| —— ᠰᠣᠷᠪᠣᠯᠵᠢᠯᠠᠭᠴᠢ ᠬᠠᠰᠭᠤᠸ᠎ᠠ | | ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠦᠳᠳᠡᠷ ᠲᠦᠷᠭᠡᠨ ᠬᠦᠭᠵᠢᠬᠦ ᠶᠢ ᠲᠠᠭᠠᠯᠳᠣᠨ ᠺᠣᠮᠫᠢᠦ᠋ᠲ᠋ᠧᠷ | ᠰᠦᠯᠵᠢᠶ᠎ᠡ ᠲᠦᠭᠡᠮᠡᠯᠵᠢᠵᠦ ᠲᠡᠯᠡᠭᠡᠢ ᠳ᠋ᠡᠭᠢᠨ ᠰᠦᠯᠵᠢᠶ᠎ᠡ ᠨᠧᠲ ᠪᠠᠷ ᠲᠣᠪᠴᠢᠯᠠᠭᠳᠠᠨ ᠪᠠᠶᠢᠭ᠎ᠠ ᠦᠨᠦᠳᠦᠷ ᠮᠣᠩᠭᠤᠯ | ᠰᠦᠯᠵᠢᠶ᠎ᠡ ᠨᠧᠲ ᠨᠢ ᠴᠣ᠋ ᠭᠠᠵᠠᠷ ᠵᠠᠢ ᠠᠪᠴᠣ ᠬᠤᠷ᠎ᠠ ᠶᠢᠨ ᠲᠠᠷᠠᠭᠠᠬᠢ ᠰᠦᠶ᠎ᠡ ᠮᠡᠳᠣ ᠰᠣᠶᠣᠯᠠᠨ ᠨᠠᠬᠢᠶᠠᠯᠠᠵᠣ | ᠡᠬᠢᠯᠡᠯ᠎ᠡ᠃ ᠮᠣᠩᠭᠤᠯ ᠰᠦᠯᠵᠢᠶ᠎ᠡ ᠨᠧᠲ ᠶᠢᠨ ᠬᠦᠭᠵᠢᠶᠡᠨ ᠲᠠᠢ ᠪᠠᠶᠢᠭ᠎ᠠ ᠡᠨᠡ ᠡᠷᠢᠨ ᠳᠤ ᠭᠡᠰᠢᠭᠳᠡᠨ ᠬᠤᠰᠢᠭᠤ | ᠨᠢ ᠴᠣ᠋ ᠰᠦᠯᠵᠢᠶ᠎ᠡ ᠨᠡᠭᠡᠭᠡᠬᠦ ᠪᠡᠯᠡᠳᠭᠡᠯ ᠠᠵᠢᠯ ᠢᠶᠠᠨ ᠱᠠᠯᠠᠪᠳᠠᠨ ᠠᠳᠬᠤᠵᠣ ᠰᠢᠨ᠎ᠡ ᠲᠣᠮᠳᠠᠳᠣ ᠣᠯᠣᠰ | ᠪᠠᠶᠢᠭᠤᠯᠣᠭᠳᠠᠭᠰᠠᠨ 60 ᠵᠢᠯ ᠤᠨ ᠣᠢ ᠶᠢᠨ ᠪᠠᠶᠠᠷ ᠲᠤ ᠲᠣᠬᠢᠶᠠᠯᠳᠣᠭᠤᠯᠣᠨ ᠮᠣᠩᠭᠤᠯ ᠰᠦᠯᠵᠢᠶᠡᠨ ᠤ ᠡᠷᠦᠭᠡ | ᠪᠠᠨ ᠰᠡᠭᠦᠵᠦ ᠲᠣᠯᠭ᠎ᠠ ᠪᠠᠨ ᠲᠣᠯᠪᠠ᠃ | ᠣᠯᠠᠭᠠᠨᠬᠠᠳᠠ ᠶᠢᠨ ᠠᠩᠬᠠᠳᠠᠭᠴᠢ ᠵᠠᠰᠠᠭ ᠵᠠᠬᠢᠷᠭᠠᠨ ᠤ ᠮᠣᠩᠭᠤᠯ ᠰᠦᠯᠵᠢᠶ᠎ᠡ ᠪᠣᠯᠣᠭᠰᠠᠨ ︽ᠭᠡᠰᠢᠭᠳᠡᠨ | ᠮᠣᠩᠭᠤᠯ ᠰᠦᠯᠵᠢᠶ᠎ᠡ︾ ᠶᠢᠨ ᠲᠣᠬᠠᠢ ᠣᠶᠢᠯᠠᠭᠠᠬᠤ ᠪᠠᠷ ᠰᠣᠷᠪᠣᠯᠵᠢᠯᠠᠭᠴᠢ ᠣᠶᠢᠷ᠎ᠠ ᠳᠤ ᠭᠡᠰᠢᠭᠳᠡᠨ ᠬᠤᠰᠢᠭᠤᠨ ᠤ | ᠵᠠᠰᠠᠭ ᠤᠨ ᠣᠷᠳᠣᠨ ᠤ ᠣᠷᠴᠢᠭᠤᠯᠬᠤ ᠭᠡᠷ ᠲᠤ ᠠᠯᠪᠠ ᠲᠠᠢ᠂ ︽ᠬᠡᠰᠢᠭᠳᠡᠨ ᠮᠣᠩᠭᠤᠯ ᠰᠦᠯᠵᠢᠶᠡᠨ︾ ᠤ | ᠨᠠᠶᠢᠷᠠᠭᠤᠯᠣᠭᠴᠢ ᠰᠢ᠊᠂ ᠪᠠᠳᠣ ᠶᠢ ᠣᠳᠠᠰᠣ ᠪᠠᠷ ᠰᠣᠷᠪᠣᠯᠵᠢᠯᠠᠪᠠ᠃ | ᠰᠣᠷᠪᠣᠯᠵᠢᠯᠠᠭᠴᠢ᠄ ︽ᠬᠡᠰᠢᠭᠳᠡᠨ ᠮᠣᠩᠭᠤᠯ ᠰᠦᠯᠵᠢᠶ᠎ᠡ︾ ᠶᠢᠨ ᠲᠣᠬᠠᠢ ᠲᠠᠨᠢᠯᠴᠠᠭᠤᠯᠨᠣ︖ | ᠰᠢ᠊᠂ ᠪᠠᠳᠣ᠄ ᠮᠠᠨ ᠤ ᠰᠦᠯᠵᠢᠶ᠎ᠡ ᠬᠤᠰᠢᠭᠤᠨ ᠤ ᠲᠣᠶᠢᠮᠣ ᠪᠠᠶᠢᠳᠠᠯ᠂ ᠵᠠᠰᠠᠭ ᠲᠦᠷᠦ᠂ ᠠᠵᠣ ᠠᠬᠤᠢ᠂ | ᠠᠵᠢᠯ ᠤᠨ ᠪᠠᠶᠢᠳᠠᠯ᠂ ᠰᠣᠷᠭᠠᠨ ᠬᠦᠮᠦᠵᠢᠯ᠂ ᠮᠠᠯᠵᠢᠬᠤ ᠰᠣᠮᠣ᠂ ᠬᠡᠰᠢᠭᠳᠡᠨ ᠵᠢᠭᠤᠯᠴᠢᠯᠠᠯ᠂ ᠰᠣᠶᠣᠯ ᠣᠷᠠᠯᠢᠭ᠂ | ᠲᠣᠰᠬᠠᠢ ᠪᠣᠯᠣᠩ᠂ ᠮᠠᠯᠴᠢᠳ ᠤᠨ ᠬᠠᠨᠢ ᠵᠡᠷᠭᠡ 10 ᠪᠣᠯᠣᠩ ᠢᠶᠠᠷ ᠶᠠᠪᠣᠭᠳᠠᠵᠣ ᠪᠣᠢ᠃ | ︽ᠲᠣᠶᠢᠮᠣ ᠪᠠᠶᠢᠳᠠᠯ︾ ᠪᠣᠯᠣᠩ ᠳᠤ᠄ ᠬᠤᠰᠢᠭᠤᠨ ᠤ ᠲᠠᠨᠢᠯᠴᠠᠭᠤᠯᠭ᠎ᠠ᠂ ᠵᠠᠰᠠᠭ ᠵᠠᠬᠢᠷᠭᠠᠨ ᠤ | ᠬᠤᠪᠢᠶᠠᠷᠯᠠᠯ᠂ ᠵᠠᠮ ᠬᠠᠷᠢᠯᠴᠠᠭᠠᠨ ᠤ ᠪᠠᠶᠢᠳᠠᠯ᠂ ᠡᠭᠡ ᠪᠠᠶᠠᠯᠢᠭ ᠤᠨ ᠠᠭᠤᠯᠭ᠎ᠠ ᠶᠢ ᠲᠠᠨᠢᠯᠴᠠᠭᠤᠯᠣᠨ᠎ᠠ᠃ | ︽ᠵᠠᠰᠠᠭ ᠲᠦᠷᠦ︾ ᠪᠣᠯᠣᠩ ᠳᠤ᠄ ᠬᠤᠰᠢᠭᠤᠨ ᠤ ᠲᠦᠷᠪᠡᠨᠶᠡᠭᠡ ᠣᠳᠣᠷᠢᠳᠬᠤ ᠪᠠᠭ ᠤᠨ | ᠣᠳᠣᠷᠢᠳᠣᠯᠭ᠎ᠠ ᠪᠣᠯᠣᠨ ᠲᠦᠷᠪᠡᠨ ᠪᠠᠭ ᠤᠨ ᠬᠠᠮᠢᠭ᠎ᠠ ᠪᠦᠬᠦᠢ ᠪᠢᠴᠢᠭ ᠮᠠᠲ᠋ᠧᠷᠢᠶᠡᠯ ᠢ ᠨᠡᠶᠢᠳᠡᠯᠡᠡᠨᠡ᠃ | ︽ᠠᠵᠣ ᠠᠬᠤᠢ︾ ᠶᠢᠨ ᠪᠣᠯᠣᠩ᠄ ᠮᠠᠯ ᠠᠵᠣ ᠠᠬᠤᠢ ᠶᠢᠨ ᠪᠠᠶᠢᠳᠠᠯ᠂ ᠣᠶᠢᠯᠡᠳᠪᠦᠷᠢ᠂ ᠠᠭᠤᠷᠬᠠᠢ ᠵᠡᠷᠭᠡ | ᠠᠭᠤᠯᠭ᠎ᠠ ᠤᠳ ᠢ ᠨᠡᠶᠢᠳᠡᠯᠡᠨ᠎ᠡ᠃ ᠡᠭᠦᠨ ᠳᠤ ᠭᠤᠣᠯᠳᠠᠭᠤ ᠮᠠᠯ ᠠᠵᠣ ᠠᠬᠤᠢ ᠪᠠᠷ ᠭᠤᠣᠯᠳᠠᠯᠭ᠎ᠠ ᠪᠣᠯᠭᠠᠵᠣ ᠪᠣᠢ᠃ | | ︽ᠠᠵᠢᠯ ᠤᠨ ᠪᠠᠶᠢᠳᠠᠯ︾ ᠤᠨ ᠪᠣᠯᠣᠩ᠄ ᠮᠡᠳᠡᠭᠡ ᠮᠡᠳᠡᠭᠡᠯᠡᠯ ᠢᠶᠠᠷ ᠭᠤᠣᠯ ᠪᠣᠯᠭᠠᠵᠣ᠂ ᠬᠤᠰᠢᠭᠤᠨ ᠤ | ᠵᠠᠰᠠᠭ ᠤᠨ ᠣᠷᠳᠣᠨ ᠤ ᠬᠠᠮᠢᠶ᠎ᠠ ᠪᠦᠬᠦᠢ ᠠᠵᠢᠯ ᠤᠨ ᠪᠠᠶᠢᠳᠠᠯ ᠢᠶᠠᠷ ᠭᠤᠣᠯ ᠪᠣᠯᠭᠠᠵᠣ ᠪᠠᠶᠢᠭᠠᠳ ᠮᠠᠨ ᠤ ᠲᠡᠷᠭᠡᠳᠡ | ᠪᠣᠢ ᠪᠣᠯᠵᠣ ᠪᠠᠶᠢᠭ᠎ᠠ ᠰᠣᠨᠢᠨ ᠮᠡᠳᠡᠭᠡ ᠨᠡᠶᠢᠳᠡᠯᠡᠬᠦ ᠪᠠᠷ ᠭᠤᠣᠯ ᠪᠣᠯᠭᠠᠪᠠ᠃ ᠦᠪᠦᠷ ᠮᠣᠩᠭᠤᠯ ᠤᠨ ᠣᠳᠣᠨ | ᠲᠧᠯᠸᠢᠰ᠂ ᠦᠪᠦᠷ ᠮᠣᠩᠭᠤᠯ ᠤᠨ ᠮᠣᠩᠭᠤᠯ ᠷᠠᠳᠢᠣ᠋ ᠨᠡᠪᠳᠡᠷᠡᠭᠦᠯᠭᠡ᠂ ᠣᠯᠠᠭᠠᠨᠬᠠᠳᠠ ᠶᠢᠨ ᠮᠣᠩᠭᠤᠯ ᠷᠠᠳᠢᠣ᠋ ᠶᠢ | ᠡᠭᠦᠨ ᠲᠠᠢ ᠬᠤᠯᠪᠣᠭᠠᠳ ᠮᠠᠯᠴᠢᠳ ᠲᠤ ᠦᠷᠭᠡᠨ ᠲᠡᠯᠭᠡᠷ ᠰᠣᠨᠢᠨ ᠮᠡᠳᠡᠭᠡᠨ ᠤ ᠰᠣᠷᠠᠭ ᠬᠠᠩᠭᠠᠵᠣ ᠪᠣᠢ᠃ | | ︽ᠰᠣᠷᠭᠠᠨ ᠬᠦᠮᠦᠵᠢᠯ︾ ᠤᠨ ᠪᠣᠯᠣᠩ᠄ ᠭᠡᠰᠢᠭᠳᠡᠨ ᠳᠤ ᠮᠣᠩᠭᠤᠯ ᠭᠡᠣᠬᠡᠳ ᠤᠨ ᠴᠡᠴᠡᠷᠯᠢᠭ ᠢ | ᠪᠠᠭᠳᠠᠭᠠᠭᠰᠠᠨ 8 ᠮᠣᠩᠭᠤᠯ ᠰᠣᠷᠭᠠᠭᠤᠯᠢ ᠲᠠᠢ᠃ ᠡᠳᠡᠭᠡᠷ ᠰᠣᠷᠭᠠᠭᠤᠯᠢ ᠳᠤ ᠲᠣᠰ ᠲᠣᠰ ᠰᠦᠯᠵᠢᠶ᠎ᠡ ᠨᠡᠭᠡᠭᠡᠨ | ᠦᠭᠴᠦ ᠮᠠᠨ ᠤ ᠰᠦᠯᠵᠢᠶᠡᠨ ᠤ ᠲᠠᠭᠠᠯᠳᠠ ᠰᠦᠯᠵᠢᠶ᠎ᠡ ᠪᠣᠯᠭᠠᠪᠠ᠃ ᠡᠭᠦᠨ ᠢᠶᠠᠷ ᠲᠠᠮᠵᠢᠭᠤᠯᠵᠣ ᠭᠡᠰᠢᠭᠳᠡᠨ ᠤ | ᠮᠣᠩᠭᠤᠯ ᠰᠣᠷᠭᠠᠭᠤᠯᠢ ᠶᠢᠨ ᠪᠠᠶᠢᠳᠠᠯ ᠢ ᠣᠶᠢᠯᠠᠭᠠᠵᠣ ᠪᠣᠯᠣᠨ᠎ᠠ᠃ | ︽ᠮᠠᠯᠵᠢᠬᠤ ᠰᠣᠮᠣ︾ ᠶᠢᠨ ᠪᠣᠯᠣᠩ᠄ ᠲᠠᠷᠬᠠᠬᠠᠭᠤᠯᠡ᠂ ᠪᠠᠶᠠᠨᠴᠠᠭᠠᠨ᠂ ᠲᠠᠯᠠᠶᠢᠨᠠᠭᠤᠷ ᠵᠡᠷᠭᠡ ᠭᠤᠷᠪᠠᠨ | ᠰᠣᠮᠣ ᠪᠠᠯᠭᠠᠰᠣ ᠳᠤ ᠰᠣᠮᠣᠨ ᠤ ᠰᠦᠯᠵᠢᠶ᠎ᠡ ᠨᠡᠭᠡᠭᠡᠨ ᠦᠭᠴᠦ᠂ ᠰᠣᠮᠣᠨ ᠤ ᠰᠣᠨᠢᠨ ᠮᠡᠳᠡᠭᠡ ᠪᠠᠨ ᠰᠢᠭᠤᠳ | ᠰᠦᠯᠵᠢᠶ᠎ᠡ ᠳᠤ ᠭᠠᠷᠭᠠᠬᠤ᠂ ᠮᠠᠯᠵᠢᠬᠤ ᠰᠣᠮᠣᠨ ᠤ ᠪᠠᠶᠢᠳᠠᠯ ᠢᠶᠠᠨ ᠭᠠᠳᠠᠭᠰᠢ ᠪᠠᠨ ᠣᠬᠠᠭᠤᠯᠬᠤ ᠪᠠ ᠮᠠᠯᠴᠢᠳ ᠤᠨ | ᠰᠣᠮᠣᠨ ᠤ ᠵᠠᠰᠠᠭ ᠤᠨ ᠬᠦᠳᠡᠯᠦᠯ ᠪᠠᠶᠢᠳᠠᠯ ᠢ ᠣᠶᠢᠯᠭᠠᠬᠤ ᠳᠤ ᠲᠦᠭᠦᠮ ᠦᠵᠡᠬᠦᠯᠦᠶᠠ ᠬᠡᠵᠣ ᠪᠣᠳᠣᠵᠣ ᠪᠠᠶᠢᠨ᠎ᠠ᠃ | | ︽ᠰᠣᠶᠣᠯ ᠣᠷᠠᠯᠢᠭ︾ ᠤᠨ ᠪᠣᠯᠣᠩ᠄ ᠬᠡᠰᠢᠭᠳᠡᠨ ᠮᠤᠩᠭᠤᠯᠴᠤᠳ ᠤᠨ ᠵᠠᠩ ᠦᠢᠯᠡ᠂ ᠬᠦᠮᠦᠨ | ᠰᠣᠶᠣᠯ ᠤᠨ ᠲᠡᠣᠬᠡ᠂ ᠣᠷᠠᠨ ᠵᠣᠬᠢᠶᠠᠯ᠂ ᠰᠣᠶᠣᠯ ᠲᠡᠣᠬᠡ ᠶᠢᠨ ᠦᠯᠡᠳᠡᠭᠳᠡᠯ᠂ ᠣᠪᠣᠭ᠎ᠠ ᠬᠠᠶᠢᠷᠬᠠᠨ ᠰᠦᠮ᠎ᠡ | ᠬᠡᠶᠢᠳ ᠵᠡᠷᠭᠡ ᠠᠭᠤᠯᠭ᠎ᠠ᠃ | ︽ᠬᠡᠰᠢᠭᠳᠡᠨ ᠵᠣᠭᠠᠴᠠᠯ︾ ᠪᠣᠯᠣᠩ᠄ ᠭᠠᠵᠠᠷ ᠰᠢᠨᠵᠢᠯᠡᠭᠡᠨ ᠤ ᠴᠡᠴᠡᠷᠯᠢᠭ᠂ ᠦᠵᠡᠮᠵᠢ ᠶᠢᠨ ᠣᠷᠣᠨ ᠂ | ᠵᠢᠭᠤᠯᠴᠢᠯᠠᠯ ᠤᠨ ᠵᠠᠮ ᠱᠣᠭᠤᠮ᠂ ᠦᠢᠯᠡᠴᠢᠯᠡᠭᠡ ᠵᠡᠷᠭᠡ ᠠᠭᠤᠯᠭ᠎ᠠ︔ | ︽ᠲᠣᠰᠬᠠᠢ ᠪᠣᠯᠣᠩ︾᠄ ᠲᠣᠰ ᠪᠣᠯᠣᠩ ᠢ ᠣᠳᠬ᠎ᠠ ᠣᠷᠠᠯᠢᠭ ᠤᠨ ᠲᠣᠰᠬᠠᠢ ᠪᠣᠯᠣᠩ ᠭᠡᠵᠦ ᠴᠣ᠋ ᠪᠣᠯᠣᠨ᠎ᠠ | ᠃ ᠡᠭᠦᠨ ᠳᠤ ︽ᠷᠣᠯᠭᠠᠷᠵᠠᠪ︾ ᠨᠡᠶᠢᠭᠡᠮᠯᠢᠭ ᠂ ︽ᠪᠠᠶᠠᠯᠢᠭ ᠰᠠᠶᠢᠬᠠᠨ ᠬᠡᠰᠢᠭᠳᠡᠨ︾ ᠵᠡᠷᠭᠡ 8 ᠠᠭᠤᠯᠭ᠎ᠠ ᠲᠠᠢ | ᠪᠠᠶᠢᠵᠣ᠂ ᠮᠣᠩᠭᠤᠯᠴᠣᠳ ᠤᠨ ᠵᠠᠩ ᠣᠶᠢᠯᠡ ᠰᠣᠶᠣᠯ ᠢᠷᠭᠡᠨᠰᠢᠯ ᠲᠠᠢ ᠬᠤᠯᠪᠣᠭᠰᠠᠨ ᠵᠣᠶᠢᠯᠡᠰ ᠢ ᠨᠡᠶᠢᠳᠡᠯᠡᠵᠦ ᠪᠣᠢ᠃ | | ︽ᠮᠠᠯᠴᠢᠳ ᠤᠨ ᠬᠠᠨᠢ︾ ᠪᠣᠯᠣᠩ᠄ ᠮᠠᠯᠴᠢᠳ ᠲᠤ ᠵᠣᠷᠢᠭᠤᠯᠣᠭᠰᠠᠨ ᠬᠠᠣᠯᠢ ᠴᠠᠭᠠᠵᠠ ᠶᠢᠨ ᠯᠠᠪᠯᠠᠯᠳᠠ᠂ | ᠬᠤᠷᠰᠢᠭᠰᠠᠨ ᠡᠮᠨᠡᠯᠭᠡ᠂ ᠮᠠᠯᠴᠢᠳ ᠤᠨ ᠭᠠᠷ ᠠᠪᠣᠯᠭ᠎ᠠ᠂ ᠮᠠᠯ ᠤᠨ ᠠᠰᠢᠭ ᠰᠢᠮ᠎ᠡ ᠶᠢᠨ ᠪᠣᠷᠣᠯᠠᠭᠤᠯᠣᠯᠳᠠ ᠵᠡᠷᠭᠡ | ᠠᠭᠤᠯᠭ᠎ᠠ ᠪᠠᠷ ᠶᠠᠪᠣᠭᠳᠠᠵᠣ ᠪᠣᠢ᠃ | ᠰᠣᠷᠪᠣᠯᠵᠢᠯᠠᠭᠴᠢ᠄ ᠮᠣᠩᠭᠤᠯᠴᠣᠳ ᠤᠨ ᠰᠦᠯᠵᠢᠶ᠎ᠡ ᠠᠰᠢᠭᠯᠠᠬᠤ ᠲᠠᠯ᠎ᠠ ᠪᠠᠷ ᠶᠠᠷᠢᠪᠠᠯ︖ ᠮᠠᠯᠴᠢᠳ ᠤᠨ | ᠰᠦᠯᠵᠢᠶᠡᠨ ᠤ ᠲᠣᠬᠠᠢ ᠲᠠᠨᠢᠯᠳᠠ᠂ ᠰᠦᠯᠵᠢᠶᠡᠨ ᠤ ᠲᠠᠯ᠎ᠠ ᠪᠠᠷ ᠬᠢ ᠲᠣᠰᠬᠠᠯ ᠶᠠᠭᠠᠬᠢᠵᠣ ᠪᠠᠶᠢᠨ᠎ᠠ︖ | ᠰᠢ᠊᠂ ᠪᠠᠳᠣ᠄ ᠡᠨᠡ ᠲᠠᠯ᠎ᠠ ᠪᠠᠷ ᠪᠢᠳᠡ ᠪᠠᠰᠠ ᠪᠠᠶᠢᠴᠠᠭᠠᠯᠳᠠ ᠬᠢᠵᠡᠢ᠃ ᠲᠠᠷᠣᠮ ᠤᠨ ᠲᠤᠭ᠎ᠠ ᠡᠳᠣᠷ ᠠᠴᠠ | ᠡᠳᠣᠷ ᠨᠡᠮᠡᠭᠳᠡᠵᠦ ᠪᠠᠶᠢᠨ᠎ᠠ᠃ ᠲᠡᠭᠰᠢᠳᠭᠡᠭᠡᠳ ᠡᠳᠣᠷ ᠲᠤ ᠵᠠᠭᠤ ᠭᠠᠷᠣᠢ ᠬᠦᠷᠴᠦ ᠪᠠᠶᠢᠨ᠎ᠠ᠃ ᠦᠪᠦᠷ | ᠮᠣᠩᠭᠤᠯ ᠤᠨ ᠰᠦᠯᠵᠢᠶᠡᠴᠢᠳ ᠠᠴᠠ ᠭᠠᠳᠠᠨ᠎ᠠ ᠪᠡᠭᠡᠵᠢᠩ᠂ ᠬᠠᠯᠬ᠎ᠠ᠂ ᠶᠠᠫᠣᠨ᠂ ᠧᠦᠷᠦ᠋ᠫᠡ ᠲᠢᠪ ᠤᠨ ᠵᠠᠷᠢᠮ | ᠣᠯᠣᠰ ᠣᠷᠣᠨ ᠤ ᠬᠢᠨ ᠬᠠᠯᠠᠮᠵᠢᠯᠠᠵᠣ ᠪᠣᠢ᠃ | ᠰᠣᠷᠪᠣᠯᠵᠢᠯᠠᠭᠴᠢ᠄ ᠰᠣᠮᠣ ᠪᠠᠯᠭᠠᠰᠣ ᠪᠠᠷ ᠭᠡᠷᠡᠯᠯᠢᠭ ᠣᠳᠠᠰᠣ ᠣᠷᠣᠵᠣ ᠤᠤ︖ ᠮᠠᠯᠵᠢᠬᠤ ᠣᠷᠣᠨ ᠤ | ᠺᠣᠮᠫᠢᠦ᠋ᠲ᠋ᠧᠷ ᠤᠨ ᠬᠡᠷᠡᠭᠯᠡᠭᠡᠨ ᠶᠠᠮᠠᠷᠰᠢᠣ ᠪᠠᠶᠢᠨ᠎ᠠ︖ | ᠰᠢ᠊᠂ ᠪᠠᠳᠣ᠄ ᠮᠠᠨ ᠤ ᠬᠤᠰᠢᠭᠤᠨ ᠤ ᠬᠦᠮᠦᠨ ᠠᠮᠠ ᠶᠢᠨ ᠲᠤᠭ᠎ᠠ 24 ᠲᠦᠮᠡ 9 ᠮᠢᠩᠭ᠎ᠠ ᠭᠠᠷᠣᠢ᠂ | ᠡᠭᠦᠨ ᠳᠤ ᠮᠣᠩᠭᠤᠯ ᠦᠨᠳᠦᠰᠦᠳᠡᠨ ᠤ ᠬᠦᠮᠦᠨ ᠠᠮᠠ 2 ᠲᠦᠮᠡ ᠭᠠᠷᠣᠢ᠃ ᠣᠳᠣᠬᠠᠨ ᠳᠤ ᠬᠤᠰᠢᠭᠤᠨ ᠲᠦᠪ | ᠪᠠ ᠰᠣᠮᠣ ᠰᠢᠶᠠᠩ ᠪᠠᠯᠭᠠᠰᠣ ᠪᠠᠷ ᠺᠣᠮᠫᠢᠦ᠋ᠲ᠋ᠧᠷ ᠠᠰᠢᠭᠯᠠᠬᠤ ᠨᠣᠷᠮ᠎ᠠ ᠦᠨᠳᠦᠷ ᠪᠠᠶᠢᠨ᠎ᠠ᠃ ᠰᠣᠮᠣ ᠪᠠᠯᠭᠠᠰᠣ ᠪᠠᠷ | ᠭᠡᠷᠡᠯᠯᠢᠭ ᠣᠳᠠᠰᠣ ᠣᠷᠣᠪᠠ᠃ ᠰᠣᠮᠣ ᠪᠠᠯᠭᠠᠰᠣ ᠠᠴᠠ ᠣᠶᠢᠷᠠᠯᠴᠠᠭ᠎ᠠ ᠭᠠᠴᠠᠭ᠎ᠠ ᠲᠣᠰᠬᠤᠨ ᠤ ᠮᠠᠯᠴᠢᠳ ᠰᠣᠮᠣᠨ | ᠳᠤ ᠣᠴᠢᠵᠣ ᠰᠦᠯᠵᠢᠶ᠎ᠠ ᠠᠰᠢᠭᠯᠠᠵᠣ ᠪᠣᠢ᠃ ᠰᠣᠮᠣ ᠪᠠᠯᠭᠠᠰᠣ ᠠᠴᠠ ᠵᠠᠶᠢᠳᠠᠭᠤ ᠪᠣᠶᠢᠳᠡ ᠪᠦᠭᠯᠡᠭᠦᠦ ᠭᠠᠵᠠᠷ | ᠣᠷᠣᠨ ᠤ ᠵᠠᠷᠢᠮ ᠮᠠᠯᠴᠢᠳ ᠴᠣ᠋ ᠣᠳᠠᠰᠣ ᠬᠡᠷᠡᠭᠯᠡᠬᠦ ᠦᠭᠡᠢ ᠪᠠᠷ ᠰᠦᠯᠵᠢᠶᠡᠨ ᠳᠤ ᠭᠠᠷᠬᠤ ᠺᠠᠷᠲ ᠬᠡᠷᠡᠭᠯᠡᠬᠦ ᠶᠢ | ᠰᠠᠨᠠᠭᠠᠴᠢᠯᠠᠵᠣ ᠪᠠᠶᠢᠨ᠎ᠠ᠃ ᠶᠡᠷᠦᠩᠭᠡᠶᠢᠯᠡᠭᠡᠳ ᠭᠡᠯᠡᠪᠡᠯ ᠮᠠᠯᠵᠢᠬᠤ ᠣᠷᠣᠨ ᠤ ᠺᠣᠮᠫᠢᠦ᠋ᠲ᠋ᠧᠷ ᠤᠨ ᠭᠡᠷᠡᠭᠯᠡᠭᠡᠨ ᠤ | ᠪᠠᠶᠢᠳᠠᠯ ᠣᠯᠠᠮ ᠰᠠᠶᠢᠵᠢᠷᠠᠵᠣ ᠪᠠᠶᠢᠨ᠎ᠠ᠃ ᠵᠡᠭᠡᠯᠢ ᠳᠤ ᠪᠠᠶᠢᠬᠤ ᠰᠣᠷᠣᠭᠴᠢ ᠶᠢᠨ ᠭᠡᠷ ᠤᠨ ᠠᠬᠠᠮᠠᠳ ᠰᠦᠯᠵᠢᠶ᠎ᠡ | ᠪᠠᠷ ᠬᠡᠣᠬᠡᠳ ᠤᠨ ᠢᠶᠠᠨ ᠪᠠᠶᠢᠳᠠᠯ ᠢ ᠣᠶᠢᠯᠠᠭᠠᠵᠣ ᠪᠠᠶᠢᠳᠠᠭ ᠢᠶᠠᠷ ᠢᠶᠠᠨ ᠭᠡᠷ ᠤᠨ ᠠᠬᠠᠮᠠᠳ ᠤᠨ ᠰᠦᠯᠵᠢᠶᠡᠨ ᠳᠤ | ᠭᠠᠷᠬᠤ ᠨᠢ ᠣᠯᠠᠰᠢᠷᠠᠵᠣ ᠪᠣᠢ᠃ ᠬᠠᠷᠢᠴᠠᠩᠭᠤᠢ ᠪᠠᠷ ᠪᠣᠶᠢᠳᠡ ᠪᠦᠭᠯᠡᠭᠦᠦ ᠭᠠᠵᠠᠷ ᠣᠷᠣᠨ ᠤ ᠮᠠᠯᠴᠢᠳ | ᠰᠦᠯᠵᠢᠶᠡᠨ ᠤ ᠲᠣᠬᠠᠢ ᠲᠠᠨᠢᠯᠳᠠ ᠬᠠᠷᠬᠠᠨ ᠲᠣᠳᠠᠮᠠᠭ ᠪᠠᠶᠢᠭᠰᠠᠭᠠᠷ᠃ | ᠰᠣᠷᠪᠣᠯᠵᠢᠯᠠᠭᠴᠢ᠄ ᠡᠬᠡ ᠪᠢᠴᠢᠭ ᠤᠨ ᠢᠷᠡᠯᠳᠡ ᠶᠢᠨ ᠲᠠᠯ᠎ᠠ ᠪᠠᠷ ᠶᠠᠷᠢᠪᠠᠯ︖ ᠮᠠᠯᠴᠢᠳ ᠡᠬᠡ ᠪᠢᠴᠢᠭ | ᠢᠷᠡᠭᠦᠯᠳᠡᠭ ᠤᠤ︖ | ᠰᠢ᠊᠂ ᠪᠠᠳᠣ᠄ ᠮᠠᠨ ᠤ ᠵᠠᠬᠢᠳᠠᠯ ᠤᠨ ᠬᠠᠶᠢᠷᠴᠠᠭ ᠲᠤ ᠡᠳᠣᠷ ᠪᠦᠷᠢ ᠭᠡᠳᠣᠨ ᠡᠬᠡ ᠪᠢᠴᠢᠭ ᠢᠷᠡᠳᠡᠭ᠃ | ᠣᠳᠣᠬᠠᠨ ᠤ ᠡᠬᠡ ᠪᠢᠴᠢᠭ ᠤᠨ ᠢᠷᠡᠯᠳᠡ ᠠᠴᠠ ᠦᠵᠡᠪᠡᠯ ᠮᠠᠯᠴᠢᠳ ᠤᠨ ᠡᠬᠡ ᠪᠢᠴᠢᠭ ᠲᠡᠶᠢᠯᠦᠩᠭᠦᠢ ᠪᠠᠶᠢᠷᠢ ᠶᠢ | ᠡᠵᠡᠯᠡᠵᠦ ᠪᠠᠶᠢᠨ᠎ᠠ᠃ ᠪᠠᠶᠠᠨᠴᠠᠭᠠᠨ ᠰᠣᠮᠣᠨ ᠤ ᠴᠣ᠂ ᠣᠷᠬᠢᠯ᠂ ᠲᠠᠷᠬᠠᠬᠠᠭᠤᠯᠠ ᠰᠣᠮᠣᠨ ᠤ ᠵᠣᠷᠢᠭᠳᠦ ᠵᠡᠷᠭᠡ | ᠮᠠᠯᠴᠢᠳ ᠪᠠ ᠣ᠊᠂ ᠰᠡᠴᠡᠨᠪᠠᠭᠠᠳᠣᠷ ᠂ ᠨᠣ᠂ ᠡᠷᠳᠡᠮᠳᠣ ᠵᠡᠷᠭᠡ ᠪᠢᠴᠢᠵᠣ ᠣᠷᠣᠯᠳᠣᠳᠠᠭ ᠬᠦᠮᠦᠰ ᠲᠠᠰᠣᠷᠠᠯᠳᠠ | ᠦᠭᠡᠢ ᠡᠬᠡ ᠪᠢᠴᠢᠭ ᠢᠷᠡᠭᠦᠯᠵᠦ ᠪᠠᠶᠢᠨ᠎ᠠ᠂ ᠣᠷᠠᠨ ᠵᠣᠬᠢᠶᠠᠯ ᠲᠡᠣᠬᠡ ᠰᠣᠶᠣᠯ ᠡᠰᠡᠭᠦᠯ᠎ᠡ ᠬᠠᠣᠯᠢ ᠶᠢᠨ ᠲᠣᠬᠠᠢ | ᠵᠦᠪᠯᠡᠯᠭᠡ ᠠᠪᠬᠤ ᠡᠬᠡ ᠪᠢᠴᠢᠭ ᠤᠳ ᠣᠯᠠᠨ ᠬᠠᠷᠠᠭᠳᠠᠵᠣ ᠪᠠᠶᠢᠨ᠎ᠠ᠃ | ᠪᠢᠳᠡ ᠰᠦᠯᠵᠢᠶᠡᠨ ᠤ ᠨᠦᠯᠦᠭᠡ ᠲᠣᠰᠬᠠᠯ ᠢᠶᠠᠨ ᠦᠷᠭᠡᠵᠢᠭᠦᠯᠬᠦ ᠶᠢᠨ ᠲᠦᠯᠦᠭᠡ ᠰᠣᠮᠣ ᠰᠢᠶᠠᠩ ᠪᠠᠯᠭᠠᠰᠣ | ᠵᠢᠴᠢ ᠮᠣᠩᠭᠤᠯ ᠬᠡᠣᠬᠡᠳ ᠤᠨ ᠴᠡᠴᠡᠷᠯᠢᠭ ᠢ ᠪᠠᠭᠳᠠᠭᠠᠭᠰᠠᠨ 8 ᠰᠣᠷᠭᠠᠭᠤᠯᠢ ᠳᠤ ᠰᠦᠯᠵᠢᠶ᠎ᠡ ᠪᠠᠶᠢᠭᠤᠯᠵᠣ | ᠦᠭᠭᠦᠭᠰᠡᠨ ᠤ ᠬᠠᠮᠳᠣ᠂ ᠮᠦᠩᠭᠡ ᠭᠠᠯ ᠺᠣᠮᠫᠠᠨᠢ ᠠᠴᠠ ᠮᠡᠷᠭᠡᠵᠢᠯᠳᠡᠨ ᠵᠠᠯᠠᠵᠣ ᠰᠦᠯᠵᠢᠶᠡᠨ ᠬᠠᠮᠢᠶᠠᠷᠣᠭᠴᠢᠳ ᠤᠨ | ᠪᠣᠯᠪᠠᠰᠣᠷᠠᠯ ᠡᠷᠬᠢᠯᠡᠵᠦ ᠰᠦᠯᠵᠢᠶᠡᠨ ᠤ ᠲᠣᠰᠬᠠᠢ ᠮᠡᠷᠭᠡᠵᠢᠯ ᠤᠨ ᠠᠵᠢᠯ ᠤᠨ ᠲᠠᠯ᠎ᠠ ᠪᠠᠷ ᠴᠢᠩᠭᠠᠳᠬᠠᠪᠠ᠃ | | ᠰᠣᠷᠪᠣᠯᠵᠢᠯᠠᠭᠴᠢ᠄ ᠲᠠᠨ ᠤ ᠰᠦᠯᠵᠢᠶ᠎ᠡ ᠠᠩᠬᠠᠨ ᠤ ᠬᠤᠭᠤᠴᠠᠭᠠᠨ ᠳᠠᠭᠠᠨ ᠪᠠᠶᠢᠭ᠎ᠠ ᠪᠣᠯᠬᠤᠷ ᠰᠢᠨᠡᠴᠢᠯᠡᠯᠳᠡ | ᠬᠢᠬᠦ ᠨᠢ ᠯᠠᠪᠳᠠᠢ᠃ ᠡᠨᠡ ᠲᠠᠯ᠎ᠠ ᠪᠠᠷ ᠶᠠᠷᠢᠪᠠᠯ︖ | ᠰᠢ᠊᠂ ᠪᠠᠳᠣ᠄ ᠭᠡᠰᠢᠭᠳᠡᠨ ᠪᠣᠯ ᠮᠣᠩᠭᠤᠯ ᠲᠡᠣᠬᠡ ᠶᠢᠨ ᠲᠣᠮᠣ ᠲᠣᠯᠢ᠃ ᠬᠤᠵᠢᠮ ︽ᠬᠠᠭᠤᠴᠢ ᠦᠯᠡᠳᠡᠭᠳᠡᠯ | ︾ ᠤᠨ ᠪᠣᠯᠣᠩ ᠨᠡᠭᠡᠭᠡᠵᠦ᠂ ᠪᠠᠷᠰ ᠬᠤᠳᠠ ᠶᠢᠨ ᠪᠠᠭᠤᠷᠢ ᠵᠡᠷᠭᠡ ᠲᠡᠣᠬᠡ ᠰᠣᠶᠣᠯ ᠤᠨ ᠲᠣᠬᠠᠢ ᠣᠬᠠᠭᠤᠯᠭ᠎ᠠ ᠪᠠᠨ | ᠴᠢᠩᠭᠠᠳᠬᠠᠨ᠎ᠠ ᠭᠡᠵᠦ ᠪᠣᠳᠣᠵᠣ ᠪᠣᠢ᠃ ᠪᠠᠰᠠ ︽ᠭᠡᠰᠢᠭᠳᠡᠨ ᠶᠠᠷᠢᠶᠠᠨ ᠤ ᠲᠠᠪᠴᠠᠩ︾ ᠨᠡᠭᠡᠭᠡᠵᠦ᠂ ᠨᠣᠳᠤᠭ | ᠣᠰᠣᠨ ᠤ ᠪᠠᠨ ᠬᠦᠭᠵᠢᠯᠳᠡ ᠲᠠᠪᠰᠢᠯᠳᠠ ᠶᠢᠨ ᠰᠡᠳᠣᠪ ᠢᠶᠠᠷ ᠭᠤᠣᠯᠳᠠᠭᠤᠯᠣᠭᠰᠠᠨ ᠠᠯᠢ ᠣᠯᠠᠨ ᠶᠠᠷᠢᠯᠴᠠᠭ᠎ᠠ | ᠦᠷᠨᠢᠭᠦᠯᠵᠣ᠂ ᠦᠷᠭᠡᠨ ᠣᠯᠠᠨ ᠮᠣᠩᠭᠤᠯᠴᠣᠳ ᠲᠠᠭᠠᠨ ᠲᠠᠭᠠᠰᠢᠶᠠᠭᠳᠠᠭᠰᠠᠨ ᠰᠦᠯᠵᠢᠶ᠎ᠡ ᠪᠣᠯᠭᠠᠨ ᠡᠷᠭᠢᠯᠡᠬᠦ ᠪᠠᠷ | ᠲᠦᠯᠦᠪᠯᠡᠨ ᠵᠢᠷᠣᠭᠯᠠᠵᠣ ᠪᠣᠢ᠃ ᠡᠭᠦᠨ ᠠᠴᠠ ᠭᠠᠳᠠᠨ᠎ᠠ ᠬᠡᠰᠢᠭᠳᠡᠨ ᠠᠶᠠᠯᠠᠯ ᠵᠢᠭᠤᠯᠴᠢᠯᠠᠯ ᠢᠶᠠᠷ ᠭᠤᠣᠯ ᠰᠦᠪᠡᠭᠴᠢ | ᠪᠣᠯᠭᠠᠨ᠂ ᠣᠷᠣᠨ ᠨᠣᠳᠤᠭ ᠢᠶᠠᠨ ᠣᠬᠠᠭᠤᠯᠬᠤ ᠴᠣᠩᠬᠤ ᠶᠢᠨ ᠦᠢᠯᠡᠳᠦᠯ ᠢᠶᠠᠨ ᠣᠯᠠᠮ ᠰᠠᠶᠢᠨ ᠪᠠᠳᠠᠷᠠᠭᠤᠯᠣᠶ᠎ᠠ | ᠭᠡᠵᠣ ᠪᠣᠳᠣᠵᠣ ᠪᠠᠶᠢᠨ᠎ᠠ᠃ ᠬᠤᠶᠢᠰᠢᠳᠡ᠂ ᠪᠣᠰᠣᠳ ᠮᠣᠩᠭᠤᠯ ᠰᠦᠯᠵᠢᠶ᠎ᠠ ᠯᠦᠭᠡ ᠶᠢᠨ ᠶᠠᠪᠣᠯᠴᠠᠭ᠎ᠠ ᠬᠠᠷᠢᠯᠴᠠᠭ᠎ᠠ | ᠪᠠᠨ ᠴᠢᠩᠭᠠᠳᠬᠠᠵᠣ᠂ ︽ᠠᠷᠠᠳ ᠤᠨ ᠰᠦᠯᠵᠢᠶ᠎ᠠ ᠶᠢᠨ ᠮᠣᠩᠭᠤᠯ ᠬᠡᠪᠯᠡᠯ︾ ᠵᠡᠷᠭᠡ ᠲᠣᠮᠣ ᠰᠦᠯᠵᠢᠶ᠎ᠠ ᠠᠴᠠ | ᠢᠯᠡᠭᠦᠬᠡᠨ ᠰᠣᠷᠣᠯᠴᠠᠵᠣ᠂ ᠠᠭᠤᠯᠭ᠎ᠠ ᠪᠠᠨ ᠭᠦᠨᠵᠡᠭᠡᠶᠢᠷᠡᠭᠦᠯᠵᠣ᠂ ᠬᠡᠪᠴᠢᠶ᠎ᠠ ᠪᠠᠨᠦᠷᠭᠡᠳᠬᠡᠬᠦ ᠴᠢᠬᠤᠯᠠ ᠲᠠᠢ | ᠪᠠᠶᠢᠨ᠎ᠠ᠃ | ᠰᠣᠷᠪᠣᠯᠵᠢᠯᠠᠭᠴᠢ᠄ ᠭᠡᠰᠢᠭᠳᠡᠨ ᠬᠤᠰᠢᠭᠤᠨ ᠤ ᠰᠣᠶᠣᠯ ᠲᠡᠣᠬᠡ᠂ ᠨᠠᠶᠢᠷ ᠨᠠᠭᠠᠳᠣᠮ᠂ ᠣᠶᠢᠯᠡᠳᠪᠦᠷᠢᠯᠡᠯ | ᠠᠮᠢᠳᠣᠷᠠᠯ ᠢ ᠲᠣᠰᠬᠠᠭᠰᠠᠨ ᠮᠡᠳᠡᠭᠡ ᠴᠢᠮᠡᠭᠡ ᠬᠢᠭᠡᠳ ︽ᠣᠮᠠᠷᠠᠳᠣ ᠶᠢᠨ ᠵᠢᠶᠠᠩᠨᠠᠨ︾ ᠠᠯᠳᠠᠷ ᠲᠠᠢ ᠬᠡᠰᠢᠭᠳᠡᠨ ᠤ ︽ | ᠠᠰᠬᠠᠳᠣ︾ ︽ᠲᠠᠯᠠᠶᠢᠨᠠᠭᠤᠷ︾ ︽ᠲᠠᠪᠣᠨ ᠬᠠᠶᠢᠷᠬᠠᠨ︾ ︽ᠭᠠᠯᠳᠠᠰᠣᠳᠠᠢ ᠷᠠᠰᠢᠶᠠᠨ︾ ᠵᠡᠷᠭᠡ ᠨᠢ ᠮᠣᠩᠭᠤᠯ | ᠰᠦᠯᠵᠢᠶ᠎ᠡ ᠪᠠᠷ ᠢᠶᠠᠨ ᠲᠠᠮᠵᠢᠨ ᠲᠡᠯᠡᠬᠡᠢ ᠶᠢᠨ ᠬᠠᠷᠠᠭᠠᠨ ᠳᠤ ᠬᠦᠷᠴᠦ ᠪᠠᠶᠢᠭ᠎ᠠ ᠁ | ︽ᠭᠡᠰᠢᠭᠳᠡᠨ ᠮᠣᠩᠭᠤᠯ ᠰᠦᠯᠵᠢᠶᠡᠨ︾ ᠤ ᠭᠡᠭᠡᠨ ᠰᠠᠷᠠᠭᠤᠯ ᠢ ᠵᠦᠩᠨᠡᠨ ᠪᠡᠯᠭᠡᠳᠡᠭᠡᠳ ᠡᠨᠡ ᠣᠳᠠᠭᠠᠨ ᠤ | ᠰᠣᠷᠪᠣᠯᠵᠢᠯᠭ᠎ᠠ ᠪᠠᠨ ᠦᠨᠳᠦᠷᠯᠡᠭᠦᠯᠦᠶ᠎ᠡ︕ | ᠵᠣᠬᠢᠶᠠᠭᠴᠢ ᠶᠢᠨ ᠬᠠᠶ᠋ᠢᠭ᠄ ᠣᠯᠠᠭᠠᠨᠬᠠᠳᠠ ᠶᠢᠨ ᠷᠠᠳᠢᠣ᠋ ᠬᠤᠷᠢᠶ᠎ᠠ | | |