ᠪᠦᠬᠦᠯᠢ 15 ᠵᠢᠯ ᠲᠤᠰᠢᠶᠠᠪᠠᠯ ᠰᠠᠶᠢ ᠠᠵᠢᠯ ᠠᠴᠠ ᠪᠠᠨ ᠠᠮᠠᠷᠠᠬᠤ ᠦᠶ᠎ᠠ ᠳᠤ ᠨᠠᠰᠤᠨ ᠲᠤᠷᠰᠢᠳᠠ | ᠠᠰᠠᠷᠠᠮᠵᠢ ᠶᠢᠨ ᠮᠦᠩᠬᠦ ᠬᠦᠷᠳᠡᠵᠤ ᠴᠢᠳᠠᠨ᠎ᠠ᠃ ᠡᠶᠢᠮᠦ ᠠᠴᠠ ᠠᠰᠠᠷᠠᠮᠵᠢ ᠶᠢᠨ ᠲᠠᠭᠠᠳᠬᠠᠯ ᠬᠦᠷᠳᠡᠬᠦ ᠪᠤᠳᠤᠯ ᠲᠠᠢ | ᠪᠤᠯ ᠡᠷᠬᠡᠪᠰᠢ ᠠᠵᠢᠯ ᠠᠴᠠ ᠪᠠᠨ ᠠᠮᠠᠷᠠᠬᠤ ᠠᠴᠠ 15 ᠵᠢᠯ ᠤᠨ ᠡᠮᠦᠨ᠎ᠡ ᠠᠴᠠ ᠡᠬᠢᠯᠡᠨ ᠨᠠᠰᠤᠵᠢᠯ ᠤᠨ ᠲᠠᠭᠠᠳᠬᠠᠯ | ᠲᠤᠰᠢᠶᠠᠬᠤ ᠬᠡᠷᠡᠭᠳᠡᠢ᠃ | ᠬᠡᠷᠪᠡ ᠠᠵᠢᠯ ᠠᠴᠠ ᠪᠠᠨ ᠠᠮᠠᠷᠠᠬᠤ ᠪᠤᠯᠳᠠᠯ᠎ᠠ ᠨᠠᠰᠤᠵᠢᠯ ᠤᠨ ᠲᠠᠭᠠᠳᠬᠠᠯ ᠲᠤᠰᠢᠶᠠᠬᠰᠠᠨ ᠬᠤᠭᠤᠴᠠᠭ᠎ᠠ | ᠪᠦᠬᠦᠯᠢ 15 ᠵᠢᠯ ᠬᠦᠷᠬᠦ ᠦᠬᠡᠢ ᠪᠠᠶᠢᠪᠠᠯ ᠲᠠᠨ ᠢ ᠠᠵᠢᠯ ᠠᠴᠠ ᠪᠠᠨ ᠠᠮᠠᠷᠠᠬᠤ ᠦᠶ᠎ᠠ ᠳᠤ ᠤᠯᠤᠰ ᠠᠴᠠ ᠵᠦᠪᠬᠡᠨ | ᠬᠤᠪᠢ ᠬᠦᠮᠦᠨ ᠤ ᠲᠠᠩᠰᠠᠨ ᠡᠷᠦᠬᠡ ᠳᠤ ᠬᠠᠳᠠᠭᠠᠯᠠᠵᠤ ᠪᠠᠶᠢᠬᠤ 8% ᠶᠢᠨ ᠠᠰᠠᠷᠠᠮᠵᠢ ᠶᠢᠨ ᠮᠦᠩᠬᠦ ᠶᠢ ᠴᠢᠨᠢ | ᠪᠦᠬᠦᠨ ᠢ ᠪᠤᠴᠠᠭᠠᠵᠤ ᠦᠭᠭᠦᠨ᠎ᠠ᠃ ᠤᠯᠤᠰ ᠤᠨ ᠪᠠᠶᠢᠭᠤᠯᠤᠯᠭ᠎ᠠ ᠨᠢᠬᠡᠴᠡ ᠶᠢᠨ ᠬᠤᠪᠢ ᠭᠦᠮᠤᠨ ᠳᠤ ᠲᠤᠰᠢᠶᠠᠵᠤ | ᠦᠭᠬᠦᠭᠰᠡᠨ 21% ᠶᠢᠨ ᠵᠤᠭᠤᠰ ᠢ ᠪᠦᠬᠦᠨ ᠢ ᠤᠯᠤᠰ ᠤᠨ ᠨᠠᠰᠤᠵᠢᠯ ᠤᠨ ᠲᠠᠭᠠᠳᠬᠠᠯ ᠤᠨ ᠨᠢᠬᠡᠳᠦᠯᠳᠡᠢ | ᠲᠦᠯᠦᠪᠵᠢᠬᠦᠯᠬᠦ ᠰᠠᠭᠤᠷᠢ ᠮᠦᠩᠬᠦ ᠳᠤ ᠤᠷᠤᠭᠤᠯᠵᠤ᠂ ᠤᠯᠤᠰ ᠲᠤ ᠡᠷᠬᠦᠭᠰᠡᠨ ᠢᠶᠠᠷ ᠪᠤᠳᠤᠨ᠎ᠠ᠃ | ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠠᠰᠠᠷᠠᠮᠵᠢ ᠶᠢᠨ ᠮᠦᠩᠬᠦ ᠶᠢ ᠬᠡᠷᠬᠢᠨ ᠪᠤᠳᠤᠬᠤ ᠪᠤᠢ︖ | ᠠᠰᠠᠷᠮᠠᠵᠢ ᠶᠢᠨ ᠮᠦᠩᠬᠦ ᠶᠢ ᠪᠤᠳᠤᠬᠤ ᠠᠷᠭ᠎ᠠ ᠲᠤᠩ ᠪᠤᠳᠤᠯᠢᠶᠠᠨᠳᠠᠢ ᠶᠤᠮ᠂ ᠤᠯᠤᠰ ᠠᠴᠠ ᠵᠢᠯ ᠪᠦᠷᠢ ᠨᠢᠬᠡ | ᠤᠳᠠᠭ᠎ᠠ ᠰᠦᠢᠳᠬᠡᠯ ᠲᠤᠰᠢᠶᠠᠬᠤ ᠰᠠᠭᠤᠷᠢ ᠲᠤᠭ᠎ᠠ ᠶᠢ ᠬᠤᠪᠢᠷᠠᠭᠤᠯᠳᠠᠭ᠃ ᠬᠡᠷᠪᠡ ᠲᠠ ᠤᠳᠤ 30 ᠨᠠᠰᠤᠳᠠᠢ ᠪᠤᠯ | ᠤᠳᠤᠬᠠᠨ ᠤ ᠰᠦᠢᠳᠬᠡᠯ ᠲᠤᠰᠢᠶᠠᠬᠤ ᠰᠠᠭᠤᠷᠢ ᠲᠤᠭ᠎ᠠ 3000 ᠲᠦᠬᠦᠷᠢᠭ᠂ ᠬᠡᠷᠪᠡ ᠠᠵᠢᠯ ᠠᠴᠠ ᠪᠠᠨ ᠠᠮᠠᠷᠠᠬᠤ | ᠨᠠᠰᠤ 55 ᠨᠠᠰᠤ ᠭᠦᠷᠪᠡᠯ᠂ ᠡᠷᠬᠡᠪᠰᠢ 40 ᠨᠠᠰᠤᠨ ᠠᠴᠠ ᠪᠠᠨ ᠡᠮᠦᠨ᠎ᠠ ᠡᠬᠢᠯᠡᠵᠤ ᠨᠠᠰᠤᠵᠢᠯ ᠤᠨ ᠲᠠᠭᠠᠳᠬᠠᠯ | ᠲᠤᠰᠢᠶᠠᠬᠤ ᠬᠡᠷᠡᠭᠳᠡᠢ᠃ ᠬᠡᠷᠪᠡ 30 ᠨᠠᠰᠤᠨ ᠠᠴᠠ ᠪᠠᠨ ᠡᠬᠢᠯᠡᠵᠤ ᠲᠤᠰᠢᠶᠠᠪᠠᠯ 55 ᠨᠠᠰᠤ ᠬᠦᠷᠳᠡᠯ᠎ᠡ ᠨᠠᠶᠢᠳᠠ | 25 ᠵᠢᠯ ᠲᠤᠰᠢᠶᠠᠨ᠎ᠠ᠃ ᠲᠡᠬᠡᠪᠡᠯ ᠶᠠᠭᠤᠨ ᠤ ᠡᠮᠦᠨ᠎ᠠ ᠲᠠ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠯᠠᠪᠳᠠᠢ | ᠠᠰᠠᠷᠠᠮᠵᠢ ᠶᠢᠨ ᠮᠦᠩᠬᠦ ᠤᠯᠵᠤ ᠬᠦᠷᠳᠡᠨ᠎ᠠ᠃ ᠲᠠᠷᠠᠭ᠎ᠠ ᠨᠢ᠂ ᠬᠡᠷᠪᠡ 25 ᠵᠢᠯ ᠤᠨ ᠲᠠᠷᠠᠭ᠎ᠠ ᠲᠠᠨ ᠤ ᠲᠤᠰᠢᠶᠠᠬᠰᠠᠨ | 3000 ᠲᠦᠬᠦᠷᠢᠭ ᠤᠨ ᠰᠠᠭᠤᠷᠢ ᠲᠤᠭ᠎ᠠ ᠨᠢᠬᠡᠨᠳᠡ 6000 ᠲᠦᠬᠦᠷᠢᠭ ᠪᠤᠯᠵᠤ ᠬᠤᠪᠢᠷᠠᠬᠰᠠᠨ ᠪᠤᠯ 55 | ᠨᠠᠰᠤᠨ ᠤ ᠦᠶ᠎ᠠ ᠳᠤ ᠰᠠᠷ᠎ᠠ ᠪᠦᠷᠢ 6000 × 20% = 1200 ᠲᠦᠬᠦᠷᠢᠭ ᠤᠨ ᠦᠨᠳᠦᠰᠦᠨ | ᠠᠰᠠᠷᠠᠮᠵᠢ ᠶᠢᠨ ᠮᠦᠩᠬᠦ ᠬᠦᠷᠳᠡᠨ᠎ᠡ᠂ ᠡᠳᠡᠭᠡᠷ ᠮᠦᠡᠭᠭᠦ ᠪᠤᠯ ᠪᠦᠷ ᠤᠯᠤᠰ ᠠᠴᠠ ᠲᠠᠨ ᠳᠤ ᠦᠭᠴᠤ ᠪᠠᠶᠢᠬᠤ ᠭᠡᠰᠡᠭ᠃ | ᠡᠬᠦᠨ ᠠᠴᠠ ᠭᠠᠳᠠᠨ᠎ᠠ ᠲᠡᠨ ᠤ ᠬᠤᠪᠢ ᠬᠦᠮᠦᠨ ᠤ ᠲᠠᠩᠰᠠᠨ ᠡᠷᠦᠬᠡ ᠳᠠᠬᠢ ᠵᠤᠭᠤᠰ 25 ᠵᠢᠯ ᠤᠨ ᠲᠤᠳᠤᠷ᠎ᠠ | ᠪᠠᠰᠠ ᠨᠡᠯᠢᠶᠡᠳ ᠠᠷᠪᠢᠨ ᠬᠠᠳᠠᠭᠠᠯᠠᠬᠳᠠᠬᠰᠠᠨ ᠨᠢ ᠮᠡᠳᠡᠬᠡᠵᠢ᠃ ᠡᠨᠡ ᠦᠶᠡᠰ ᠰᠦᠢᠳᠬᠡᠯ ᠲᠤᠰᠢᠶᠠᠬᠰᠠᠨ ᠰᠠᠭᠤᠷᠢ | ᠮᠦᠩᠬᠦ ᠶᠢ ᠲᠡᠭᠰᠢᠳᠬᠡᠵᠤ ᠪᠤᠳᠤᠨ ᠠ᠂ ᠲᠠᠷᠤᠢ ︵3000 + 6000︶ ÷ 2 = 4500᠂ ᠲᠡᠬᠡᠪᠡᠯ | ᠲᠡᠨ ᠤ 25 ᠵᠢᠯ ᠲᠤᠳᠤᠷ᠎ᠠ ᠬᠤᠪᠢ ᠬᠦᠮᠦᠨ ᠤ ᠲᠠᠩᠰᠠᠨ ᠡᠷᠦᠬᠡ ᠳᠤ ᠪᠠᠶᠢᠬᠤ ᠵᠤᠭᠤᠰ 4500 × 8% ︵ | ᠲᠠᠨ ᠤ ᠬᠤᠪᠢ ᠬᠦᠮᠦᠨ ᠤ ᠲᠤᠰᠢᠶᠠᠬᠰᠠᠨ ᠨᠠᠰᠤᠵᠢᠯ ᠤᠨ ᠲᠠᠭᠠᠳᠬᠠᠯ ᠤᠨ ᠬᠡᠰᠡᠭ︶ × 25 ᠵᠢᠯ × 12 ᠰᠠᠷ᠎ᠠ | = 108000 ᠲᠦᠬᠦᠷᠢᠭ᠃ 1200 ᠲᠦᠬᠦᠷᠢᠭ ᠤᠨ ᠦᠨᠳᠦᠰᠦᠨ ᠠᠰᠠᠷᠠᠮᠵᠢ ᠶᠢᠨ ᠮᠦᠩᠬᠦ ᠶᠢᠨ ᠲᠡᠭᠡᠷ᠎ᠡ ᠪᠠᠰᠠ | 108000 ÷ 120 = 900 ᠲᠦᠬᠦᠷᠢᠭ ᠢ ᠨᠡᠮᠡᠨ᠎ᠠ᠂ ᠡᠶᠢᠨᠬᠦ 55 ᠨᠠᠰᠤᠨ ᠠᠴᠠ ᠪᠠᠨ ᠡᠬᠢᠯᠡᠨ ᠰᠠᠷ᠎ᠠ ᠪᠦᠷᠢ | ᠨᠠᠭᠠᠨᠳᠤ ᠵᠠᠬ᠎ᠠ ᠳᠠᠭᠠᠨ 1200 + 900 = 2100 ᠲᠦᠬᠦᠷᠢᠭ ᠤᠨ ᠠᠰᠠᠷᠠᠮᠵᠢ ᠶᠢᠨ ᠮᠦᠩᠬᠦ ᠤᠯᠤᠨ᠎ᠠ᠃ | ᠶᠠᠷᠢᠶᠠᠨ ᠦᠬᠡᠢ᠂ ᠵᠢᠯ ᠪᠦᠷᠢ ᠤᠯᠤᠰ ᠤᠨ ᠨᠠᠰᠤᠵᠢᠯ ᠤᠨ ᠲᠠᠭᠠᠳᠬᠠᠯ ᠤᠨ ᠰᠠᠭᠤᠷᠢ ᠲᠤᠭ᠎ᠠ ᠦᠰᠴᠦ ᠯᠠ ᠪᠠᠶᠢᠨ᠎ᠠ᠂ | ᠡᠶᠢᠨᠬᠦ ᠵᠢᠯ ᠪᠦᠷᠢ 900 ᠲᠦᠬᠦᠷᠢᠭ ᠠᠴᠠ ᠭᠠᠳᠠᠨ᠎ᠠ᠂ ᠰᠠᠷ᠎ᠠ ᠪᠦᠷᠢ 1200 ᠲᠦᠬᠦᠷᠢᠭ ᠠᠴᠠ ᠬᠤᠯᠠ ᠢᠯᠡᠬᠦᠦ | ᠠᠰᠠᠷᠠᠮᠵᠢ ᠶᠢᠨ ᠮᠦᠩᠬᠦ ᠤᠯᠬᠤ ᠪᠤᠯᠤᠮᠵᠢ ᠲᠠᠢ᠂ ᠡᠶᠢᠮᠦ ᠠᠴᠠ ᠨᠠᠰᠤᠵᠢᠯ ᠤᠨ ᠲᠠᠭᠠᠳᠬᠠᠯ ᠢ ᠬᠡᠳᠦᠢ ᠠᠷᠪᠢᠨ | ᠲᠤᠰᠢᠶᠠᠪᠠᠯ ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠲᠡᠳᠦᠢ ᠠᠷᠪᠢᠨ ᠴᠠᠯᠢᠩ ᠤᠯᠤᠨ᠎ᠠ ᠬᠡᠰᠡᠨ ᠦᠬᠡ᠃ | ᠰᠠᠨᠠᠭᠤᠯᠭ᠎ᠠ᠄ ᠦᠳᠡᠯᠦᠬᠡ ᠨᠠᠰᠤᠨ ᠤ ᠠᠰᠠᠷᠠᠮᠵᠢ ᠨᠢ ᠨᠠᠰᠤᠵᠢᠯ ᠤᠨ ᠲᠠᠭᠠᠳᠬᠠᠯ ᠳᠤ ᠯᠡ ᠲᠦᠰᠢᠭᠯᠡᠭᠡᠳ | ᠬᠦᠷᠬᠦ ᠦᠬᠡᠢ︕ ᠤᠳᠤᠬᠠᠨ ᠳᠤ ᠮᠠᠨ ᠤ ᠤᠯᠤᠰ ᠤᠨ ᠨᠠᠰᠤᠵᠢᠯ ᠤᠨ ᠲᠠᠭᠠᠳᠬᠠᠯ ᠤᠨ ᠲᠦᠷᠢᠮ ᠨᠢ ︽ᠬᠤᠳᠠ | ᠪᠠᠯᠭᠠᠰᠤᠨ ᠤ ᠠᠵᠢᠯᠳᠠᠨ ᠤ ᠦᠨᠳᠦᠰᠦᠨ ᠲᠠᠭᠠᠳᠬᠠᠯ︾ ᠢᠶᠠᠷ ᠭᠤᠤᠯ ᠪᠤᠯᠭᠠᠵᠤ ᠪᠤᠢ᠃ ᠠᠵᠢᠯ ᠠᠴᠠ ᠪᠠᠨ | ᠠᠮᠠᠷᠠᠬᠰᠠᠨ ᠤ ᠲᠠᠷᠠᠭ᠎ᠠ ᠨᠡᠶᠢᠬᠡᠮ ᠤᠨ ᠲᠠᠭᠠᠳᠬᠠᠯ ᠤᠨ ᠰᠢᠰᠲ᠋ᠧᠮ ᠠᠴᠠ ᠠᠰᠠᠷᠠᠮᠵᠢ ᠶᠢᠨ ᠮᠦᠩᠬᠦ ᠠᠪᠴᠤ ᠪᠤᠯᠤᠨ᠎ᠠ᠃ | ᠬᠡᠬᠦ ᠳᠡᠭᠡᠨ ᠨᠡᠶᠢᠬᠡᠮ ᠤᠨ ᠲᠠᠭᠠᠤᠨᠬᠠᠯ ᠨᠢ ᠵᠦᠪᠬᠡᠨ ᠦᠨᠳᠦᠰᠦᠨ ᠠᠮᠢᠳᠦᠷᠠᠯ ᠢ ᠴᠢᠨᠢ ᠪᠠᠳᠤᠯᠠᠨ᠎ᠠ᠂ ᠡᠶᠢᠨᠬᠦ | ᠠᠵᠢᠯ ᠠᠴᠠ ᠪᠠᠨ ᠠᠮᠠᠷᠠᠬᠰᠠᠨ ᠤ ᠲᠠᠷᠠᠭ᠎ᠠ ᠲᠡᠨ ᠤ ᠬᠡᠷᠡᠭᠯᠡᠬᠡᠨ ᠤ ᠲᠦᠪᠰᠢᠨ ᠴᠤ ᠪᠠᠭᠤᠷᠠᠬᠤ ᠦᠬᠡᠢ ᠪᠠᠶᠢᠬᠤ ᠶᠢᠨ | ᠠᠷᠭ᠎ᠠ ᠦᠬᠡᠢ ᠰᠢᠦ᠃ ︵ᠠᠷᠠᠳ ᠤᠨ ᠰᠦᠯᠵᠢᠶ᠎ᠡ︶ | |