ᠦᠪᠦᠷ ᠮᠤᠩᠭᠤᠯ ᠤᠨ ᠦᠨᠳᠦᠷᠯᠢᠭ ᠤᠨ ᠵᠡᠬᠦᠨ ᠬᠡᠰᠡᠭ᠂ ᠤᠯᠠᠭᠠᠨᠬᠠᠳᠠ ᠬᠤᠳᠠ ᠶᠢᠨ ᠪᠠᠷᠠᠭᠤᠨ ᠬᠤᠶᠢᠳᠤ | ᠪᠡᠶ᠎ᠠ ᠳᠤ ᠨᠢᠭᠡ ᠬᠡᠰᠡᠭ ᠠᠷᠢᠭᠤᠨ ᠲᠠᠭᠰᠢᠨ ᠤᠷᠤᠨ᠂ ᠷᠢᠳᠢ ᠰᠢᠳᠢᠳᠤ ᠴᠡᠴᠡᠷᠯᠢᠭ᠂ ᠪᠠᠶᠢᠭᠠᠯᠢ ᠡᠬᠡ ᠶᠢᠨ ᠵᠠᠭᠤ | ᠮᠢᠩᠭᠠᠨ ᠵᠢᠯ ᠢᠶᠠᠷ ᠵᠢᠷᠦᠭᠡᠨ ᠲᠠᠮᠢᠷ ᠢᠶᠠᠨ ᠰᠢᠪᠬᠠᠨ ᠤᠷᠠᠯᠠᠵᠤ ᠪᠦᠳᠦᠭᠡᠭᠰᠡᠨ ᠰᠤᠳᠤᠨ ᠪᠦᠳᠦᠭᠡᠯ ᠨᠢᠭᠤᠭᠳᠠᠵᠤ | ᠪᠠᠶᠢᠳᠠᠭ᠃ ᠡᠨᠡ ᠪᠤᠯ ᠲᠠᠷᠤᠢ ᠡᠷᠳᠠᠨ ᠠᠴᠠ ︽ᠪᠤᠭᠤᠮᠳᠠ ᠶᠢᠨ ᠤᠮᠠᠷᠠᠳᠡᠬᠢ ᠠᠯᠳᠠᠨ ᠬᠤᠰᠢᠭᠤᠯᠵᠢᠨ︾ ᠬᠡᠵᠤ | ᠠᠯᠳᠠᠷᠰᠢᠭᠰᠠᠨ ᠲᠤᠮᠳᠠᠳᠤ ᠤᠯᠤᠰ ᠬᠡᠰᠢᠭᠳᠡᠨ ᠲᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠪᠤᠯᠤᠨ᠎ᠠ᠃ | ᠬᠡᠰᠢᠭᠳᠡᠨ ᠤ ᠭᠠᠵᠠᠷ ᠰᠢᠨᠵᠢᠯᠡᠭᠡᠨ ᠤ ᠭᠠᠵᠠᠷ ᠤᠨ ᠭᠠᠳᠠᠷᠭᠤ ᠡᠯᠪᠡᠭ ᠪᠠᠶᠠᠯᠢᠭ᠂ ᠠᠮᠢ ᠠᠬᠤᠢ ᠶᠢᠨ ᠲᠦᠷᠦᠯ ᠬᠡᠯᠪᠡᠷᠢ | ᠤᠯᠠᠨ ᠶᠠᠩᠵᠤ ᠪᠠᠶᠢᠵᠤ᠂ ᠲᠤᠮᠳᠠᠳᠤ ᠤᠯᠤᠰ ᠤᠨ ᠵᠡᠬᠦᠨ ᠤᠷᠤᠨ ᠤ ᠬᠡᠪᠴᠢᠶ᠎ᠠ ᠪᠠᠷ ᠬᠠᠮᠤᠭ ᠤᠨ ᠶᠡᠭᠡ᠂ | ᠪᠤᠶᠢᠵᠢᠯᠳᠠ ᠪᠠᠷ ᠬᠠᠮᠤᠭ ᠤᠨ ᠬᠦᠢᠴᠡᠳ᠂ ᠬᠠᠮᠤᠭ ᠠᠴᠠ ᠪᠦᠷᠢᠨ ᠪᠦᠳᠦᠨ ᠢᠶᠠᠷ ᠢᠶᠠᠨ ᠬᠠᠳᠠᠭᠠᠯᠠᠭᠳᠠᠵᠤ ᠪᠠᠶᠢᠭ᠎ᠠ | ᠲᠦᠷᠪᠡᠳᠡᠭᠴᠢ ᠭᠠᠯᠪᠠ ᠶᠢᠨ ᠮᠦᠰᠦᠨ ᠭᠤᠤᠯ ᠤᠨ ᠭᠠᠵᠠᠷ ᠤᠨ ᠭᠠᠳᠠᠷᠭᠤ᠂ ᠬᠤᠪᠤᠷ ᠭᠠᠶᠢᠬᠠᠮᠰᠢᠭᠳᠤ ᠲᠤᠮᠤ | ᠬᠡᠯᠪᠡᠷᠢ ᠶᠢᠨ ᠬᠠᠳᠠᠨ ᠤᠭᠤᠷ ᠤᠨ ᠰᠦᠷᠦᠭ᠂ ᠬᠤᠤᠰ ᠦᠭᠡᠢ ︽ᠦᠪᠦᠷ ᠮᠤᠩᠭᠤᠯ ᠤᠨ ᠴᠢᠯᠠᠭᠤᠨ ᠰᠢᠭᠤᠢ︾᠂ | ᠮᠢᠩᠭᠠᠨ ᠭᠠᠵᠠᠷ ᠢ ᠤᠮᠳᠠᠭᠠᠯᠠᠨ ᠤᠷᠤᠰᠬᠤ ᠰᠢᠷᠠᠮᠦ᠋ᠷᠡᠨ ᠭᠤᠤᠯ᠂ ᠨᠤᠮᠢᠨ ᠲᠤᠯᠬᠢᠶᠠᠨᠳᠤ ᠲᠠᠯᠠᠶᠢᠨᠠᠭᠤᠷ᠂ ᠦᠩᠭᠡ | ᠦᠵᠡᠮᠵᠢ ᠪᠦᠷᠢᠳᠦᠭᠰᠡᠨ ᠦᠷᠭᠡᠨ ᠠᠭᠤᠳᠠᠮ ᠬᠦᠩᠭᠡᠷ᠂ ᠤᠯᠠᠭᠠᠨᠪᠤᠳᠤᠩ ᠤᠨ ᠲᠠᠯ᠎ᠠ ᠵᠡᠷᠭᠡ ᠦᠵᠡᠮᠵᠢ ᠲᠠᠷᠬᠠᠵᠤ | ᠪᠠᠶᠢᠳᠠᠭ᠃ 2005 ᠤᠨ ᠤ 2 ᠰᠠᠷ᠎ᠠ ᠶᠢᠨ 11 ᠤ ᠡᠳᠦᠷ᠂ ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ | ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠠᠴᠠ ᠡᠨᠡᠬᠦ ᠪᠠᠶᠢᠭᠠᠯᠢᠯᠢᠭ | ᠲᠡᠯᠡᠭᠡᠢ ᠶᠢᠨ ᠪᠦᠮᠪᠦᠷᠴᠡᠭ ᠤᠨ ᠰᠢᠨᠵᠢᠯᠡᠬᠦ ᠤᠬᠠᠭᠠᠨ ᠤ ᠮᠦᠽᠸᠢ ᠶᠢ ︽ᠲᠡᠯᠡᠭᠡᠢ ᠶᠢᠨ ᠭᠠᠵᠠᠷ ᠰᠢᠨᠵᠢᠯᠡᠭᠡᠨ ᠤ | ᠴᠡᠴᠡᠷᠯᠢᠭ︾ ᠤᠨ ᠨᠡᠷᠡᠰ ᠲᠤ ᠵᠢᠬᠰᠠᠭᠠᠭᠳᠠᠬᠤ ᠶᠢ ᠵᠦᠪᠰᠢᠶᠡᠷᠡᠭᠰᠡᠨ ᠪᠠᠶᠢᠨ᠎ᠠ᠃ | ᠬᠡᠰᠢᠭᠳᠡᠨ ᠨᠢ ᠰᠦᠷᠯᠢᠭ ᠰᠠᠶᠢᠬᠠᠨ ᠪᠠᠶᠢᠭᠠᠯᠢ ᠶᠢᠨ ᠦᠵᠡᠮᠵᠢ ᠲᠠᠢ ᠪᠠᠷ ᠦᠯᠤ ᠪᠠᠷᠠᠨ ᠬᠦᠨ ᠵᠤᠵᠠᠭᠠᠨ | ᠦᠨᠳᠦᠰᠦᠳᠡᠨ ᠤ ᠰᠤᠶᠤᠯ ᠬᠢᠭᠡᠳ ᠦᠨᠢ ᠤᠳᠠᠭᠠᠨ ᠴᠡᠪᠡᠷ ᠪᠤᠷᠤᠭᠵᠢᠭᠤᠨ ᠨᠤᠳᠤᠭ ᠤᠨ ᠵᠠᠩ ᠠᠷᠠᠨᠰᠢᠨ ᠲᠠᠢ ᠶᠤᠮ | ᠂ ᠡᠨᠡᠬᠦ 1750 ᠬᠠᠪᠳᠠᠭᠠᠢ ᠲᠦᠷᠪᠡᠯᠵᠢᠨ ᠺᠢᠯᠤᠮᠧᠲᠷ ᠲᠠᠯᠠᠪᠠᠢ ᠲᠠᠢ ᠭᠠᠵᠠᠷ ᠰᠢᠨᠵᠢᠯᠡᠭᠡᠨ ᠤ ᠴᠡᠴᠡᠷᠯᠢᠭ ᠨᠢ | ᠬᠦᠭᠡᠰᠦᠷᠦᠨ ᠱᠤᠤᠬᠢᠭᠰᠠᠨ ᠠᠶᠢᠷᠠᠭ ᠴᠡᠭᠡ᠂ ᠰᠢᠮ᠎ᠠ ᠰᠠᠶᠢᠳᠠᠢ ᠦᠭᠡᠷ ᠬᠤᠨᠢᠨ ᠮᠢᠬ᠎ᠠ᠂ ᠴᠡᠪᠡᠷ ᠰᠢᠮᠡᠳᠤ ᠴᠠᠭᠠᠨ | ᠢᠳᠡᠭᠡ᠂ ᠲᠠᠯ᠎ᠠ ᠶᠢᠨ ᠡᠯᠢᠭᠡᠨ ᠳᠤ ᠴᠠᠶᠢᠯᠵᠠᠭᠰᠠᠨ ᠮᠤᠩᠭᠤᠯ ᠬᠡᠷ᠂ ᠦᠩᠭᠡ ᠢᠯᠠᠭᠠᠷᠠᠭᠰᠠᠨ ᠬᠤᠪᠴᠠᠰᠤ ᠵᠠᠰᠠᠯ᠂ | ᠠᠷᠢᠭᠤᠨ ᠲᠠᠷᠬᠠᠨ ᠤᠪᠤᠭ᠎ᠠ ᠲᠠᠬᠢᠯᠭ᠎ᠠ ᠬᠢᠭᠡᠳ ᠤᠷᠳᠤ ᠶᠢᠨ ᠲᠠᠭᠤᠤ᠂ ᠤᠷᠠᠨ ᠪᠦᠵᠢᠭ ᠢᠶᠠᠷ ᠢᠶᠠᠨ ᠬᠦᠮᠦᠰ ᠤᠨ | ᠰᠡᠳᠬᠢᠯ ᠢ ᠲᠠᠩᠳᠠ ᠪᠠᠨ ᠬᠤᠷᠭᠤᠳᠠᠭᠤᠯᠵᠤ ᠪᠠᠶᠢᠳᠠᠭ᠃ | |