ᠲᠠᠯᠣᠨᠠᠭᠤᠷ ︵ᠲᠠᠯᠠᠶᠢᠨᠠᠭᠤᠷ︶ ᠤᠨ ᠭᠠᠯᠳᠣ ᠠᠭᠤᠯᠠᠨ ᠤ ᠰᠦᠷᠦᠭᠵᠢᠯ ᠤᠨ ᠲᠣᠭᠤᠷᠢᠭ ᠨᠢ ᠬᠡᠰᠢᠭᠳᠡᠨ | ᠬᠤᠰᠢᠭᠤᠨ ᠤ ᠪᠠᠷᠠᠭᠤᠨ ᠬᠡᠰᠡᠭ ᠲᠤ ᠪᠠᠶᠢᠷᠢᠰᠢᠵᠣ᠂ ᠪᠢᠷᠠᠭᠤ ᠪᠠᠯᠭᠠᠰᠣᠨ ᠠᠴᠠ 90 ᠺᠢᠯᠣᠮᠧᠲᠷ ᠵᠠᠶᠢᠳᠡᠢ᠂ | ᠲᠣᠭᠤᠷᠢᠭ ᠨᠢ ᠪᠠᠷᠠᠭᠤᠨ ᠬᠤᠶᠢᠭᠤᠷ ᠢᠶᠠᠨ ᠰᠢᠯᠢᠠᠭᠤᠣᠯ ᠤᠨ ᠲᠠᠯ᠎ᠠ ᠨᠣᠳᠤᠭ ᠤᠨ ᠬᠠᠮᠠᠭᠠᠯᠠᠯᠳᠠ ᠶᠢᠨ ᠣᠷᠣᠨ ᠲᠠᠢ | ᠵᠠᠯᠭᠠᠯᠳᠣᠵᠣ᠂ ᠡᠮᠦᠨ᠎ᠡ ᠬᠡᠰᠡᠭ ᠢᠶᠠᠷ ᠢᠶᠠᠨ ᠪᠠᠭ᠎ᠠ ᠲᠡᠭᠷᠢ ᠡᠯᠡᠰᠣ ᠶᠢᠨ ᠵᠡᠭᠦᠨ ᠬᠡᠰᠡᠭ ᠲᠠᠢ ᠵᠠᠬ᠎ᠠ ᠨᠡᠶᠢᠯᠡᠨ᠂ | ᠪᠠᠷᠠᠭᠤᠨᠰᠢ ᠰᠢᠯᠢᠠᠭᠤᠣᠯ ᠠᠶᠢᠮᠠᠭ ᠪᠠ ᠣᠯᠠᠭᠠᠨ ᠬᠠᠳᠠ ᠬᠤᠳᠠ ᠶᠢᠨ ᠭᠠᠵᠠᠷ ᠤᠨ ᠵᠠᠭᠠᠭ ᠢᠶᠠᠷ ᠵᠠᠭᠠᠭᠯᠠᠭᠳᠠᠨ᠂ | ᠪᠦᠬᠦ ᠲᠠᠯᠠᠪᠠᠢ ᠨᠢ 119413.55 ᠾᠧᠺᠲ᠋ᠡᠷ ᠪᠣᠯᠣᠨ᠎ᠠ᠃ 1996 ᠣᠨ ᠳᠤ ᠦᠪᠦᠷ ᠮᠣᠩᠭᠤᠯ ᠤᠨ | ᠠᠷᠠᠳ ᠤᠨ ᠵᠠᠰᠠᠭ ᠤᠨ ᠣᠷᠳᠣᠨ ᠠᠴᠠ ᠲᠠᠯᠣᠨᠠᠭᠤᠷ ︵ᠲᠠᠯᠠᠶᠢᠨᠠᠭᠤᠷ︶ ᠤᠨ ᠬᠠᠮᠠᠭᠠᠯᠠᠯᠳᠠ ᠶᠢᠨ ᠣᠷᠣᠨ ᠢ | ᠦᠪᠡᠷᠳᠡᠭᠡᠨ ᠵᠠᠰᠠᠬᠤ ᠣᠷᠣᠨ ᠤ ᠲᠠᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠣᠷᠣᠨ ᠪᠣᠯᠭᠠᠵᠣ᠂ 1997 ᠣᠨ ᠤ | 12 ᠰᠠᠷ᠎ᠠ ᠳᠤ ᠲᠦᠷᠦ ᠶᠢᠨ ᠶᠠᠪᠣᠳᠠᠯ ᠤᠨ ᠬᠤᠷᠢᠶᠠᠨ ᠠᠴᠠ ᠣᠯᠣᠰ ᠤᠨ ᠲᠡᠰ ᠤᠨ ᠪᠠᠶᠢᠭᠠᠯᠢ ᠶᠢᠨ | ᠬᠠᠮᠠᠭᠠᠯᠠᠯᠳᠠ ᠶᠢᠨ ᠣᠷᠣᠨ ᠪᠣᠯᠭᠠᠭᠰᠨ ᠪᠠᠶᠢᠨ᠎ᠠ᠃ ᠲᠠᠯᠣᠨᠠᠭᠤᠷ ᠤᠨ ᠪᠠᠶᠢᠭᠠᠯᠢ ᠶᠢᠨ ᠬᠠᠮᠠᠭᠠᠯᠠᠯᠳᠠ ᠶᠢᠨ ᠣᠷᠣᠨ ᠨᠢ | ᠨᠡᠭᠦᠳᠡᠯ ᠤᠨ ᠰᠢᠪᠠᠭᠤᠳ ᠣᠯᠠᠨ ᠬᠠᠪᠣᠷ ᠤᠨ ᠣᠯᠠᠷᠢᠯ ᠢ ᠲᠣᠬᠢᠶᠠᠯᠳᠣᠭᠤᠯᠣᠨ ᠰᠢᠪᠠᠭᠤ ᠶᠢ ᠬᠠᠮᠠᠭᠠᠯᠠᠬᠤ ᠠᠵᠢᠯ ᠢ | ᠰᠠᠶᠢᠳᠣᠷ ᠬᠢᠵᠣ ᠪᠠᠶᠢᠨ᠎ᠠ᠃ | ᠲᠠᠯᠣᠨᠠᠭᠤᠷ ︵ᠲᠠᠯᠠᠶᠢᠨᠠᠭᠤᠷ︶ ᠤᠨ ᠲᠣᠭᠤᠷᠢᠭ ᠪᠣᠯ ᠵᠡᠭᠦᠨ ᠬᠤᠶᠢᠳᠣ ᠶᠢᠨ ᠶᠢᠰᠦᠨ ᠶᠡᠭᠡ ᠭᠠᠯᠳᠣ | ᠠᠭᠤᠯᠠᠨ ᠤ ᠰᠦᠷᠦᠭᠵᠢᠯ ᠤᠨ ᠨᠢᠭᠡ ᠮᠦᠨ᠂ ᠲᠠᠯᠣᠨᠠᠭᠤᠷ ︵ᠲᠠᠯᠠᠶᠢᠨᠠᠭᠤᠷ︶ ᠤᠨ ᠣᠷᠴᠢᠨ ᠲᠣᠭᠤᠷᠢᠨ ᠳᠤ ᠦᠷᠭᠡᠨ | ᠬᠡᠪᠴᠢᠶ᠎ᠡ ᠪᠠᠷ ᠲᠠᠷᠬᠠᠭᠰᠠᠨ ᠬᠠᠶᠢᠯᠣᠮᠠᠯ ᠴᠢᠯᠠᠭᠤᠯᠢᠭ ᠤᠨ ᠲᠠᠶᠢᠰᠠ ᠪᠠᠶᠢᠵᠣ᠂ ᠨᠡᠯᠢᠶᠡᠳ ᠦᠨᠳᠦᠷ ᠭᠠᠯᠳᠣ | ᠠᠭᠤᠯᠠᠨ ᠤ ᠠᠮᠠᠰᠠᠷ᠂ ᠭᠠᠯᠳᠣ ᠠᠭᠤᠯᠠᠨ ᠤᠨ ᠱᠣᠷᠣᠯᠵᠢᠨ᠂ ᠬᠠᠶᠢᠯᠣᠮᠠᠯ ᠴᠢᠯᠠᠭᠤᠯᠢᠭ ᠤᠨ ᠰᠡᠭᠡᠷ ᠪᠡ ᠪᠠᠭ᠎ᠠ | ᠬᠡᠪᠴᠢᠶᠡᠨ ᠤ ᠭᠠᠯᠳᠣ ᠠᠭᠤᠯᠠᠨ ᠤ ᠭᠠᠵᠠᠷ ᠤᠨ ᠭᠠᠳᠠᠷᠭᠤ ᠵᠢᠴᠢ ᠭᠠᠯᠳᠣ ᠠᠭᠤᠯᠠᠨ ᠤ ᠰᠢᠭᠠᠷᠤᠭ᠂ ᠭᠠᠯᠳᠣ | ᠠᠭᠤᠯᠠᠨ ᠤ ᠪᠦᠮᠪᠦᠭᠡ ᠵᠡᠷᠭᠡ ᠭᠠᠯᠳᠣ ᠠᠭᠤᠯᠠᠨ ᠤ ᠰᠦᠷᠴᠢᠮᠡᠯ ᠪᠣᠳᠠᠰ ᠪᠠᠶᠢᠳᠠᠭ᠃ ᠣᠳᠣᠨ ᠮᠡᠴᠢᠳ ᠮᠡᠳᠣ | ᠲᠦᠭᠡᠭᠰᠡᠨ ᠭᠠᠯᠳᠣ ᠠᠭᠤᠯᠠᠨ ᠤ ᠦᠯᠡᠳᠡᠭᠳᠡᠯ᠂ ᠴᠡᠯ ᠨᠣᠭᠤᠭᠠᠨ ᠭᠦᠩᠭᠡᠷ ᠤᠨ ᠲᠠᠯ᠎ᠠ ᠪᠡ ᠲᠠᠯ᠎ᠠ ᠨᠣᠳᠤᠭ ᠤᠨ | ᠭᠡᠷᠡᠯᠳᠣ ᠰᠣᠪᠣᠳ ᠪᠣᠯᠣᠭᠰᠠᠨ ᠲᠠᠯᠣᠨᠠᠭᠤᠷ ︵ᠲᠠᠯᠠᠶᠢᠨᠠᠭᠤᠷ︶ ᠨᠢ ᠨᠢᠭᠡᠨ ᠴᠣᠭᠴᠠ ᠪᠣᠯᠣᠨ ᠪᠠᠶᠢᠭᠠᠯᠢ ᠶᠢᠨ | ᠦᠵᠡᠮᠵᠢ ᠶᠢᠨ ᠭᠤᠶᠢᠳᠠ ᠰᠦᠷᠯᠢᠭ ᠶᠢ ᠭᠠᠶᠢᠬᠠᠭᠤᠯᠵᠠᠢ᠃ | |