ᠪᠠᠶᠢᠭᠠᠯᠢ ᠶᠢᠨ ᠴᠢᠯᠠᠭᠤᠨ ᠣᠭᠤᠷ — ᠠᠪᠳᠠᠷᠲᠦ ᠶᠢᠨ ᠮᠦᠰᠦᠳᠦᠯᠭᠡ ᠶᠢᠨ ᠦᠯᠡᠳᠡᠭᠳᠡᠯ
ᠨᠡᠶᠢᠲᠡᠯᠡᠭᠰᠡᠨ ᠴᠠᠭ᠄
2016/4/19
       ᠶᠡᠭᠡ ᠬᠢᠩᠭᠠᠨ ᠲᠠᠪᠠᠭᠠᠨ ᠤ ᠡᠮᠦᠨ᠎ᠡ ᠵᠠᠬ᠎ᠠ ᠳᠤ ᠪᠠᠶᠢᠷᠢᠰᠢᠭᠰᠠᠨ ᠠᠪᠳᠠᠷᠳᠣ ᠶᠢᠨ ᠴᠢᠯᠠᠭᠤᠨ ᠣᠭᠤᠷ ᠵᠢᠴᠢ ᠬᠠᠳᠠᠨ ᠰᠢᠭᠤᠢ ︵ᠪᠣᠷᠵᠢᠨ ᠴᠢᠯᠠᠭᠤᠨ ᠣᠷᠭᠢᠯ︶᠎ ᠶᠢᠨ ᠲᠣᠭᠤᠷᠢᠭ ᠨᠢ ᠬᠤᠰᠢᠭᠤᠨ ᠲᠦᠪ ᠪᠢᠷᠠᠭᠤ ᠪᠠᠯᠭᠠᠰᠣᠨ ᠎ ᠠᠴᠠ ᠡᠮᠦᠨᠡᠰᠢ 25 ᠺᠢᠯᠣᠮᠧᠲᠷ ᠵᠠᠶᠢᠳᠠᠢ ᠪᠠᠶᠢᠵᠣ᠂ ᠪᠦᠬᠦᠶᠢᠯᠡ ᠲᠣᠭᠤᠷᠢᠭ ᠨᠢ 20 ᠭᠠᠷᠣᠢ ᠺᠢᠯᠣᠮᠧᠲᠷ ᠦᠷᠭᠦᠯᠵᠢᠯᠠᠵᠣ ᠪᠠᠶᠢᠳᠠᠭ᠃ ᠲᠠᠯᠠᠢ ᠶᠢᠨ ᠲᠦᠪᠰᠢᠨ ᠠᠴᠠ 1500 ᠭᠠᠷᠣᠢ ᠮᠧᠲᠷ ᠡᠷᠭᠦᠭᠳᠡᠭᠰᠡᠨ ᠠᠪᠳᠠᠷᠠᠳᠣ ᠶᠢᠨ ᠲᠣᠭᠤᠷᠢᠭ ᠤᠨ ᠲᠠᠯᠠᠪᠠᠢ ᠨᠢ 9200 ᠾᠧᠺᠲᠷ ᠪᠠᠶᠢᠳᠠᠭ᠃ ᠲᠣᠰ ᠲᠣᠭᠤᠷᠢᠭ ᠨᠢ ᠠᠪᠳᠠᠷᠠᠳᠣ ᠶᠢᠨ ᠴᠢᠯᠠᠭᠤᠨ ᠣᠭᠤᠷ ᠪᠠ ᠭᠦᠨᠴᠦᠭᠳᠣ ᠶᠢᠨ ᠪᠣᠷᠵᠢᠨ ᠴᠢᠯᠠᠭᠤᠯᠢᠭ ᠤᠨ ᠬᠠᠳᠠᠨ ᠰᠢᠭᠤᠢ ᠪᠠᠷ ᠪᠦᠷᠢᠯᠳᠦᠵᠡᠢ᠃ ᠠᠳᠡ ᠣᠳᠣᠬᠠᠨ ᠤ ᠲᠡᠯᠡᠬᠡᠢ ᠲᠡᠭᠡᠷᠡᠬᠢ ᠬᠡᠪᠴᠢᠶ᠎ᠡ ᠪᠠᠷ ᠬᠠᠮᠤᠭ ᠶᠡᠭᠡ᠂ ᠬᠦᠭᠵᠢᠯᠳᠡ ᠪᠠᠷ ᠬᠠᠮᠤᠭ ᠰᠠᠶᠢᠨ᠂ ᠲᠦᠷᠦᠯ ᠵᠦᠢᠯ ᠢᠶᠠᠷ ᠬᠠᠮᠤᠭ ᠣᠯᠠᠨ ᠮᠦᠰᠦᠳᠦᠯᠭᠡ ᠶᠢᠨ ᠴᠢᠯᠠᠭᠤᠨ ᠣᠭᠤᠷ ᠤᠨ ᠰᠦᠷᠦᠭᠵᠢᠯ ᠪᠠᠶᠢᠵᠣ᠂ ᠭᠤᠣᠯᠳᠠᠭᠤ ᠠᠪᠳᠠᠷᠠᠳᠣ ᠶᠢᠨ ᠠᠭᠤᠯᠠᠨ ᠣᠷᠣᠢ ᠶᠢᠨ ᠡᠮᠦᠨ᠎ᠡ ᠲᠠᠯ᠎ᠠ ᠶᠢᠨ ᠬᠤᠶᠠᠷ ᠬᠦᠪᠡᠭᠡ ᠪᠠᠷ ᠲᠠᠷᠬᠠᠵᠣ᠂ 1000 ᠬᠠᠪᠳᠠᠭᠠᠢ ᠲᠦᠷᠪᠡᠯᠵᠢᠨ ᠮᠧᠲᠷ ᠤᠨ ᠬᠡᠪᠴᠢᠶᠠᠨ ᠳᠤ ᠬᠡᠳᠦᠨ ᠵᠠᠭᠤᠨ ᠴᠢᠯᠠᠭᠤᠨ ᠣᠭᠤᠷ ᠪᠠᠶᠢᠵᠣ᠂ ︽ᠶᠢᠰᠦᠨ ᠭᠠᠩ ᠠᠷᠪᠠᠨ ᠨᠠᠢᠮᠠᠨ ᠲᠣᠭᠤᠭ᠎ᠠ︾᠎ ᠶᠢᠨ ᠭᠠᠶᠢᠬᠠᠮᠰᠢᠭᠳᠣ ᠰᠢᠨᠵᠢ ᠶᠢ ᠪᠦᠷᠢᠳᠡᠭᠦᠯᠵᠣ᠂ ᠴᠢᠯᠠᠭᠤᠨ ᠣᠭᠤᠷ ᠤᠳ ᠤᠨ ᠭᠠᠳᠠᠷ ᠬᠦᠪᠡᠭᠡ ᠪᠠᠷ ᠎ ᠨᠢ ᠡᠭ᠍ᠴᠡ ᠦᠨᠳᠦᠷ ᠬᠠᠳᠠᠳ ᠰᠡᠬᠦᠶᠢᠯᠴᠡᠵᠣ᠂ ᠵᠣᠭᠠᠴᠠᠭᠰᠠᠳ ᠤᠨ ᠪᠠᠭ᠋ᠠᠷᠣᠯ ᠢ ᠠᠷᠭ᠎ᠠ ᠦᠭᠡᠢ ᠲᠠᠳᠠᠳᠠᠭ ᠶᠣᠮ᠃ ᠭᠠᠵᠠᠷ ᠰᠢᠨᠵᠢᠯᠡᠭᠡᠨ ᠤ ᠡᠷᠳᠡᠮᠳᠡᠳ ᠤᠨ ᠦᠵᠡᠬᠦ ᠪᠠᠷ᠄ ᠠᠪᠳᠠᠷᠠᠳᠣ ᠶᠢᠨ ᠲᠣᠭᠤᠷᠢᠭ ᠪᠣᠯ ᠲᠠᠯᠡᠬᠡᠢ ᠳᠤ ᠬᠤᠪᠣᠷᠬᠠᠨ ᠪᠠᠶᠢᠭᠠᠯᠢ ᠶᠢᠨ ᠦᠯᠡᠳᠡᠭᠳᠡᠯ ᠮᠦᠨ᠂ ᠲᠦᠷᠪᠡᠳᠡᠭᠴᠢ ᠭᠠᠯᠪᠠ ᠶᠢᠨ ᠮᠦᠰᠦᠳᠦᠯᠭᠡ ᠶᠢᠨ ᠬᠦᠳᠡᠯᠭᠡᠭᠡᠨ ᠤ ᠦᠷ᠎ᠡ ᠳ᠋ᠦᠩ ᠮᠦᠨ᠂ ᠲᠡᠷᠡ ᠨᠢ ᠡᠷᠳᠡᠨ ᠤ ᠠᠭᠤᠷ ᠠᠮᠢᠰᠬᠤᠯ᠂ ᠡᠷᠳᠡᠨ ᠤ ᠣᠷᠴᠢᠨ ᠠᠬᠤᠢ᠂ ᠡᠷᠳᠡᠨ ᠤ ᠭᠠᠵᠠᠷ ᠤᠨ ᠭᠠᠳᠠᠷᠭᠤ᠂ ᠡᠷᠳᠡᠨ ᠤ ᠬᠦᠮᠦᠨ ᠲᠦᠷᠦᠯᠬᠢᠳᠡᠨ ᠤ ᠬᠤᠪᠢᠷᠠᠯᠳᠠ ᠶᠢᠨ ᠲᠡᠣᠬᠡ ᠶᠢᠨ ᠴᠢᠬᠤᠯᠠ ᠬᠡᠷᠡᠴᠢ ᠶᠢᠨ ᠨᠢᠭᠡ ᠮᠦᠨ᠃ ᠮᠦᠨᠴᠦ ᠮᠠᠨ ᠤ ᠣᠯᠣᠰ ᠤᠨ ᠴᠣᠷ ᠤᠨ ᠭᠠᠭᠴᠠ ᠮᠦᠰᠦᠳᠦᠯᠭᠡ ᠶᠢᠨ ᠴᠢᠯᠠᠭᠤᠨ ᠣᠭᠤᠷ ᠪᠠ ᠪᠣᠷᠵᠢᠨ ᠴᠢᠯᠠᠭᠤᠯᠢᠭ ᠤᠨ ᠬᠠᠳᠠᠨ ᠰᠢᠭᠤᠢ ᠶᠢᠨ ᠭᠠᠵᠠᠷ ᠤᠨ ᠭᠠᠳᠠᠷᠭᠤ ᠪᠠᠷ ᠭᠤᠣᠯ ᠴᠣᠭᠴᠠ ᠪᠣᠯᠭᠠᠭᠰᠠᠨ ᠲᠠᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠲᠣᠭᠤᠷᠢᠭ ᠪᠣᠯᠣᠨ᠎ᠠ᠃       ᠠᠪᠳᠠᠷᠠᠳᠣ ᠶᠢᠨ ᠠᠷᠣ ᠬᠦᠨᠳᠡᠢ ᠳᠤ ᠮᠦᠰᠦᠨ ᠬᠤᠳᠣᠭᠤᠷ᠂ ᠮᠦᠰᠦᠳᠦᠯᠭᠡ ᠶᠢᠨ ᠢᠳᠡᠭᠳᠡᠭᠦᠯᠦᠯ ᠤᠨ ᠬᠤᠩᠬᠤᠷ ᠣᠯᠠᠨ ᠪᠠᠶᠢᠵᠣ᠂ ᠵᠡᠭᠦᠨ ᠪᠠᠷᠠᠭᠤᠨ ᠲᠠᠯ᠎ᠠ ᠪᠠᠷ ᠬᠢ ᠬᠤᠶᠠᠷ ᠵᠣᠷᠪᠣᠰ U ᠬᠡᠯᠪᠡᠷᠢᠳᠣ ᠬᠠᠪᠴᠢᠯ ᠪᠡ ᠠᠰᠬ᠎ᠠ ᠬᠠᠳᠠᠳ ᠲᠠᠢ ᠨᠢᠭᠡ ᠴᠣᠭᠴᠠ ᠪᠣᠯᠣᠨ᠂ ︽ᠲᠡᠯᠡᠬᠡᠢ ᠶᠢᠨ ᠬᠠᠴᠢᠨ ᠦᠵᠡᠭᠳᠡᠯ︾ ᠬᠡᠮᠡᠨ ᠠᠯᠳᠠᠷᠰᠢᠭᠰᠠᠨ ᠪᠠᠶᠢᠨ᠎ᠠ᠃       ᠠᠪᠳᠠᠷᠠᠳᠣ ᠶᠢᠨ ᠲᠣᠭᠤᠷᠢᠭ ᠲᠤ ᠮᠦᠰᠦᠳᠦᠯᠭᠡ ᠶᠢᠨ ᠦᠯᠡᠳᠡᠭᠳᠡᠯ ᠨᠢ ᠪᠦᠷᠢᠨ ᠪᠦᠳᠦᠨ ᠪᠠᠶᠢᠬᠤ ᠪᠦᠭᠡᠳ ᠣᠷᠴᠢᠨ ᠲᠣᠭᠤᠷᠢᠨ ᠤ ᠣᠷᠭᠤᠮᠠᠯ ᠬᠤᠴᠢᠯᠭ᠎ᠠ ᠨᠢ ᠴᠤ ᠪᠠᠶᠢᠭᠠᠯᠢᠯᠢᠭ ᠲᠦᠷᠬᠦ ᠪᠠᠨ ᠬᠠᠳᠠᠭᠠᠯᠠᠭᠰᠠᠭᠠᠷ ᠪᠠᠶᠢᠨ᠎ᠠ᠃ ᠱᠣᠪᠬᠤ ᠣᠷᠭᠢᠯ ᠰᠡᠬᠦᠶᠢᠨ᠂ ᠬᠠᠳᠠ ᠭᠠᠩᠭ᠎ᠠ ᠶᠢᠨ ᠬᠤᠭᠤᠷᠣᠨᠳᠣᠬᠢ ᠭᠦᠨ ᠵᠢᠯᠭ᠎ᠠ ᠲᠠᠭᠠᠨ ᠣᠢ ᠮᠣᠳᠣᠳ ᠢᠭᠴᠣᠷᠠᠨ᠂ ᠠᠭᠤᠯᠠᠨ ᠬᠠᠪᠴᠢᠯ ᠲᠠᠭᠠᠨ ᠭᠤᠷᠤᠬ᠎ᠠ ᠶᠢᠨ ᠣᠰᠣ ᠭᠤᠷᠴᠢᠬᠢᠨᠠᠨ᠂ ᠪᠠᠶᠢᠭᠠᠯᠢ ᠶᠢᠨ ᠬᠡᠮᠵᠢᠶᠡᠯᠡᠰᠢ ᠦᠭᠡᠢ ᠲᠠᠷᠬᠠᠨ ᠰᠦᠷ ᠢ ᠭᠠᠶᠢᠬᠠᠭᠤᠯᠣᠨ᠎ᠠ᠃       2006 ᠣᠨ ᠳᠤ᠂ ᠠᠳᠡ ᠣᠷᠳᠣ ᠨᠢ 1228 ᠮᠧᠲᠷ᠂ ᠦᠨᠳᠦᠷ ᠤᠨ ᠵᠦᠷᠢᠶ᠎ᠡ ᠨᠢ 337.5 ᠮᠧᠲᠷ ᠪᠣᠯᠬᠤ ᠦᠪᠣᠷ ᠮᠣᠩᠭᠤᠯ ᠣᠷᠣᠨ ᠤ ᠠᠩᠬᠠᠳᠠᠭᠴᠢ ᠦᠨᠳᠦᠷ ᠠᠭᠤᠯᠠᠨ ᠤ ᠲᠡᠭᠦᠵᠢᠩ ᠵᠠᠮ ᠢ ᠣᠭᠰᠠᠷᠠᠭᠰᠠᠨ ᠠᠴᠠ ᠵᠣᠭᠠᠴᠠᠭᠰᠠᠳ ᠲᠤ ᠠᠪᠳᠠᠷᠠᠳᠣ ᠶᠢᠨ ᠦᠵᠡᠮᠵᠢ ᠶᠢ ᠬᠦᠢᠴᠡᠳ ᠰᠣᠨᠢᠷᠬᠠᠬᠤ ᠳᠤ ᠨᠡᠩ ᠲᠦᠭᠦᠮ ᠦᠵᠡᠭᠦᠯᠦᠭᠰᠡᠨ ᠪᠠᠶᠢᠨ᠎ᠠ᠃ ᠣᠳᠣ ᠬᠤᠰᠢᠭᠤᠨ ᠤᠨ ᠵᠣᠭᠠᠴᠠᠯ ᠤᠨ ᠰᠠᠯᠠᠭ᠎ᠠ ᠮᠦᠴᠢᠷ ᠤᠨ ᠬᠢᠨ ᠲᠣᠭᠤᠷᠢᠭ ᠤᠨ ᠪᠦᠬᠦᠯᠢ ᠴᠣᠭᠴᠠ ᠪᠠ ᠣᠷᠭᠤᠮᠠᠯ ᠬᠤᠴᠢᠯᠭ᠎ᠠ ᠶᠢ ᠬᠠᠮᠠᠭᠠᠯᠠᠬᠤ ᠪᠠᠷ ᠣᠷᠢᠳᠠᠯ ᠪᠣᠯᠭᠠᠨ᠂ ᠵᠣᠭᠠᠴᠠᠯ ᠤᠨ ᠰᠠᠭᠤᠷᠢ ᠲᠦᠭᠦᠬᠡᠷᠦᠮᠵᠢ ᠶᠢ ᠰᠢᠨᠡᠳᠬᠡᠨ ᠰᠠᠶᠢᠵᠢᠷᠠᠭᠤᠯᠵᠣ ᠪᠠᠶᠢᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号