| ᠤᠶᠤᠨᠴᠢ ᠭᠠᠷ ᠤᠳᠠᠰᠤ ᠲᠦᠭᠡᠮᠡᠯᠵᠢᠭᠰᠡᠨ ᠠᠴᠠ ᠭᠠᠵᠠᠷ ᠰᠠᠢ ᠦᠭᠡᠢ WiFi ᠭᠠᠷᠴᠤ ᠢᠷᠡᠪᠡ᠃ ᠡᠨᠡ ᠨᠢ | ᠬᠦᠮᠦᠰ ᠤᠨ ᠠᠮᠢᠳᠤᠷᠠᠯ ᠳᠤ ᠮᠠᠰᠢ ᠲᠦᠭᠦᠮ ᠦᠵᠡᠭᠦᠯᠬᠦ ᠶᠢᠨ ᠬᠠᠮᠳᠣ ᠪᠠᠰᠠ ᠨᠡᠩ ᠤᠯᠠᠨ ᠦᠯᠦ ᠦᠵᠡᠭᠳᠡᠬᠦ | ︽ᠤᠨᠠᠭᠤᠯᠢ︾ ᠶᠢ ᠪᠤᠢ ᠪᠤᠯᠭᠠᠵᠠᠢ᠃ ᠲᠦᠪ ᠤᠨ ᠲᠧᠯᠸᠢᠰ ᠬᠤᠷᠢᠶ᠎ᠠ ᠶᠢᠨ ︽3 · 15︾ ᠤ ᠦᠳᠡᠰᠢᠯᠡᠭᠡ ᠶᠢᠨ | ᠠᠬᠤᠢ ᠲᠠᠯᠠᠪᠤᠷ ᠲᠤ ᠢᠯᠡᠴᠢᠯᠡᠭᠰᠡᠨ ᠲᠡᠳᠡᠭᠡᠷ ︽ᠬᠠᠷ᠎ᠠ WiFi︾ ᠶᠢᠨ ᠤᠨᠠᠭᠤᠯᠢ ᠨᠢ ᠦᠷᠭᠡᠨ ᠤᠯᠠᠨ WiFi | ᠬᠡᠷᠡᠭᠯᠡᠭᠴᠢᠳ ᠤᠨ ᠬᠤᠶᠢᠬ᠎ᠠ ᠶᠢᠨ ᠦᠰᠦ ᠶᠢ ᠪᠤᠰᠬᠠᠵᠠᠢ᠃ ᠡᠮᠦᠨᠡᠬᠡᠨ᠂ 360 ᠭᠠᠷ ᠤᠳᠠᠰᠤᠨ ᠤ ᠠᠮᠤᠷ | ᠲᠦᠪᠰᠢᠨ ᠤ ᠲᠦᠪ ᠤᠨ ᠨᠡᠶᠢᠳᠡᠯᠡᠭᠰᠡᠨ ︽2015 ᠤᠨ ᠤ ᠲᠤᠮᠳᠠᠳᠤ ᠤᠯᠤᠰ ᠤᠨ WiFi ᠶᠢᠨ ᠠᠮᠤᠷ | ᠲᠦᠪᠰᠢᠨ ᠤ ᠨᠤᠭᠤᠭᠠᠨ ᠭᠠᠳᠠᠷᠲᠤ ᠪᠢᠴᠢᠭ︾ ᠲᠤ ᠵᠠᠳᠠᠷᠠᠭᠤᠯᠣᠭᠰᠠᠨ ᠢᠶᠠᠷ᠂ ᠤᠯᠠᠨ ᠨᠡᠶᠢᠲᠡ ᠶᠢᠨ ᠲᠠᠯᠠᠪᠤᠷ ᠤᠨ | ᠢᠷᠡᠯᠲᠡ ᠨᠢ ᠲᠤᠳᠤ ᠪᠤᠰᠤ WiFi ᠶᠢ ︽ᠬᠡᠷᠡᠭᠯᠡᠭᠰᠡᠨ︾ ᠠᠴᠠ ᠪᠤᠯᠵᠤ ᠮᠠᠨ ᠤ ᠤᠯᠤᠰ ᠤᠨ ᠰᠦᠯᠵᠢᠶ᠎ᠠ | ᠠᠰᠢᠬᠯᠠᠭᠴᠢᠳ ᠵᠢᠯ ᠪᠦᠷᠢ 50 ᠭᠠᠷᠤᠢ ᠳ᠋ᠦᠡᠭᠰᠢᠭᠤᠷ ᠲᠦᠭᠦᠷᠢᠭ ᠤᠨ ᠠᠵᠤ ᠠᠬᠤᠢ ᠶᠢᠨ ᠬᠤᠬᠢᠷᠠᠯ ᠳᠤ | ᠤᠴᠠᠷᠠᠵᠤ ᠪᠣᠢ᠃ | ᠳᠣᠳᠣᠭᠠᠳᠣ ᠶᠢ ᠬᠠᠮᠠᠭᠠᠯᠠᠬᠤ ᠪᠠᠶᠢᠭᠤᠯᠣᠯᠭ᠎ᠠ ᠠᠴᠠ᠂ ᠲᠡᠳᠡᠭᠡᠷ ᠤᠯᠠᠨ ᠨᠡᠶᠢᠲᠡ ᠶᠢᠨ ᠲᠠᠯᠠᠪᠤᠷ ᠤᠨ | ᠢᠷᠡᠯᠲᠡ ᠨᠢ ᠲᠤᠳᠤ ᠦᠭᠡᠢ WiFi ᠨᠢ 6 ᠶᠡᠭᠡ ᠠᠮᠤᠷ ᠲᠦᠪᠰᠢᠨ ᠤ ᠭᠡᠮ ᠰᠤᠭᠤᠭ ᠤᠷᠤᠰᠢᠵᠤ ᠪᠠᠶᠢᠳᠠᠭ | ᠪᠤᠯᠬᠤᠷ ᠶᠠᠯᠢᠮ ᠦᠭᠡᠢ ᠵᠦᠢᠯ ᠳᠤ ᠰᠢᠨᠤᠬᠠᠢᠢᠷᠠᠵᠤ ᠪᠠᠶᠢᠭᠠᠳ ᠤᠯᠠᠮ ᠦᠭᠡᠢ ᠭᠠᠷᠤᠵᠠ ᠳᠤ ᠤᠨᠠᠬᠤ ᠠᠴᠠ | ᠬᠡᠷᠰᠡᠤᠯᠡᠭᠡᠷᠡᠢ ᠭᠡᠵᠦ ᠦᠷᠭᠡᠨ ᠤᠯᠠᠨ ᠰᠦᠯᠵᠢᠶ᠎ᠡ ᠠᠰᠢᠬᠯᠠᠭᠴᠢᠳ ᠲᠤ ᠰᠠᠨᠠᠭᠤᠯᠵᠤ ᠪᠠᠶᠢᠨ᠎ᠠ᠃ | 1. ᠪᠦᠬᠦ ᠤᠯᠤᠰ ᠤᠨ ᠤᠯᠠᠨ ᠨᠡᠶᠢᠲᠡ ᠶᠢᠨ ᠲᠠᠯᠠᠪᠤᠷ ᠤᠨ 21% ᠶᠢᠨ WiFi ᠠᠮᠤᠷ ᠲᠦᠪᠰᠢᠨ ᠤ ᠭᠡᠮ | ᠰᠤᠭᠤᠭ ᠤᠷᠤᠰᠢᠵᠤ᠂ ᠲᠦᠯᠦᠪᠦᠷᠢ ᠠᠪᠬᠤ ᠦᠭᠡᠢ ᠪᠠᠷ ᠰᠢᠭᠤᠳ ᠬᠤᠯᠪᠤᠭᠰᠠᠨ ᠰᠦᠯᠵᠢᠶ᠎ᠡ ᠨᠢ ᠴᠦᠮ | ᠪᠤᠰᠤᠳ ᠤᠨ ᠵᠠᠮᠨᠠᠭᠤᠷ ᠮᠠᠰᠢᠨ ᠠᠴᠠ ᠰᠠᠴᠤᠷᠠᠭᠤᠯᠤᠭᠰᠠᠨ ᠲᠤᠬᠢᠶ᠎ᠠ ᠪᠠᠶᠢᠵᠤ᠂ ᠬᠤᠪᠢ ᠬᠦᠮᠦᠨ ᠤ ᠨᠢᠭᠤᠴᠠ | ᠵᠠᠳᠠᠷᠠᠬᠤ ᠠᠶᠤᠯ ᠲᠠᠢ᠃ | 2. ᠭᠠᠷ ᠤᠳᠠᠰᠤᠨ ᠳᠠᠭᠠᠨ ᠤᠭᠰᠠᠷᠠᠭᠰᠠᠨ ᠬᠠᠷᠢᠯᠴᠠᠭᠠᠨ ᠤ ᠰᠢᠯᠵᠢᠶ᠎ᠡ ᠶᠢᠨ ᠨᠢᠭᠤᠴᠠ ᠨᠣᠮᠧᠷ ᠤᠨ | ᠤᠯᠠᠩᠭᠢ ᠨᠢ ᠴᠦᠮ ᠢᠷᠡᠯᠳᠡ ᠨᠢ ᠲᠤᠳᠤ ᠦᠭᠡᠢ WiFi ᠬᠡᠷᠡᠭᠯᠡᠭᠰᠡᠨ ᠠᠴᠠ ᠪᠤᠯᠵᠤ ᠵᠠᠳᠠᠷᠠᠭᠰᠠᠨ ᠭᠡᠵᠦ ᠲᠤᠰᠬᠠᠢ | ᠮᠡᠷᠭᠡᠵᠢᠯᠳᠡᠳ ᠦᠵᠡᠵᠦ ᠪᠣᠢ᠃ | 3. ᠬᠡᠷᠡᠭᠯᠡᠭᠴᠢᠳ ᠬᠡᠷᠪᠡ ᠢᠷᠡᠯᠳᠡ ᠨᠢ ᠲᠤᠳᠤ ᠦᠭᠡᠢ ︽ᠤᠨᠠᠭᠤᠯᠢ WiFi︾ ᠶᠢ ᠬᠤᠯᠪᠤᠭᠰᠠᠨ ᠪᠠᠶᠢᠪᠠᠯ | ᠂ ᠬᠤᠪᠢ ᠬᠦᠮᠦᠨ ᠤ ᠭᠠᠷ ᠤᠳᠠᠰᠤᠨ ᠤ ᠪᠠᠩᠭᠢ ᠵᠡᠷᠭᠡ ᠮᠦᠡᠭᠭᠦᠨ ᠭᠦᠢᠯᠭᠡᠭᠡᠨ ᠤ ᠬᠡᠷᠡᠭᠯᠡᠭᠡᠨ ᠤ ᠰᠢᠯᠵᠢᠶ᠎ᠡ ᠶᠢᠨ | ᠨᠢᠭᠤᠴᠠ ᠨᠣᠮᠧᠷ ᠨᠢ ᠲᠡᠳᠡᠭᠡᠷ ᠬᠠᠤᠯᠢ ᠪᠤᠰᠤ ᠡᠳᠡᠭᠡᠳ ᠤᠨ ᠭᠠᠷ ᠲᠤ ᠤᠷᠤᠬᠤ ᠠᠶᠤᠯ ᠲᠠᠢ᠃ | 4. ᠬᠡᠷᠡᠭᠯᠡᠭᠴᠢ ᠬᠡᠷᠪᠡ ︽ᠤᠨᠠᠭᠤᠯᠢ WiFi︾ ᠶᠢ ᠬᠤᠯᠪᠤᠭᠠᠳ ᠨᠡᠭᠡᠭᠳᠡᠭᠰᠡᠨ ᠰᠦᠯᠵᠢᠶᠡᠨ ᠨᠢᠭᠤᠷ ᠲᠤ | ᠤᠷᠤᠪᠠᠯ᠂ ᠬᠡᠷᠡᠭᠯᠡᠭᠴᠢ ᠶᠢᠨ ᠭᠠᠷ ᠤᠳᠠᠰᠤ ᠰᠦᠯᠵᠢᠶᠡᠨ ᠤ ᠸᠧᠷᠦ᠋ᠰ ᠲᠤ ᠤᠨᠤᠭᠳᠠᠬᠤ ᠪᠤᠯᠤᠮᠵᠢ ᠮᠠᠰᠢ ᠶᠡᠭᠡ᠃ | 5. ᠤᠯᠠᠨ ᠨᠡᠶᠢᠲᠡ ᠶᠢᠨ ᠲᠠᠯᠠᠪᠤᠷ ᠲᠤ ᠤᠴᠢᠬᠤ ᠳᠠᠭᠠᠨ ᠭᠠᠷ ᠤᠳᠠᠰᠤᠨ ᠤ ᠪᠠᠨ WiFi ᠰᠢᠭᠤᠳ | ᠵᠠᠯᠭᠠᠭᠳᠠᠬᠤ ᠨᠡᠭᠡᠯᠬᠡᠢ ᠪᠠᠨ ᠬᠠᠭᠠᠵᠤ ᠬᠠᠶᠠᠪᠠᠯ ᠵᠤᠬᠢᠨ᠎ᠠ᠃ ᠲᠡᠳᠡᠭᠡᠷ ᠢᠷᠡᠯᠲᠡ ᠨᠢ ᠲᠤᠳᠤ ᠦᠭᠡᠢ WiFi ᠶᠢ | ᠵᠠᠯᠭᠠᠵᠤ ᠬᠡᠷᠡᠭᠯᠡᠭᠰᠡᠨ ᠴᠤ ᠬᠤᠪᠢ ᠶᠢᠨ ᠨᠢᠭᠤᠴᠠ ᠲᠠᠢ ᠬᠤᠯᠪᠤᠭᠳᠠᠬᠤ ᠰᠢᠯᠵᠢᠶ᠎ᠠ ᠪᠠᠨ ᠠᠯᠢ ᠴᠢᠳᠠᠬᠤ ᠪᠠᠷ ᠬᠡᠷᠡᠭᠯᠡᠬᠦ | ᠦᠭᠡᠢ ᠪᠠᠶᠢᠬᠤ ᠶᠢ ᠬᠢᠴᠢᠶᠡᠭᠳᠦᠨ᠃ | 6. ᠢᠷᠡᠯᠲᠡ ᠨᠢ ᠲᠤᠳᠤ ᠦᠭᠡᠢ WiFi ᠶᠢ ᠬᠤᠯᠪᠤᠬᠤ ᠳᠠᠭᠠᠨ᠂ ᠭᠠᠷ ᠤᠳᠠᠰᠤᠨ ᠤ ᠠᠮᠤᠷ ᠲᠦᠪᠰᠢᠨ ᠤ | ᠬᠠᠮᠠᠭᠠᠯᠠᠭᠴᠢ ᠲᠤᠨᠤᠭᠯᠠᠯ ᠢᠶᠠᠷ ᠨᠠᠷᠢᠪᠴᠢᠯᠠᠨ ᠰᠢᠷᠪᠢᠬᠦ ᠨᠢ ᠮᠠᠰᠢ ᠴᠢᠬᠤᠯᠠ ᠬᠠᠮᠠᠭᠠᠯᠠᠬᠤ ᠦᠢᠯᠡᠳᠦᠯ ᠲᠠᠢ᠃ | 7. ᠠᠯᠢ ᠴᠢᠳᠠᠬᠤ ᠪᠠᠷ ᠢᠷᠡᠯ ᠭᠠᠷᠤᠯ ᠢ ᠨᠢ ᠮᠡᠳᠡᠬᠦ WiFi ᠶᠢ ᠬᠡᠷᠡᠭᠯᠡᠬᠦ ᠶᠢ ᠬᠢᠴᠢᠶᠡᠬᠦ ᠬᠡᠷᠡᠭᠲᠡᠢ᠂ ᠶᠠᠯᠢᠮ | ᠦᠭᠡᠢ ᠵᠦᠢᠯ ᠳᠤ ᠰᠢᠨᠤᠬᠠᠢᠢᠷᠠᠵᠤ ᠪᠠᠶᠢᠭᠠᠳ ᠤᠯᠠᠮ ᠦᠭᠡᠢ ᠭᠠᠷᠤᠵᠠ ᠳᠤ ᠤᠨᠠᠬᠤ ᠠᠴᠠ ᠬᠡᠷᠡᠰᠡᠤᠯᠡᠭᠡᠷᠡᠢ︕ | |