ᠲᠠᠢ ᠬᠠᠮᠢᠶᠠᠳᠠᠢ ᠮᠠᠰᠢ ᠤᠯᠠᠨ | ᠭᠤᠶᠤ ᠨᠠᠷᠢᠯᠢᠭ ᠵᠢᠷᠤᠭ ᠢ ᠤᠯᠠᠨ ᠳᠤ ᠰᠤᠨᠢᠷᠬᠠᠭᠤᠯᠤᠭᠰᠠᠨ ᠪᠠᠶᠢᠨ᠎ᠡ᠃ | ᠥᠯᠢᠭᠡᠷ ᠭᠡᠪ ᠤᠨ ᠳᠢᠩᠭᠢᠮ | ᠥᠯᠢᠭᠡᠷ ᠭᠡᠪ ᠤᠨ ᠳᠢᠩᠭᠢᠮ ᠪᠤᠯ ᠤᠯᠠᠨ ᠳᠤ ᠡᠯᠪᠡᠭ ᠪᠠᠶᠠᠯᠢᠭ ᠤᠯᠠᠨ ᠶᠠᠩᠵᠤ ᠶᠢᠨ ᠠᠭᠤᠷᠬᠠᠢ ᠶᠢᠨ | ᠪᠤᠳᠠᠰ ᠤᠨ ᠴᠢᠯᠠᠭᠤᠯᠢᠭ ᠤᠨ ᠥᠯᠢᠭᠡᠷ ᠭᠡᠪ ᠢ ᠥᠵᠡᠬᠦᠯᠳᠡᠭ᠂ ᠪᠠᠰᠠ ᠥᠷᠬᠦᠯᠵᠢ ᠳᠤᠭᠢᠶᠠᠯᠳᠤᠳᠠᠭ ᠭᠤᠷᠪᠠᠨ | ᠶᠡᠭᠡ ᠴᠢᠯᠠᠭᠤᠯᠢᠭ ᠢ ᠳᠠᠨᠢᠯᠴᠠᠭᠤᠯᠪᠠ︔ ᠳᠠᠷᠤᠢ᠂ ᠳᠤᠨᠤᠮᠠᠯ ᠴᠢᠯᠠᠭᠤᠯᠢᠭ᠂ ᠭᠠᠯᠳᠤ ᠠᠭᠤᠯᠨ ᠶᠢᠨ ᠴᠢᠯᠠᠭᠤᠯᠢᠭ | ᠂ ᠬᠤᠪᠢᠷᠠᠮᠠᠯ ᠴᠢᠯᠠᠭᠤᠯᠢᠭ ᠤᠨ ᠬᠠᠮᠢᠶ᠎ᠡ ᠪᠥᠬᠦᠢ ᠮᠡᠳᠡᠯᠭᠡ ᠪᠤᠯᠤᠨ᠎ᠡ᠃ ᠠᠭᠤᠷᠬᠠᠢ ᠶᠢᠨ ᠪᠤᠳᠠᠰ ᠪᠤᠯ ᠪᠤᠳᠠᠰ ᠤᠨ | ᠶᠡᠷᠳᠢᠨᠴᠤ ᠶᠢᠨ ᠥᠨᠳᠤᠰᠤᠨ ᠪᠥᠷᠢᠯᠳᠥᠬᠦᠨ ᠨᠢᠭᠡᠴᠢ ᠮᠥᠨ᠂ ᠴᠢᠯᠠᠭᠤᠯᠢᠭ ᠨᠢ ᠠᠭᠤᠷᠬᠠᠢ ᠶᠢᠨ ᠪᠤᠳᠠᠰ ᠢᠶᠠᠷ | ᠪᠥᠷᠢᠯᠳᠥᠵᠥ᠂ ᠠᠭᠤᠷᠬᠠᠢ ᠶᠢᠨ ᠪᠤᠳᠠᠰ ᠪᠤᠯᠤᠨ ᠴᠢᠯᠠᠭᠤᠯᠢᠭ ᠨᠢ ᠨᠢᠭᠡᠨ ᠳᠤᠮᠤ ᠶᠡᠭᠡ᠂ ᠤᠯᠠᠨ ᠵᠥᠢᠯ ᠤᠨ | ᠳᠥᠷᠰᠤ ᠪᠠᠶᠢᠳᠠᠯ᠂ ᠶᠠᠩᠵᠤ ᠭᠡᠪ ᠤᠨ ᠰᠢᠨᠵᠢ ᠪᠥᠷᠢᠳᠥᠭᠰᠡᠨ ᠶᠡᠭᠡ ᠭᠡᠷ ᠪᠥᠯᠢ ᠪᠤᠯᠤᠨ᠎ᠡ᠃ ᠳᠤᠰ | ᠥᠵᠡᠬᠦᠯᠥᠯᠭᠡ ᠶᠢᠨ ᠡᠷᠭᠢᠮᠰᠥᠭ ᠶᠡᠷᠥᠮᠳᠡᠭ ᠢ ᠬᠠᠮᠳᠤ ᠳᠤᠨᠢ ᠰᠤᠨᠢᠷᠬᠠᠵᠤ᠂ ᠬᠥᠳᠡᠯᠭᠡᠭᠡᠨ ᠪᠠ ᠳᠠᠶᠢᠪᠤᠩ ᠢ | ᠤᠶᠠᠯᠳᠤᠭᠤᠯᠵᠥ᠂ ᠭᠡᠶᠢᠰᠪᠥᠷᠢ ᠪᠠ ᠪᠤᠳᠠᠳᠠᠢ ᠶᠢ ᠬᠠᠮᠳᠤᠷᠠᠭᠤᠯᠵᠥ᠂ ᠶᠤᠭᠳᠠᠯᠢᠭ ᠢᠶᠠᠷ ᠳᠥᠰᠥᠪᠯᠡᠬᠦ ᠭᠡᠯᠪᠠᠷᠢ ᠶᠢ | ᠠᠪᠴᠤ᠂ ᠶᠡᠭᠡ ᠭᠡᠮᠵᠢᠶᠠᠨ ᠤ ᠨᠠᠷᠢᠯᠢᠭ ᠰᠠᠶᠢᠬᠠᠨ ᠥᠵᠡᠬᠦᠯᠥᠯᠭᠡ ᠶᠢᠨ ᠪᠥᠳᠥᠭᠡᠭᠳᠡᠬᠦᠨ ᠵᠢᠴᠢ ᠳᠥᠬᠦᠮ ᠳᠥᠳᠡ | ᠭᠠᠷ ᠬᠥᠳᠡᠯᠥᠨ ᠳᠤᠷᠰᠢᠬᠤ ᠪᠠᠷ ᠳᠠᠮᠵᠢᠭᠤᠯᠵᠥ᠂ ᠥᠵᠡᠭᠴᠢᠳ ᠤᠷᠤᠯᠴᠠᠬᠤ ᠪᠠ ᠥᠵᠡᠬᠦᠯᠥᠯᠭᠡ ᠶᠢᠨ | ᠳᠢᠩᠭᠢᠮ ᠤᠨ ᠥᠵᠡᠬᠦᠯᠥᠯᠭᠡ ᠶᠢᠨ ᠪᠥᠳᠥᠭᠡᠭᠳᠡᠬᠦᠨ ᠢ ᠰᠤᠨᠢᠷᠬᠠᠬᠤ ᠪᠠᠷ ᠳᠠᠮᠵᠢᠭᠤᠯᠵᠥ᠂ ᠪᠠᠶᠢᠭᠠᠯᠢ ᠶᠠᠷᠳᠢᠨᠴᠤ | ᠳᠠᠬᠢ ᠠᠭᠤᠷᠬᠠᠢ ᠶᠢᠨ ᠴᠢᠯᠠᠭᠤᠯᠢᠭ ᠤᠨ ᠪᠥᠷᠢᠯᠳᠥᠭᠰᠡᠨ ᠰᠢᠯᠳᠠᠭᠠᠨ᠂ ᠠᠩᠬᠠᠨ ᠤ ᠪᠥᠳᠥᠭᠰᠡᠨ ᠪᠠᠶᠢᠳᠠᠯ ᠢ | ᠣᠶᠢᠯᠠᠭᠠᠭᠤᠯᠵᠤ᠂ ᠴᠢᠯᠠᠭᠤᠯᠢᠭ ᠤᠨ ᠳᠥᠷᠤᠯ ᠵᠥᠢᠯ ᠤᠯᠠᠨ᠂ ᠤᠯᠠᠨ ᠵᠥᠢᠯ ᠤᠨ ᠭᠡᠯᠪᠠᠷᠢ ᠳᠥᠷᠰᠤ ᠵᠢᠴᠢ | ᠮᠠᠨ ᠤ ᠡᠳᠤᠷ ᠳᠤᠳᠤᠮ ᠤᠨ ᠠᠮᠢᠳᠤᠷᠠᠯ ᠤᠨ ᠳᠤᠮᠳᠠ ᠴᠥᠮ ᠡᠳᠡᠭᠡᠷ ᠠᠭᠤᠷᠬᠠᠢ ᠶᠢᠨ ᠴᠢᠯᠠᠭᠤᠯᠢᠭ ᠢ ᠭᠡᠷᠭᠢᠨ | ᠭᠡᠷᠡᠭᠯᠡᠵᠤ ᠪᠠᠶᠢᠭ᠎ᠠ ᠶᠢ ᠤᠶᠢᠯᠠᠭᠠᠭᠤᠯᠵᠤ ᠪᠤᠯᠤᠨ᠎ᠡ᠃ | ᠰᠢᠨᠵᠢᠯᠡᠬᠦ ᠤᠬᠠᠭᠠᠨ ᠤ ᠨᠠᠭᠠᠳᠤᠮ ᠳᠤᠭᠯᠠᠭᠠᠮ ᠤᠨ ᠳᠥᠪ | ᠰᠢᠨᠵᠢᠯᠡᠬᠦ ᠤᠬᠠᠭᠠᠨ ᠤ ᠨᠠᠭᠠᠳᠤᠮ ᠳᠤᠭᠯᠠᠭᠠᠮ ᠤᠨ ᠳᠥᠪ ᠲᠤ ᠂ ᠪᠥᠭᠡ ᠪᠠᠷᠢᠯᠳᠣᠬᠤ᠂ | ᠴᠢᠯᠠᠭᠤᠯᠢᠭ ᠤᠨ ᠳᠥᠷᠤᠯ ᠵᠥᠢᠯ᠂ ᠮᠡᠳᠡᠯᠭᠡ ᠶᠢᠨ ᠵᠠᠪᠳᠤᠨ ᠬᠠᠷᠢᠭᠤᠯᠬᠤ ᠪᠤᠯᠤᠨ ᠬᠠᠷᠠᠭᠠᠨ ᠵᠥᠢᠴᠢᠯᠡᠯ᠂ ᠬᠠᠮᠳᠤ | ᠶᠢᠨ ᠰᠠᠬᠦᠳᠠᠷ ᠳᠠᠳᠠᠭᠤᠯᠤᠨ ᠳᠤᠷᠠᠰᠬᠠᠯ ᠥᠯᠡᠳᠡᠭᠡᠬᠦ ᠵᠡᠷᠭᠡ ᠡᠯᠧᠺᠲᠷᠤᠨ ᠳᠤᠭᠯᠠᠭᠠᠮ ᠤᠨ ᠳᠥᠷᠤᠯ ᠵᠥᠢᠯ ᠢ | ᠳᠤᠭᠢᠷᠠᠭᠤᠯᠵᠥ᠂ ᠠᠳᠡ ᠤᠯᠠᠨ ᠢᠶᠠᠷ ᠢᠶᠠᠨ ᠮᠡᠳᠡᠯᠭᠡ ᠶᠢᠨ ᠳᠠᠯᠠᠢ ᠳᠤ ᠤᠮᠪᠠᠨ᠂ ᠵᠤᠭ᠎ᠠ ᠴᠡᠩᠭᠡᠯ ᠤᠨ ᠳᠤᠮᠳᠠ | ᠠᠴᠠ ᠨᠠᠩ ᠤᠯᠠᠨ ᠰᠢᠨᠵᠢᠯᠡᠬᠦ ᠤᠬᠠᠭᠠᠨ ᠤ ᠮᠡᠳᠡᠯᠭᠡ ᠶᠢ ᠰᠤᠷᠴᠤ ᠳᠠᠶᠢᠯᠥᠨᠡ᠃ | ᠶᠢᠰᠤ᠂ ᠭᠤᠷᠪᠠᠳᠤᠭᠠᠷ ᠳᠠᠪᠬᠤᠷᠯᠢᠭ | ᠳᠡᠥᠭᠡ ᠰᠤᠶᠤᠯ ᠤᠨ ᠥᠵᠡᠬᠦᠯᠥᠯᠭᠡ ᠶᠢᠨ ᠳᠢᠩᠭᠢᠮ | ᠳᠡᠥᠭᠡ ᠰᠤᠶᠤᠯ ᠤᠨ ᠥᠵᠡᠬᠦᠯᠥᠯᠭᠡ ᠶᠢᠨ ᠳᠢᠩᠭᠢᠮ ᠳᠤ ᠬᠡᠰᠢᠭᠳᠡᠨ ᠬᠤᠰᠢᠭᠤᠨ ᠤ ᠳᠡᠥᠭᠡ᠂ ᠥᠨᠳᠤᠰᠥᠳᠡᠨ ᠤ | ᠰᠤᠶᠤᠯ ᠪᠤᠯᠤᠨ ᠵᠠᠩ ᠳᠠᠳᠬᠠᠯ ᠢ ᠪᠥᠬᠦ ᠳᠠᠯ᠎ᠠ ᠪᠠᠷ ᠳᠠᠨᠢᠯᠴᠠᠭᠤᠯᠬᠤ ᠶᠢᠨ ᠬᠠᠮᠳᠤ᠂ ᠭᠡᠰᠢᠭᠳᠡᠨ ᠬᠤᠰᠢᠭᠤᠨ ᠤ | ᠬᠤᠪᠤᠷ ᠥᠨᠡᠳᠡᠢ ᠳᠡᠥᠭᠡ ᠶᠢᠨ ᠳᠤᠷᠠᠰᠬᠠᠯ ᠢ ᠬᠠᠳᠠᠭᠠᠯᠠᠵᠥ ᠪᠤᠢ᠃ ᠳᠠᠷᠨ ᠨᠢ ᠨᠤᠮ ᠤᠨ ᠰᠠᠩ ᠪᠤᠯᠤᠨ ᠤᠷᠠᠨ | ᠵᠢᠷᠤᠭ᠂ ᠤᠷᠠᠨ ᠪᠢᠴᠢᠯᠭᠡ ᠶᠢᠨ ᠬᠤᠶᠠᠷ ᠭᠡᠰᠡᠭ ᠢ ᠪᠠᠭᠳᠠᠭᠠᠵᠥ᠂ ᠨᠤᠮ ᠤᠨ ᠰᠠᠩ ᠠᠴᠠ ᠥᠵᠡᠭᠴᠢᠳ ᠬᠠᠮᠢᠶ᠎ᠡ | ᠪᠥᠬᠦᠢ ᠨᠤᠮ ᠪᠢᠴᠢᠭ ᠢ ᠡᠷᠢᠨ ᠥᠵᠡᠵᠤ᠂ ᠨᠤᠮ ᠤᠨ ᠰᠠᠩ ᠳᠤ ᠬᠠᠳᠠᠭᠠᠯᠠᠵᠤ ᠪᠠᠶᠢᠭ᠎ᠠ ᠨᠤᠮ ᠪᠢᠴᠢᠭ ᠢ | ᠵᠢᠭᠡᠯᠡᠨ ᠥᠵᠡᠵᠤ ᠪᠤᠯᠤᠨ᠎ᠡ︔ ᠤᠷᠮ᠎ᠡ ᠪᠠᠭ᠋ᠠᠳᠠᠢ ᠵᠤᠭᠠᠴᠠᠭᠰᠠᠳ ᠪᠠᠰᠠ ᠤᠷᠠᠨ ᠵᠢᠷᠤᠭ ᠤᠷᠠᠨ ᠪᠢᠴᠢᠯᠭᠡ ᠶᠢᠨ | ᠭᠠᠵᠠᠷ᠂ ᠤᠷᠠᠨ ᠪᠢᠴᠢᠯᠭᠡ ᠪᠢᠴᠢᠵᠤ᠂ ᠠᠪᠢᠶᠠᠰ ᠴᠢᠳᠠᠪᠥᠷᠢ ᠪᠠᠨ ᠭᠠᠶᠢᠬᠠᠭᠤᠯᠵᠥ ᠪᠤᠯᠤᠨ᠎ᠡ᠃ | | ᠤᠯᠠᠨ ᠴᠢᠳᠠᠪᠭᠢᠳᠤ ᠳᠢᠩᠭᠢᠮ | ᠮᠥᠽᠸᠢ ᠳᠤ᠂ ᠴᠢᠳᠠᠪᠭᠢ ᠪᠥᠷᠢᠨ ᠬᠥᠢᠴᠡᠳ᠂ ᠲᠦᠬᠦᠭᠡᠷᠦᠮᠵᠢ ᠨᠢ ᠳᠠᠷᠢᠬᠦᠨ ᠤ ᠤᠯᠠᠨ ᠴᠢᠳᠠᠪᠭᠢᠳᠤ | ᠳᠢᠩᠭᠢᠮ ᠢ ᠭᠠᠷᠭᠠᠵᠥ᠂ 480 ᠭᠥᠮᠥᠨ ᠢ ᠪᠠᠭᠳᠠᠭᠠᠬᠤ᠂ ᠡᠬᠦᠨ ᠢ ᠬᠤᠷᠠᠯᠳᠤᠭᠠᠨ᠂ ᠲᠧᠯᠸᠢᠰ | ᠬᠤᠷᠠᠯᠳᠤᠭᠠᠨ᠂ ᠮᠡᠳᠡᠬᠦᠯᠥᠯᠳᠡ᠂ ᠡᠷᠳᠡᠮ ᠰᠢᠨᠵᠢᠯᠡᠭᠡᠨ ᠤ ᠰᠤᠳᠤᠯᠭᠠᠨ᠂ ᠪᠤᠯᠪᠠᠰᠤᠷᠠᠯ ᠳᠤ ᠬᠡᠷᠡᠭᠯᠡᠵᠤ ᠪᠤᠯᠤᠨ᠎ᠡ | ᠃ | | | | |