ᠭᠠᠵᠠᠷ ᠵᠦᠢ ᠶᠢᠨ ᠣᠨᠴᠠᠭᠠᠢ ᠪᠠᠶᠢᠷᠢᠯᠠᠯ᠂ ᠭᠤᠴᠣ ᠰᠠᠶᠢᠬᠠᠨ ᠪᠠᠶᠢᠭᠠᠯᠢ ᠶᠢᠨ ᠦᠵᠡᠮᠵᠢ᠂ ᠬᠦᠮᠦᠨ | ᠰᠣᠶᠣᠯ ᠤᠨ ᠦᠵᠡᠮᠦᠷᠢ ᠵᠢᠴᠢ ᠲᠠᠯ᠎ᠠ ᠨᠣᠳᠤᠭ ᠤᠨ ᠮᠣᠩᠭᠤᠯ ᠰᠣᠶᠣᠯ ᠢᠶᠠᠷ ᠴᠣᠭᠴᠠᠵᠢᠭᠤᠯᠣᠭᠰᠠᠨ ᠬᠡᠰᠢᠭᠳᠡᠨ | ᠵᠢᠭᠤᠯᠴᠢᠯᠠᠯ ᠨᠢ ᠣᠯᠣᠰ ᠤᠨ ᠲᠣᠳᠣᠭᠠᠳᠣ ᠭᠠᠳᠠᠭᠠᠳᠣ ᠶᠢᠨ ᠵᠢᠭᠤᠯᠴᠢᠯᠠᠭᠰᠠᠳ ᠤᠨ ᠠᠩᠬᠠᠷᠣᠯ ᠢ ᠲᠠᠳᠠᠵᠣ | ᠪᠠᠶᠢᠨ᠎ᠠ᠃ ︽ᠦᠪᠦᠷ ᠮᠣᠩᠭᠤᠯ ᠤᠨ ᠴᠣᠮᠬᠠᠳᠬᠠᠯ ᠲᠦᠷᠢ︾ ᠬᠡᠮᠡᠨ ᠠᠯᠳᠠᠷᠰᠢᠭᠰᠠᠨ ᠬᠡᠰᠢᠭᠳᠡᠨ ᠬᠤᠰᠢᠭᠤᠨ ᠤ | 20673 ᠬᠠᠪᠳᠠᠭᠠᠢ ᠲᠦᠷᠪᠡᠯᠵᠢᠨ ᠺᠢᠯᠣᠮᠧᠲᠷ ᠨᠣᠳᠤᠭ ᠲᠡᠪᠢᠰᠬᠡᠷ ᠲᠡᠭᠡᠷ᠎ᠡ ᠵᠢᠭᠤᠯᠴᠢᠯᠠᠯ ᠤᠨ ᠡᠬᠢ ᠪᠠᠶᠠᠯᠢᠭ | ᠡᠯᠪᠡᠭ ᠲᠡᠯᠪᠡᠭ ᠪᠠᠶᠢᠵᠣ᠂ ᠲᠦᠷᠦᠯ ᠵᠦᠢᠯ ᠪᠦᠷᠢᠨ᠂ ᠬᠢᠷᠢ ᠲᠦᠪᠰᠢᠨ ᠦᠨᠳᠦᠷ᠂ ᠬᠠᠮᠳᠣᠷᠠᠯ ᠴᠢᠨᠠᠷ ᠢᠶᠠᠷ | ᠴᠢᠩᠭ᠎ᠠ ᠪᠠᠶᠢᠳᠠᠭ᠃ ︽ᠲᠣᠮᠳᠠᠳᠣ ᠣᠯᠣᠰ ᠤᠨ ᠬᠤᠨᠳᠣ ᠨᠠᠭᠤᠷ︾ ᠬᠡᠮᠡᠨ ᠠᠯᠳᠠᠷᠰᠢᠭᠰᠠᠨ ᠲᠠᠯᠠᠶᠢᠨᠠᠭᠤᠷ ᠲᠠᠯ᠎ᠠ | ᠨᠣᠳᠤᠭ ᠤᠨ ᠮᠡᠯᠮᠡᠢ ᠪᠣᠯᠣᠨ ᠲᠣᠨᠣᠷᠠᠵᠣ᠂ ︽ᠠᠮᠢᠳᠣ ᠪᠣᠳᠠᠰ ᠤᠨ ᠭᠧᠨ ᠤ ᠬᠦᠮᠦᠷᠭᠡ︾ ᠬᠡᠮᠡᠭᠳᠡᠭᠰᠡᠨ ᠬᠤᠯᠠᠨ | ᠰᠢᠷᠭ᠎ᠠ ᠲᠠᠭ᠎ᠠ ᠶᠢᠨ ᠡᠯᠡᠰᠦᠨ ᠳᠤ ︽ᠠᠮᠢᠳᠣ ᠴᠢᠯᠠᠭᠤᠵᠢᠮᠠᠯ︾ — ᠡᠯᠡᠰᠣᠨ ᠭᠠᠴᠣᠷ᠎ᠠ ᠵᠢᠭᠳᠡᠷᠡᠵᠣ᠂ ︽ | ᠬᠠᠴᠢᠨ ᠭᠠᠶᠢᠬᠠᠮᠰᠢᠭᠳᠣ ᠪᠠᠶᠢᠭᠠᠯᠢ ᠶᠢᠨ ᠦᠵᠡᠮᠵᠢ︾ — ᠠᠪᠳᠠᠷᠳᠣ ᠶᠢᠨ ᠴᠢᠯᠠᠭᠤᠨ ᠣᠭᠤᠷ ᠤᠨ ᠰᠦᠷᠦᠭᠵᠢᠯ | ᠬᠦᠮᠦᠰ ᠤᠨ ᠰᠣᠨᠢᠷᠬᠠᠯ ᠢ ᠲᠠᠳᠠᠵᠣ᠂ ︽ᠮᠦᠰᠦᠳᠦᠯᠭᠡ ᠶᠢᠨ ᠬᠤᠳᠣᠭᠤᠷ ᠤᠨ ᠸᠠᠩᠳᠣ ᠣᠯᠣᠰ︾ — | ᠪᠠᠶᠢᠴᠠ ᠠᠭᠤᠯᠠ ᠨᠢ ᠲᠣᠮᠳᠠᠳᠣ ᠣᠯᠣᠰ ᠤᠨ ᠬᠡᠪᠴᠢᠶ᠎ᠡ ᠪᠠᠷ ᠬᠠᠮᠤᠭ ᠶᠡᠭᠡ᠂ ᠪᠣᠶᠢᠵᠢᠯᠳᠠ ᠪᠠᠷ ᠬᠠᠮᠤᠭ ᠪᠦᠷᠢᠨ | ᠲᠦᠷᠪᠡᠳᠡᠭᠴᠢ ᠭᠠᠯᠪᠠ ᠶᠢᠨ ᠮᠦᠰᠦᠳᠦᠯᠭᠡ ᠶᠢᠨ ᠭᠠᠳᠠᠷᠭᠤ ᠶᠢ ᠲᠡᠯᠭᠡᠨ ᠦᠵᠡᠭᠦᠯᠵᠣ᠂ ᠠᠰᠬᠠᠳᠣ ᠶᠢᠨ | ᠴᠢᠯᠠᠭᠤᠨ ᠰᠢᠭᠤᠢ ᠨᠢ ᠲᠡᠯᠡᠬᠡᠢ ᠳᠤ ᠣᠨᠴᠠᠯᠠᠭᠳᠠᠭᠰᠠᠨ ᠪᠣᠷᠵᠢᠨ ᠴᠢᠯᠠᠭᠤᠯᠢᠭ ᠤᠨ ᠰᠢᠭᠤᠢ ᠪᠠᠶᠢᠵᠣ᠂ ︽ᠴᠢᠯᠠᠭᠤ | ᠪᠠᠷ ᠰᠡᠶᠢᠯᠦᠭᠰᠡᠨ ᠲᠡᠣᠬᠡ ᠶᠢᠨ ᠨᠣᠮ︾ ᠪᠣᠯᠣᠨ ᠣᠩᠰᠢᠭᠳᠠᠵᠣ᠂ ᠲᠣᠷᠣᠨᠠᠳᠠᠬᠢᠨ ᠤ ᠭᠠᠶᠢᠬᠠᠮᠰᠢᠭᠳᠣ ᠪᠣᠯᠠᠭ | — ᠭᠠᠯᠳᠠᠰᠣᠳᠠᠢ ᠬᠠᠯᠠᠭᠤᠨ ᠷᠠᠰᠢᠶᠠᠨ ᠨᠢ ᠷᠠᠰᠢᠶᠠᠨ ᠰᠣᠪᠢᠯᠠᠯᠳᠠ ᠪᠠ ᠵᠣᠰᠠᠨ ᠵᠣᠭᠠᠴᠠᠬᠤ ᠬᠠᠮᠤᠭ | ᠲᠠᠭᠠᠯᠠᠮᠵᠢᠳᠠᠢ ᠣᠷᠣᠨ ᠪᠣᠯᠵᠣ᠂ ︽ᠣᠰᠣᠨ ᠤ ᠡᠬᠢ᠂ ᠡᠭᠦᠯᠡᠨ ᠤ ᠵᠢᠷᠤᠭ᠂ ᠴᠡᠴᠡᠭᠳᠣ ᠶᠢᠷᠳᠢᠨᠴᠦ᠂ ᠬᠦᠪᠴᠢᠳᠣ | ᠲᠡᠯᠡᠬᠡᠢ︾ ᠬᠡᠮᠡᠨ ᠭᠠᠶᠢᠬᠠᠭᠳᠠᠭᠰᠠᠨ ᠣᠯᠠᠭᠠᠨᠪᠣᠳᠣᠩ ᠶᠢᠨ ᠦᠵᠡᠮᠵᠢ ᠶᠢᠨ ᠣᠷᠣᠨ ᠨᠢ ᠨᠡᠶᠢᠰᠯᠡᠯ ᠪᠡᠭᠡᠵᠢᠩ ᠠᠴᠠ | ᠬᠠᠮᠤᠭ ᠣᠶᠢᠷᠠᠬᠠᠨ᠂ ᠬᠠᠮᠤᠭ ᠤᠨ ᠰᠠᠶᠢᠬᠠᠨ ᠲᠠᠯ᠎ᠠ ᠨᠣᠳᠤᠭ ᠪᠣᠯᠵᠠᠢ᠃ | 2005 ᠣᠨ ᠳᠤ᠂ ᠪᠦᠬᠦ ᠣᠯᠣᠰ ᠤᠨ ᠵᠣᠭᠠᠴᠠᠯ ᠤᠨ ᠵᠦᠪᠳᠡᠯᠴᠡᠭᠡᠷ ᠤᠨ ᠬᠤᠷᠠᠯ ᠪᠠ ᠲᠡᠯᠡᠬᠡᠢ ᠶᠢᠨ | ᠲᠣᠮᠳᠠᠳᠣ ᠶᠢᠨ ᠬᠠᠷᠢᠶᠠᠳᠣ ᠶᠢᠨ ᠵᠣᠭᠠᠴᠠᠯ ᠤᠨ ᠬᠠᠮᠵᠢᠯᠴᠠᠭᠠᠨ ᠤ ᠵᠣᠬᠢᠶᠠᠨ ᠪᠠᠶᠢᠭᠤᠯᠣᠯᠳᠠ ᠠᠴᠠ ᠬᠡᠰᠢᠭᠳᠡᠨ | ᠬᠤᠰᠢᠭᠤ ᠶᠢ ︽ᠲᠣᠮᠳᠠᠳᠣ ᠣᠯᠣᠰ ᠤᠨ ᠰᠢᠯᠢᠳᠡᠭ ᠵᠣᠭᠠᠴᠠᠯ ᠤᠨ ᠵᠣᠷᠢᠯᠳᠠ ᠶᠢᠨ ᠣᠷᠣᠨ︾ ᠪᠠᠷ ᠴᠣᠯᠠᠯᠠᠭᠰᠠᠨ | ᠪᠠᠶᠢᠨ᠎ᠠ᠃ ᠮᠦᠨ ᠵᠢᠯ ᠤᠨ ᠬᠤᠶᠠᠳᠣᠭᠠᠷ ᠰᠠᠷ᠎ᠠ ᠳᠤ᠂ ᠲᠡᠯᠡᠬᠡᠢ ᠶᠢᠨ ᠭᠠᠵᠡᠷ ᠰᠢᠨᠵᠢᠯᠡᠭᠡᠨ ᠤ ᠴᠡᠴᠡᠷᠯᠢᠭ ᠤᠨ | ᠡᠷᠡᠮᠡᠯᠵᠡᠯ ᠲᠡᠪᠰᠢᠭᠦᠯᠬᠦ ᠠᠵᠢᠯ ᠴᠣ᠋ ᠣᠷᠣᠭᠰᠢᠳᠠᠢ ᠪᠡᠶᠠᠯᠡᠭᠳᠡᠵᠣ᠂ 2007 ᠣᠨ ᠤ 8 ᠰᠠᠷ᠎ᠠ ᠶᠢᠨ 21 ᠤ | ᠡᠳᠦᠷ ᠬᠡᠰᠢᠭᠳᠡᠨ ᠲᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠬᠦᠰᠢᠭᠡ ᠰᠡᠬᠦᠭᠳᠡᠵᠣ᠂ ᠵᠠᠰᠠᠭ | ᠵᠠᠬᠢᠷᠭᠠᠨ ᠤ ᠨᠡᠷᠡᠶᠢᠳᠦᠯ ᠪᠠᠷ ᠨᠡᠷᠡᠶᠢᠳᠦᠭᠳᠡᠭᠰᠡᠨ ᠠᠩᠬᠠᠳᠠᠭᠴᠢ ᠲᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ | ᠪᠣᠯᠣᠭᠰᠠᠨ ᠪᠠᠶᠢᠨ᠎ᠠ᠃ ᠮᠦᠨ ᠵᠢᠯ ᠳᠤ᠂ ᠪᠦᠬᠦ ᠣᠯᠣᠰ ᠲᠤ ᠭᠤᠷᠪᠠᠭ᠋ᠠᠨ ᠪᠠᠶᠢᠳᠠᠭ ︽ᠣᠯᠣᠰ ᠤᠨ ᠠᠮᠢ ᠠᠬᠤᠢ | ᠶᠢᠨ ᠵᠢᠭᠤᠯᠴᠢᠯᠠᠯ ᠤᠨ ᠦᠢᠯᠡᠴᠢᠯᠡᠭᠡᠨ ᠢ ᠪᠠᠷᠢᠮᠵᠢᠶᠠᠵᠢᠭᠤᠯᠣᠭᠰᠠᠨ ᠵᠢᠱᠢᠶ᠎ᠠ ᠦᠵᠡᠭᠦᠯᠬᠦ ᠣᠷᠣᠨ︾ ᠤ ᠨᠢᠭᠡ ᠢᠶᠠᠷ | ᠴᠣᠯᠠᠯᠠᠭᠳᠠᠵᠣ᠂ 2008 ᠣᠨ ᠳᠤ ︽ᠣᠯᠣᠰ ᠤᠨ ᠭᠤᠣᠯᠳᠠᠯᠭᠠᠳᠣ ᠦᠵᠡᠮᠵᠢ ᠶᠢᠨ ᠨᠡᠷᠡᠳᠣ ᠣᠷᠣᠨ︾ ᠢᠶᠠᠷ | ᠦᠨᠡᠯᠡᠭᠳᠡᠨ᠂ 2009 ᠣᠨ ᠳᠤ ︽ᠲᠣᠮᠳᠠᠳᠣ ᠣᠯᠣᠰ ᠤᠨ ᠵᠢᠭᠤᠯᠴᠢᠯᠠᠯ ᠤᠨ ᠭᠦᠴᠦᠷᠬᠡᠭ ᠰᠢᠶᠠᠨ︾ ᠢᠶᠠᠷ | ᠦᠨᠡᠯᠡᠭᠳᠡᠭᠰᠡᠨ ᠪᠦᠭᠡᠳ ︽ᠪᠦᠬᠦ ᠣᠯᠣᠰ ᠤᠨ ᠭᠡᠷᠡᠯ ᠵᠢᠷᠤᠭ ᠰᠡᠭᠦᠳᠡᠷᠯᠡᠬᠦ ᠰᠠᠭᠤᠷᠢᠨ ᠭᠠᠵᠠᠷ︾ ᠪᠣᠯᠣᠭᠰᠠᠨ | ᠪᠠᠶᠢᠨ᠎ᠠ᠃ | |