ᠮᠦᠰᠦᠳᠦᠯᠭᠡ ᠶᠢᠨ ᠵᠢᠯᠠᠭ᠎ᠠ᠂ ᠣᠢ ᠶᠢᠨ ᠳᠠᠯᠠᠢ — ᠬᠤᠩᠭᠤ ᠶᠢᠨ ᠲᠠᠪᠠᠭ᠎ᠠ
ᠨᠡᠶᠢᠲᠡᠯᠡᠭᠰᠡᠨ ᠴᠠᠭ᠄
2016/4/19
      ᠬᠡᠰᠢᠭᠳᠡᠨ ᠲᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠲᠣᠭᠤᠷᠢᠭ ᠤᠨ ᠨᠢᠭᠡ ᠪᠣᠯᠣᠭᠰᠠᠨ ᠬᠤᠩᠭᠤ ᠶᠢᠨ ᠲᠠᠪᠠᠭ᠎ᠠ ᠶᠢᠨ ᠲᠦᠷᠪᠡᠳᠡᠭᠴᠢ ᠮᠦᠰᠦᠳᠦᠯᠬᠡ ᠶᠢᠨ ᠦᠯᠡᠳᠡᠭᠳᠡᠯ ᠤᠨ ᠲᠣᠭᠤᠷᠢᠭ ᠨᠢ ᠦᠪᠦᠷ ᠮᠣᠩᠭᠤᠯ ᠤᠨ ᠬᠡᠰᠢᠭᠳᠡᠨ ᠬᠤᠰᠢᠭᠤᠨ ᠤ ᠵᠡᠭᠦᠨ ᠬᠡᠰᠡᠭ ᠲᠤ ᠪᠠᠶᠢᠷᠢᠰᠢᠵᠣ᠂ ᠭᠠᠵᠠᠷ ᠵᠦᠢ ᠶᠢᠨ ᠪᠠᠶᠢᠷᠢᠯᠠᠯ ᠨᠢ ᠵᠡᠭᠦᠨ ᠣᠷᠳᠣᠷᠢᠭ ᠤᠨ 117。30、᠂ ᠣᠮᠠᠷᠠᠳᠣ ᠦᠷᠭᠡᠷᠢᠭ ᠤᠨ 43。18、 ᠪᠠᠶᠢᠵᠣ᠂ ᠶᠡᠷᠦᠩᠬᠡᠢ ᠲᠠᠯᠠᠪᠠᠢ ᠨᠢ 109333.33 ᠾᠺᠲ᠋ᠡᠷ ᠪᠣᠯᠣᠨ᠎ᠠ᠃       ᠬᠤᠩᠭᠤ ᠶᠢᠨ ᠲᠠᠪᠠᠭ᠎ᠠ ᠪᠣᠯ ᠶᠡᠭᠡ ᠬᠢᠩᠭᠠᠨ ᠲᠠᠪᠠᠭᠠᠨ ᠤ ᠦᠷᠭᠦᠯᠵᠢᠯᠡᠯ ᠨᠢᠷᠣᠭᠤ ᠪᠣᠯᠬᠤ ᠮᠦᠷᠳᠡᠭᠡᠨ ᠶᠡᠭᠡ ᠬᠢᠩᠭᠠᠨ ᠲᠠᠪᠠᠭᠠᠨ ᠤ ᠬᠠᠮᠤᠭ ᠦᠨᠳᠦᠷ ᠣᠷᠭᠢᠯ — ᠬᠤᠩᠭᠤ ᠣᠷᠭᠢᠯ ᠠᠳᠡ ᠪᠠᠶᠢᠵᠣ᠂ ᠲᠠᠯᠠᠢ ᠶᠢᠨ ᠲᠦᠪᠰᠢᠨ ᠠᠴᠠ 2029 ᠮᠧᠲᠷ ᠡᠷᠭᠦᠭᠳᠡᠵᠡᠢ᠃ ᠬᠤᠩᠭᠤ ᠶᠢᠨ ᠲᠠᠪᠠᠭᠠᠨ ᠳᠤ ᠪᠠᠯᠠᠷ ᠣᠢ ᠪᠠᠭᠰᠢᠷᠠᠵᠣ᠂ ᠣᠷᠭᠤᠮᠠᠯ ᠤᠨ ᠲᠦᠷᠦᠯ ᠨᠢ ᠣᠯᠠᠨ ᠪᠦᠳᠦᠴᠡ ᠨᠢ ᠪᠣᠳᠣᠯᠢᠶᠠᠨᠳᠠᠢ᠂ ᠭᠠᠵᠠᠷ ᠭᠠᠳᠠᠷᠭᠤ ᠨᠢ ᠦᠪᠡᠷᠮᠢᠴᠡ ᠪᠠᠶᠢᠵᠣ᠂ ᠠᠮᠢᠳᠠᠨ ᠣᠷᠭᠤᠮᠠᠯ ᠤᠨ ᠡᠬᠢ ᠪᠠᠶᠠᠯᠢᠭ ᠡᠯᠪᠡᠭ ᠪᠠᠶᠢᠳᠠᠭ᠃ ᠠᠰᠬᠠᠳᠣ ᠶᠢᠨ ᠴᠢᠯᠠᠭᠤᠨ ᠰᠢᠭᠤᠢ ᠲᠠᠢ ᠵᠠᠯᠭᠠᠯᠳᠣᠭᠰᠠᠨ ᠬᠤᠩᠭᠤ ᠶᠢᠨ ᠲᠣᠭᠤᠷᠢᠭ ᠳᠤ ᠠᠷᠪᠠᠨ ᠲᠦᠮᠡᠨ ᠮᠣ᠋ ᠲᠠᠯᠠᠪᠠᠢ ᠲᠠᠢ ᠪᠠᠯᠡᠷ ᠡᠷᠳᠡᠨ ᠤ ᠨᠠᠷᠠᠰᠣᠨ ᠰᠢᠭᠤᠢ ᠪᠠ ᠴᠠᠭᠠᠨ ᠬᠤᠰᠣ ᠦᠷᠭᠦᠯᠵᠢᠯᠡᠵᠣ᠂ ᠠᠭᠤᠯᠠᠨ ᠪᠡᠯ ᠤᠨ ᠨᠠᠮᠬᠠᠨ ᠴᠢᠬᠢᠭᠯᠢᠭ ᠭᠠᠵᠠᠷ ᠢᠶᠠᠷ ᠬᠠᠶᠢᠯᠠᠷ ᠨᠠᠷᠠᠰᠣ ᠵᠢᠭᠳᠡᠷᠡᠨ᠂ ᠠᠭᠤᠯᠠᠨ ᠰᠣᠵᠠᠭ ᠲᠠᠭᠠᠨ ᠣᠷᠣᠰᠬᠠᠯ ᠲᠣᠩᠭᠠᠯᠠᠭ ᠭᠤᠣᠯ ᠭᠤᠷᠤᠬ᠎ᠠ ᠭᠤᠷᠴᠢᠬᠢᠨᠠᠨ ᠣᠷᠣᠰᠴᠣ᠂ ᠪᠢᠳᠡᠭᠦᠣ ᠣᠢ ᠎ ᠳᠤ ᠬᠤᠴᠢᠭᠳᠠᠭᠰᠠᠨ ᠬᠠᠴᠢᠨ ᠣᠷᠭᠢᠯ ᠤᠨ ᠣᠷᠣᠢ ᠪᠠᠷ ᠴᠠᠭᠠᠨ ᠡᠭᠦᠯᠡ ᠣᠷᠢᠶᠠᠯᠳᠣᠨ᠂ ᠣᠢ ᠶᠢᠨ ᠭᠦᠨ ᠳᠤ ᠬᠠᠶᠠ ᠬᠠᠶᠠ ᠵᠢᠷᠬᠢᠬᠦ ᠰᠢᠪᠠᠭᠤᠳ ᠤᠨ ᠡᠭᠡᠰᠢᠭ᠂ ᠣᠷᠢᠬᠠᠨ ᠰᠠᠯᠬᠢᠨ ᠤ ᠢᠯᠪᠢᠯᠳᠡ ᠪᠠᠷ ᠣᠯᠠᠮ ᠢᠷᠠᠭᠤᠰᠬᠠᠵᠣ᠂ ᠬᠦᠨᠳᠡᠭᠳᠡᠭᠡ ᠦᠭᠡᠢ ᠲᠠᠷᠬᠠᠨ ᠪᠠᠶᠢᠭᠠᠯᠢ ᠶᠢᠨ ᠣᠩᠭᠤᠨ ᠲᠦᠷᠬᠦ ᠶᠢ ᠭᠠᠶᠢᠬᠠᠭᠤᠯᠣᠨ᠎ᠠ᠃       1996 ᠣᠨ ᠳᠤ ᠣᠯᠣᠰ ᠤᠨ ᠣᠢ ᠰᠢᠭᠤᠢ ᠶᠢᠨ ᠲᠣᠪᠴᠢᠶ᠎ᠠ ᠠᠴᠠ ᠣᠯᠣᠰ ᠤᠨ ᠣᠢ ᠰᠢᠭᠤᠢ ᠶᠢᠨ ᠴᠡᠴᠡᠷᠯᠢᠭ ᠢᠶᠠᠷ ᠴᠣᠯᠯᠯᠠᠵᠣ᠂ ᠠᠮᠢ ᠠᠬᠤᠢ ᠶᠢᠨ ᠬᠠᠮᠠᠭᠠᠯᠠᠯᠳᠠ ᠶᠢᠨ ᠠᠵᠢᠯ ᠢ ᠣᠯᠠᠮ ᠨᠢᠭᠡ ᠠᠯᠬᠤᠮ ᠴᠢᠩᠭᠠᠳᠬᠠᠭᠰᠠᠨ ᠪᠠᠶᠢᠨ᠎ᠠ᠃ ᠬᠤᠩᠭᠤ ᠶᠢᠨ ᠲᠣᠭᠤᠷᠢᠭ ᠲᠤ ᠨᠡᠶᠢᠳᠡ 27 ᠣᠷᠭᠢᠯ ᠪᠠᠶᠢᠵᠣ᠂ ᠵᠡᠭᠦᠨᠰᠢ ᠪᠠᠷᠠᠭᠤᠨᠰᠢ ᠡᠩᠨᠡᠷᠡᠨ᠂ ᠱᠣᠪᠬᠤ ᠣᠷᠭᠢᠯ ᠰᠡᠬᠦᠶᠢᠯᠴᠡᠨ ᠲᠣᠶᠢᠯ ᠤᠨ ᠰᠦᠷᠯᠢᠭ ᠪᠠᠶᠢᠳᠠᠭ᠃ ᠬᠤᠩᠭᠤ ᠶᠢᠨ ᠣᠷᠭᠢᠯ ᠤᠨ ᠬᠤᠶᠠᠷ ᠬᠠᠵᠠᠭᠤ ᠪᠠᠷ ᠲᠦᠷᠪᠡᠳᠡᠭᠴᠢ ᠭᠠᠯᠪᠠ ᠶᠢᠨ ᠮᠦᠰᠦᠳᠦᠯᠭᠡ ᠶᠢᠨ ᠣᠯᠠ ᠮᠦᠷ ᠲᠣᠳᠣᠬᠠᠨ ᠪᠠᠶᠢᠵᠣ᠂ ᠮᠦᠰᠦᠳᠦᠯᠭᠡ ᠶᠢᠨ ᠬᠤᠳᠣᠭᠤᠷ᠂ U ᠬᠡᠯᠪᠡᠷᠢᠳᠣ ᠬᠠᠪᠴᠢᠯ᠂ ᠮᠦᠰᠦᠳᠦᠯᠭᠡ ᠶᠢᠨ ᠬᠤᠷᠠᠮᠳᠠᠰᠣᠨ ᠤ ᠱᠣᠪᠬᠤ ᠣᠷᠭᠢᠯ᠂ ᠲᠡᠭᠳᠡᠮᠡᠯ ᠬᠠᠶᠢᠷ ᠵᠡᠷᠭᠡ ᠨᠢ ᠭᠠᠵᠠᠷ ᠰᠢᠨᠵᠢᠯᠡᠭᠡᠨ ᠤ ᠡᠳᠡᠭᠡᠳ ᠶᠢᠨ ᠠᠩᠬᠠᠷᠣᠯ ᠢ ᠶᠡᠬᠡᠬᠡᠨ ᠲᠠᠳᠠᠵᠠᠢ᠃ ᠬᠤᠩᠭᠤ ᠶᠢᠨ ᠲᠠᠪᠠᠭ᠎ᠠ ᠶᠢᠨ ᠪᠦᠬᠦᠶᠢᠯᠡ ᠠᠭᠤᠯᠠᠨ ᠣᠷᠣᠢ᠂ ᠠᠭᠤᠯᠠᠨ ᠬᠠᠪᠴᠢᠯ ᠨᠢ ᠣᠢ ᠰᠢᠭᠤᠢ ᠳᠤ ᠪᠦᠷᠬᠦᠭᠳᠡᠵᠣ ᠬᠤᠩᠭᠤ ᠶᠢᠨ ᠲᠠᠪᠠᠭᠠᠨ ᠤ ᠮᠦᠰᠦᠳᠦᠯᠭᠡ ᠶᠢᠨ ᠬᠤᠳᠣᠭᠤᠷ ᠤᠨ ᠰᠢᠭᠤᠶᠢᠳᠣ ᠣᠷᠣᠨ ᠬᠡᠮᠡᠨ ᠠᠯᠳᠠᠷᠰᠢᠭᠰᠠᠨ ᠶᠣᠮ᠃ ᠡᠨᠡᠬᠦ ᠬᠡᠰᠡᠭ ᠭᠠᠵᠠᠷ ᠨᠢ ᠮᠣᠩᠭᠤᠯ ᠤᠨ ᠣᠷᠭᠤᠮᠠᠯ ᠤᠨ ᠪᠦᠰᠡ᠂ ᠣᠮᠠᠷᠠᠳᠣ ᠶᠢᠨ ᠣᠷᠭᠤᠮᠠᠯ ᠤᠨ ᠪᠦᠰᠡ ᠵᠢᠴᠢ ᠵᠡᠭᠦᠨ ᠬᠤᠶᠢᠳᠣ ᠶᠢᠨ ᠣᠷᠭᠤᠮᠠᠯ ᠶᠢᠨ ᠪᠦᠰᠡ ᠶᠢᠨ ᠠᠭᠤᠯᠵᠠᠷ ᠣᠷᠣᠨ ᠪᠣᠯᠬᠤᠷ᠂ ᠣᠷᠭᠤᠮᠠᠯ ᠠᠮᠢᠳᠠᠨ ᠤ ᠲᠦᠯᠦᠭᠡᠯᠡᠬᠦ ᠴᠢᠨᠠᠷ ᠪᠡ ᠨᠡᠶᠢᠳᠡᠯᠢᠭ ᠴᠢᠨᠡᠷ ᠢᠶᠠᠷ ᠲᠣᠪᠣᠶᠢᠮ᠎ᠠ ᠪᠠᠶᠢᠳᠠᠭ᠃ 40 ᠭᠠᠷᠣᠢ ᠲᠦᠷᠦᠯ ᠤᠨ ᠬᠤᠪᠣᠷᠬᠠᠨ ᠲᠣᠬᠢᠶᠠᠯᠳᠣᠳᠠᠭ ᠴᠡᠴᠡᠭ ᠬᠤᠸᠠᠷ᠂ 50 ᠭᠠᠷᠣᠢ ᠲᠦᠷᠦᠯ ᠤᠨ ᠡᠪᠡᠰᠦᠨ ᠡᠮ ᠤᠨ ᠦᠨᠡᠳᠣ ᠮᠠᠲ᠋ᠧᠷᠢᠶᠠᠯ᠂ 20 ᠭᠠᠷᠣᠢ ᠲᠦᠷᠦᠯ ᠤᠨ ᠬᠡᠬᠡᠷ᠎ᠡ ᠶᠢᠨ ᠨᠣᠭᠤᠭ᠎ᠠ ᠪᠠᠶᠢᠵᠣ᠂ ᠣᠶᠢᠮ᠎ᠠ ᠨᠣᠭᠤᠭ᠎ᠠ᠂ ᠰᠢᠷ᠎ᠠ ᠴᠡᠴᠡᠭ᠂ ᠮᠦᠭᠦ ᠨᠢ ︽ᠭᠤᠷᠪᠠᠨ ᠡᠷᠳᠡᠨᠢ︾ ᠬᠡᠮᠡᠨ ᠠᠯᠳᠠᠷᠰᠢᠭᠰᠠᠨ ᠶᠣᠮ᠃ ᠠᠭᠤᠯᠠᠨ ᠭᠦᠨ ᠳᠤ ᠠᠷᠠᠭᠠᠳᠣ᠂ ᠪᠣᠷᠣ ᠭᠦᠷᠦᠭᠡᠰᠦ᠂ ᠰᠢᠯᠦᠭᠦᠰᠦ᠂ ᠦᠨᠡᠭᠡ᠂ ᠬᠡᠬᠡᠷ᠎ᠡ ᠶᠢᠨ ᠭᠠᠭ᠋ᠠᠢ ᠵᠡᠷᠭᠡ ᠵᠡᠷᠯᠢᠭ ᠠᠷᠢᠶᠠᠳᠠᠨ 30 ᠭᠠᠷᠣᠢ ᠵᠦᠢᠯ ᠪᠠᠶᠢᠵᠣ᠂ ᠠᠪᠠ ᠶᠢᠨ ᠲᠠᠯᠠᠪᠠᠢ ᠨᠢ 32 ᠲᠦᠮᠡᠨ ᠮᠣ᠋ ᠳᠤ ᠬᠦᠷᠴᠦ᠂ ᠣᠳᠣᠬᠠᠨ ᠤ ᠠᠽᠢᠶ᠎ᠠ ᠲᠢᠪ ᠤᠨ ᠬᠠᠮᠤᠭ ᠶᠡᠭᠡ ᠣᠯᠠᠨ ᠣᠯᠣᠰ ᠤᠨ ᠠᠪᠠ ᠶᠢᠨ ᠲᠠᠯᠠᠪᠠᠢ ᠪᠣᠯᠣᠭᠰᠠᠨ ᠪᠠᠶᠢᠨ᠎ᠠ᠃ ᠶᠡᠭᠡ ᠬᠢᠩᠭᠠᠨ ᠤ ᠦᠨᠳᠦᠷ ᠣᠷᠭᠢᠯ ᠠᠴᠠ ᠠᠯᠣᠰ ᠢ ᠪᠠᠷᠠᠯᠠᠶ᠎ᠠ ᠭᠡᠪᠡᠯ ᠬᠡᠰᠢᠭᠳᠡᠨ ᠳᠤ ᠢᠷᠡᠭᠡᠷᠡᠢ︕ ᠬᠡᠰᠢᠭᠳᠡᠨ ᠤ ᠴᠡᠩᠭᠡᠭ ᠠᠭᠠᠷ ᠢ ᠠᠮᠢᠰᠬᠤᠶ᠎ᠠ ᠭᠡᠪᠡᠯ ᠬᠤᠩᠭᠤ ᠶᠢᠨ ᠲᠠᠪᠠᠭᠠᠨ ᠳᠤ ᠵᠣᠰᠠᠭᠠᠷᠠᠢ︕  
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号