ᠲᠦᠷᠪᠡᠳᠡᠭᠴᠢ ᠭᠠᠯᠪᠠ ᠶᠢᠨ ᠬᠠᠴᠢᠨ ᠦᠵᠡᠭᠳᠡᠯ — ᠪᠠᠶᠢᠴᠠ ᠶᠢᠨ ᠮᠦᠰᠦᠳᠦᠯᠭᠡ ᠶᠢᠨ ᠦᠯᠡᠳᠡᠭᠳᠡᠯ
ᠨᠡᠶᠢᠲᠡᠯᠡᠭᠰᠡᠨ ᠴᠠᠭ᠄
2016/4/19
       ᠪᠠᠶᠢᠴᠠ ᠶᠢᠨ ︽ᠮᠦᠰᠦᠨ ᠬᠤᠲᠤᠭᠤᠷ︾᠎ ᠤᠨ ᠰᠦᠷᠦᠭ ᠨᠢ ᠲᠦᠷᠪᠡᠳᠡᠭᠴᠢ ᠭᠠᠯᠪᠠ ᠶᠢᠨ ᠮᠦᠰᠦᠳᠦᠯᠭᠡ ᠎ ᠶᠢᠨ ᠦᠯᠡᠳᠡᠭᠳᠡᠯ ᠪᠤᠯᠤᠨ᠎ᠠ᠃ ᠤᠷᠢᠳ ᠳᠡᠯᠡᠬᠡᠢ ᠶᠢᠨ ᠪᠦᠮᠪᠦᠷᠴᠡᠭ ᠳᠡᠭᠡᠷ᠎ᠡ ᠤᠳᠤ ᠠᠴᠠ ᠨᠡᠯᠢᠶᠡᠳ ᠤᠶᠢᠷᠠᠬᠠᠨ ᠭᠤᠷᠪᠠ ᠤᠳᠠᠭᠠᠨ ᠤ ᠶᠡᠭᠡ ᠮᠦᠰᠦᠳᠦᠯᠭᠡ ᠶᠢᠨ ᠭᠠᠯᠪᠠ ᠡᠭᠦᠰᠴᠠᠢ᠂ ᠲᠦᠷᠪᠡᠳᠦᠭᠡᠷ ᠤᠳᠠᠭᠠᠨ ᠤ ᠶᠡᠭᠡ ᠮᠦᠰᠦᠳᠦᠯᠭᠡ ᠶᠢᠨ ᠭᠠᠯᠪᠠ ᠪᠤᠯ ᠤᠳᠤ ᠠᠴᠠ ᠬᠠᠮᠤᠭ ᠤᠶᠢᠷᠠᠬᠠᠨ ᠡᠭᠦᠰᠦᠭᠰᠡᠨ ᠮᠦᠰᠦᠳᠦᠯᠭᠡ ᠶᠢᠨ ᠭᠠᠯᠪᠠ ᠪᠤᠯᠤᠨ᠎ᠠ᠂ ᠪᠠᠷᠤᠭ 200 ᠲᠦᠮᠡᠨ ᠵᠢᠯ ᠤᠨ ᠡᠮᠦᠨ᠎ᠡ ᠡᠭᠦᠰᠴᠠᠢ᠃ ᠮᠦᠰᠦᠳᠦᠯᠭᠡ ᠪᠤᠯ ᠮᠦᠰᠦᠳᠦᠯᠭᠡ ᠶᠢᠨ ᠭᠠᠯᠪᠠ ᠎ ᠶᠢᠨ ᠪᠦᠲᠦᠭᠡᠭᠳᠡᠭᠦᠨ ᠪᠤᠯᠤᠨ᠎ᠠ᠃ ᠮᠦᠰᠦᠳᠦᠯᠭᠡ ᠨᠢ ᠲᠡᠭᠦᠨ ᠤ ᠯᠤᠲᠤ ᠶᠡᠭᠡ ᠡᠨᠧᠷᠭᠢ ᠪᠠᠷ ᠢᠶᠠᠨ ᠤᠨᠴᠠᠭᠠᠢ ᠭᠠᠵᠠᠷ ᠎ ᠤᠨ ᠭᠠᠳᠠᠷᠭᠤ ᠶᠢᠨ ᠦᠵᠡᠮᠵᠢ ᠶᠢ ᠡᠭᠦᠳᠤᠨ ᠪᠦᠲᠦᠭᠡᠵᠡᠢ᠃ ᠮᠦᠰᠦᠳᠦᠯᠭᠡ ᠶᠢᠨ ᠠᠭᠤᠯᠠᠨ ᠤ ᠭᠠᠵᠠᠷ ᠤᠨ ᠭᠠᠳᠠᠷᠭᠤ ᠳᠤ ᠱᠤᠪᠬᠤ ᠤᠷᠭᠢᠯ᠂ ᠬᠤᠷᠴᠠ ᠬᠢᠷ᠎ᠠ᠂ ᠮᠦᠰᠦᠨ ᠬᠤᠳᠤᠭᠤᠷ ᠵᠡᠷᠭᠡ ᠬᠡᠯᠪᠡᠷᠢ ᠪᠠᠶᠢᠳᠠᠭ᠃ ᠮᠦᠰᠦᠨ ᠬᠤᠳᠤᠭᠤᠷ ᠭᠡᠳᠡᠭ ᠪᠤᠯ ᠠᠭᠤᠯᠠᠨ ᠬᠦᠲᠦᠯ ᠳᠡᠭᠡᠷᠡᠬᠢ ᠬᠤᠲᠤᠶᠢᠭᠰᠠᠨ ᠭᠠᠵᠠᠷ ᠢ ᠵᠢᠭᠠᠵᠤ ᠪᠤᠢ᠂ ᠮᠦᠰᠦᠨ ᠭᠤᠤᠯ ᠎ ᠤᠨ ᠤᠷᠤᠰᠬᠠᠯ ᠨᠢ ᠬᠤᠲᠤᠭᠤᠷ ᠳᠤᠲᠤᠷᠠᠬᠢ ᠬᠡᠮᠬᠡᠷᠳᠡᠭ ᠴᠢᠯᠠᠭᠤ ᠶᠢ ᠳᠠᠰᠤᠷᠠᠯᠲᠠ ᠦᠭᠡᠢ ᠤᠷᠤᠰᠬᠠᠨ ᠠᠪᠠᠴᠢᠵᠤ᠂ ᠬᠤᠲᠤᠭᠤᠷ ᠤᠨ ᠢᠷᠦᠭᠠᠷ ᠨᠢ ᠲᠠᠰᠤᠷᠠᠯᠲᠠ ᠦᠭᠡᠢ ᠲᠤᠷᠤᠭᠰᠢᠯᠠᠵᠤ᠂ ᠤᠤᠯ ᠤᠨ ᠮᠠᠰᠢ ᠬᠦᠢᠬᠡᠨ ᠪᠠᠶᠢᠭᠰᠠᠨ ᠬᠤᠳᠤᠭᠤᠷ ᠨᠢ ᠭᠤᠷᠪᠠᠨ ᠲᠠᠯ᠎ᠠ ᠪᠠᠷ ᠢᠶᠠᠨ ᠡᠭ᠍ᠴᠡ ᠭᠦᠨ ᠬᠤᠲᠤᠶᠢᠭᠰᠠᠨ ᠭᠠᠵᠠᠷ ᠤᠨ ᠭᠠᠳᠠᠷᠭᠤ ᠪᠤᠯᠵᠠᠢ᠃       ᠪᠠᠶᠢᠴᠠ ᠶᠢᠨ ︽ᠮᠦᠰᠦᠨ ᠬᠤᠳᠤᠭᠤᠷ︾᠎ ᠤᠨ ᠰᠦᠷᠦᠭ ᠨᠢ ᠭᠡᠰᠢᠭᠲᠡᠨ ᠬᠤᠰᠢᠭᠤᠨ ᠤ ᠵᠡᠭᠦᠨ ᠡᠮᠦᠨᠡᠲᠤ ᠬᠡᠰᠡᠭ᠂ ᠰᠢᠷᠠᠮᠦ᠋ᠷᠡᠨ ᠤ ᠡᠮᠦᠨᠡᠲᠤ ᠡᠷᠭᠢ ᠶᠢᠨ ᠸᠠᠨ ᠾᠧ ᠶᠦᠩ ᠪᠠᠯᠭᠠᠰᠤ ᠶᠢᠨ ᠬᠠᠪᠢ ᠪᠠᠷ ᠪᠠᠶᠢᠷᠢᠯᠠᠵᠤ᠂ ᠪᠢᠷᠠᠭᠤ ᠪᠠᠯᠭᠠᠰᠤᠨ ᠠᠴᠠ 51 ᠺᠢᠯᠤᠮᠧᠲᠷ ᠵᠠᠶᠢᠲᠠᠢ᠂ ᠭᠠᠵᠠᠷ ᠵᠦᠢ ᠶᠢᠨ ᠪᠠᠶᠢᠷᠢᠯᠠᠯ ᠨᠢ ᠵᠡᠭᠦᠨ ᠤᠷᠲᠤᠷᠢᠭ ᠤᠨ 117。56、᠂ ᠤᠮᠠᠷᠠᠲᠤ ᠦᠷᠭᠡᠷᠢᠭ ᠤᠨ 43。07、 ᠪᠤᠯᠤᠨ᠎ᠠ᠃ ᠡᠨᠡᠬᠦ ᠤᠷᠤᠨ ᠭᠠᠵᠠᠷ ᠤᠨ ᠪᠠᠶᠢᠴᠠ ᠨᠢ ᠪᠠᠷᠠᠭᠤᠨ ᠡᠮᠦᠨ᠎ᠡ ᠪᠠᠨ ᠦᠨᠳᠦᠷ᠂ ᠵᠡᠭᠦᠨ ᠬᠤᠶᠢᠨ᠎ᠠ ᠪᠠᠨ ᠲᠤᠤᠷ᠎ᠠ᠂ ᠬᠠᠮᠤᠭ ᠲᠤᠤᠷ᠎ᠠ ᠡᠷᠭᠦᠭᠳᠡᠴᠡ ᠨᠢ 709 ᠮᠧᠲᠷ᠂ ᠬᠠᠮᠤᠭ ᠦᠨᠳᠦᠷ ᠡᠷᠭᠦᠭᠳᠡᠴᠡ ᠨᠢ 1960 ᠮᠧᠲᠷ᠂ ᠲᠤᠮᠳᠠᠴᠢ ᠡᠷᠭᠦᠭᠳᠡᠴᠡ ᠨᠢ 1370 ᠮᠧᠲᠷ ᠪᠤᠯᠤᠨ᠎ᠠ᠃ ᠲᠤᠭ᠎ᠠ ᠲᠤᠮᠰᠢ ᠦᠭᠡᠢ ᠤᠯᠠᠨ ᠲᠦᠷᠪᠡᠳᠡᠭᠴᠢ ᠭᠠᠯᠪᠠ ᠶᠢᠨ ᠮᠦᠰᠦᠨ ᠬᠤᠲᠤᠭᠤᠷ ᠨᠢ ᠦᠨᠳᠦᠷ ᠰᠦᠷᠯᠢᠭ ᠠᠭᠤᠯᠠᠰ ᠤᠨ ᠲᠤᠮᠳᠠ ᠪᠠᠶᠢᠷᠢᠯᠠᠵᠤ᠂ ᠶᠡᠭᠡ ᠬᠡᠮᠵᠢᠶᠠᠨ ᠤ ᠱᠤᠪᠬᠤ ᠣᠷᠭᠢᠯ᠂ ᠬᠤᠷᠴᠠ ᠬᠢᠷ᠎ᠠ ᠶᠢ ᠪᠤᠢ ᠪᠤᠯᠭᠠᠨ᠂ ᠬᠤᠯᠠ ᠠᠴᠠ ᠬᠠᠷᠠᠬᠤ ᠳᠤ ᠡᠩᠨᠡᠷᠡᠨ ᠵᠢᠭᠳᠡᠷᠡᠵᠤ᠂ ᠮᠠᠰᠢ ᠡᠮᠬᠢ ᠲᠢᠭᠲᠡᠢ ᠪᠠᠶᠢᠳᠠᠭ᠃ ᠲᠤᠮᠳᠡᠳᠤ ᠤᠯᠤᠰ ᠎ ᠤᠨ ᠭᠠᠵᠠᠷ ᠰᠢᠨᠵᠢᠯᠡᠭᠡᠨ ᠤ ᠶᠡᠭᠡ ᠰᠤᠷᠭᠠᠭᠤᠯᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ︵ᠭᠠᠵᠠᠷ ᠰᠢᠨᠵᠢᠯᠡᠭᠡᠨ ᠤ ᠦᠯᠡᠳᠡᠭᠳᠡᠯ︶᠎ ᠤᠨ ᠪᠠᠶᠢᠴᠠᠭᠠᠨ ᠦᠨᠡᠯᠡᠬᠦ ᠰᠣᠳᠣᠯᠭᠠᠨ ᠤ ᠲᠦᠪ ᠤᠨ ᠶᠡᠷᠦᠩᠬᠡᠢ ᠢᠨᠵᠧᠨᠧᠷᠢᠩ ᠲᠢᠶᠠᠨ ᠮᠢᠩ ᠵᠦᠩ ᠫᠷᠦᠹᠧᠰᠰᠤᠷ ᠪᠠ ᠲᠤᠮᠳᠠᠳᠤ ᠤᠯᠤᠰ ᠤᠨ ᠭᠠᠵᠠᠷ ᠰᠢᠨᠵᠢᠯᠡᠭᠡᠨ ᠤ ᠶᠡᠭᠡ ᠰᠤᠷᠭᠠᠭᠤᠯᠢ ᠶᠢᠨ ᠪᠡᠭᠡᠵᠢᠩ ᠳᠠᠬᠢ ᠭᠠᠵᠠᠷ ᠰᠢᠨᠵᠢᠯᠡᠭᠡᠨ ᠤ ᠳᠡᠭᠡᠳᠤ ᠰᠤᠷᠭᠠᠭᠤᠯᠢ ᠶᠢᠨ ᠳᠡᠳ᠋ ᠵᠠᠬᠢᠷᠤᠯ ᠡᠤ ᠹᠠ ᠳ᠋ᠦᠩ ᠫᠷᠦᠹᠧᠰᠰᠤᠷ ᠵᠡᠷᠭᠡ ᠳᠤᠰᠬᠠᠢ ᠮᠡᠷᠭᠡᠵᠢᠯᠲᠡᠨ ᠤ ᠲᠤᠳᠤᠯᠠᠭᠰᠠᠨ ᠢᠶᠠᠷ᠂ ᠸᠠᠨ ᠾᠧ ᠶᠦᠩ ᠤᠨ ᠪᠠᠶᠢᠴᠠ ᠶᠢᠨ ᠤᠷᠤᠨ ᠤ ᠮᠦᠰᠦᠨ ᠬᠤᠲᠤᠭᠤᠷ ᠤᠨ ᠰᠦᠷᠦᠭ ᠪᠤᠯ ᠤᠳᠤᠬᠠᠨ ᠳᠤ ᠮᠠᠨ ᠤ ᠤᠯᠤᠰ ᠤᠨ ᠲᠤᠭ᠎ᠠ ᠪᠠᠷ ᠬᠠᠮᠤᠭ ᠤᠯᠠᠨ᠂ ᠪᠦᠷᠢᠯᠳᠦᠭᠰᠡᠨ ᠨᠢ ᠬᠠᠮᠤᠭ ᠰᠠᠶᠢᠨ᠂ ᠬᠤᠭᠤᠴᠠᠭ᠎ᠠ ᠨᠢ ᠬᠠᠮᠤᠭ ᠪᠦᠷᠢᠨ᠂ ᠬᠠᠮᠤᠭ ᠪᠦᠷᠢᠨ ᠬᠠᠳᠠᠭᠠᠯᠠᠭᠳᠠᠵᠤ ᠪᠠᠶᠢᠭ᠎ᠠ ᠶᠡᠭᠡ ᠬᠡᠪᠴᠢᠶᠠᠨ ᠤ ᠮᠦᠰᠦᠨ ᠬᠤᠲᠤᠭᠤᠷ ᠤᠨ ᠰᠦᠷᠦᠭ ᠪᠤᠯᠤᠨ᠎ᠠ᠃ ᠠᠳᠠᠯᠢ ᠪᠤᠰᠤ ᠬᠤᠭᠤᠴᠠᠭᠠᠨ ᠤ ᠮᠦᠰᠦᠨ ᠬᠤᠲᠤᠭᠤᠷ ᠢ ᠠᠩᠬ᠎ᠠ ᠠᠯᠬᠤᠮ ᠲᠠᠪᠤᠨ ᠬᠤᠭᠤᠴᠠᠭ᠎ᠠ ᠬᠤᠪᠢᠶᠠᠨ᠎ᠠ᠂ ᠲᠤᠰ ᠪᠦᠷᠢ 300 — 1600 ᠮᠧᠲᠷ ᠤᠨ ᠡᠷᠭᠦᠭᠳᠡᠴᠡ ᠶᠢᠨ ᠠᠭᠤᠯᠠᠨ ᠳᠤ ᠲᠠᠷᠬᠠᠨ᠎ᠠ᠃ ᠡᠭᠦᠨ ᠠᠴᠠ ᠮᠦᠷᠳᠡᠵᠤ ᠪᠤᠯᠬᠤ ᠨᠢ᠂ ᠤᠳᠤ ᠠᠴᠠ 1 ᠲᠦᠮᠡᠨ ᠵᠢᠯ ᠠᠴᠠ 300 ᠲᠦᠮᠡᠨ ᠵᠢᠯ ᠤᠨ ᠬᠤᠭᠤᠷᠤᠨᠳᠤ᠂ ᠤᠯᠠᠭᠠᠨᠬᠠᠳᠠ ᠨᠢ ᠮᠦᠰᠦ ᠴᠠᠰᠤᠨ ᠳᠤ ᠬᠤᠴᠢᠭᠳᠠᠭᠰᠠᠨ ᠤᠷᠤᠨ ᠪᠠᠶᠢᠵᠠᠢ᠂ ᠡᠨᠡ ᠪᠤᠯ ᠳᠠᠷᠤᠢ ᠬᠦᠮᠦᠰ ᠤᠨ ᠬᠡᠯᠡᠳᠡᠭ ᠮᠦᠰᠦᠳᠦᠯᠭᠡ ᠶᠢᠨ ᠴᠠᠭ ᠦᠶ᠎ᠡ ᠪᠤᠯᠤᠨ᠎ᠠ᠃       ᠡᠳᠡᠭᠡᠷ ᠮᠦᠰᠦᠨ ᠬᠤᠳᠤᠭᠤᠷ ᠤᠨ ᠰᠦᠷᠦᠭ ᠢ ᠢᠯᠡᠷᠡᠭᠦᠯᠡᠭᠰᠡᠨ ᠨᠢ ᠦᠪᠦᠷ ᠮᠤᠩᠭᠤᠯ ᠤᠨ ᠦᠨᠳᠦᠷᠯᠢᠭ ᠎ ᠤᠨ ᠤᠷᠴᠢᠨ ᠲᠤᠭᠤᠷᠢᠨ ᠤ ᠤᠯᠠᠷᠢᠯ ᠬᠤᠪᠢᠰᠤᠯ ᠢ ᠰᠤᠳᠤᠯᠬᠤ ᠳᠤ ᠡᠷᠬᠢᠮ ᠨᠠᠨᠳᠢᠨ ᠮᠠᠲ᠋ᠧᠷᠢᠶᠠᠯ ᠢ ᠬᠠᠩᠭᠠᠵᠠᠢ᠂ ᠪᠠᠰᠠ ᠠᠰᠬᠠᠲᠤ ᠶᠢᠨ ᠴᠢᠯᠠᠭᠤᠨ ᠤᠢ ᠶᠢᠨ ᠪᠦᠷᠯᠳᠦᠭᠰᠡᠨ ᠳᠤ ᠴᠢᠬᠤᠯᠠ ᠪᠠᠷᠢᠮᠳᠠ ᠬᠠᠩᠭᠠᠵᠠᠢ᠃ ᠳᠡᠭᠦᠨ ᠤ ᠢᠯᠡᠷᠡᠭᠦᠯᠦᠯᠲᠡ ᠨᠢ ᠮᠠᠨ ᠤ ᠤᠯᠤᠰ ᠤᠨ ᠤᠮᠠᠷᠠᠲᠤ ᠤᠷᠤᠨ ᠤ ᠭᠠᠵᠠᠷ ᠰᠢᠨᠵᠢᠯᠡᠭᠡᠨ ᠤ ᠰᠤᠳᠤᠯᠭᠠᠨ ᠳᠤ ᠬᠠᠮᠤᠭ ᠎ ᠤᠨ ᠦᠨ᠎ᠡ ᠦᠷᠲᠡᠭ ᠲᠠᠢ ᠰᠠᠭᠤᠷᠢᠨ ᠭᠠᠵᠠᠷ ᠢ ᠬᠠᠩᠭᠠᠵᠠᠢ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号