ᠲᠡᠯᠡᠭᠡᠢ ᠲᠠᠢ ᠵᠣᠯᠭᠠᠭᠰᠠᠨ ᠬᠡᠰᠢᠭᠳᠡᠨ ᠮᠣᠩᠭᠤᠯ ᠰᠦᠯᠵᠢᠶ᠎ᠡ
ᠨᠡᠶᠢᠲᠡᠯᠡᠭᠰᠡᠨ ᠴᠠᠭ᠄
2009/12/8
                                  —— ᠰᠣᠷᠪᠣᠯᠵᠢᠯᠠᠭᠴᠢ ᠬᠠᠰᠭᠤᠸ᠎ᠠ                       ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠦᠳᠳᠡᠷ ᠲᠦᠷᠭᠡᠨ ᠬᠦᠭᠵᠢᠬᠦ ᠶᠢ ᠲᠠᠭᠠᠯᠳᠣᠨ ᠺᠣᠮᠫᠢᠦ᠋ᠲ᠋ᠧᠷ  ᠰᠦᠯᠵᠢᠶ᠎ᠡ ᠲᠦᠭᠡᠮᠡᠯᠵᠢᠵᠦ ᠲᠡᠯᠡᠭᠡᠢ ᠳ᠋ᠡᠭᠢᠨ ᠰᠦᠯᠵᠢᠶ᠎ᠡ ᠨᠧᠲ ᠪᠠᠷ  ᠲᠣᠪᠴᠢᠯᠠᠭᠳᠠᠨ ᠪᠠᠶᠢᠭ᠎ᠠ ᠦᠨᠦᠳᠦᠷ ᠮᠣᠩᠭᠤᠯ  ᠰᠦᠯᠵᠢᠶ᠎ᠡ ᠨᠧᠲ ᠨᠢ ᠴᠣ᠋ ᠭᠠᠵᠠᠷ ᠵᠠᠢ ᠠᠪᠴᠣ ᠬᠤᠷ᠎ᠠ ᠶᠢᠨ ᠲᠠᠷᠠᠭᠠᠬᠢ ᠰᠦᠶ᠎ᠡ ᠮᠡᠳᠣ ᠰᠣᠶᠣᠯᠠᠨ ᠨᠠᠬᠢᠶᠠᠯᠠᠵᠣ ᠡᠬᠢᠯᠡᠯ᠎ᠡ᠃ ᠮᠣᠩᠭᠤᠯ  ᠰᠦᠯᠵᠢᠶ᠎ᠡ ᠨᠧᠲ ᠶᠢᠨ ᠬᠦᠭᠵᠢᠶᠡᠨ ᠲᠠᠢ ᠪᠠᠶᠢᠭ᠎ᠠ ᠡᠨᠡ ᠡᠷᠢᠨ ᠳᠤ ᠭᠡᠰᠢᠭᠳᠡᠨ ᠬᠤᠰᠢᠭᠤ  ᠨᠢ ᠴᠣ᠋  ᠰᠦᠯᠵᠢᠶ᠎ᠡ ᠨᠡᠭᠡᠭᠡᠬᠦ ᠪᠡᠯᠡᠳᠭᠡᠯ ᠠᠵᠢᠯ ᠢᠶᠠᠨ ᠱᠠᠯᠠᠪᠳᠠᠨ ᠠᠳᠬᠤᠵᠣ ᠰᠢᠨ᠎ᠡ ᠲᠣᠮᠳᠠᠳᠣ ᠣᠯᠣᠰ ᠪᠠᠶᠢᠭᠤᠯᠣᠭᠳᠠᠭᠰᠠᠨ 60  ᠵᠢᠯ ᠤᠨ ᠣᠢ ᠶᠢᠨ ᠪᠠᠶᠠᠷ ᠲᠤ ᠲᠣᠬᠢᠶᠠᠯᠳᠣᠭᠤᠯᠣᠨ ᠮᠣᠩᠭᠤᠯ ᠰᠦᠯᠵᠢᠶᠡᠨ ᠤ ᠡᠷᠦᠭᠡ  ᠪᠠᠨ ᠰᠡᠭᠦᠵᠦ ᠲᠣᠯᠭ᠎ᠠ ᠪᠠᠨ  ᠲᠣᠯᠪᠠ᠃                 ᠣᠯᠠᠭᠠᠨᠬᠠᠳᠠ ᠶᠢᠨ ᠠᠩᠬᠠᠳᠠᠭᠴᠢ ᠵᠠᠰᠠᠭ ᠵᠠᠬᠢᠷᠭᠠᠨ ᠤ ᠮᠣᠩᠭᠤᠯ ᠰᠦᠯᠵᠢᠶ᠎ᠡ ᠪᠣᠯᠣᠭᠰᠠᠨ ︽ᠭᠡᠰᠢᠭᠳᠡᠨ  ᠮᠣᠩᠭᠤᠯ ᠰᠦᠯᠵᠢᠶ᠎ᠡ︾ ᠶᠢᠨ ᠲᠣᠬᠠᠢ ᠣᠶᠢᠯᠠᠭᠠᠬᠤ ᠪᠠᠷ ᠰᠣᠷᠪᠣᠯᠵᠢᠯᠠᠭᠴᠢ ᠣᠶᠢᠷ᠎ᠠ ᠳᠤ ᠭᠡᠰᠢᠭᠳᠡᠨ ᠬᠤᠰᠢᠭᠤᠨ ᠤ  ᠵᠠᠰᠠᠭ ᠤᠨ ᠣᠷᠳᠣᠨ ᠤ ᠣᠷᠴᠢᠭᠤᠯᠬᠤ ᠭᠡᠷ ᠲᠤ ᠠᠯᠪᠠ ᠲᠠᠢ᠂ ︽ᠬᠡᠰᠢᠭᠳᠡᠨ ᠮᠣᠩᠭᠤᠯ ᠰᠦᠯᠵᠢᠶᠡᠨ︾ ᠤ  ᠨᠠᠶᠢᠷᠠᠭᠤᠯᠣᠭᠴᠢ ᠰᠢ᠊᠂ ᠪᠠᠳᠣ ᠶᠢ ᠣᠳᠠᠰᠣ ᠪᠠᠷ ᠰᠣᠷᠪᠣᠯᠵᠢᠯᠠᠪᠠ᠃               ᠰᠣᠷᠪᠣᠯᠵᠢᠯᠠᠭᠴᠢ᠄ ︽ᠬᠡᠰᠢᠭᠳᠡᠨ ᠮᠣᠩᠭᠤᠯ ᠰᠦᠯᠵᠢᠶ᠎ᠡ︾ ᠶᠢᠨ ᠲᠣᠬᠠᠢ ᠲᠠᠨᠢᠯᠴᠠᠭᠤᠯᠨᠣ︖               ᠰᠢ᠊᠂ ᠪᠠᠳᠣ᠄ ᠮᠠᠨ ᠤ ᠰᠦᠯᠵᠢᠶ᠎ᠡ ᠬᠤᠰᠢᠭᠤᠨ ᠤ ᠲᠣᠶᠢᠮᠣ ᠪᠠᠶᠢᠳᠠᠯ᠂ ᠵᠠᠰᠠᠭ ᠲᠦᠷᠦ᠂ ᠠᠵᠣ ᠠᠬᠤᠢ᠂  ᠠᠵᠢᠯ ᠤᠨ ᠪᠠᠶᠢᠳᠠᠯ᠂ ᠰᠣᠷᠭᠠᠨ ᠬᠦᠮᠦᠵᠢᠯ᠂ ᠮᠠᠯᠵᠢᠬᠤ ᠰᠣᠮᠣ᠂  ᠬᠡᠰᠢᠭᠳᠡᠨ ᠵᠢᠭᠤᠯᠴᠢᠯᠠᠯ᠂ ᠰᠣᠶᠣᠯ ᠣᠷᠠᠯᠢᠭ᠂  ᠲᠣᠰᠬᠠᠢ ᠪᠣᠯᠣᠩ᠂ ᠮᠠᠯᠴᠢᠳ ᠤᠨ ᠬᠠᠨᠢ ᠵᠡᠷᠭᠡ 10 ᠪᠣᠯᠣᠩ ᠢᠶᠠᠷ ᠶᠠᠪᠣᠭᠳᠠᠵᠣ ᠪᠣᠢ᠃               ︽ᠲᠣᠶᠢᠮᠣ ᠪᠠᠶᠢᠳᠠᠯ︾  ᠪᠣᠯᠣᠩ ᠳᠤ᠄ ᠬᠤᠰᠢᠭᠤᠨ ᠤ ᠲᠠᠨᠢᠯᠴᠠᠭᠤᠯᠭ᠎ᠠ᠂ ᠵᠠᠰᠠᠭ ᠵᠠᠬᠢᠷᠭᠠᠨ ᠤ ᠬᠤᠪᠢᠶᠠᠷᠯᠠᠯ᠂  ᠵᠠᠮ ᠬᠠᠷᠢᠯᠴᠠᠭᠠᠨ ᠤ ᠪᠠᠶᠢᠳᠠᠯ᠂ ᠡᠭᠡ ᠪᠠᠶᠠᠯᠢᠭ  ᠤᠨ ᠠᠭᠤᠯᠭ᠎ᠠ ᠶᠢ ᠲᠠᠨᠢᠯᠴᠠᠭᠤᠯᠣᠨ᠎ᠠ᠃               ︽ᠵᠠᠰᠠᠭ ᠲᠦᠷᠦ︾ ᠪᠣᠯᠣᠩ ᠳᠤ᠄ ᠬᠤᠰᠢᠭᠤᠨ ᠤ  ᠲᠦᠷᠪᠡᠨ‌‍ᠶᠡᠭᠡ ᠣᠳᠣᠷᠢᠳᠬᠤ ᠪᠠᠭ ᠤᠨ ᠣᠳᠣᠷᠢᠳᠣᠯᠭ᠎ᠠ  ᠪᠣᠯᠣᠨ ᠲᠦᠷᠪᠡᠨ ᠪᠠᠭ ᠤᠨ ᠬᠠᠮᠢᠭ᠎ᠠ ᠪᠦᠬᠦᠢ ᠪᠢᠴᠢᠭ ᠮᠠᠲ᠋ᠧᠷᠢᠶᠡᠯ ᠢ ᠨᠡᠶᠢᠳᠡᠯᠡᠡᠨ᠎ᠡ᠃               ︽ᠠᠵᠣ ᠠᠬᠤᠢ︾ ᠶᠢᠨ ᠪᠣᠯᠣᠩ᠄ ᠮᠠᠯ ᠠᠵᠣ ᠠᠬᠤᠢ ᠶᠢᠨ ᠪᠠᠶᠢᠳᠠᠯ᠂ ᠣᠶᠢᠯᠡᠳᠪᠦᠷᠢ᠂ ᠠᠭᠤᠷᠬᠠᠢ ᠵᠡᠷᠭᠡ  ᠠᠭᠤᠯᠭ᠎ᠠ ᠤᠳ ᠢ ᠨᠡᠶᠢᠳᠡᠯᠡᠨ᠎ᠡ᠃ ᠡᠭᠦᠨ ᠳᠤ ᠭᠤᠣᠯᠳᠠᠭᠤ ᠮᠠᠯ ᠠᠵᠣ ᠠᠬᠤᠢ ᠪᠠᠷ ᠭᠤᠣᠯᠳᠠᠯᠭ᠎ᠠ ᠪᠣᠯᠭᠠᠵᠣ ᠪᠣᠢ᠃              ︽ᠠᠵᠢᠯ ᠤᠨ ᠪᠠᠶᠢᠳᠠᠯ︾ ᠤᠨ ᠪᠣᠯᠣᠩ᠄ ᠮᠡᠳᠡᠭᠡ ᠮᠡᠳᠡᠭᠡᠯᠡᠯ ᠢᠶᠠᠷ ᠭᠤᠣᠯ ᠪᠣᠯᠭᠠᠵᠣ᠂ ᠬᠤᠰᠢᠭᠤᠨ ᠤ  ᠵᠠᠰᠠᠭ ᠤᠨ ᠣᠷᠳᠣᠨ ᠤ ᠬᠠᠮᠢᠶ᠎ᠠ ᠪᠦᠬᠦᠢ ᠠᠵᠢᠯ ᠤᠨ ᠪᠠᠶᠢᠳᠠᠯ ᠢᠶᠠᠷ ᠭᠤᠣᠯ ᠪᠣᠯᠭᠠᠵᠣ ᠪᠠᠶᠢᠭᠠᠳ ᠮᠠᠨ ᠤ ᠲᠡᠷᠭᠡᠳᠡ ᠪᠣᠢ  ᠪᠣᠯᠵᠣ ᠪᠠᠶᠢᠭ᠎ᠠ ᠰᠣᠨᠢᠨ ᠮᠡᠳᠡᠭᠡ ᠨᠡᠶᠢᠳᠡᠯᠡᠬᠦ ᠪᠠᠷ ᠭᠤᠣᠯ ᠪᠣᠯᠭᠠᠪᠠ᠃ ᠦᠪᠦᠷ ᠮᠣᠩᠭᠤᠯ ᠤᠨ ᠣᠳᠣᠨ ᠲᠧᠯᠸᠢᠰ᠂  ᠦᠪᠦᠷ ᠮᠣᠩᠭᠤᠯ ᠤᠨ ᠮᠣᠩᠭᠤᠯ ᠷᠠᠳᠢᠣ᠋ ᠨᠡᠪᠳᠡᠷᠡᠭᠦᠯᠭᠡ᠂ ᠣᠯᠠᠭᠠᠨᠬᠠᠳᠠ ᠶᠢᠨ ᠮᠣᠩᠭᠤᠯ ᠷᠠᠳᠢᠣ᠋ ᠶᠢ ᠡᠭᠦᠨ ᠲᠠᠢ  ᠬᠤᠯᠪᠣᠭᠠᠳ ᠮᠠᠯᠴᠢᠳ ᠲᠤ ᠦᠷᠭᠡᠨ ᠲᠡᠯᠭᠡᠷ ᠰᠣᠨᠢᠨ ᠮᠡᠳᠡᠭᠡᠨ ᠤ ᠰᠣᠷᠠᠭ ᠬᠠᠩᠭᠠᠵᠣ ᠪᠣᠢ᠃              ︽ᠰᠣᠷᠭᠠᠨ ᠬᠦᠮᠦᠵᠢᠯ︾ ᠤᠨ ᠪᠣᠯᠣᠩ᠄ ᠭᠡᠰᠢᠭᠳᠡᠨ ᠳᠤ ᠮᠣᠩᠭᠤᠯ ᠭᠡᠣᠬᠡᠳ ᠤᠨ ᠴᠡᠴᠡᠷᠯᠢᠭ  ᠢ ᠪᠠᠭᠳᠠᠭᠠᠭᠰᠠᠨ 8 ᠮᠣᠩᠭᠤᠯ ᠰᠣᠷᠭᠠᠭᠤᠯᠢ ᠲᠠᠢ᠃ ᠡᠳᠡᠭᠡᠷ ᠰᠣᠷᠭᠠᠭᠤᠯᠢ ᠳᠤ ᠲᠣᠰ ᠲᠣᠰ ᠰᠦᠯᠵᠢᠶ᠎ᠡ ᠨᠡᠭᠡᠭᠡᠨ ᠦᠭᠴᠦ  ᠮᠠᠨ ᠤ ᠰᠦᠯᠵᠢᠶᠡᠨ ᠤ ᠲᠠᠭᠠᠯᠳᠠ ᠰᠦᠯᠵᠢᠶ᠎ᠡ ᠪᠣᠯᠭᠠᠪᠠ᠃ ᠡᠭᠦᠨ ᠢᠶᠠᠷ ᠲᠠᠮᠵᠢᠭᠤᠯᠵᠣ ᠭᠡᠰᠢᠭᠳᠡᠨ ᠤ ᠮᠣᠩᠭᠤᠯ  ᠰᠣᠷᠭᠠᠭᠤᠯᠢ ᠶᠢᠨ ᠪᠠᠶᠢᠳᠠᠯ ᠢ ᠣᠶᠢᠯᠠᠭᠠᠵᠣ ᠪᠣᠯᠣᠨ᠎ᠠ᠃              ︽ᠮᠠᠯᠵᠢᠬᠤ ᠰᠣᠮᠣ︾ ᠶᠢᠨ ᠪᠣᠯᠣᠩ᠄ ᠲᠠᠷᠬᠠᠬᠠᠭᠤᠯᠡ᠂ ᠪᠠᠶᠠᠨᠴᠠᠭᠠᠨ᠂ ᠲᠠᠯᠠᠶᠢᠨᠠᠭᠤᠷ ᠵᠡᠷᠭᠡ ᠭᠤᠷᠪᠠᠨ ᠰᠣᠮᠣ  ᠪᠠᠯᠭᠠᠰᠣ ᠳᠤ ᠰᠣᠮᠣᠨ ᠤ ᠰᠦᠯᠵᠢᠶ᠎ᠡ ᠨᠡᠭᠡᠭᠡᠨ ᠦᠭᠴᠦ᠂ ᠰᠣᠮᠣᠨ ᠤ ᠰᠣᠨᠢᠨ ᠮᠡᠳᠡᠭᠡ ᠪᠠᠨ ᠰᠢᠭᠤᠳ ᠰᠦᠯᠵᠢᠶ᠎ᠡ ᠳᠤ  ᠭᠠᠷᠭᠠᠬᠤ᠂ ᠮᠠᠯᠵᠢᠬᠤ ᠰᠣᠮᠣᠨ ᠤ ᠪᠠᠶᠢᠳᠠᠯ ᠢᠶᠠᠨ ᠭᠠᠳᠠᠭᠰᠢ ᠪᠠᠨ ᠣᠬᠠᠭᠤᠯᠬᠤ ᠪᠠ ᠮᠠᠯᠴᠢᠳ ᠤᠨ ᠰᠣᠮᠣᠨ ᠤ ᠵᠠᠰᠠᠭ   ᠤᠨ ᠬᠦᠳᠡᠯᠦᠯ ᠪᠠᠶᠢᠳᠠᠯ ᠢ ᠣᠶᠢᠯᠭᠠᠬᠤ ᠳᠤ ᠲᠦᠭᠦᠮ  ᠦᠵᠡᠬᠦᠯᠦᠶ᠎ᠠ ᠬᠡᠵᠣ ᠪᠣᠳᠣᠵᠣ ᠪᠠᠶᠢᠨ᠎ᠠ᠃               ︽ᠰᠣᠶᠣᠯ ᠣᠷᠠᠯᠢᠭ︾ ᠤᠨ ᠪᠣᠯᠣᠩ᠄  ᠬᠡᠰᠢᠭᠳᠡᠨ ᠮᠤᠩᠭᠤᠯᠴᠤᠳ ᠤᠨ ᠵᠠᠩ ᠦᠢᠯᠡ᠂   ᠬᠦᠮᠦᠨ ᠰᠣᠶᠣᠯ   ᠤᠨ ᠲᠡᠣᠬᠡ᠂ ᠣᠷᠠᠨ ᠵᠣᠬᠢᠶᠠᠯ᠂ ᠰᠣᠶᠣᠯ ᠲᠡᠣᠬᠡ ᠶᠢᠨ ᠦᠯᠡᠳᠡᠭᠳᠡᠯ᠂ ᠣᠪᠣᠭ᠎ᠠ ᠬᠠᠶᠢᠷᠬᠠᠨ ᠰᠦᠮ᠎ᠡ ᠬᠡᠶᠢᠳ ᠵᠡᠷᠭᠡ  ᠠᠭᠤᠯᠭ᠎ᠠ᠃               ︽ᠬᠡᠰᠢᠭᠳᠡᠨ ᠵᠣᠭᠠᠴᠠᠯ︾ ᠪᠣᠯᠣᠩ᠄ ᠭᠠᠵᠠᠷ ᠰᠢᠨᠵᠢᠯᠡᠭᠡᠨ ᠤ ᠴᠡᠴᠡᠷᠯᠢᠭ᠂  ᠦᠵᠡᠮᠵᠢ ᠶᠢᠨ ᠣᠷᠣᠨ ᠂   ᠵᠢᠭᠤᠯᠴᠢᠯᠠᠯ ᠤᠨ ᠵᠠᠮ ᠱᠣᠭᠤᠮ᠂ ᠦᠢᠯᠡᠴᠢᠯᠡᠭᠡ ᠵᠡᠷᠭᠡ ᠠᠭᠤᠯᠭ᠎ᠠ︔              ︽ᠲᠣᠰᠬᠠᠢ ᠪᠣᠯᠣᠩ︾᠄ ᠲᠣᠰ ᠪᠣᠯᠣᠩ ᠢ  ᠣᠳᠬ᠎ᠠ ᠣᠷᠠᠯᠢᠭ ᠤᠨ ᠲᠣᠰᠬᠠᠢ ᠪᠣᠯᠣᠩ ᠭᠡᠵᠦ ᠴᠣ᠋ ᠪᠣᠯᠣᠨ᠎ᠠ ᠃  ᠡᠭᠦᠨ ᠳᠤ ︽ᠷᠣᠯᠭᠠᠷᠵᠠᠪ︾ ᠨᠡᠶᠢᠭᠡᠮᠯᠢᠭ  ᠂  ︽ᠪᠠᠶᠠᠯᠢᠭ ᠰᠠᠶᠢᠬᠠᠨ ᠬᠡᠰᠢᠭᠳᠡᠨ︾ ᠵᠡᠷᠭᠡ 8  ᠠᠭᠤᠯᠭ᠎ᠠ ᠲᠠᠢ ᠪᠠᠶᠢᠵᠣ᠂ ᠮᠣᠩᠭᠤᠯᠴᠣᠳ ᠤᠨ ᠵᠠᠩ ᠣᠶᠢᠯᠡ ᠰᠣᠶᠣᠯ ᠢᠷᠭᠡᠨᠰᠢᠯ ᠲᠠᠢ ᠬᠤᠯᠪᠣᠭᠰᠠᠨ ᠵᠣᠶᠢᠯᠡᠰ ᠢ ᠨᠡᠶᠢᠳᠡᠯᠡᠵᠦ ᠪᠣᠢ᠃             ︽ᠮᠠᠯᠴᠢᠳ ᠤᠨ ᠬᠠᠨᠢ︾ ᠪᠣᠯᠣᠩ᠄ ᠮᠠᠯᠴᠢᠳ ᠲᠤ ᠵᠣᠷᠢᠭᠤᠯᠣᠭᠰᠠᠨ ᠬᠠᠣᠯᠢ ᠴᠠᠭᠠᠵᠠ ᠶᠢᠨ ᠯᠠᠪᠯᠠᠯᠳᠠ᠂ ᠬᠤᠷᠰᠢᠭᠰᠠᠨ ᠡᠮᠨᠡᠯᠭᠡ᠂ ᠮᠠᠯᠴᠢᠳ ᠤᠨ ᠭᠠᠷ ᠠᠪᠣᠯᠭ᠎ᠠ᠂ ᠮᠠᠯ ᠤᠨ ᠠᠰᠢᠭ ᠰᠢᠮ᠎ᠡ ᠶᠢᠨ ᠪᠣᠷᠣᠯᠠᠭᠤᠯᠣᠯᠳᠠ ᠵᠡᠷᠭᠡ  ᠠᠭᠤᠯᠭ᠎ᠠ ᠪᠠᠷ ᠶᠠᠪᠣᠭᠳᠠᠵᠣ ᠪᠣᠢ᠃               ᠰᠣᠷᠪᠣᠯᠵᠢᠯᠠᠭᠴᠢ᠄ ᠮᠣᠩᠭᠤᠯᠴᠣᠳ ᠤᠨ ᠰᠦᠯᠵᠢᠶ᠎ᠡ ᠠᠰᠢᠭᠯᠠᠬᠤ ᠲᠠᠯ᠎ᠠ ᠪᠠᠷ ᠶᠠᠷᠢᠪᠠᠯ︖ ᠮᠠᠯᠴᠢᠳ ᠤᠨ  ᠰᠦᠯᠵᠢᠶᠡᠨ ᠤ ᠲᠣᠬᠠᠢ ᠲᠠᠨᠢᠯᠳᠠ᠂ ᠰᠦᠯᠵᠢᠶᠡᠨ ᠤ ᠲᠠᠯ᠎ᠠ ᠪᠠᠷ ᠬᠢ ᠲᠣᠰᠬᠠᠯ ᠶᠠᠭᠠᠬᠢᠵᠣ ᠪᠠᠶᠢᠨ᠎ᠠ︖             ᠰᠢ᠊᠂ ᠪᠠᠳᠣ᠄ ᠡᠨᠡ ᠲᠠᠯ᠎ᠠ ᠪᠠᠷ ᠪᠢᠳᠡ ᠪᠠᠰᠠ ᠪᠠᠶᠢᠴᠠᠭᠠᠯᠳᠠ ᠬᠢᠵᠡᠢ᠃ ᠲᠠᠷᠣᠮ ᠤᠨ ᠲᠤᠭ᠎ᠠ ᠡᠳᠣᠷ ᠠᠴᠠ ᠡᠳᠣᠷ  ᠨᠡᠮᠡᠭᠳᠡᠵᠦ ᠪᠠᠶᠢᠨ᠎ᠠ᠃ ᠲᠡᠭᠰᠢᠳᠭᠡᠭᠡᠳ ᠡᠳᠣᠷ ᠲᠤ ᠵᠠᠭᠤ ᠭᠠᠷᠣᠢ ᠬᠦᠷᠴᠦ ᠪᠠᠶᠢᠨ᠎ᠠ᠃ ᠦᠪᠦᠷ ᠮᠣᠩᠭᠤᠯ ᠤᠨ  ᠰᠦᠯᠵᠢᠶᠡᠴᠢᠳ ᠠᠴᠠ ᠭᠠᠳᠠᠨ᠎ᠠ ᠪᠡᠭᠡᠵᠢᠩ᠂ ᠬᠠᠯᠬ᠎ᠠ᠂ ᠶᠠᠫᠣᠨ᠂ ᠧᠦᠷᠦ᠋ᠫᠡ ᠲᠢᠪ ᠤᠨ ᠵᠠᠷᠢᠮ ᠣᠯᠣᠰ ᠣᠷᠣᠨ ᠤ ᠬᠢᠨ  ᠬᠠᠯᠠᠮᠵᠢᠯᠠᠵᠣ ᠪᠣᠢ᠃               ᠰᠣᠷᠪᠣᠯᠵᠢᠯᠠᠭᠴᠢ᠄ ᠰᠣᠮᠣ ᠪᠠᠯᠭᠠᠰᠣ ᠪᠠᠷ ᠭᠡᠷᠡᠯᠯᠢᠭ ᠣᠳᠠᠰᠣ ᠣᠷᠣᠵᠣ ᠤᠤ︖ ᠮᠠᠯᠵᠢᠬᠤ ᠣᠷᠣᠨ ᠤ  ᠺᠣᠮᠫᠢᠦ᠋ᠲ᠋ᠧᠷ ᠤᠨ ᠬᠡᠷᠡᠭᠯᠡᠭᠡᠨ ᠶᠠᠮᠠᠷᠰᠢᠣ ᠪᠠᠶᠢᠨ᠎ᠠ︖               ᠰᠢ᠊᠂ ᠪᠠᠳᠣ᠄ ᠮᠠᠨ ᠤ ᠬᠤᠰᠢᠭᠤᠨ ᠤ ᠬᠦᠮᠦᠨ ᠠᠮᠠ ᠶᠢᠨ ᠲᠤᠭ᠎ᠠ  24 ᠲᠦᠮᠡ 9 ᠮᠢᠩᠭ᠎ᠠ ᠭᠠᠷᠣᠢ᠂ ᠡᠭᠦᠨ   ᠳᠤ ᠮᠣᠩᠭᠤᠯ ᠦᠨᠳᠦᠰᠦᠳᠡᠨ ᠤ  ᠬᠦᠮᠦᠨ ᠠᠮᠠ 2 ᠲᠦᠮᠡ ᠭᠠᠷᠣᠢ᠃ ᠣᠳᠣᠬᠠᠨ ᠳᠤ ᠬᠤᠰᠢᠭᠤᠨ ᠲᠦᠪ ᠪᠠ ᠰᠣᠮᠣ  ᠰᠢᠶᠠᠩ ᠪᠠᠯᠭᠠᠰᠣ ᠪᠠᠷ ᠺᠣᠮᠫᠢᠦ᠋ᠲ᠋ᠧᠷ ᠠᠰᠢᠭᠯᠠᠬᠤ ᠨᠣᠷᠮ᠎ᠠ ᠦᠨᠳᠦᠷ ᠪᠠᠶᠢᠨ᠎ᠠ᠃ ᠰᠣᠮᠣ ᠪᠠᠯᠭᠠᠰᠣ ᠪᠠᠷ ᠭᠡᠷᠡᠯᠯᠢᠭ ᠣᠳᠠᠰᠣ  ᠣᠷᠣᠪᠠ᠃ ᠰᠣᠮᠣ ᠪᠠᠯᠭᠠᠰᠣ ᠠᠴᠠ ᠣᠶᠢᠷᠠᠯᠴᠠᠭ᠎ᠠ ᠭᠠᠴᠠᠭ᠎ᠠ ᠲᠣᠰᠬᠤᠨ ᠤ ᠮᠠᠯᠴᠢᠳ  ᠰᠣᠮᠣᠨ  ᠳᠤ ᠣᠴᠢᠵᠣ ᠰᠦᠯᠵᠢᠶ᠎ᠠ  ᠠᠰᠢᠭᠯᠠᠵᠣ ᠪᠣᠢ᠃ ᠰᠣᠮᠣ ᠪᠠᠯᠭᠠᠰᠣ ᠠᠴᠠ ᠵᠠᠶᠢᠳᠠᠭᠤ ᠪᠣᠶᠢᠳᠡ ᠪᠦᠭᠯᠡᠭᠦᠦ ᠭᠠᠵᠠᠷ ᠣᠷᠣᠨ ᠤ ᠵᠠᠷᠢᠮ ᠮᠠᠯᠴᠢᠳ ᠴᠣ᠋  ᠣᠳᠠᠰᠣ ᠬᠡᠷᠡᠭᠯᠡᠬᠦ ᠦᠭᠡᠢ ᠪᠠᠷ ᠰᠦᠯᠵᠢᠶᠡᠨ ᠳᠤ ᠭᠠᠷᠬᠤ ᠺᠠᠷᠲ  ᠬᠡᠷᠡᠭᠯᠡᠬᠦ ᠶᠢ ᠰᠠᠨᠠᠭᠠᠴᠢᠯᠠᠵᠣ ᠪᠠᠶᠢᠨ᠎ᠠ᠃  ᠶᠡᠷᠦᠩᠭᠡᠶᠢᠯᠡᠭᠡᠳ ᠭᠡᠯᠡᠪᠡᠯ ᠮᠠᠯᠵᠢᠬᠤ ᠣᠷᠣᠨ ᠤ ᠺᠣᠮᠫᠢᠦ᠋ᠲ᠋ᠧᠷ ᠤᠨ ᠭᠡᠷᠡᠭᠯᠡᠭᠡᠨ   ᠤ ᠪᠠᠶᠢᠳᠠᠯ  ᠣᠯᠠᠮ ᠰᠠᠶᠢᠵᠢᠷᠠᠵᠣ  ᠪᠠᠶᠢᠨ᠎ᠠ᠃ ᠵᠡᠭᠡᠯᠢ ᠳᠤ ᠪᠠᠶᠢᠬᠤ ᠰᠣᠷᠣᠭᠴᠢ ᠶᠢᠨ ᠭᠡᠷ ᠤᠨ ᠠᠬᠠᠮᠠᠳ ᠰᠦᠯᠵᠢᠶ᠎ᠡ  ᠪᠠᠷ ᠬᠡᠣᠬᠡᠳ ᠤᠨ ᠢᠶᠠᠨ ᠪᠠᠶᠢᠳᠠᠯ ᠢ  ᠣᠶᠢᠯᠠᠭᠠᠵᠣ ᠪᠠᠶᠢᠳᠠᠭ ᠢᠶᠠᠷ ᠢᠶᠠᠨ ᠭᠡᠷ ᠤᠨ ᠠᠬᠠᠮᠠᠳ  ᠤᠨ ᠰᠦᠯᠵᠢᠶᠡᠨ ᠳᠤ ᠭᠠᠷᠬᠤ ᠨᠢ ᠣᠯᠠᠰᠢᠷᠠᠵᠣ ᠪᠣᠢ᠃  ᠬᠠᠷᠢᠴᠠᠩᠭᠤᠢ ᠪᠠᠷ ᠪᠣᠶᠢᠳᠡ ᠪᠦᠭᠯᠡᠭᠦᠦ ᠭᠠᠵᠠᠷ ᠣᠷᠣᠨ ᠤ ᠮᠠᠯᠴᠢᠳ ᠰᠦᠯᠵᠢᠶᠡᠨ ᠤ ᠲᠣᠬᠠᠢ ᠲᠠᠨᠢᠯᠳᠠ ᠬᠠᠷᠬᠠᠨ  ᠲᠣᠳᠠᠮᠠᠭ ᠪᠠᠶᠢᠭᠰᠠᠭᠠᠷ᠃        ᠰᠣᠷᠪᠣᠯᠵᠢᠯᠠᠭᠴᠢ᠄ ᠡᠬᠡ ᠪᠢᠴᠢᠭ ᠤᠨ ᠢᠷᠡᠯᠳᠡ ᠶᠢᠨ ᠲᠠᠯ᠎ᠠ ᠪᠠᠷ ᠶᠠᠷᠢᠪᠠᠯ︖ ᠮᠠᠯᠴᠢᠳ ᠡᠬᠡ ᠪᠢᠴᠢᠭ  ᠢᠷᠡᠭᠦᠯᠳᠡᠭ ᠤᠤ︖                 ᠰᠢ᠊᠂ ᠪᠠᠳᠣ᠄ ᠮᠠᠨ ᠤ ᠵᠠᠬᠢᠳᠠᠯ ᠤᠨ ᠬᠠᠶᠢᠷᠴᠠᠭ ᠲᠤ ᠡᠳᠣᠷ ᠪᠦᠷᠢ ᠭᠡᠳᠣᠨ ᠡᠬᠡ ᠪᠢᠴᠢᠭ ᠢᠷᠡᠳᠡᠭ᠃  ᠣᠳᠣᠬᠠᠨ ᠤ ᠡᠬᠡ ᠪᠢᠴᠢᠭ ᠤᠨ ᠢᠷᠡᠯᠳᠡ ᠠᠴᠠ ᠦᠵᠡᠪᠡᠯ ᠮᠠᠯᠴᠢᠳ ᠤᠨ ᠡᠬᠡ ᠪᠢᠴᠢᠭ ᠲᠡᠶᠢᠯᠦᠩᠭᠦᠢ ᠪᠠᠶᠢᠷᠢ ᠶᠢ  ᠡᠵᠡᠯᠡᠵᠦ ᠪᠠᠶᠢᠨ᠎ᠠ᠃ ᠪᠠᠶᠠᠨᠴᠠᠭᠠᠨ ᠰᠣᠮᠣᠨ ᠤ ᠴᠣ᠂ ᠣᠷᠬᠢᠯ᠂ ᠲᠠᠷᠬᠠᠬᠠᠭᠤᠯᠠ ᠰᠣᠮᠣᠨ ᠤ ᠵᠣᠷᠢᠭᠳᠦ ᠵᠡᠷᠭᠡ ᠮᠠᠯᠴᠢᠳ  ᠪᠠ ᠣ᠊᠂ ᠰᠡᠴᠡᠨᠪᠠᠭᠠᠳᠣᠷ  ᠂ ᠨᠣ᠂ ᠡᠷᠳᠡᠮᠳᠣ ᠵᠡᠷᠭᠡ  ᠪᠢᠴᠢᠵᠣ ᠣᠷᠣᠯᠳᠣᠳᠠᠭ ᠬᠦᠮᠦᠰ ᠲᠠᠰᠣᠷᠠᠯᠳᠠ ᠦᠭᠡᠢ ᠡᠬᠡ  ᠪᠢᠴᠢᠭ ᠢᠷᠡᠭᠦᠯᠵᠦ ᠪᠠᠶᠢᠨ᠎ᠠ᠂   ᠣᠷᠠᠨ ᠵᠣᠬᠢᠶᠠᠯ  ᠲᠡᠣᠬᠡ ᠰᠣᠶᠣᠯ ᠡᠰᠡᠭᠦᠯ᠎ᠡ ᠬᠠᠣᠯᠢ ᠶᠢᠨ ᠲᠣᠬᠠᠢ ᠵᠦᠪᠯᠡᠯᠭᠡ ᠠᠪᠬᠤ  ᠡᠬᠡ ᠪᠢᠴᠢᠭ ᠤᠳ ᠣᠯᠠᠨ ᠬᠠᠷᠠᠭᠳᠠᠵᠣ ᠪᠠᠶᠢᠨ᠎ᠠ᠃               ᠪᠢᠳᠡ ᠰᠦᠯᠵᠢᠶᠡᠨ ᠤ ᠨᠦᠯᠦᠭᠡ ᠲᠣᠰᠬᠠᠯ ᠢᠶᠠᠨ ᠦᠷᠭᠡᠵᠢᠭᠦᠯᠬᠦ ᠶᠢᠨ ᠲᠦᠯᠦᠭᠡ ᠰᠣᠮᠣ ᠰᠢᠶᠠᠩ ᠪᠠᠯᠭᠠᠰᠣ ᠵᠢᠴᠢ  ᠮᠣᠩᠭᠤᠯ ᠬᠡᠣᠬᠡᠳ ᠤᠨ ᠴᠡᠴᠡᠷᠯᠢᠭ ᠢ ᠪᠠᠭᠳᠠᠭᠠᠭᠰᠠᠨ 8 ᠰᠣᠷᠭᠠᠭᠤᠯᠢ ᠳᠤ ᠰᠦᠯᠵᠢᠶ᠎ᠡ  ᠪᠠᠶᠢᠭᠤᠯᠵᠣ ᠦᠭᠭᠦᠭᠰᠡᠨ ᠤ  ᠬᠠᠮᠳᠣ᠂ ᠮᠦᠩᠭᠡ ᠭᠠᠯ ᠺᠣᠮᠫᠠᠨᠢ ᠠᠴᠠ ᠮᠡᠷᠭᠡᠵᠢᠯᠳᠡᠨ ᠵᠠᠯᠠᠵᠣ ᠰᠦᠯᠵᠢᠶᠡᠨ ᠬᠠᠮᠢᠶᠠᠷᠣᠭᠴᠢᠳ ᠤᠨ ᠪᠣᠯᠪᠠᠰᠣᠷᠠᠯ  ᠡᠷᠬᠢᠯᠡᠵᠦ ᠰᠦᠯᠵᠢᠶᠡᠨ ᠤ ᠲᠣᠰᠬᠠᠢ ᠮᠡᠷᠭᠡᠵᠢᠯ ᠤᠨ ᠠᠵᠢᠯ ᠤᠨ ᠲᠠᠯ᠎ᠠ ᠪᠠᠷ ᠴᠢᠩᠭᠠᠳᠬᠠᠪᠠ᠃               ᠰᠣᠷᠪᠣᠯᠵᠢᠯᠠᠭᠴᠢ᠄ ᠲᠠᠨ ᠤ ᠰᠦᠯᠵᠢᠶ᠎ᠡ ᠠᠩᠬᠠᠨ ᠤ ᠬᠤᠭᠤᠴᠠᠭᠠᠨ ᠳᠠᠭᠠᠨ ᠪᠠᠶᠢᠭ᠎ᠠ ᠪᠣᠯᠬᠤᠷ ᠰᠢᠨᠡᠴᠢᠯᠡᠯᠳᠡ  ᠬᠢᠬᠦ ᠨᠢ ᠯᠠᠪᠳᠠᠢ᠃ ᠡᠨᠡ ᠲᠠᠯ᠎ᠠ ᠪᠠᠷ ᠶᠠᠷᠢᠪᠠᠯ︖               ᠰᠢ᠊᠂ ᠪᠠᠳᠣ᠄ ᠭᠡᠰᠢᠭᠳᠡᠨ ᠪᠣᠯ ᠮᠣᠩᠭᠤᠯ ᠲᠡᠣᠬᠡ ᠶᠢᠨ ᠲᠣᠮᠣ ᠲᠣᠯᠢ᠃ ᠬᠤᠵᠢᠮ ︽ᠬᠠᠭᠤᠴᠢ ᠦᠯᠡᠳᠡᠭᠳᠡᠯ ︾  ᠤᠨ ᠪᠣᠯᠣᠩ ᠨᠡᠭᠡᠭᠡᠵᠦ᠂ ᠪᠠᠷᠰ ᠬᠤᠳᠠ ᠶᠢᠨ ᠪᠠᠭᠤᠷᠢ ᠵᠡᠷᠭᠡ  ᠲᠡᠣᠬᠡ ᠰᠣᠶᠣᠯ ᠤᠨ ᠲᠣᠬᠠᠢ ᠣᠬᠠᠭᠤᠯᠭ᠎ᠠ ᠪᠠᠨ  ᠴᠢᠩᠭᠠᠳᠬᠠᠨ᠎ᠠ ᠭᠡᠵᠦ ᠪᠣᠳᠣᠵᠣ ᠪᠣᠢ᠃ ᠪᠠᠰᠠ ︽ᠭᠡᠰᠢᠭᠳᠡᠨ ᠶᠠᠷᠢᠶᠠᠨ ᠤ ᠲᠠᠪᠴᠠᠩ︾ ᠨᠡᠭᠡᠭᠡᠵᠦ᠂ ᠨᠣᠳᠤᠭ ᠣᠰᠣᠨ ᠤ   ᠪᠠᠨ ᠬᠦᠭᠵᠢᠯᠳᠡ ᠲᠠᠪᠰᠢᠯᠳᠠ ᠶᠢᠨ ᠰᠡᠳᠣᠪ ᠢᠶᠠᠷ ᠭᠤᠣᠯᠳᠠᠭᠤᠯᠣᠭᠰᠠᠨ ᠠᠯᠢ ᠣᠯᠠᠨ ᠶᠠᠷᠢᠯᠴᠠᠭ᠎ᠠ ᠦᠷᠨᠢᠭᠦᠯᠵᠣ᠂  ᠦᠷᠭᠡᠨ ᠣᠯᠠᠨ ᠮᠣᠩᠭᠤᠯᠴᠣᠳ ᠲᠠᠭᠠᠨ ᠲᠠᠭᠠᠰᠢᠶᠠᠭᠳᠠᠭᠰᠠᠨ ᠰᠦᠯᠵᠢᠶ᠎ᠡ ᠪᠣᠯᠭᠠᠨ ᠡᠷᠭᠢᠯᠡᠬᠦ ᠪᠠᠷ ᠲᠦᠯᠦᠪᠯᠡᠨ  ᠵᠢᠷᠣᠭᠯᠠᠵᠣ ᠪᠣᠢ᠃ ᠡᠭᠦᠨ ᠠᠴᠠ ᠭᠠᠳᠠᠨ᠎ᠠ ᠬᠡᠰᠢᠭᠳᠡᠨ ᠠᠶᠠᠯᠠᠯ ᠵᠢᠭᠤᠯᠴᠢᠯᠠᠯ ᠢᠶᠠᠷ ᠭᠤᠣᠯ ᠰᠦᠪᠡᠭᠴᠢ ᠪᠣᠯᠭᠠᠨ᠂  ᠣᠷᠣᠨ ᠨᠣᠳᠤᠭ ᠢᠶᠠᠨ ᠣᠬᠠᠭᠤᠯᠬᠤ ᠴᠣᠩᠬᠤ ᠶᠢᠨ ᠦᠢᠯᠡᠳᠦᠯ ᠢᠶᠠᠨ ᠣᠯᠠᠮ ᠰᠠᠶᠢᠨ ᠪᠠᠳᠠᠷᠠᠭᠤᠯᠣᠶ᠎ᠠ ᠭᠡᠵᠣ ᠪᠣᠳᠣᠵᠣ  ᠪᠠᠶᠢᠨ᠎ᠠ᠃ ᠬᠤᠶᠢᠰᠢᠳᠡ᠂ ᠪᠣᠰᠣᠳ ᠮᠣᠩᠭᠤᠯ ᠰᠦᠯᠵᠢᠶ᠎ᠠ ᠯᠦᠭᠡ ᠶᠢᠨ ᠶᠠᠪᠣᠯᠴᠠᠭ᠎ᠠ ᠬᠠᠷᠢᠯᠴᠠᠭ᠎ᠠ  ᠪᠠᠨ ᠴᠢᠩᠭᠠᠳᠬᠠᠵᠣ᠂ ︽ᠠᠷᠠᠳ ᠤᠨ ᠰᠦᠯᠵᠢᠶ᠎ᠠ ᠶᠢᠨ ᠮᠣᠩᠭᠤᠯ ᠬᠡᠪᠯᠡᠯ︾ ᠵᠡᠷᠭᠡ ᠲᠣᠮᠣ ᠰᠦᠯᠵᠢᠶ᠎ᠠ ᠠᠴᠠ ᠢᠯᠡᠭᠦᠬᠡᠨ ᠰᠣᠷᠣᠯᠴᠠᠵᠣ᠂  ᠠᠭᠤᠯᠭ᠎ᠠ ᠪᠠᠨ ᠭᠦᠨᠵᠡᠭᠡᠶᠢᠷᠡᠭᠦᠯᠵᠣ᠂ ᠬᠡᠪᠴᠢᠶ᠎ᠠ ᠪᠠᠨ‌ᠦᠷᠭᠡᠳᠬᠡᠬᠦ ᠴᠢᠬᠤᠯᠠ ᠲᠠᠢ ᠪᠠᠶᠢᠨ᠎ᠠ᠃               ᠰᠣᠷᠪᠣᠯᠵᠢᠯᠠᠭᠴᠢ᠄ ᠭᠡᠰᠢᠭᠳᠡᠨ ᠬᠤᠰᠢᠭᠤᠨ ᠤ ᠰᠣᠶᠣᠯ ᠲᠡᠣᠬᠡ᠂ ᠨᠠᠶᠢᠷ ᠨᠠᠭᠠᠳᠣᠮ᠂ ᠣᠶᠢᠯᠡᠳᠪᠦᠷᠢᠯᠡᠯ  ᠠᠮᠢᠳᠣᠷᠠᠯ ᠢ ᠲᠣᠰᠬᠠᠭᠰᠠᠨ ᠮᠡᠳᠡᠭᠡ ᠴᠢᠮᠡᠭᠡ ᠬᠢᠭᠡᠳ ︽ᠣᠮᠠᠷᠠᠳᠣ ᠶᠢᠨ ᠵᠢᠶᠠᠩᠨᠠᠨ︾ ᠠᠯᠳᠠᠷ ᠲᠠᠢ ᠬᠡᠰᠢᠭᠳᠡᠨ ᠤ ︽ ᠠᠰᠬᠠᠳᠣ︾ ︽ᠲᠠᠯᠠᠶᠢᠨᠠᠭᠤᠷ︾ ︽ᠲᠠᠪᠣᠨ ᠬᠠᠶᠢᠷᠬᠠᠨ︾ ︽ᠭᠠᠯᠳᠠᠰᠣᠳᠠᠢ ᠷᠠᠰᠢᠶᠠᠨ︾ ᠵᠡᠷᠭᠡ ᠨᠢ ᠮᠣᠩᠭᠤᠯ  ᠰᠦᠯᠵᠢᠶ᠎ᠡ ᠪᠠᠷ ᠢᠶᠠᠨ ᠲᠠᠮᠵᠢᠨ ᠲᠡᠯᠡᠬᠡᠢ ᠶᠢᠨ ᠬᠠᠷᠠᠭᠠᠨ ᠳᠤ ᠬᠦᠷᠴᠦ ᠪᠠᠶᠢᠭ᠎ᠠ ᠁        ︽ᠭᠡᠰᠢᠭᠳᠡᠨ ᠮᠣᠩᠭᠤᠯ ᠰᠦᠯᠵᠢᠶᠡᠨ︾ ᠤ ᠭᠡᠭᠡᠨ ᠰᠠᠷᠠᠭᠤᠯ  ᠢ ᠵᠦᠩᠨᠡᠨ ᠪᠡᠯᠭᠡᠳᠡᠭᠡᠳ ᠡᠨᠡ ᠣᠳᠠᠭᠠᠨ ᠤ  ᠰᠣᠷᠪᠣᠯᠵᠢᠯᠭ᠎ᠠ ᠪᠠᠨ ᠦᠨᠳᠦᠷᠯᠡᠭᠦᠯᠦᠶ᠎ᠡ︕                           ᠵᠣᠬᠢᠶᠠᠭᠴᠢ ᠶᠢᠨ ᠬᠠᠶ᠋ᠢᠭ᠄ ᠣᠯᠠᠭᠠᠨᠬᠠᠳᠠ ᠶᠢᠨ ᠷᠠᠳᠢᠣ᠋ ᠬᠤᠷᠢᠶ᠎ᠠ
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号