| ᠨᠠᠮᠤᠷ ᠤᠨ ᠰᠡᠷᠢᠬᠦᠨ ᠤᠷᠤᠬᠤ ᠦᠶ᠎ᠠ ᠳᠤ ᠲᠦᠷᠦᠯ ᠪᠦᠷᠢ ᠶᠢᠨ ᠮᠠᠯ ᠤᠨ ᠬᠠᠷᠢᠭᠤᠯᠭ᠎ᠠ ᠮᠠᠯᠯᠠᠭ᠎ᠠ ᠶᠢᠨ | ᠭᠤᠤᠯ ᠵᠤᠷᠢᠯᠳᠠ ᠨᠢ ᠠᠯᠤᠰ ᠤᠨ ᠤᠳᠤᠷ ᠲᠤ ᠭᠠᠷᠴᠤ ᠤᠶᠢᠷ᠎ᠠ ᠤᠶᠢᠷᠠᠬᠠᠨ ᠬᠤᠭᠤᠴᠠᠭᠠᠨ ᠳᠤ ᠲᠤᠪᠰᠢᠨ ᠨᠡᠬᠦᠵᠤ | ᠰᠤᠷᠭᠤᠭ ᠰᠠᠶᠢᠨ ᠨᠤᠳᠤᠭ ᠪᠡᠯᠴᠢᠭᠡᠷ ᠰᠡᠯᠬᠦᠴᠡᠬᠦᠯᠬᠦ ᠵᠢᠷᠦᠮ ᠢᠶᠠᠷ ᠮᠠᠯ ᠳᠤ ᠦᠭᠡᠬᠦᠨ ᠲᠠᠷᠭᠤ ᠠᠪᠤᠭᠤᠯᠬᠤ ᠶᠠᠪᠤᠳᠠᠯ | ᠶᠤᠮ᠃ ᠮᠥᠨ ᠡᠬᠦᠨ ᠤ ᠵᠡᠷᠭᠡᠴᠡᠭᠡ ᠪᠤᠭ ᠮᠠᠯ ᠤᠨ ᠬᠡᠭᠡᠯᠳᠦᠬᠦᠯᠭᠡ ᠶᠠᠪᠤᠭᠤᠯᠬᠤ᠂ ᠬᠤᠨᠢ ᠠᠬᠤᠷᠯᠠᠬᠤ᠂ ᠰᠠᠭᠠᠯᠢ | ᠶᠢᠨ ᠦᠨᠢᠶ᠎ᠠ ᠲᠤᠭᠤᠯ ᠢ ᠤᠳᠤᠷᠯᠠᠨ ᠲᠠᠷᠭᠤᠯᠠᠭᠤᠯᠬᠤ᠂ ᠬᠡᠬᠦᠤ ᠶᠢᠨ ᠰᠠᠭᠠᠯᠢ ᠰᠦ ᠶᠢ ᠠᠰᠢᠭᠯᠠᠬᠤ ᠵᠡᠷᠭᠡ ᠠᠵᠢᠯ | ᠶᠠᠪᠤᠭᠳᠠᠨ᠎ᠠ᠃ | | ᠪᠤᠭ ᠮᠠᠯ ᠤᠨ ᠬᠠᠷᠢᠭᠤᠯᠭ᠎ᠠ ᠮᠠᠯᠯᠠᠭ᠎ᠠ | | | ᠵᠤᠨ ᠤ ᠰᠡᠬᠦᠯᠴᠢ᠂ ᠨᠠᠮᠤᠷ ᠤᠨ ᠡᠬᠢᠨ ᠦᠶ᠎ᠠ ᠳᠤ ᠴᠠᠭ ᠠᠭᠠᠷ ᠤᠨ ᠪᠠᠶᠢᠳᠠᠯ ᠬᠠᠷᠢᠴᠠᠩᠭᠤᠢ ᠲᠤᠯᠠᠭᠠᠨ | ᠪᠠᠶᠢᠬᠤ ᠪᠤᠯᠪᠠᠴᠤ ᠬᠠᠯᠠᠭᠤᠨ ᠤ ᠡᠷᠴᠢ ᠪᠠᠭᠤᠷᠠᠵᠤ ᠨᠠᠮᠤᠷ ᠤᠨ ᠰᠡᠷᠢᠬᠦᠨ ᠤᠷᠤᠵᠤ ᠡᠬᠢᠯᠡᠳᠡᠭ ᠤᠨ ᠬᠠᠮᠳᠤ ᠢᠯᠠᠭ᠎ᠠ | ᠰᠢᠮᠠᠭᠤᠯ ᠪᠠᠭᠠᠰᠴᠤ ᠰᠡᠬᠦᠯ ᠳᠡᠭᠡᠨ ᠪᠠᠶᠢᠬᠤ ᠦᠭᠡᠢ ᠪᠤᠯᠳᠠᠭ ᠤᠴᠢᠷ ᠮᠠᠯ ᠪᠠᠯᠴᠢᠭᠡᠷ ᠲᠤ ᠲᠠᠪᠠᠳᠠᠢ ᠢᠳᠡᠰᠢᠯᠡᠵᠤ | ᠲᠠᠷᠭᠤ ᠬᠦᠴᠦ ᠰᠠᠶᠢᠨ ᠠᠪᠬᠤ ᠬᠠᠮᠤᠭ ᠤᠨ ᠲᠠᠭᠠᠳᠠᠢ ᠦᠶ᠎ᠠ ᠪᠠᠶᠢᠳᠠᠭ᠃ | ᠨᠠᠮᠤᠷ ᠤᠨ ᠬᠤᠨᠢ ᠢᠮᠠᠭ᠎ᠠ ᠶᠢ ᠨᠢᠭᠡ ᠨᠤᠳᠤᠭ ᠪᠡᠯᠴᠢᠭᠡᠷ ᠲᠤ ᠤᠳᠠᠭᠠᠨ ᠬᠤᠭᠤᠴᠠᠭ᠎ᠠ ᠪᠠᠷ ᠪᠠᠶᠢᠯᠭᠠᠪᠠᠯ | ᠲᠤᠬᠠᠢ ᠶᠢᠨ ᠪᠡᠯᠴᠢᠭᠡᠷ ᠤᠨ ᠡᠪᠡᠰᠤ ᠤᠷᠭᠤᠮᠠᠯ ᠶᠡᠭᠡ ᠬᠡᠮᠵᠢᠶ᠎ᠠ ᠪᠠᠷ ᠬᠢᠰᠭᠢᠭᠳᠡᠨ ᠲᠠᠯᠬᠢᠯᠠᠭᠳᠠᠵᠤ ᠮᠠᠯ ᠠᠮᠠᠷᠬᠠᠨ | ᠤᠶᠢᠳᠵᠤ ᠰᠢᠨ᠎ᠠ ᠰᠤᠷᠭᠤᠭ ᠪᠡᠯᠴᠢᠭᠡᠷ ᠮᠦᠷᠦᠭᠡᠳᠦᠨ ᠲᠠᠷᠭᠤᠯᠠᠬᠤ ᠨᠢ ᠮᠠᠭᠤᠳᠠᠨ᠎ᠠ᠃ ᠡᠶᠢᠮᠤ ᠠᠴᠠ ᠪᠡᠯᠴᠢᠭᠡᠷ ᠤᠨ | ᠡᠪᠡᠰᠤ ᠤᠷᠭᠤᠮᠠᠯ ᠤᠨ ᠰᠢᠮᠡᠳᠤ ᠴᠢᠨᠠᠷ ᠰᠠᠶᠢᠨ ᠪᠤᠯᠤᠨ ᠴᠠᠭ ᠠᠭᠠᠷ ᠤᠨ ᠬᠤᠪᠢ ᠳᠤ ᠮᠠᠰᠢ ᠲᠠᠭᠠᠯᠠᠮᠵᠢᠳᠠᠢ ᠨᠠᠮᠤᠷ | ᠤᠨ ᠰᠢᠷ᠎ᠠ ᠨᠠᠷᠠᠨ ᠤ ᠨᠠᠯᠠᠭᠠᠷ ᠰᠠᠶᠢᠬᠠᠨ ᠡᠨᠡ ᠦᠶ᠎ᠠ ᠶᠢ ᠠᠰᠢᠭᠯᠠᠵᠤ ᠰᠤᠷᠭᠤᠭ ᠰᠠᠶᠢᠬᠠᠨ ᠤᠰᠤ ᠪᠡᠯᠴᠢᠭᠡᠷ ᠲᠠᠢ | ᠨᠤᠳᠤᠭ ᠲᠤ ᠴᠠᠭ ᠤᠯᠠᠷᠢᠯ ᠦᠭᠡᠢ ᠤᠳᠤᠷ ᠨᠡᠬᠦᠳᠡᠯ ᠬᠢᠵᠤ ᠮᠠᠯ ᠳᠠᠭᠠᠨ ᠲᠡᠭᠡᠳᠤ ᠵᠡᠷᠭᠡ ᠶᠢᠨ ᠲᠠᠷᠭᠤ ᠬᠦᠴᠤ | ᠠᠪᠤᠭᠤᠯᠬᠤ ᠠᠵᠢᠯ ᠢ ᠡᠷᠴᠢᠮᠳᠠᠢ ᠵᠤᠬᠢᠶᠠᠬᠤ ᠨᠢ ᠴᠢᠬᠤᠯᠨ᠃ ᠢᠩᠬᠢᠵᠤ ᠰᠦᠯ ᠰᠠᠶᠢᠳᠠᠢ ᠨᠤᠳᠤᠭ ᠪᠡᠯᠴᠢᠭᠡᠷ | ᠲᠠᠭᠠᠵᠤ ᠤᠶᠢᠳᠤᠭᠠ ᠦᠭᠡᠢ ᠨᠡᠬᠦᠵᠤ ᠤᠳᠤᠷᠯᠠᠪᠠᠯ ᠮᠠᠯ ᠨᠢ 12 ᠳ᠋ᠤᠭᠠᠷ ᠰᠠᠷ᠎ᠠ ᠭᠠᠷᠳᠠᠯ᠎ᠠ ᠴᠤ ᠲᠠᠷᠭᠤᠯᠠᠬᠤ | ᠪᠤᠯᠤᠮᠵᠢᠳᠠᠢ᠃ ᠨᠠᠮᠤᠷ ᠤᠨ ᠡᠬᠢᠨ ᠤ ᠦᠶ᠎ᠠ ᠳᠤ ᠬᠢᠶᠠᠭ᠂ ᠬᠠᠵᠠᠭᠠᠷ᠂ ᠶᠦᠷᠬᠦᠭ᠂ ᠠᠬᠢ᠂ ᠪᠠᠭᠠᠯᠤᠤᠷ᠂ ᠵᠠᠭ ᠤᠨ | ᠨᠠᠪᠴᠢ ᠵᠡᠷᠭᠡ ᠰᠢᠮ᠎ᠠ ᠲᠡᠵᠢᠭᠡᠯ ᠰᠠᠶᠢᠳᠠᠢ᠂ ᠨᠠᠷᠢᠨ ᠰᠤᠷᠭᠤᠭ ᠡᠪᠡᠰᠤ ᠤᠷᠭᠤᠮᠠᠯ ᠲᠠᠢ ᠦᠨᠳᠦᠷᠳᠡᠬᠦᠤ ᠭᠠᠵᠠᠷ ᠪᠠ | ᠰᠡᠷᠢᠬᠦᠨ ᠠᠮᠢᠰᠬᠤᠯ ᠤᠷᠤᠵᠤ ᠨᠠᠮᠤᠷᠰᠢᠬᠤ ᠲᠤᠳᠤᠮ ᠪᠠᠷᠳᠠᠭ᠎ᠠ ᠪᠠᠭ᠎ᠠ ᠲᠠᠢ᠂ ᠨᠠᠮ ᠲᠤᠤᠷ᠎ᠠ ᠭᠠᠵᠠᠷ ᠤᠨ ᠤᠰᠤ | ᠬᠤᠵᠢᠷ ᠡᠯᠪᠡᠭᠳᠠᠢ ᠲᠦᠷᠸᠠ᠂ ᠬᠡᠷᠡᠰᠤ᠂ ᠪᠤᠵᠢᠮᠤᠭ᠂ ᠬᠦᠮᠡᠯᠢ᠂ ᠭᠤᠭᠤᠳ᠂ ᠪᠤᠳᠢᠭᠤᠯ᠂ ᠪᠤᠳᠤᠷᠭᠠᠨ᠎ᠠ᠂ | ᠬᠦᠴᠢᠩᠬᠢ᠂ ᠰᠢᠷᠠᠯᠵᠢ᠂ ᠴᠤᠯᠢᠬᠢᠷ᠂ ᠪᠠᠭᠠᠯᠤᠤᠷ᠂ ᠬᠤᠷᠠᠭᠠᠨ ᠴᠢᠬᠢ᠂ ᠲᠠᠭᠠᠨ᠎ᠠ᠂ ᠮᠠᠩᠬᠢᠷ᠂ ᠬᠢᠶᠠᠭ᠂ ᠬᠠᠵᠠᠭᠠᠷ᠂ | ᠶᠦᠷᠬᠦᠭ᠂ ᠠᠬᠢ᠂ ᠬᠢᠯᠭᠠᠨ᠎ᠠ ᠵᠡᠷᠭᠡ ᠤᠷᠭᠤᠮᠠᠯ ᠲᠠᠢ ᠪᠡᠯᠴᠢᠭᠡᠷ ᠤᠨ ᠰᠦᠯ ᠬᠦᠭᠡᠭᠡᠵᠤ 10 —15 ᠬᠤᠨᠤᠭ ᠤᠨ | ᠬᠤᠭᠤᠴᠠᠭᠠᠨ ᠳᠤ ᠤᠶᠢᠷ᠎ᠠ ᠤᠶᠢᠷᠠᠬᠠᠨ ᠲᠤᠪᠰᠢᠨ ᠨᠡᠬᠦᠬᠦ ᠵᠢᠷᠦᠮ ᠢᠶᠠᠷ ᠤᠳᠤᠷᠯᠠᠬᠤ ᠨᠢ ᠤᠨᠴᠨ ᠰᠠᠶᠢᠨ | ᠲᠤᠬᠢᠷᠠᠮᠵᠢᠳᠠᠢ᠃ ᠬᠠᠷᠢᠨ ᠲᠡᠬᠡᠬᠦ ᠳᠡᠭᠡᠨ ᠨᠡᠬᠦᠳᠡᠯᠯᠡᠨ ᠤᠴᠢᠬᠤ ᠭᠠᠵᠠᠷ ᠤᠨ ᠪᠡᠯᠴᠢᠭᠡᠷ ᠢ ᠤᠷᠢᠳᠴᠢᠯᠠᠨ ᠦᠵᠡᠵᠤ | ᠬᠠᠮᠢᠭ᠎ᠠ ᠪᠠᠭᠤᠬᠤ ᠪᠠᠨ ᠲᠤᠭᠳᠠᠭᠠᠵᠤ ᠪᠠᠶᠢᠪᠠᠯ ᠵᠤᠬᠢᠨ᠎ᠠ᠃ ᠡᠬᠦᠨ ᠤ ᠲᠤᠯᠠᠳᠠ ᠤᠶᠢᠷ᠎ᠠ ᠤᠷᠴᠢᠮ ᠤᠨ ᠦᠨᠳᠦᠷᠯᠢᠭ | ᠲᠡᠭᠡᠷ᠎ᠠ ᠭᠠᠷᠴᠤ ᠠᠯᠤᠰᠯᠠᠨ ᠬᠠᠷᠠᠬᠤ ᠳᠤ ᠡᠪᠡᠰᠤ ᠨᠤᠭᠤᠭᠠᠨ ᠤ ᠦᠩᠭᠡ ᠬᠦᠷᠡᠩ ᠪᠤᠷᠤ ᠪᠠᠶᠢᠪᠠᠯ ᠲᠡᠷᠨ ᠭᠠᠵᠠᠷ ᠲᠤ | ᠰᠢᠮᠡᠳᠤ ᠴᠢᠨᠠᠷ ᠰᠠᠶᠢᠳᠠᠢ ᠤᠯᠠᠨ ᠵᠦᠢᠯ ᠤᠨ ᠪᠤᠷᠴᠠᠭᠳᠤ ᠤᠷᠭᠤᠮᠠᠯ ᠶᠡᠭᠡ ᠪᠠᠶᠢᠭ᠎ᠠ ᠶᠢᠨ ᠰᠢᠨᠵᠢ ᠲᠡᠮᠳᠡᠭ ᠪᠤᠯᠬᠤ ᠪᠠ | ᠬᠤᠸᠠ ᠰᠢᠷᠭᠠᠯ ᠦᠩᠭᠡ ᠲᠠᠢ ᠬᠠᠷᠠᠭᠳᠠᠪᠠᠯ ᠲᠡᠷᠨ ᠬᠡᠰᠡᠭ ᠤᠨ ᠡᠪᠡᠰᠤ ᠤᠷᠭᠤᠮᠠᠯ ᠤᠨ ᠰᠢᠮ᠎ᠠ ᠲᠡᠵᠢᠭᠡᠯ ᠨᠢ | ᠲᠡᠭᠡᠷᠡᠬᠢ ᠶᠢ ᠬᠦᠢᠴᠡᠬᠦ ᠦᠭᠡᠢ ᠪᠤᠯᠪᠠᠴᠤ ᠪᠠᠰᠠ ᠯᠡ ᠰᠠᠶᠢᠨ ᠪᠠᠶᠢᠭ᠎ᠠ ᠶᠢᠨ ᠰᠢᠨᠵᠢ ᠲᠡᠮᠳᠡᠭ ᠪᠤᠯᠤᠨ᠎ᠠ᠃ ᠬᠡᠷᠪᠡ | ᠪᠡᠯᠴᠢᠭᠡᠷ ᠤᠨ ᠡᠪᠡᠰᠤ ᠤᠷᠭᠤᠮᠠᠯ ᠨᠢ ᠬᠤᠯᠤᠰᠤᠨ ᠰᠢᠷ᠎ᠠ ᠦᠩᠭᠡ ᠲᠠᠢ ᠪᠠᠶᠢᠪᠠᠯ ᠰᠢᠮᠡᠳᠤ ᠴᠢᠨᠠᠷ ᠢᠶᠠᠷ ᠲᠠᠭᠠᠷᠠᠤᠬᠠᠨ | ᠪᠠᠶᠢᠨ᠎ᠠ ᠬᠡᠵᠤ ᠦᠵᠡᠨ᠎ᠠ᠃ | ᠨᠠᠮᠤᠷ ᠤᠨ ᠤᠯᠠᠷᠢᠯ ᠳᠤ ᠤᠳᠤᠷᠯᠠᠨ ᠨᠡᠬᠦᠳᠡᠯᠯᠡᠬᠦ ᠳᠤ ᠬᠦᠷᠳᠡᠯ᠎ᠠ ᠤᠴᠢᠷ ᠶᠡᠭᠡ ᠪᠠᠶᠢᠳᠠᠭ᠃ ᠢᠯᠠᠩᠭᠤᠶ᠎ᠠ | ᠬᠤᠯᠨ ᠭᠠᠵᠠᠷ ᠲᠤ ᠨᠡᠬᠦᠳᠡᠯᠯᠡᠬᠦ ᠳᠤ ᠠᠴᠢᠶ᠎ᠠ ᠬᠦᠰᠭᠡ ᠶᠢᠨ ᠢᠶᠠᠨ ᠠᠶᠠᠰ ᠢᠶᠠᠷ ᠬᠤᠨᠢ ᠮᠠᠯ ᠢᠶᠠᠨ ᠲᠠᠭᠤᠪᠤᠷᠢᠯᠠᠬᠤ | ᠪᠢᠰᠢ᠃ ᠬᠠᠷᠢᠨ ᠬᠤᠨᠢ ᠮᠠᠯ ᠤᠨ ᠢᠶᠠᠨ ᠲᠠᠪᠠ ᠪᠠᠷ ᠨᠡᠬᠦᠵᠤ ᠵᠠᠮ ᠵᠠᠭᠤᠷ᠎ᠠ ᠪᠠᠨ ᠬᠤᠨᠤᠵᠤ ᠦᠨᠵᠢᠬᠦ ᠵᠢᠷᠦᠮ ᠢᠶᠠᠷ | ᠶᠠᠭᠠᠷᠠᠯ ᠦᠭᠡᠢ ᠶᠠᠪᠤᠪᠠᠯ ᠰᠢᠨ᠎ᠠ ᠨᠤᠳᠤᠭ ᠲᠠᠭᠠᠨ ᠬᠦᠷᠬᠦ ᠵᠠᠮ ᠳᠤ ᠮᠠᠯ ᠤᠨ ᠪᠡᠯᠴᠢᠭᠡᠷ ᠲᠤ ᠢᠳᠡᠰᠢᠯᠡᠬᠦ ᠡᠳᠦᠷ ᠤᠨ | ᠴᠠᠭ ᠬᠤᠭᠤᠴᠠᠭ᠎ᠠ ᠠᠯᠳᠠᠭᠳᠠᠬᠤ ᠦᠭᠡᠢ ᠬᠡᠪ ᠤᠨ ᠪᠠᠶᠢᠳᠠᠯ ᠢᠶᠠᠷ ᠪᠦᠷᠢᠨ ᠴᠠᠳᠴᠤ ᠪᠠᠶᠢᠬᠤ ᠪᠤᠯᠤᠮᠵᠢ ᠲᠠᠢ᠃ | ᠨᠠᠮᠤᠷ ᠤᠨ ᠡᠬᠢᠨ ᠤ ᠦᠶ᠎ᠠ ᠪᠠᠷ ᠬᠤᠨᠢ ᠮᠠᠯ ᠤᠨ ᠲᠠᠷᠭᠤ ᠬᠦᠴᠤ ᠪᠦᠷᠢᠨ ᠬᠦᠢᠴᠡᠭᠡ ᠦᠭᠡᠢ ᠪᠠᠶᠢᠳᠠᠭ ᠤᠨ ᠲᠡᠭᠡᠷ᠎ᠠ | ᠡᠪᠡᠰᠤ ᠤᠷᠭᠤᠮᠠᠯ ᠤᠨ ᠰᠢᠮ᠎ᠠ ᠡᠳᠦᠷ ᠠᠴᠠ ᠡᠳᠦᠷ ᠮᠠᠭᠤᠳᠠᠳᠠᠭ ᠤᠴᠢᠷ ᠬᠤᠨᠢ ᠮᠠᠯ ᠢᠶᠠᠨ ᠦᠷᠬᠦᠯᠵᠢ ᠴᠠᠳᠬᠤᠯᠠᠩ | ᠪᠠᠶᠢᠯᠭᠠᠬᠤ ᠶᠢᠨ ᠲᠤᠯᠠᠳᠠ ᠦᠷᠯᠦᠭᠡ ᠡᠷᠳᠠ ᠪᠡᠯᠴᠢᠭᠡᠵᠤ ᠦᠳᠡᠰᠢ ᠤᠷᠤᠢ ᠬᠤᠳᠠᠯᠠᠭᠤᠯᠤᠨ ᠡᠳᠦᠷ ᠤᠨ ᠪᠡᠯᠴᠢᠭᠡᠷ | ᠲᠤ ᠢᠳᠡᠰᠢᠯᠡᠬᠦ ᠴᠠᠭ ᠢ 10 ᠴᠠᠭ ᠠᠴᠠ ᠲᠤᠷᠤᠭᠰᠢ ᠦᠭᠡᠢ ᠪᠠᠶᠢᠬᠤ ᠪᠠᠷ ᠪᠤᠳᠤᠵᠤ ᠠᠯᠢ ᠪᠤᠯᠬᠤ ᠪᠠᠷ | ᠤᠷᠳᠤᠰᠬᠠᠬᠤ ᠶᠢ ᠢᠮᠠᠭᠳᠠ ᠠᠩᠬᠠᠷᠤᠯ ᠤᠨ ᠲᠦᠪ ᠲᠤ ᠪᠠᠶᠢᠯᠭᠠᠨ᠎ᠠ᠃ ᠦᠷᠯᠦᠭᠡ ᠡᠷᠳᠠ ᠪᠡᠯᠴᠢᠭᠡᠷᠯᠡᠬᠦᠯᠦᠭᠰᠡᠨ | ᠬᠤᠨᠢ ᠶᠢ ᠦᠳᠠ ᠶᠢᠨ ᠡᠮᠦᠨᠡᠭᠡᠨ ᠤᠰᠤᠯᠠᠵᠤ ᠪᠡᠯᠴᠢᠭᠡᠷ ᠲᠡᠭᠡᠷ᠎ᠠ ᠨᠢ ᠲᠦᠷ ᠠᠮᠠᠷᠠᠭᠠᠵᠤ ᠬᠡᠪᠳᠡᠬᠦᠯᠦᠭᠡᠳ ᠤᠷᠤᠢ | ᠶᠢᠨ ᠨᠠᠷᠠ ᠰᠢᠩᠭᠡᠬᠦ ᠶᠢᠨ ᠦᠶ᠎ᠠ ᠳᠤ ᠠᠭᠠᠵᠢᠮ ᠢᠶᠠᠷ ᠢᠳᠡᠰᠢᠯᠡᠬᠦᠯᠦᠨ ᠬᠤᠳᠠᠯᠠᠭᠤᠯᠬᠤ ᠵᠢᠷᠦᠮ ᠢᠶᠠᠷ ᠬᠠᠷᠢᠭᠤᠯᠵᠤ | ᠪᠠᠶᠢᠪᠠᠯ ᠲᠠᠷᠭᠤ ᠬᠦᠴᠤ ᠨᠢ ᠤᠯᠠᠮ ᠵᠤᠵᠠᠭᠠᠷᠠᠨ᠎ᠠ᠃ ᠪᠡᠯᠴᠢᠭᠡᠷ ᠪᠠᠷᠠᠭᠠᠨ ᠪᠠᠶᠢᠬᠤ ᠦᠶ᠎ᠠ ᠶᠢᠨ ᠬᠤᠨᠢ ᠬᠦᠶᠦᠵᠤ | ᠶᠠᠪᠤᠭᠤᠳᠠ ᠢᠳᠡᠰᠢᠯᠡᠬᠦ ᠭᠡᠳ ᠪᠠᠶᠢᠳᠠᠭ ᠪᠠ ᠪᠡᠯᠴᠢᠭᠡᠷ ᠲᠤ ᠲᠡᠷᠢᠬᠦᠨ ᠳᠤᠨᠢ ᠢᠳᠡᠰᠢᠯᠡᠵᠤ ᠶᠠᠪᠤᠵᠤ ᠪᠠᠶᠢᠭ᠎ᠠ ᠨᠢ | ᠡᠪᠡᠰᠦᠨ ᠤ ᠲᠤᠯᠤᠭᠠᠢ ᠰᠢᠬᠦᠷᠡᠭᠡᠳ ᠢᠳᠡᠰᠢᠯᠡᠳᠡᠭ ᠪᠠᠶᠢᠬᠤ ᠳᠤ ᠬᠠᠷᠢᠨ ᠰᠡᠬᠦᠯ ᠳᠤᠨᠢ ᠪᠡᠯᠴᠢᠭᠡᠵᠤ ᠶᠠᠪᠤᠭ᠎ᠠ ᠨᠢ | ᠢᠯᠡᠬᠦᠤ ᠶᠡᠭᠡ ᠢᠳᠡᠰᠢᠯᠡᠳᠡᠭ ᠲᠤᠯᠨ ᠡᠨᠡ ᠦᠶ᠎ᠠ ᠳᠤ ᠬᠤᠨᠢ ᠶᠢ ᠲᠤᠭᠳᠠᠭᠠᠨ ᠬᠠᠷᠢᠭᠤᠯᠬᠤ ᠨᠢ ᠴᠢᠬᠤᠯᠨ᠃ ᠨᠠᠮᠤᠷ | ᠤᠨ ᠤᠯᠠᠷᠢᠯ ᠳᠤ ᠬᠤᠨᠢ ᠶᠢ ᠦᠷᠯᠦᠭᠡ ᠠᠶ᠎ᠠ ᠲᠠᠪᠠ ᠪᠠᠷ ᠨᠢ ᠪᠡᠯᠴᠢᠭᠡᠷ ᠲᠤ ᠭᠠᠷᠭᠠᠵᠤ᠂ ᠦᠳᠠ ᠶᠢᠨ ᠴᠠᠭ ᠢᠶᠠᠷ | ᠲᠤᠭᠳᠠᠭᠤᠨ ᠲᠦᠯᠬᠡᠨ ᠬᠠᠷᠢᠭᠤᠯᠵᠤ᠂ ᠬᠡᠪᠳᠡᠬᠦ ᠪᠦᠷᠢ ᠳᠤᠨᠢ ᠲᠦᠷ ᠵᠠᠭᠤᠷ᠎ᠠ ᠠᠮᠠᠷᠠᠭᠠᠵᠤ ᠪᠠᠶᠢᠭᠠᠳ ᠤᠷᠢᠳᠠ ᠶᠢᠨ | ᠠᠳᠠᠯᠢ ᠪᠠᠷ ᠲᠤᠭᠳᠠᠭᠤᠨ ᠬᠠᠷᠢᠭᠤᠯᠵᠤ ᠢᠳᠡᠰᠢᠯᠡᠬᠦᠯᠦᠨ ᠬᠤᠳᠠᠯᠠᠭᠤᠯᠤᠨᠠ᠃ ᠶᠡᠷᠦ ᠨᠢ 10 ᠳ᠋ᠤᠭᠠᠷ ᠰᠠᠷ᠎ᠠ ᠶᠢᠨ | ᠲᠤᠮᠳᠠ ᠦᠶ᠎ᠠ ᠠᠴᠠ ᠨᠠᠮᠤᠷ ᠤᠨ ᠰᠡᠷᠢᠬᠦᠨ ᠤᠷᠤᠵᠤ ᠬᠤᠨᠢ ᠮᠠᠯ ᠢᠶᠠᠨ ᠰᠤᠶᠢᠵᠤ ᠲᠠᠷᠭᠤ ᠬᠦᠴᠤ ᠶᠢ ᠲᠤᠭᠳᠠᠭᠠᠬᠤ | ᠠᠵᠢᠯ ᠡᠬᠢᠯᠡᠳᠡᠭ ᠤᠴᠢᠷ ᠦᠷᠯᠦᠭᠡ ᠪᠡᠯᠴᠢᠭᠡᠬᠦ᠂ ᠡᠳᠦᠷ ᠬᠠᠷᠢᠭᠤᠯᠬᠤ᠂ ᠤᠰᠤ ᠬᠤᠵᠢᠷ ᠲᠤ ᠤᠷᠤᠭᠤᠯᠬᠤ᠂ | ᠤᠷᠤᠢ ᠬᠤᠳᠠᠯᠠᠭᠤᠯᠬᠤ ᠶᠢᠨ ᠠᠯᠢᠨ ᠳᠤ ᠴᠤ ᠬᠡᠰᠡᠨ ᠰᠢᠷᠦᠬᠦᠨ ᠬᠦᠭᠡᠭᠡᠵᠤ ᠲᠠᠭᠤᠬᠤ᠂ ᠦᠭᠡᠳᠠ ᠭᠠᠵᠠᠷ | ᠮᠠᠴᠤᠭᠤᠯᠬᠤ᠂ ᠤᠷᠤᠭᠤ ᠭᠠᠵᠠᠷ ᠭᠤᠯᠠᠰᠤᠭᠤᠯᠵᠤ ᠰᠢᠷᠦᠬᠦᠨ ᠪᠠᠭᠤᠯᠭᠠᠬᠤ᠂ ᠪᠠᠷᠳᠠᠭ᠎ᠠ ᠲᠠᠢ ᠭᠠᠵᠠᠷ ᠢ ᠬᠡᠭᠵᠡᠯᠡᠬᠦᠯᠬᠦ | ᠂ ᠭᠤᠤ ᠵᠢᠯᠠᠭ᠎ᠠ᠂ ᠡᠷᠬᠢ ᠭᠠᠩᠭ᠎ᠠ ᠳᠤ ᠲᠤᠭᠯᠠᠭᠤᠯᠵᠤ ᠲᠤᠩᠭᠤᠴᠠᠭᠤᠯᠬᠤ᠂ ᠦᠷᠬᠦᠭᠡᠵᠤ ᠴᠤᠴᠢᠭᠠᠬᠤ ᠵᠡᠷᠭᠡ ᠮᠠᠯ | ᠤᠨ ᠲᠠᠷᠭᠤ ᠬᠦᠴᠤ ᠠᠪᠤᠯᠳᠠ᠂ ᠲᠤᠭᠳᠠᠭᠠᠯᠳᠠ ᠳᠤ ᠬᠠᠷᠰᠢᠯᠠᠬᠤ ᠪᠦᠬᠦᠨ ᠢ ᠭᠠᠷᠭᠠᠬᠤ ᠦᠭᠡᠢ ᠪᠠᠶᠢᠬᠤ ᠶᠢ | ᠢᠮᠠᠭᠳᠠ ᠡᠷᠬᠢᠮᠯᠡᠬᠦ ᠬᠡᠷᠡᠭᠳᠠᠢ᠃ | ᠨᠠᠮᠤᠷ ᠤᠷᠤᠶᠢᠰᠢᠨ ᠡᠪᠡᠰᠤ ᠤᠷᠭᠤᠮᠠᠯ ᠭᠠᠩᠳᠠᠵᠤ᠂ ᠬᠤᠷ᠎ᠠ ᠪᠤᠷᠤᠭ᠎ᠠ ᠲᠠᠳᠠᠷᠠᠬᠤ ᠳᠤ ᠮᠠᠯ ᠮᠠᠰᠢ ᠴᠢᠩᠭ᠎ᠠ | ᠪᠤᠯᠳᠠᠭ ᠤᠴᠢᠷ ᠡᠳᠦᠷ ᠪᠦᠷᠢ ᠤᠰᠤᠯᠠᠵᠤ᠂ 3 — 4 ᠬᠤᠨᠤᠭ ᠲᠤᠳᠤᠮ ᠳᠤ ᠰᠠᠶᠢᠨ ᠬᠤᠵᠢᠷᠯᠠᠵᠤ ᠪᠠᠶᠢᠪᠠᠯ | ᠠᠷᠠᠰᠤᠨ ᠤ ᠬᠦᠷᠦᠰᠤ ᠵᠤᠵᠠᠭᠠᠷᠠᠵᠤ᠂ ᠦᠰᠤ ᠨᠤᠤᠰᠤ ᠨᠢ ᠰᠠᠬᠤᠯᠢᠭ ᠪᠤᠯᠬᠤ ᠶᠢᠨ ᠬᠠᠮᠳᠤ ᠮᠢᠬ᠎ᠠ᠂ ᠦᠭᠡᠬᠦ ᠨᠢ | ᠠᠯᠠᠭᠯᠠᠨ᠂ ᠠᠮᠳᠠ ᠴᠢᠨᠠᠷ ᠨᠢ ᠰᠠᠶᠢᠵᠢᠷᠠᠨ᠎ᠠ᠃ ᠡᠶᠢᠮᠤ ᠴᠤ ᠤᠴᠢᠷ ᠠᠴᠠ ︽ᠲᠠᠪᠤᠰᠤ ᠬᠤᠵᠢᠷ ᠨᠢ ᠮᠠᠯ | ᠲᠠᠷᠭᠤᠯᠠᠬᠤ ᠳᠤ ᠲᠠᠰᠢᠭᠤᠷ ᠪᠤᠯᠤᠨ᠎ᠠ︾ ᠬᠡᠳᠡᠭ᠃ | ᠨᠠᠮᠤᠷ ᠤᠨ ᠡᠬᠢᠨ ᠦᠶ᠎ᠠ ᠳᠤ ᠦᠷᠯᠦᠭᠡ ᠦᠳᠡᠰᠢ ᠶᠢᠨ ᠬᠠᠷ᠎ᠠ ᠴᠢᠬᠢᠭ ᠲᠤ ᠬᠤᠨᠢ ᠮᠠᠯ ᠢᠶᠠᠨ ᠤᠰᠤᠨ | ᠱᠠᠯᠪᠠ ᠲᠤᠮᠳᠠᠭᠤᠷ ᠪᠡᠯᠴᠢᠭᠡᠷᠯᠡᠬᠦᠯᠪᠡᠯ ᠤᠯᠨ ᠲᠤᠭᠤᠷᠠᠢ ᠨᠢ ᠲᠡᠪᠳᠦᠵᠤ ᠰᠠᠯᠠᠭ᠎ᠠ ᠰᠠᠭᠠᠭ ᠨᠢ ᠰᠢᠷᠠᠭᠯᠠᠨ | ᠲᠤᠭᠤᠯᠳᠠᠬᠤ ᠳᠤ ᠬᠦᠷᠴᠤ ᠪᠤᠯᠤᠨ᠎ᠠ᠃ ᠡᠶᠢᠮᠤ ᠠᠴᠠ ᠦᠷᠯᠦᠭᠡ ᠶᠢᠨ ᠬᠠᠷ᠎ᠠ ᠴᠢᠬᠢᠭ ᠠᠷᠢᠯᠤᠭᠰᠠᠨ ᠤ ᠲᠠᠷᠠᠭ᠎ᠠ | ᠪᠡᠯᠴᠢᠭᠡᠵᠤ ᠦᠳᠡᠰᠢ ᠶᠢᠨ ᠬᠠᠷ᠎ᠠ ᠴᠢᠬᠢᠭ ᠪᠠᠭᠤᠬᠤ ᠠᠴᠠ ᠡᠮᠦᠨ᠎ᠠ ᠬᠤᠳᠠᠯᠠᠭᠤᠯᠵᠤ ᠪᠠᠶᠢᠬᠤ ᠨᠢ ᠵᠦᠢᠳᠠᠢ᠃ ᠨᠠᠮᠤᠷ | ᠬᠤᠷ᠎ᠠ ᠪᠤᠷᠤᠭ᠎ᠠ ᠲᠠᠢ ᠦᠶ᠎ᠠ ᠳᠤ ᠰᠢᠷ᠎ᠠ ᠪᠠᠭᠤᠴᠠᠨ ᠳᠤ ᠤᠯᠠᠨ ᠬᠤᠨᠤᠭ ᠢᠶᠠᠷ ᠬᠡᠪᠳᠡᠭᠰᠡᠨ ᠬᠤᠨᠢ ᠢᠮᠠᠭ᠎ᠠ | ᠬᠠᠯᠠᠭᠤᠴᠠᠵᠤ ᠬᠠᠶᠢᠯᠳᠠᠭ ᠤᠴᠢᠷ ᠬᠡᠪᠳᠡᠷᠢ ᠪᠠᠭᠤᠴᠨ ᠶᠢ ᠲᠤᠭᠳᠠᠮᠠᠯ ᠬᠤᠭᠤᠴᠠᠭᠠᠨ ᠳᠤ ᠰᠡᠯᠬᠦᠵᠤ ᠲᠦᠪᠦᠭᠡᠷ | ᠰᠡᠷᠢᠬᠦᠨ᠂ ᠲᠠᠭᠵᠢᠭᠤᠷ ᠬᠦᠷᠦᠰᠤ ᠲᠠᠢ ᠨᠠᠯᠠᠭᠤ ᠬᠡᠪᠡᠭᠡᠢ ᠭᠠᠵᠠᠷ ᠲᠤ ᠬᠡᠪᠳᠡᠬᠦᠯᠵᠤ ᠪᠠᠶᠢᠬᠤ ᠨᠢ ᠲᠤᠬᠢᠷᠠᠮᠵᠢᠳᠠᠢ᠃ | ᠬᠡᠷᠪᠡ ᠲᠡᠭᠰᠢ ᠭᠠᠵᠠᠷ ᠲᠤ ᠬᠡᠪᠳᠡᠬᠦᠯᠪᠡᠯ ᠬᠡᠳᠡᠰᠤ ᠬᠦᠵᠡᠭᠡ ᠨᠢ ᠰᠢᠬᠠᠭᠳᠠᠵᠤ ᠰᠠᠪᠡᠰᠤ ᠪᠠᠨ ᠬᠡᠳᠤ ᠭᠤᠯᠬᠢᠨ | ᠬᠡᠪᠢᠳᠡᠰᠤ ᠪᠠᠨ ᠲᠠᠪᠠ ᠲᠠᠢ ᠲᠤᠬᠢᠳᠠᠢ ᠬᠡᠪᠢᠵᠤ ᠴᠢᠳᠠᠳᠠᠭ ᠦᠭᠡᠢ ᠪᠤᠯᠤᠨ᠎ᠠ᠃ ᠨᠠᠮᠤᠷ ᠤᠨ ᠬᠦᠢᠳᠡᠨ ᠰᠡᠷᠢᠬᠦᠨ | ᠤᠷᠤᠵᠤ ᠬᠢᠷᠠᠭᠤ ᠤᠨᠠᠬᠤ ᠦᠶ᠎ᠠ ᠠᠴᠠ ᠡᠬᠢᠯᠡᠨ ᠮᠠᠯ ᠢᠶᠠᠨ ᠰᠠᠯᠬᠢ ᠰᠡᠪᠢᠯᠵᠡᠭᠰᠡᠨ ᠦᠨᠳᠦᠷᠯᠢᠭ ᠰᠡᠷᠢᠬᠦᠨ ᠭᠠᠵᠠᠷ | ᠲᠤ ᠲᠦᠷ ᠵᠠᠭᠤᠷ᠎ᠠ ᠬᠡᠪᠳᠡᠬᠦᠯᠵᠤ᠂ ᠬᠦᠢᠳᠡᠨ ᠨᠦᠬᠦᠴᠡᠯ ᠳᠤ ᠡᠳᠦᠷ ᠡᠳᠦᠷ ᠢᠶᠠᠷ ᠠᠭᠠᠵᠢᠮ ᠲᠠᠰᠬᠠᠵᠤ | ᠴᠢᠬᠢᠷᠠᠭᠵᠢᠭᠤᠯᠵᠤ ᠪᠠᠶᠢᠪᠠᠯ ᠵᠤᠬᠢᠨ᠎ᠠ᠃ | ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠨᠢ ᠲᠤᠬᠢᠷᠠᠵᠤ ᠵᠤᠵᠠᠭᠠᠨ ᠲᠠᠷᠭᠤ ᠬᠦᠴᠤ ᠠᠪᠴᠤ ᠪᠠᠶᠢᠭ᠎ᠠ | ᠬᠤᠨᠢ ᠢᠮᠠᠭᠠᠨ ᠤ ᠦᠰᠤ ᠨᠤᠤᠰᠤ ᠨᠢ ᠵᠠᠳᠠᠭᠠᠢ᠂ ᠰᠤᠷᠯᠢᠭ ᠰᠠᠶᠢᠬᠠᠨ ᠦᠩᠭᠡ ᠲᠠᠢ᠂ ᠢᠯᠠᠩᠭᠤᠶ᠎ᠠ ᠠᠯᠤᠰ ᠠᠴᠠ | ᠬᠠᠷᠠᠬᠤ ᠳᠤ ᠬᠤᠨᠢᠨ ᠤ ᠨᠤᠤᠰᠤ ᠰᠢᠷᠭᠠᠯᠳᠠᠭᠤ ᠦᠩᠭᠡ ᠲᠠᠢ ᠪᠠᠶᠢᠬᠤ ᠪᠠ ᠦᠷᠯᠦᠭᠡ ᠪᠡᠯᠴᠢᠬᠦ᠂ ᠤᠷᠤᠢ ᠬᠤᠳᠠᠯᠠᠬᠤ | ᠂ ᠬᠡᠪᠳᠡᠬᠦ ᠳᠡᠭᠡᠨ ᠲᠤᠭᠳᠠᠭᠤᠨ ᠲᠠᠶᠢᠪᠤᠩ᠂ ᠬᠤᠳᠠᠨ ᠳᠠᠭᠠᠨ ᠰᠠᠯᠬᠢ ᠵᠢᠪᠠᠷ ᠤᠨ ᠡᠰᠡᠷᠬᠦ ᠬᠠᠷᠠᠵᠤ᠂ ᠬᠦᠯ ᠢᠶᠠᠨ | ᠵᠢᠬᠢᠨ ᠰᠡᠬᠦᠵᠢᠯᠳᠦᠨ ᠬᠡᠪᠳᠡᠬᠦ ᠪᠠ ᠰᠦᠨᠢ ᠶᠢᠨ ᠴᠠᠭ ᠲᠤ ᠦᠰᠤ ᠨᠤᠤᠰᠤ ᠨᠢ ᠴᠢᠬᠢᠭ ᠲᠠᠭᠠᠵᠤ᠂ ᠢᠷᠠᠭᠯᠠᠵᠤ | ᠶᠠᠩᠵᠤᠯᠠᠵᠤ ᠪᠠᠶᠢᠳᠠᠭ᠃ ᠪᠠᠭᠠᠰᠤ ᠨᠢ ᠲᠤᠮᠤ ᠵᠠᠳᠠᠭᠠᠢ᠂ ᠠᠭᠯᠢᠭᠤᠨ ᠪᠠᠶᠢᠬᠤ ᠪᠤᠶᠤ ᠬᠡᠷᠪᠡ ᠬᠤᠷᠭᠤᠯ ᠢᠶᠠᠷ | ᠪᠠᠭᠠᠪᠠᠯ ᠬᠤᠷᠭᠤᠯ ᠨᠢ ᠪᠦᠭᠡᠷᠡᠩᠭᠡᠢ ᠪᠠᠶᠢᠨ᠎ᠠ᠃ ᠨᠡᠶᠢᠳᠠ ᠰᠦᠷᠦᠭ ᠤᠨ ᠪᠠᠶᠢᠳᠠᠯ ᠰᠡᠷᠬᠦᠯᠡᠩ ᠴᠤᠪᠤᠭᠤ ᠬᠡᠳᠡᠰᠤ | ᠬᠡᠪᠡᠯᠢ ᠰᠠᠶᠢᠳᠠᠢ ᠪᠠᠶᠢᠨ᠎ᠠ᠃ ᠢᠮᠠᠭᠠᠨ ᠤ ᠶᠠᠪᠤᠳᠠᠯ ᠨᠢ ᠤᠳᠠᠭᠠᠰᠢᠷᠠᠨ᠂ ᠬᠤᠨᠢᠨ ᠠᠴᠠ ᠰᠡᠬᠦᠯᠳᠡᠵᠤ ᠲᠤᠭᠳᠠᠪᠤᠷᠢ | ᠲᠠᠢ ᠢᠳᠡᠰᠢᠯᠡᠨ᠎ᠠ᠃ ᠮᠥᠨ ᠬᠦᠵᠦᠬᠦᠤ ᠪᠦᠭᠡᠷᠡᠨ ᠤ ᠬᠢᠨᠢ ᠦᠰᠤ ᠬᠠᠭᠠᠷᠠᠵᠤ ᠡᠷᠬᠢᠬᠦᠯᠭᠡ ᠲᠠᠢ ᠪᠤᠯᠬᠤ᠂ ᠬᠡᠪᠡᠭᠡᠢ | ᠭᠠᠵᠠᠷ ᠲᠤ ᠬᠡᠪᠳᠡᠬᠦ᠂ ᠵᠠᠬᠠᠯᠠᠵᠤ ᠪᠡᠯᠴᠢᠬᠦ ᠲᠤᠷ᠎ᠠ ᠲᠠᠢ ᠪᠤᠯᠤᠨ᠎ᠠ᠃ ᠲᠠᠪᠬᠤᠷ ᠲᠠᠷᠭᠤ ᠬᠦᠴᠤ ᠠᠪᠤᠭᠰᠠᠨ ᠬᠤᠨᠢᠨ | ᠤ ᠤᠭᠤᠴᠠᠨ ᠤ ᠤᠯᠠᠨ ᠠᠭᠤᠯᠵᠠᠬᠤ ᠦᠶ᠎ᠠ ᠶᠢᠨ ᠲᠡᠭᠡᠷ᠎ᠠ ᠭᠠᠷ ᠢᠶᠠᠷ ᠢᠶᠠᠨ ᠲᠠᠷᠤᠵᠤ ᠦᠵᠡᠬᠦ ᠳᠤ ᠲᠡᠬᠦᠨ ᠤ ᠶᠠᠰᠤ | ᠭᠠᠷ ᠲᠤ ᠦᠯᠤ ᠲᠡᠮᠳᠡᠷᠢᠭᠳᠡᠬᠦ ᠪᠠ ᠵᠦᠪᠭᠡᠨ ᠦᠭᠡᠬᠦᠨ ᠲᠠᠷᠭᠤ ᠠᠪᠤᠭᠰᠠᠨ ᠪᠠᠶᠢᠪᠠᠯ ᠲᠤᠬᠠᠢ ᠶᠢᠨ ᠦᠶ᠎ᠠ ᠶᠢᠨ ᠶᠠᠰᠤ | ᠪᠦᠷᠢᠨ ᠮᠡᠳᠡᠭᠳᠡᠬᠦᠶᠢᠴᠨ ᠲᠡᠮᠳᠡᠷᠢᠭᠳᠡᠨᠠ᠃ ᠮᠦᠨ ᠲᠠᠪᠬᠤᠷ ᠲᠠᠷᠭᠤ ᠬᠦᠴᠤ ᠠᠪᠤᠭᠠᠨ ᠢᠮᠠᠭᠠᠨ ᠤ ᠬᠦᠵᠦᠬᠦᠤ | ᠮᠤᠨᠳᠤᠭᠤᠷ ᠪᠠᠬᠢᠮ᠂ ᠪᠦᠳᠦᠬᠦᠨ ᠪᠠᠶᠢᠳᠠᠭ᠃ ᠬᠡᠷᠪᠡ ᠨᠠᠮᠤᠷ ᠤᠨ ᠬᠤᠨᠢ ᠴᠠᠶᠢᠯᠠᠯᠵᠠᠭᠰᠠᠨ ᠴᠠᠭᠠᠨ ᠨᠤᠤᠰᠤ ᠲᠠᠢ | ᠪᠠᠶᠢᠪᠠᠯ ᠲᠠᠷᠭᠤ ᠬᠦᠴᠤ ᠮᠠᠭᠤ ᠠᠪᠴᠤ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠨᠢ ᠲᠤᠬᠢᠷᠠᠬᠤ ᠦᠭᠡᠢ | ᠪᠠᠶᠢᠭ᠎ᠠ ᠶᠢᠨ ᠰᠢᠨᠵᠢ ᠪᠤᠯᠤᠨ᠎ᠠ᠃ | ᠨᠠᠮᠤᠷ ᠤᠨ ᠤᠯᠠᠷᠢᠯ ᠨᠢ ᠬᠤᠨᠢ ᠮᠠᠯ ᠳᠤ ᠦᠭᠡᠬᠦᠨ ᠲᠠᠷᠭᠤ ᠠᠪᠤᠭᠤᠯᠵᠤ ᠲᠠᠷᠭᠤ ᠬᠦᠴᠤ ᠶᠢ ᠬᠦᠢᠴᠡᠭᠡᠬᠦ᠂ | ᠬᠦᠢᠴᠡᠭᠰᠡᠨ ᠲᠠᠷᠭᠤ ᠬᠦᠴᠤ ᠶᠢ ᠨᠢ ᠴᠢᠮᠪᠠᠶᠢᠷᠠᠭᠤᠯᠵᠤ ᠲᠤᠭᠳᠠᠭᠠᠬᠤ ᠲᠦᠢᠯ ᠤᠨ ᠬᠠᠷᠢᠭᠤᠴᠠᠯᠭ᠎ᠠ ᠲᠠᠢ ᠦᠶ᠎ᠠ | ᠪᠠᠶᠢᠳᠠᠭ᠃ ᠬᠡᠳᠡᠯ᠎ᠠ ᠡᠨᠡ ᠦᠶ᠎ᠠ ᠳᠤ ᠨᠤᠳᠤᠭ ᠪᠡᠯᠴᠢᠭᠡᠷ᠂ ᠬᠠᠷᠢᠭᠤᠯᠭ᠎ᠠ ᠮᠠᠯᠯᠠᠭ᠎ᠠ ᠶᠢ ᠲᠤᠬᠢᠷᠠᠭᠤᠯᠵᠤ ᠴᠢᠳᠠᠬᠤ | ᠦᠭᠡᠢ ᠪᠤᠯ ᠮᠠᠯ ᠤᠨ ᠲᠠᠷᠭᠤ ᠬᠦᠴᠤ ᠬᠠᠶᠢᠯᠵᠤ ᠤᠷᠳᠤ ᠤᠳᠠᠭᠠᠨ ᠬᠤᠭᠤᠴᠠᠭᠠᠨ ᠤ ᠨᠦᠷᠢ ᠶᠡᠭᠡ ᠠᠵᠢᠯ ᠤᠨ | ᠦᠷ᠎ᠠ ᠳ᠋ᠦᠩ ᠴᠦᠭᠡᠨ ᠬᠤᠨᠤᠭ ᠤᠨ ᠲᠤᠳᠤᠷ᠎ᠠ ᠠᠯᠳᠠᠭᠳᠠᠬᠤ ᠳᠤ ᠬᠦᠷᠳᠡᠭ ᠢ ᠠᠩᠬᠠᠷᠴᠤ ᠠᠵᠢᠯᠯᠠᠪᠠᠯ ᠵᠤᠬᠢᠨ᠎ᠠ᠃ | ᠡᠶᠢᠮᠤ ᠠᠴᠠ ᠨᠠᠮᠤᠷ ᠤᠨ ᠮᠠᠯ ᠢ ᠬᠠᠶᠢᠯᠵᠤ ᠲᠠᠷᠭᠤ ᠬᠦᠴᠤ ᠪᠠᠨ ᠠᠯᠳᠠᠬᠤ ᠠᠴᠠ ᠰᠡᠷᠬᠡᠶᠢᠯᠡᠬᠦ ᠶᠢᠨ ᠲᠤᠯᠠᠳᠠ ᠲᠡᠭᠡᠷ᠎ᠠ | ᠲᠤᠷᠠᠳᠤᠭᠰᠠᠨ ᠶᠤᠰᠤ ᠪᠠᠷ ᠮᠠᠯ ᠳᠤ ᠲᠠᠷᠭᠤ ᠬᠦᠴᠤ ᠠᠪᠤᠭᠤᠯᠬᠤ ᠪᠠ ᠲᠡᠬᠦᠨ ᠢ ᠲᠤᠭᠳᠠᠭᠠᠬᠤ ᠳᠤ ᠬᠠᠷᠰᠢᠯᠠᠬᠤ | ᠪᠦᠬᠦᠳᠠ ᠶᠢ ᠮᠥᠨ ᠨᠢᠭᠡ ᠠᠳᠠᠯᠢ ᠮᠠᠯ ᠤᠨ ᠲᠠᠷᠭᠤ ᠬᠦᠴᠤ ᠬᠠᠶᠢᠯᠬᠤ ᠶᠢᠨ ᠰᠢᠯᠳᠠᠭᠠᠨ ᠪᠤᠯᠤᠨ᠎ᠠ ᠭᠡᠳᠡᠭ ᠢ | ᠢᠮᠠᠭᠳᠠ ᠰᠠᠨᠠᠵᠤ ᠬᠠᠷᠢᠭᠤᠯᠭ᠎ᠠ ᠮᠠᠯᠯᠠᠭ᠎ᠠ ᠶᠢ ᠲᠤᠩ ᠰᠠᠶᠢᠨ ᠲᠤᠬᠢᠷᠠᠭᠤᠯᠵᠤ ᠪᠠᠶᠢᠪᠠᠯ ᠵᠤᠬᠢᠨ᠎ᠠ᠃ ᠲᠠᠷᠭᠤ ᠬᠦᠴᠤ | ᠨᠢ ᠬᠠᠶᠢᠯᠵᠤ ᠪᠠᠶᠢᠭ᠎ᠠ ᠬᠤᠨᠢ ᠬᠦᠯᠦᠷᠡᠬᠦ᠂ ᠬᠡᠳᠡᠰᠤ ᠬᠡᠪᠡᠯᠢ ᠪᠠᠨ ᠲᠠᠳᠠᠬᠤ᠂ ᠬᠠᠷ᠎ᠠ ᠠᠶᠠᠨᠳᠠᠭᠠᠨ ᠤᠯᠠᠳᠠᠵᠤ | ᠲᠤᠭᠤᠯᠬᠤ᠂ ᠴᠠᠪᠢ ᠰᠤᠭᠤ ᠪᠠᠷ ᠢᠶᠠᠨ ᠬᠦᠯᠦᠷᠡᠵᠤ ᠦᠰᠤ ᠨᠤᠤᠰᠤ ᠨᠢ ᠴᠢᠬᠢᠭᠳᠦᠬᠦ ᠵᠡᠷᠭᠡ ᠰᠢᠨᠵᠢ ᠲᠠᠢ ᠪᠠᠶᠢᠨ᠎ᠠ᠃ | ᠬᠠᠶᠢᠯᠵᠤ ᠪᠠᠶᠢᠭ᠎ᠠ ᠢᠮᠠᠭᠠᠨ ᠤ ᠦᠰᠦᠨ ᠤ ᠰᠤᠷᠯᠢᠭ ᠦᠩᠭᠡ ᠪᠠᠭᠤᠷᠠᠵᠤ ᠪᠤᠷᠵᠢᠬᠢᠷ ᠪᠤᠯᠬᠤ᠂ ᠮᠦᠨ ᠬᠤᠨᠢᠨ ᠤ | ᠠᠳᠠᠯᠢ ᠪᠠᠷ ᠰᠤᠭᠤ ᠴᠠᠪᠢ ᠪᠠᠷ ᠢᠶᠠᠨ ᠬᠦᠯᠦᠷᠡᠵᠤ ᠦᠰᠤ ᠨᠤᠤᠰᠤ ᠨᠢ ᠴᠢᠬᠢᠭᠳᠦᠵᠤ ᠤᠯᠠᠳᠠᠵᠤ ᠲᠤᠭᠤᠯᠬᠤ ᠵᠡᠷᠭᠡ | ᠪᠠᠶᠢᠳᠠᠯ ᠲᠠᠢ ᠪᠤᠯᠤᠨ᠎ᠠ᠃ ᠨᠠᠮᠤᠷ ᠤᠨ ᠤᠯᠠᠷᠢᠯ ᠳᠤ ᠢᠩᠬᠢᠵᠤ ᠲᠠᠷᠭᠤ ᠬᠦᠴᠤ ᠨᠢ ᠬᠠᠶᠢᠯᠤᠭᠰᠠᠨ ᠮᠠᠯ ᠡᠪᠤᠯ ᠬᠠᠪᠤᠯ | ᠤᠨ ᠤᠯᠠᠷᠢᠯ ᠳᠤ ᠲᠤᠷᠠᠵᠤ ᠡᠴᠡᠬᠦ ᠨᠢ ᠬᠢᠯᠪᠠᠷ ᠪᠠᠶᠢᠳᠠᠭ᠃ | ᠮᠠᠨ ᠤ ᠲᠡᠷᠢᠬᠦᠨ ᠤ ᠬᠠᠰᠢᠷ ᠮᠠᠯᠴᠢᠳ ᠦᠭᠡᠬᠦᠨ ᠲᠠᠷᠭᠤ ᠶᠢᠨ ᠲᠠᠷᠠᠭ᠎ᠠ 10 ᠳ᠋ᠤᠭᠠᠷ ᠰᠠᠷ᠎ᠠ ᠶᠢᠨ ᠲᠤᠮᠳᠠ | ᠬᠤᠪᠢ ᠠᠴᠠ ᠠᠷᠠᠰᠤᠨ ᠪᠤᠶᠤ ᠬᠠᠯᠢᠮ ᠤᠨ ᠲᠠᠷᠭᠤ ᠶᠢᠨ ᠦᠶ᠎ᠠ ᠡᠬᠢᠯᠡᠵᠤ 11 ᠳ᠋ᠤᠭᠡᠷ ᠰᠠᠷ᠎ᠠ ᠶᠢᠨ ᠲᠤᠮᠳᠠ ᠦᠶ᠎ᠠ | ᠬᠦᠷᠳᠡᠯ᠎ᠠ ᠦᠷᠬᠦᠯᠵᠢᠯᠡᠨ ᠮᠠᠯ ᠤᠨ ᠦᠰᠤ ᠨᠤᠤᠰᠤ ᠶᠢᠨ ᠦᠩᠭᠡ ᠬᠦᠪᠭᠡᠷᠳᠡᠳᠡᠭ ᠤᠴᠢᠷ ᠭᠠᠳᠠᠷ ᠲᠠᠷᠭᠤ ᠨᠢ | ᠠᠷᠠᠰᠤᠨ ᠳᠠᠭᠠᠨ ᠰᠢᠯᠵᠢᠭᠰᠡᠨ ᠰᠢᠨᠵᠢ ᠲᠡᠮᠳᠡᠭ ᠬᠡᠵᠤ ᠦᠵᠡᠳᠡᠭ᠃ | ᠶᠠᠩᠵᠤ ᠪᠦᠷᠢ ᠶᠢᠨ ᠨᠠᠰᠤ᠂ ᠬᠦᠢᠰᠦᠨ ᠤ ᠮᠠᠯ ᠤᠨ ᠬᠠᠷᠢᠭᠤᠯᠭ᠎ᠠ ᠮᠠᠯᠯᠠᠭ᠎ᠠ ᠬᠠᠷᠢᠯᠴᠠᠨ ᠠᠳᠠᠯᠢ ᠦᠭᠡᠢ | ᠦᠪᠡᠷᠮᠢᠴᠨ ᠠᠷᠭ᠎ᠠ ᠲᠠᠢ ᠪᠠᠶᠢᠳᠠᠭ᠃ ᠵᠢᠱᠢᠶ᠎ᠠ ᠨᠢ ᠨᠠᠰᠤ ᠬᠦᠢᠴᠡᠭᠰᠡᠨ ᠮᠠᠯ ᠪᠡᠯᠴᠢᠭᠡᠷ ᠲᠤ ᠲᠤᠭᠳᠠᠪᠤᠷᠢ ᠲᠠᠢ | ᠢᠳᠡᠰᠢᠯᠡᠵᠤ ᠠᠮᠠᠷᠬᠠᠨ ᠲᠠᠷᠭᠤᠯᠠᠳᠠᠭ ᠪᠠᠶᠢᠬᠤ ᠳᠤ ᠦᠰᠪᠤᠷᠢ ᠨᠠᠰᠤᠨ ᠤ ᠮᠠᠯ ᠢᠳᠡᠭᠰᠡᠨ ᠲᠡᠵᠢᠭᠡᠯ ᠤᠨ ᠢᠶᠠᠨ | ᠶᠡᠬᠡᠩᠭᠢ ᠶᠢ ᠡᠷᠬᠢ ᠭᠠᠩᠭ᠎ᠠ᠂ ᠬᠠᠳᠠ ᠠᠰᠬ᠎ᠠ ᠲᠠᠮᠵᠢᠨ ᠲᠤᠭᠯᠠᠵᠤ ᠲᠤᠩᠭᠤᠴᠠᠬᠤ᠂ ᠬᠦᠶᠦᠬᠦ ᠬᠠᠷᠠᠶᠢᠬᠤ | ᠬᠦᠳᠡᠯᠭᠡᠭᠡᠨ ᠳᠡᠭᠡᠨ ᠪᠠ ᠦᠰᠦᠯᠳᠠ ᠬᠦᠭᠵᠢᠯᠳᠠ ᠳᠡᠭᠡᠨ ᠵᠠᠷᠤᠴᠠᠭᠤᠯᠳᠠᠭ ᠤᠴᠢᠷ ᠲᠠᠷᠭᠤ ᠬᠦᠴᠤ ᠠᠪᠬᠤ ᠨᠢ | ᠤᠳᠠᠭᠠᠨ ᠪᠠᠶᠢᠳᠠᠭ᠃ | ᠡᠮ᠎ᠠ ᠬᠤᠨᠢ᠂ ᠡᠮ᠎ᠠ ᠢᠮᠠᠭ᠎ᠠ 8 ᠳ᠋ᠤᠭᠠᠷ ᠰᠠᠷ᠎ᠠ ᠳᠤ ᠰᠠᠭᠠᠯᠢ ᠰᠦ ᠨᠢ ᠲᠠᠳᠠᠷᠠᠵᠤ ᠰᠢᠷᠬᠢᠬᠦ ᠪᠠᠶᠢᠳᠠᠯ ᠲᠠᠢ | ᠪᠤᠯᠳᠠᠭ ᠲᠤᠯᠨ ᠬᠤᠷᠠᠭ᠎ᠠ᠂ ᠢᠰᠢᠭᠡ ᠶᠢ ᠪᠡᠯᠴᠢᠭᠡᠷ ᠤᠨ ᠡᠪᠡᠰᠤ ᠤᠷᠭᠤᠮᠠᠯ ᠰᠢᠮ᠎ᠠ ᠲᠡᠵᠢᠭᠡᠯ ᠰᠠᠶᠢᠳᠠᠢ ᠪᠠᠶᠢᠬᠤ ᠡᠨᠡ | ᠦᠶ᠎ᠠ ᠳᠤ ᠡᠬᠡ ᠠᠴᠠ ᠨᠢ ᠢᠯᠭᠠᠵᠤ ᠲᠤᠰᠬᠠᠢ ᠰᠠᠭᠤᠷᠢᠯᠠᠨ ᠮᠠᠯᠯᠠᠵᠤ ᠪᠡᠶ᠎ᠠ ᠶᠢ ᠨᠢ ᠲᠠᠭᠠᠭᠠᠯᠭᠠᠵᠤ ᠰᠤᠷᠭᠠᠬᠤ | ᠶᠠᠪᠤᠴᠨ ᠳᠤ ᠲᠠᠷᠭᠤ ᠬᠦᠴᠤ ᠠᠪᠤᠭᠤᠯᠤᠨ ᠡᠪᠤᠯ ᠤᠨ ᠤᠯᠠᠷᠢᠯ ᠳᠤ ᠪᠡᠯᠡᠳᠭᠡᠵᠤ ᠦᠯᠴᠢᠷᠵᠢᠬᠦᠯᠬᠦ ᠳᠤ ᠤᠨᠴᠠᠭᠠᠢ | ᠠᠩᠬᠠᠷᠬᠤ ᠨᠢ ᠴᠢᠬᠤᠯᠨ᠃ ᠶᠠᠩᠵᠤ ᠪᠦᠷᠢ ᠶᠢᠨ ᠠᠵᠢᠯᠯᠠᠭ᠎ᠠ ᠲᠠᠢ ᠰᠠᠭᠤᠷᠢ ᠠᠴᠠ ᠢᠯᠭᠠᠭᠳᠠᠵᠤ ᠢᠷᠡᠭᠡᠳ | ᠰᠠᠭᠤᠷᠢᠯᠠᠭᠳᠠᠭᠰᠠᠨ ᠬᠤᠷᠠᠭ᠎ᠠ ᠢᠰᠢᠭᠡ ᠨᠢ ᠦᠰᠦᠯᠳᠠ ᠪᠤᠶᠢᠵᠢᠯᠳᠠ ᠲᠠᠷᠭᠤ ᠬᠦᠴᠦᠨ ᠤ ᠪᠠᠶᠢᠳᠠᠯ ᠪᠤᠯᠤᠨ ᠠᠭᠠᠰᠢ | ᠠᠷᠠᠨᠰᠢᠨ ᠢᠶᠠᠷ ᠢᠶᠠᠨ ᠬᠠᠷᠢᠯᠴᠠᠨ ᠠᠳᠠᠯᠢ ᠦᠭᠡᠢ ᠪᠠᠶᠢᠳᠠᠭ᠃ ᠢᠯᠭᠠᠭᠳᠠᠵᠤ ᠰᠠᠭᠤᠷᠢᠯᠠᠭᠰᠠᠨ ᠢᠵᠢᠯ ᠪᠤᠷᠤᠭᠤ ᠲᠦᠯ | ᠮᠠᠯ᠂ ᠢᠯᠠᠩᠭᠤᠶ᠎ᠠ ᠡᠬᠢᠨ ᠤ ᠦᠶ᠎ᠠ ᠳᠡᠭᠡᠨ ᠡᠬᠡ ᠶᠢ ᠪᠠᠨ ᠦᠭᠡᠶᠢᠯᠡᠵᠤ ᠮᠠᠶᠢᠯᠠᠬᠤ᠂ ᠱᠤᠤᠬᠢᠬᠤ᠂ ᠰᠦᠷᠦᠭ ᠠᠴᠠ | ᠪᠠᠨ ᠬᠡᠰᠡᠭ ᠪᠦᠯᠦᠭ ᠢᠶᠠᠷ ᠲᠠᠰᠤᠷᠠᠵᠤ ᠡᠶᠢᠰᠢ ᠲᠡᠶᠢᠰᠢ ᠬᠤᠶᠢᠯᠠᠷᠠᠨ ᠬᠦᠶᠦᠬᠦ ᠨᠢ ᠶᠡᠭᠡ ᠪᠠᠶᠢᠳᠠᠭ ᠪᠠᠶᠢᠨ᠎ᠠ᠃ ᠡᠶᠢᠮᠤ | ᠠᠴᠠ ᠲᠦᠯ ᠮᠠᠯ ᠢ ᠵᠦᠭᠡᠯᠡᠨ᠂ ᠦᠪᠡᠷ ᠤᠨ ᠢᠶᠠᠨ ᠪᠡᠷ᠎ᠠ ᠪᠠᠨ ᠦᠭᠴᠤ ᠲᠠᠭᠠᠬᠤ ᠮᠠᠶ᠋ᠢᠭ ᠢᠶᠠᠷ ᠦᠷᠬᠦᠭᠡᠵᠤ | ᠴᠤᠴᠢᠭᠠᠯ ᠦᠭᠡᠢ ᠬᠦᠶᠦᠯᠭᠡᠵᠤ ᠬᠠᠷᠠᠶᠢᠯᠭᠠᠬᠤ ᠦᠭᠡᠢ ᠪᠠᠷ ᠲᠤᠭᠳᠠᠭᠤᠨ ᠲᠠᠶᠢᠪᠤᠩ ᠪᠠᠶᠢᠳᠠᠯ ᠢᠶᠠᠷ ᠬᠠᠷᠢᠭᠤᠯᠵᠤ | ᠢᠵᠢᠯᠢᠰᠢᠬᠦᠯᠬᠦ ᠨᠢ ᠵᠦᠢᠳᠠᠢ᠃ ᠶᠡᠷᠦ ᠨᠢ ᠲᠦᠯ ᠮᠠᠯ ᠡᠬᠢᠨ ᠤ ᠦᠶ᠎ᠠ ᠳᠤ ᠤᠴᠢᠷ ᠵᠦᠭ ᠢᠶᠠᠨ ᠤᠯᠬᠤ ᠦᠭᠡᠢ | ᠠᠴᠠ ᠪᠤᠯᠵᠤ ᠪᠡᠯᠴᠢᠭᠡᠷ ᠲᠤ ᠢᠳᠡᠰᠢᠯᠡᠬᠦ ᠨᠢ ᠲᠠᠭᠠᠷᠠᠤᠬᠠᠨ ᠪᠠᠶᠢᠳᠠᠭ ᠤᠴᠢᠷ ᠴᠦᠭᠡᠨ ᠲᠤᠭᠠᠨ ᠤ ᠪᠦᠳᠦᠬᠦᠨ ᠬᠤᠨᠢ | ᠲᠠᠢ ᠬᠠᠮᠳᠤ ᠮᠠᠯᠯᠠᠵᠤ ᠲᠠᠭᠠᠯᠳᠤᠭᠤᠯᠤᠨ ᠰᠤᠷᠭᠠᠬᠤ ᠪᠠᠶᠢᠳᠠᠯ ᠢᠶᠠᠷ ᠬᠠᠷᠢᠭᠤᠯᠵᠤ ᠢᠵᠢᠯᠢᠰᠢᠬᠦᠯᠪᠡᠯ ᠰᠠᠶᠢᠨ᠃ | ᠡᠶᠢᠮᠤᠷᠬᠦ ᠪᠠᠶᠢᠳᠠᠯ ᠢᠶᠠᠷ ᠮᠠᠯᠯᠠᠬᠤ ᠳᠤ ᠬᠤᠷᠠᠭ᠎ᠠ ᠢᠰᠢᠭᠡ ᠨᠢ ᠡᠬᠡ ᠪᠠᠨ ᠠᠮᠠᠷᠬᠠᠨ ᠮᠠᠷᠳᠠᠵᠤ ᠲᠦᠷᠭᠡᠨ | ᠢᠵᠢᠯᠢᠰᠢᠭᠡᠳ ᠲᠤᠭᠳᠠᠪᠤᠷᠢ ᠲᠠᠢ ᠪᠤᠯᠵᠤ ᠡᠬᠢᠯᠡᠨ᠎ᠠ᠃ ᠬᠤᠷᠠᠭ᠎ᠠ ᠢᠰᠢᠭᠡ ᠨᠢ ᠤᠰᠤ ᠤᠤᠭᠤᠬᠤ ᠶᠢ ᠲᠡᠳᠦᠢ ᠯᠡ | ᠰᠠᠶᠢᠨ ᠰᠤᠷᠤᠭ᠎ᠠ ᠦᠭᠡᠢ ᠪᠠᠶᠢᠳᠠᠭ ᠤᠴᠢᠷ ᠤᠰᠤ ᠤᠤᠭᠤᠯᠭᠠᠵᠤ ᠰᠤᠷᠭᠠᠬᠤ ᠬᠡᠷᠡᠭᠳᠠᠢ᠃ ᠲᠦᠯ ᠮᠠᠯ ᠢ ᠡᠬᠡ ᠠᠴᠠ | ᠨᠢ ᠢᠯᠭᠠᠭᠰᠠᠨ ᠤ ᠲᠠᠷᠠᠭ᠎ᠠ ᠭᠤᠤᠯ ᠭᠤᠷᠤᠬᠠᠨ ᠤ ᠤᠰᠤᠨ ᠳᠤ ᠤᠷᠤᠭᠤᠯᠬᠤ ᠳᠠᠭᠠᠨ ᠨᠠᠭᠠᠰᠢ ᠴᠠᠭᠠᠰᠢ ᠬᠡᠳᠤ | ᠲᠠᠬᠢᠨ ᠭᠠᠳᠤᠯᠭᠠᠵᠤ ᠲᠤᠭᠳᠠᠭᠤᠨ ᠰᠠᠶᠢᠨ ᠤᠰᠤᠯᠠᠵᠤ ᠪᠠᠶᠢᠬᠤ ᠨᠢ ᠵᠦᠢᠳᠠᠢ᠃ ᠲᠦᠯ ᠮᠠᠯ ᠨᠢ ᠡᠬᠡ ᠶᠢ ᠪᠠᠨ | ᠡᠳᠦᠷ ᠲᠤ ᠤᠯᠠᠨ ᠤᠳᠠᠭ᠎ᠠ ᠬᠦᠬᠦᠵᠤ ᠪᠠᠭ᠎ᠠ ᠬᠡᠮᠵᠢᠶᠠᠨ ᠤ ᠰᠦ ᠪᠠᠯᠭᠤᠵᠤ ᠰᠤᠷᠤᠭᠰᠠᠨ ᠪᠠᠶᠢᠳᠠᠭ ᠤᠴᠢᠷ ᠮᠥᠨ | ᠤᠰᠤ ᠶᠢ ᠪᠠᠭ᠎ᠠ ᠪᠠᠭ᠎ᠠ ᠪᠠᠷ ᠤᠤᠭᠤᠵᠤ ᠲᠠᠰᠴᠤ ᠰᠤᠷᠤᠨ᠎ᠠ᠃ ᠢᠯᠠᠩᠭᠤᠶ᠎ᠠ ᠬᠤᠳᠳᠤᠭ ᠤᠨ ᠤᠩᠭᠤᠴᠠᠨ ᠠᠴᠠ | ᠤᠰᠤ ᠤᠤᠭᠤᠵᠤ ᠰᠤᠷᠤᠭᠠᠳᠤᠢ ᠬᠤᠷᠠᠭ᠎ᠠ ᠢᠰᠢᠭᠡ ᠶᠢ ᠭᠠᠷᠳᠠᠨ ᠤᠰᠤᠯᠠᠬᠤ ᠶᠠᠪᠤᠳᠠᠯ ᠭᠠᠷᠴᠤ ᠪᠤᠯᠤᠨ᠎ᠠ᠃ ᠲᠤᠮᠤ | ᠮᠠᠯ ᠦᠭᠡᠢ ᠲᠠᠩ ᠢᠶᠠᠷ ᠰᠠᠭᠤᠷᠢᠯᠠᠭᠳᠠᠭᠰᠠᠨ ᠲᠦᠯ ᠮᠠᠯ ᠰᠠᠯᠬᠢᠨ ᠳᠤ ᠤᠷᠤᠭᠤᠳᠠᠬᠤ ᠬᠠᠨᠳᠤᠯᠭ᠎ᠠ ᠲᠠᠢ ᠪᠠᠶᠢᠳᠠᠭ | ᠲᠤᠯᠨ ᠵᠤᠷᠢᠭ ᠢᠶᠠᠷ ᠨᠢ ᠤᠷᠤᠭᠤᠳᠠᠭᠤᠯᠵᠤ ᠰᠤᠷᠭᠠᠵᠤ ᠪᠤᠯᠬᠤ ᠦᠭᠡᠢ᠃ ᠬᠡᠷᠪᠡ ᠰᠠᠯᠬᠢᠨ ᠳᠤ ᠤᠷᠤᠭᠤᠳᠠᠵᠤ | ᠰᠤᠷᠪᠠᠯ ᠪᠡᠯᠴᠢᠭᠡᠷ ᠲᠤ ᠲᠤᠭᠳᠠᠪᠤᠷᠢᠳᠠᠢ ᠢᠳᠡᠰᠢᠯᠡᠵᠤ ᠲᠠᠷᠭᠤ ᠬᠦᠴᠤ ᠤᠯᠢᠭ ᠲᠠᠢ ᠠᠪᠴᠤ ᠴᠢᠳᠠᠬᠤ ᠦᠭᠡᠢ ᠳᠤ | ᠬᠦᠷᠦᠨ᠎ᠠ᠃ ᠲᠦᠯ ᠮᠠᠯ ᠨᠢ ᠡᠬᠡ ᠠᠴᠠ ᠢᠯᠭᠠᠭᠰᠠᠨ ᠤ ᠲᠠᠷᠠᠭᠠᠬᠠᠨ ᠪᠤᠯᠤᠨ ᠡᠬᠢᠨ ᠤ ᠬᠦᠢᠳᠡᠷᠡᠯᠳᠠ ᠪᠠ ᠴᠠᠰᠤ | ᠪᠠᠷ ᠲᠠᠪᠠ ᠠᠯᠳᠠᠵᠤ ᠵᠤᠳᠠᠷᠠᠨᠠ᠃ ᠡᠶᠢᠮᠤ ᠠᠴᠠ ᠠᠩᠬᠠᠨ ᠤ ᠬᠦᠢᠳᠡᠷᠡᠯᠳᠠ ᠪᠠ ᠴᠠᠰᠤᠨ ᠢᠶᠠᠷ ᠲᠤᠯᠠᠭᠠᠨ ᠬᠡᠪᠳᠡᠷᠢ | ᠪᠠᠭᠤᠴᠨ ᠳᠤ ᠴᠦᠭᠡᠨ ᠬᠤᠨᠤᠭᠤᠯᠵᠤ ᠪᠠᠶᠢᠭᠠᠳ ᠲᠠᠬᠢᠨ ᠰᠡᠷᠢᠬᠦᠨ ᠪᠠᠭᠤᠴᠨ ᠳᠤ ᠪᠠᠭᠤᠵᠤ᠂ ᠨᠠᠰᠤ ᠬᠦᠢᠴᠡᠭᠰᠡᠨ | ᠮᠠᠯ ᠤᠨ ᠠᠳᠠᠯᠢ ᠪᠠᠷ ᠦᠷᠯᠦᠭᠡ ᠪᠦᠷᠢ ᠰᠠᠯᠬᠢ ᠰᠦᠷᠦᠬᠦᠯᠦᠨ ᠪᠡᠯᠴᠢᠭᠡᠬᠦ ᠵᠡᠷᠭᠡ ᠪᠠᠷ ᠬᠠᠷᠢᠭᠤᠯᠭ᠎ᠠ ᠶᠢᠨ ᠭᠤᠷᠢᠮ | ᠳᠤ ᠰᠤᠷᠭᠠᠵᠤ ᠰᠦᠨᠢ ᠳᠤᠨᠢ ᠲᠦᠪᠤᠭᠡᠷ ᠲᠡᠨᠵᠢ ᠲᠡᠭᠡᠷ᠎ᠠ ᠬᠤᠳᠠᠯᠠᠭᠤᠯᠤᠨ᠂ ᠬᠦᠢᠳᠡᠨ ᠳᠤ ᠲᠠᠰᠬᠠᠵᠤ ᠲᠠᠰᠪᠤᠷᠢ ᠲᠠᠢ | ᠪᠤᠯᠭᠠᠨ ᠦᠯᠴᠢᠷᠵᠢᠬᠦᠯᠦᠨᠠ᠃ ᠡᠨᠡ ᠨᠢ ᠮᠠᠯ ᠢ ᠤᠨ ᠳᠤ ᠪᠦᠷᠢᠨ ᠮᠡᠨᠳᠤ ᠤᠷᠤᠭᠤᠯᠬᠤ ᠶᠢᠨ ᠨᠢᠭᠡ ᠴᠢᠬᠤᠯᠨ | ᠨᠦᠬᠦᠴᠡᠯ ᠪᠤᠯᠤᠨ᠎ᠠ᠃ ᠲᠦᠯ ᠮᠠᠯ ᠨᠢ ᠠᠩᠬ᠎ᠠ ᠤᠳᠠᠭ᠎ᠠ ᠡᠪᠤᠯ᠂ ᠬᠠᠪᠤᠷ ᠤᠨ ᠬᠠᠳᠠᠭᠤ ᠰᠢᠷᠦᠬᠦᠨ ᠤᠯᠠᠷᠢᠯ ᠢ | ᠦᠵᠡᠵᠤ ᠪᠠᠶᠢᠭ᠎ᠠ ᠪᠤᠯᠬᠤᠷ ᠦᠰᠦᠯᠳᠠ ᠲᠤᠷᠨᠢᠯᠳᠠ ᠪᠠᠷ ᠰᠤᠯᠨ ᠲᠤᠷᠤᠢ᠂ ᠲᠠᠷᠭᠤ ᠬᠦᠴᠤ ᠪᠠᠷ ᠲᠠᠭᠠᠷᠠᠤᠬᠠᠨ ᠢ ᠨᠢ | ᠠᠩᠬᠠᠨ ᠤ ᠴᠠᠰᠤ ᠤᠷᠤᠵᠤ ᠬᠦᠢᠳᠡᠨ ᠰᠡᠷᠢᠬᠦᠨ ᠪᠤᠯᠬᠤ ᠦᠶ᠎ᠠ ᠪᠠᠷ ᠪᠤᠶᠤ ᠨᠠᠮᠤᠷ ᠤᠨ ᠰᠡᠬᠦᠯᠴᠢ᠂ ᠡᠪᠤᠯ ᠤᠨ ᠡᠬᠢ | ᠪᠠᠷ ᠰᠦᠷᠦᠭ ᠠᠴᠠ ᠨᠢ ᠢᠯᠭᠠᠨ ᠠᠪᠴᠤ ᠡᠪᠤᠯᠵᠢᠶ᠎ᠠ ᠪᠠᠭᠤᠴᠠᠨ ᠤ ᠪᠠᠨ ᠤᠶᠢᠷ᠎ᠠ ᠤᠷᠴᠢᠮ ᠤᠨ ᠰᠤᠷᠭᠤᠭ | ᠪᠡᠯᠴᠢᠭᠡᠷ ᠲᠤ ᠬᠠᠷᠢᠭᠤᠯᠤᠨ᠂ ᠨᠡᠮᠡᠭᠳᠡᠯ ᠲᠡᠵᠢᠭᠡᠯ ᠦᠭᠴᠤ᠂ ᠰᠠᠶᠢᠨ ᠠᠷᠠᠴᠢᠯᠠᠵᠤ ᠲᠤᠷᠳᠠᠵᠤ ᠪᠠᠶᠢᠪᠠᠯ ᠵᠤᠬᠢᠨ᠎ᠠ᠃ | ᠲᠦᠯᠦᠭᠡ ᠪᠤᠷᠯᠤᠩ ᠨᠢ ᠡᠪᠤᠯ᠂ ᠬᠠᠪᠤᠷ ᠤᠨ ᠪᠡᠯᠴᠢᠭᠡᠷ ᠤᠨ ᠬᠠᠭᠳᠠ ᠡᠪᠡᠰᠤᠨ ᠠᠴᠠ ᠬᠡᠷᠡᠭᠴᠡᠭᠡᠳᠤ | ᠲᠡᠵᠢᠭᠡᠯ ᠤᠨ ᠢᠶᠠᠨ ᠲᠦᠩᠭᠡᠵᠢ 30% ᠤᠷᠴᠢᠮ ᠬᠤᠪᠢ ᠶᠢ ᠤᠯᠵᠤ ᠢᠳᠡᠨ᠎ᠠ᠃ ᠡᠶᠢᠮᠤ ᠳᠤ ᠨᠢᠭᠡ ᠨᠠᠰᠤᠳᠤ ᠮᠠᠯ | ᠤᠨ ᠲᠠᠷᠭᠤ ᠬᠦᠴᠤ ᠶᠢ ᠬᠡᠳᠤ ᠠᠯᠳᠠᠭᠳᠠᠭᠤᠯᠬᠤ ᠦᠭᠡᠢ ᠪᠠᠷ ᠤᠨ ᠳᠤ ᠰᠠᠶᠢᠨ ᠤᠷᠤᠭᠤᠯᠵᠤ᠂ ᠠᠰᠢᠭ ᠰᠢᠮ᠎ᠠ ᠶᠡᠭᠡ | ᠲᠠᠢ ᠦᠷᠡᠵᠢᠯ ᠰᠠᠶᠢᠳᠠᠢ ᠮᠠᠯ ᠪᠤᠯᠭᠠᠵᠤ ᠦᠰᠭᠡᠨ ᠪᠤᠶᠢᠵᠢᠭᠤᠯᠬᠤ ᠶᠢᠨ ᠲᠤᠯᠠᠳᠠ ᠡᠪᠤᠯ ᠬᠠᠪᠤᠷ ᠤᠨ ᠤᠯᠠᠷᠢᠯ ᠳᠤ | ᠬᠤᠨᠤᠭ ᠲᠤ 0.7 ᠲᠡᠵᠢᠭᠡᠯ ᠤᠨ ᠨᠢᠭᠡᠴᠢ ᠲᠠᠩᠴᠡᠬᠦᠤ ᠬᠡᠮᠵᠢᠶ᠎ᠠ ᠪᠠᠷ ᠨᠡᠮᠡᠭᠳᠡᠯ ᠲᠡᠵᠢᠭᠡᠯ ᠦᠭᠴᠤ ᠪᠠᠶᠢᠪᠠᠯ ᠲᠤᠩ | ᠰᠠᠶᠢᠨ᠃ ᠶᠡᠷᠦ ᠨᠢ ᠦᠰᠪᠤᠷᠢ ᠨᠠᠰᠤᠨ ᠤ ᠮᠠᠯ ᠢ ᠡᠪᠤᠯ ᠬᠠᠪᠤᠷ ᠲᠤ ᠦᠩᠭᠡ ᠲᠠᠢ ᠲᠠᠷᠭᠤᠨ ᠤᠷᠤᠭᠤᠯᠬᠤ | ᠨᠦᠬᠦᠴᠡᠯ ᠪᠤᠯ ᠨᠤᠳᠤᠭ ᠪᠡᠯᠴᠢᠭᠡᠷ ᠢ ᠵᠦᠪ ᠰᠤᠩᠭᠤᠵᠤ ᠤᠯᠵᠤ᠂ ᠬᠠᠷᠢᠭᠤᠯᠭ᠎ᠠ ᠮᠠᠯᠯᠠᠭ᠎ᠠ ᠶᠢ ᠰᠠᠶᠢᠨ | ᠲᠤᠬᠢᠷᠠᠭᠤᠯᠬᠤ ᠶᠢᠨ ᠵᠡᠷᠭᠡᠴᠡᠭᠡ ᠡᠪᠤᠯᠵᠢᠯᠳᠠ᠂ ᠬᠠᠪᠤᠷᠵᠢᠯᠳᠠ ᠶᠢᠨ ᠪᠡᠯᠡᠳᠭᠡᠯ ᠢ ᠰᠠᠶᠢᠨ ᠬᠢᠵᠤ᠂ ᠲᠤᠯᠠᠭᠠᠨ ᠪᠠᠶᠢᠷᠢ | ᠂ ᠬᠡᠪᠳᠡᠷᠢ ᠪᠠᠭᠤᠴᠨ᠂ ᠰᠢᠮᠡᠳᠤ ᠴᠢᠨᠠᠷ ᠰᠠᠶᠢᠳᠠᠢ ᠲᠡᠵᠢᠭᠡᠯ᠂ ᠤᠰᠤ ᠬᠤᠵᠢᠷ ᠢᠶᠠᠷ ᠪᠠᠶᠢᠩᠭᠤ ᠬᠠᠩᠭᠠᠬᠤ ᠶᠠᠪᠤᠳᠠᠯ | ᠪᠤᠯᠤᠨ᠎ᠠ᠃ | ᠡᠨᠡ ᠦᠶ᠎ᠠ ᠳᠤ ᠶᠠᠪᠤᠭᠳᠠᠳᠠᠭ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠠᠮᠢᠨ ᠴᠢᠬᠤᠯᠨ ᠠᠰᠠᠭᠤᠳᠠᠯ | ᠤᠨ ᠨᠢᠭᠡ ᠪᠤᠯᠬᠤ ᠪᠤᠭ ᠮᠠᠯ ᠤᠨ ᠬᠡᠭᠡᠯᠳᠦᠬᠦᠯᠭᠡ ᠶᠢ ᠲᠠᠷᠭᠤ ᠬᠦᠴᠤ ᠠᠪᠬᠤ᠂ ᠲᠤᠭᠳᠠᠭᠠᠬᠤ ᠳᠤ ᠰᠠᠭᠠᠳ ᠪᠤᠯᠬᠤ | ᠦᠭᠡᠢ ᠪᠠᠷ ᠰᠠᠶᠢᠨ ᠵᠤᠬᠢᠶᠠᠨ ᠪᠠᠶᠢᠭᠤᠯᠵᠤ ᠪᠤᠭᠤᠨᠢ ᠬᠤᠭᠤᠴᠠᠭᠠᠨ ᠳᠤ ᠶᠠᠪᠤᠭᠤᠯᠤᠨ ᠲᠠᠭᠤᠰᠬᠠᠵᠤ ᠪᠠᠶᠢᠪᠠᠯ ᠵᠤᠬᠢᠨ᠎ᠠ | ᠃ ᠮᠠᠯ ᠢ ᠤᠳᠤᠷᠯᠠᠨ ᠲᠠᠷᠭᠤᠯᠠᠭᠤᠯᠬᠤ ᠠᠵᠢᠯ ᠨᠢ ᠲᠡᠬᠦᠨ ᠤ ᠤᠷᠤᠭ᠎ᠠ ᠤᠷᠤᠯᠳᠠ ᠶᠢ ᠢᠳᠡᠪᠬᠢᠵᠢᠬᠦᠯᠵᠤ᠂ ᠬᠡᠭᠡᠯ | ᠠᠪᠤᠯᠳᠠ ᠶᠢ ᠰᠠᠶᠢᠵᠢᠷᠠᠭᠤᠯᠬᠤ᠂ ᠠᠮᠢᠳᠤᠷᠠᠬᠤ ᠴᠢᠳᠠᠪᠤᠷᠢ ᠪᠠᠷ ᠰᠠᠶᠢᠨ᠂ ᠴᠢᠬᠢᠷᠠᠭ ᠲᠦᠯ ᠬᠦᠯᠢᠶᠡᠨ ᠠᠪᠴᠤ | ᠪᠤᠶᠢᠵᠢᠭᠤᠯᠬᠤ ᠪᠤᠯᠤᠯᠴᠠᠭ᠎ᠠ ᠶᠢ ᠬᠠᠩᠭᠠᠬᠤ᠂ ᠠᠰᠢᠭ ᠰᠢᠮ᠎ᠠ ᠶᠢ ᠨᠢ ᠲᠡᠭᠡᠭᠰᠢᠯᠡᠬᠦᠯᠬᠦ᠂ ᠪᠡᠶ᠎ᠠ ᠶᠢᠨ ᠡᠰᠡᠷᠬᠦᠴᠡᠯ ᠢ | ᠰᠠᠶᠢᠵᠢᠷᠠᠭᠤᠯᠤᠨ ᠡᠯᠳᠡᠪ ᠲᠦᠷᠦᠯ ᠤᠨ ᠡᠪᠡᠳᠴᠢᠨ ᠡᠮᠬᠡᠭ ᠲᠤ ᠠᠮᠠᠷᠬᠠᠨ ᠨᠡᠷᠪᠡᠭᠳᠡᠬᠦᠯᠬᠦ ᠦᠭᠡᠢ ᠪᠤᠯᠭᠠᠵᠤ᠂ ᠡᠪᠤᠯ | ᠬᠠᠪᠤᠷ ᠤᠨ ᠬᠠᠳᠠᠭᠤ ᠰᠢᠷᠦᠬᠦᠨ ᠤᠯᠠᠷᠢᠯ ᠳᠤ ᠪᠠ ᠪᠠᠶᠢᠭᠠᠯᠢ ᠶᠢᠨ ᠲᠦᠷ ᠵᠠᠭᠤᠷ᠎ᠠ ᠶᠢᠨ ᠡᠯᠳᠡᠪ ᠪᠡᠷᠬᠡᠰᠢᠶᠡᠯ ᠤᠨ | ᠤᠯᠠᠮ ᠠᠴᠠ ᠭᠠᠷᠬᠤ ᠲᠤᠮᠤ ᠮᠠᠯ ᠤᠨ ᠵᠦᠢ ᠪᠤᠰᠤ ᠬᠤᠷᠤᠭᠳᠠᠯ ᠢ ᠮᠡᠳᠡᠭᠳᠡᠬᠦᠶᠢᠴᠨ ᠪᠠᠭᠠᠰᠬᠠᠨ ᠲᠦᠷᠦᠯ ᠪᠦᠷᠢ ᠶᠢᠨ | ᠮᠠᠯ ᠢ ᠤᠨ ᠳᠤ ᠪᠦᠷᠢᠨ ᠮᠡᠨᠳᠤ ᠤᠷᠤᠭᠤᠯᠬᠤ ᠪᠤᠳᠠᠳᠤ ᠪᠤᠯᠤᠯᠴᠠᠭ᠎ᠠ ᠶᠢ ᠪᠦᠷᠢᠯᠳᠦᠬᠦᠯᠳᠡᠭ ᠤᠴᠢᠷ ᠰᠦᠷᠦᠭ ᠤᠨ | ᠨᠦᠬᠦᠨ ᠦᠢᠯᠡᠳᠪᠤᠷᠢᠯᠡᠯ ᠢ ᠰᠠᠶᠢᠵᠢᠷᠠᠭᠤᠯᠵᠤ ᠮᠠᠯ ᠰᠦᠷᠦᠭ ᠤᠨ ᠲᠤᠭᠳᠠᠪᠤᠷᠢ ᠲᠠᠢ ᠦᠰᠦᠯᠳᠠ ᠶᠢ ᠬᠠᠩᠭᠠᠵᠤ᠂ | ᠪᠦᠳᠦᠭᠡᠭᠳᠡᠬᠦᠨ ᠦᠢᠯᠡᠳᠪᠤᠷᠢᠯᠡᠯᠳᠠ ᠶᠢ ᠨᠡᠮᠡᠭᠳᠡᠬᠦᠯᠵᠤ᠂ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠡᠳ᠋ ᠤᠨ | ᠵᠠᠰᠠᠭ ᠤᠨ ᠦᠶ᠎ᠠ ᠠᠰᠢᠭ ᠢ ᠲᠡᠭᠡᠭᠰᠢᠯᠡᠬᠦᠯᠳᠡᠭ ᠪᠡᠯᠴᠢᠭᠡᠷ ᠤᠨ ᠮᠠᠯ ᠮᠠᠯᠯᠠᠭᠠᠨ ᠤ ᠤᠯᠠᠮᠵᠢᠯᠠᠯᠳᠤ ᠰᠠᠶᠢᠬᠠᠨ ᠠᠷᠭ᠎ᠠ | ᠶᠢᠨ ᠨᠢᠭᠡ ᠮᠥᠨ᠃ | ᠮᠠᠯ ᠲᠠᠷᠭᠤᠯᠠᠨ᠎ᠠ ᠬᠡᠳᠡᠭ ᠨᠢ ᠮᠢᠬᠠᠯᠠᠵᠤ ᠦᠭᠡᠬᠦᠯᠡᠨᠠ ᠬᠡᠰᠡᠨ ᠬᠡᠷᠡᠭ᠃ ᠮᠢᠬ᠎ᠠ ᠦᠭᠡᠬᠦ ᠬᠡᠳᠡᠭ ᠨᠢ ᠮᠠᠯ ᠤᠨ | ᠪᠡᠶ᠎ᠠ ᠳᠤ ᠠᠭᠤᠯᠤᠭᠳᠠᠭᠰᠠᠨ ᠠᠰᠤᠷᠤ ᠬᠡᠮᠵᠢᠶᠠᠨ ᠤ ᠢᠯᠴᠢ ︵ᠡᠨᠧᠷᠬᠢ︶ ᠬᠡᠰᠡᠨ ᠦᠭᠡ᠃ ᠵᠦᠪᠯᠡᠯᠳᠤ ᠶᠢᠨ | ᠡᠷᠳᠡᠮᠳᠡᠳ ᠤᠨ ᠰᠤᠳᠤᠯᠵᠤ ᠲᠤᠭᠳᠠᠭᠠᠭᠰᠠᠨ ᠢᠶᠠᠷ ᠲᠡᠭᠡᠳᠤ ᠵᠡᠷᠭᠡ ᠶᠢᠨ ᠲᠠᠷᠭᠤ ᠬᠦᠴᠤ ᠠᠪᠤᠭᠰᠠᠨ ᠬᠤᠨᠢ ᠬᠤᠶᠠᠷ | ᠼᠧᠨᠲᠨ᠋ᠧᠷ ︵100 kg ᠲᠠᠢ ᠲᠡᠩᠴᠡᠬᠦ ᠬᠦᠨᠳᠤ ᠶᠢᠨ ᠨᠢᠭᠡᠴᠢ︶ ᠬᠦᠷᠳᠡᠯ᠎ᠠ ᠬᠦᠴᠦᠳᠤ ᠲᠡᠵᠢᠭᠡᠯ ᠨᠢ ᠲᠡᠩᠴᠡᠬᠦ ︵ | 200 kg ᠬᠤᠰᠢᠭᠤ ᠪᠤᠳᠠᠭ᠎ᠠ ᠲᠠᠢ︶ ᠢᠯᠴᠢ ᠶᠢ ᠪᠡᠶ᠎ᠠ ᠳᠡᠭᠡᠨ ᠠᠭᠤᠯᠵᠤ ᠠᠪᠳᠠᠭ ᠪᠤᠯᠤᠨ᠎ᠠ᠃ ᠬᠡᠷᠪᠡ ᠡᠬᠦᠨ ᠢ | ᠬᠠᠳᠤᠵᠤ ᠪᠡᠯᠡᠳᠭᠡᠭᠰᠡᠨ ᠡᠪᠡᠰᠦᠨ ᠳᠤ ᠤᠷᠤᠭᠤᠯᠵᠤ ᠲᠤᠭᠠᠴᠠᠪᠠᠯ ᠲᠡᠭᠡᠳᠤ ᠵᠡᠷᠭᠡ ᠶᠢᠨ ᠲᠠᠷᠭᠤ ᠬᠦᠴᠤ ᠠᠪᠤᠭᠰᠠᠨ | ᠨᠢᠭᠡ ᠬᠤᠨᠢ ᠬᠠᠭᠠᠰ ᠲᠤᠨ ᠰᠠᠶᠢᠨ ᠴᠢᠨᠠᠷ ᠤᠨ ᠡᠪᠡᠰᠤ ︵1kg ᠡᠪᠡᠰᠤ 0.4 ᠲᠡᠵᠢᠭᠡᠯ ᠤᠨ ᠨᠢᠭᠡᠴᠢ ᠲᠠᠢ | ᠲᠡᠩᠴᠡᠨ᠎ᠠ ᠭᠡᠵᠤ ᠦᠵᠡᠬᠦ ᠳᠤ︶ ᠶᠢ ᠦᠪᠡᠷ ᠢᠶᠠᠨ ᠪᠡᠯᠡᠳᠭᠡᠵᠤ ᠠᠪᠴᠤ ᠪᠠᠶᠢᠭ᠎ᠠ ᠬᠡᠷᠡᠭ ᠶᠤᠮ᠃ ᠡᠬᠦᠨ ᠢ | ᠦᠨᠳᠦᠰᠦᠯᠡᠨ ᠪᠦᠬᠦ ᠮᠠᠯ ᠨᠢ ᠲᠤᠮᠳᠠ ᠠᠴᠠ ᠲᠡᠭᠡᠭᠰᠢ ᠲᠠᠷᠭᠤ ᠬᠦᠴᠤ ᠶᠢ ᠠᠪᠤᠭᠰᠠᠨ 500 ᠬᠤᠨᠢ ᠲᠠᠢ ᠨᠢᠭᠡ | ᠰᠠᠭᠤᠷᠢ ᠶᠢᠨ ᠬᠡᠮᠵᠢᠶ᠎ᠠ ᠳᠤ ᠲᠤᠭᠠᠴᠠᠭᠤᠯᠵᠤ ᠦᠵᠡᠪᠡᠯ 250 ᠲᠤᠨ ᠰᠠᠶᠢᠨ ᠴᠢᠨᠠᠷ ᠤᠨ ᠡᠪᠡᠰᠤ ᠮᠠᠯ ᠢᠶᠠᠷ ᠢᠶᠠᠨ | ᠪᠡᠯᠡᠳᠭᠡᠬᠦᠯᠵᠠᠢ ᠬᠡᠵᠤ ᠦᠵᠡᠵᠤ ᠪᠤᠯᠬᠤ ᠵᠢᠱᠢᠶ᠎ᠠ ᠲᠠᠢ ᠶᠤᠮ᠃ | | | ᠵᠤᠬᠢᠶᠠᠭᠴᠢ᠄ ︵ᠮᠤᠩᠭᠤᠯ︶ ᠪ᠊ · ᠵᠢᠭᠮᠡᠳᠳᠤᠷᠵᠢ᠂ ᠯ᠊ · ᠪᠠᠯᠳᠠᠨᠳᠠᠰᠢ᠂ ᠭ᠊ · ᠨᠠᠮᠬᠠᠶᠢᠵᠠᠨᠽᠠᠨ | ︽ᠴᠠᠭ ᠠᠭᠠᠷ ᠮᠠᠯ ᠤᠨ ᠬᠠᠷᠢᠭᠤᠯᠭ᠎ᠠ︾ ᠨᠤᠮ ᠠᠴᠠ ᠬᠡᠰᠡᠭᠯᠡᠪᠡ᠄ ᠦᠪᠤᠷ ᠮᠤᠩᠭᠤᠯ ᠤᠨ ᠬᠡᠪᠯᠡᠯ ᠤᠨ | ᠪᠦᠯᠦᠭᠯᠡᠯ᠂ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2012 ᠤᠨ᠃ | | |