ᠠᠰᠬᠠᠳᠣ ᠶᠢᠨ ᠦᠵᠡᠮᠵᠢ ᠶᠢᠨ ᠣᠷᠣᠨ ᠳᠤ ᠬᠦᠷᠬᠦ᠄ ︵ᠪᠢᠷᠠᠭᠤ ᠪᠠᠯᠭᠠᠰᠣ ᠪᠠᠷ ᠡᠬᠢᠯᠡᠯᠳᠡ ᠪᠣᠯᠭᠠᠨ᠎ᠠ︶
ᠨᠡᠶᠢᠲᠡᠯᠡᠭᠰᠡᠨ ᠴᠠᠭ᠄
2016/4/19
      ᠪᠠᠷᠠᠭᠤᠨ ᠵᠠᠮ᠄ ᠪᠢᠷᠠᠭᠤ ᠪᠠᠯᠭᠠᠰᠣ ᠠᠴᠠ ᠭᠠᠷᠴᠣ᠂ 303 ᠣᠯᠣᠰ ᠤᠨ ᠵᠠᠮ ᠢᠶᠠᠷ ᠪᠠᠷᠠᠭᠤᠨᠰᠢ ᠶᠠᠪᠣᠵᠣ ᠪᠠᠷᠤᠭ 50 ᠺᠢᠯᠣᠮᠧᠲᠷ ᠤᠨ ᠦᠵᠦᠬᠦᠷ ᠲᠤ ᠪᠠᠷᠠᠭᠤᠨᠰᠢ ᠮᠣᠷᠣᠶᠢᠨ᠂ ᠲᠠᠷᠬᠠᠬᠠᠭᠤᠯᠠ ᠰᠣᠮᠣᠨ ᠠᠴᠠ ᠪᠠᠷᠠᠭᠤᠨ ᠦᠵᠦᠮᠦᠴᠢᠨ ᠬᠤᠰᠢᠭᠤᠨ ᠤ ᠲᠠᠴᠢᠨᠪᠣᠯᠠᠭ ᠮᠠᠯᠵᠢᠯ ᠤᠨ ᠲᠠᠯᠠᠪᠠᠢ ᠬᠦᠷᠬᠦ ᠵᠠᠮ ᠢᠶᠠᠷ ᠶᠠᠪᠣᠵᠣ ᠡᠯᠡᠰᠣᠨ ᠭᠠᠴᠣᠷ᠎ᠠ ᠎ ᠶᠢᠨ ᠦᠵᠡᠮᠵᠢ ᠶᠢᠨ ᠣᠷᠣᠨ ᠪᠠ ᠪᠠᠶᠠᠨᠴᠠᠭᠠᠨ ᠰᠣᠮᠣ ᠪᠠᠷ ᠦᠩᠬᠡᠷᠡᠪᠡᠯ ᠠᠰᠬᠠᠳᠣ ᠶᠢᠨ ᠦᠵᠡᠮᠵᠢ ᠶᠢᠨ ᠣᠷᠣᠨ ᠳᠤ ᠬᠦᠷᠴᠢᠬᠡᠨ᠎ᠡ᠃ ᠪᠠᠷᠤᠭ 150 ᠺᠢᠯᠣᠮᠧᠲᠷ᠃       ᠵᠡᠬᠦᠨ ᠵᠠᠮ᠄ 303 ᠣᠯᠣᠰ ᠤᠨ ᠵᠠᠮ ᠪᠠᠷ ᠭᠠᠯᠳᠠᠰᠣᠳᠠᠢ ᠷᠠᠰᠢᠶᠠᠨ ᠤ ᠦᠵᠡᠮᠵᠢ ᠶᠢᠨ ᠣᠷᠣᠨ ᠳᠤ ᠬᠦᠷᠴᠦ ᠭᠠᠯᠳᠠᠰᠣᠳᠠᠢ ᠠᠴᠠ ᠠᠰᠬᠠᠳᠣ ᠬᠦᠷᠬᠦ ᠵᠠᠮ ᠢᠶᠠᠷ ᠬᠤᠩᠭᠤ ᠶᠢᠨ ᠲᠠᠪᠠᠭ᠎ᠠ ᠶᠢᠨ ᠦᠵᠡᠮᠵᠢ ᠶᠢᠨ ᠣᠷᠣᠨ ᠎ ᠢᠶᠠᠷ ᠦᠩᠭᠡᠷᠡᠵᠣ ᠠᠰᠬᠠᠳᠣ ᠶᠢᠨ ᠡᠮᠣᠨ᠎ᠡ ᠡᠬᠦᠳᠡᠨ ᠳᠤ ᠬᠦᠷᠦᠨ᠎ᠡ᠂ 120 ᠺᠢᠯᠣᠮᠧᠲᠷ ᠤᠨ ᠵᠠᠮ ᠶᠠᠪᠣᠵᠣ᠂ ᠨᠣᠭᠤᠯᠤᠭ᠎ᠠ ᠣᠯᠠᠨ ᠪᠠᠶᠢᠳᠠᠭ᠃ ᠵᠠᠮ ᠲᠠᠭᠠᠣ ᠭᠠᠵᠠᠷ ᠰᠢᠨᠵᠢᠯᠡᠬᠡᠨ ᠤ ᠭᠤᠷᠪᠠᠨ ᠦᠵᠡᠮᠵᠢ ᠶᠢᠨ ᠣᠷᠣᠨ ᠢᠶᠠᠷ ᠲᠣᠭᠤᠷᠢᠨ ᠵᠣᠭᠠᠴᠠᠵᠣ᠂ ᠭᠤᠴᠣ ᠰᠠᠶᠢᠬᠠᠨ ᠦᠵᠡᠮᠵᠢ ᠶᠢ ᠰᠣᠨᠢᠷᠬᠠᠵᠣ ᠪᠣᠯᠣᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号