ᠭᠠᠯᠳᠦ ᠳᠡᠷᠬᠡᠨ ᠳᠤ ᠰᠠᠭᠤᠬᠤ ᠳᠤ ᠬᠤᠪᠢᠷᠠᠯᠳᠠ ᠭᠠᠷᠤᠯ᠎ᠠ
ᠨᠡᠶᠢᠲᠡᠯᠡᠭᠰᠡᠨ ᠴᠠᠭ᠄
2022/12/23
     ᠬᠠᠮᠢᠶᠠᠲᠠᠢ ᠰᠠᠯᠠᠭ᠎ᠠ ᠮᠥᠴᠢᠷ ᠣᠶᠢᠷ᠎ᠠ ᠳᠤ ᠰᠢᠨ᠎ᠡ ᠬᠡᠪᠯᠡᠯ ᠤᠨ ︽ᠲᠡᠮᠦᠷ ᠵᠠᠮ ᠤᠨ ᠠᠶᠠᠨᠴᠢᠳ ᠤᠨ ᠲᠡᠭᠡᠭᠡᠪᠦᠷᠢ ᠶᠢᠨ ᠳᠦᠷᠢᠮ︾᠎ ᠢ ᠨᠡᠶᠢᠲᠡᠯᠡᠵᠦ᠂ ᠡᠭᠦᠨ ᠢ ᠢᠷᠡᠬᠦ ᠵᠢᠯ ᠠᠴᠠ ᠡᠬᠢᠯᠡᠵᠦ ᠬᠡᠷᠡᠭᠵᠢᠬᠦᠯᠬᠦ ᠪᠠᠷ ᠪᠤᠯᠤᠯ᠎ᠠ᠃ ᠡᠬᠦᠨ ᠳᠤ ᠭᠤᠤᠯᠳᠠᠭᠤ᠄      ᠨᠢᠭᠡ᠂ 2023 ᠣᠨ ᠤ 1 ᠳ᠋ᠣᠭᠡᠷ ᠰᠠᠷ᠎ᠠ ᠶᠢᠨ 1 ᠪᠤᠶᠤ ᠲᠡᠭᠦᠨ ᠠᠴᠠ ᠬᠤᠶᠢᠰᠢ ᠪᠠᠨ ᠭᠠᠯᠳᠦ ᠳᠡᠷᠬᠡᠨ ᠳᠤ ᠰᠠᠭᠤᠬᠤ ᠬᠡᠦᠬᠡᠳ ᠤᠨ ᠳᠣᠰᠬᠠᠢ ᠪᠢᠯᠧᠲ ᠪᠠ ᠳᠦᠯᠦᠪᠦᠷᠢ ᠦᠭᠡᠢ ᠪᠢᠯᠧᠲ ᠠᠪᠬᠤ ᠳᠤ ᠨᠡᠷ᠎ᠡ ᠤᠪᠤᠭ ᠢᠶᠠᠨ ᠳᠠᠩᠰᠠᠯᠠᠭᠤᠯᠵᠦ ᠦᠯᠡᠳᠡᠬᠡᠬᠦ ᠶᠢᠨ ᠬᠠᠮᠲᠤ ᠭᠤᠣᠯᠳᠠᠭᠤ ᠨᠠᠰᠤ ᠵᠢᠯ ᠢ ᠨᠢ ᠦᠨᠳᠦᠰᠦᠯᠡᠵᠦ ᠪᠠᠶᠢᠭᠠᠳ ᠬᠠᠷᠠᠭᠠᠯᠵᠠᠯ ᠦᠵᠡᠭᠦᠯᠦᠨ᠎ᠡ᠃ ᠬᠡᠦᠬᠡᠳ ᠪᠦᠬᠦᠯᠢ 6 ᠨᠠᠰᠤ ᠬᠦᠷᠦᠭᠰᠡᠨ ᠪᠤᠶᠤ ᠪᠦᠬᠦᠯᠢ 6 ᠨᠠᠰᠤᠨ ᠠᠴᠠ ᠶᠡᠭᠡ᠂ 14 ᠨᠠᠰᠤ ᠬᠥᠷᠥᠭᠡ ᠦᠭᠡᠢ ᠪᠠᠶᠢᠪᠠᠯ ᠳᠣᠰᠬᠠᠢ ᠬᠡᠦᠬᠡᠳ ᠤᠨ ᠪᠢᠯᠧᠲ ᠠᠪᠴᠦ ᠪᠤᠯᠤᠨ᠎ᠠ᠃ ᠪᠦᠬᠦᠯᠢ 14 ᠨᠠᠰᠤ ᠬᠦᠷᠦᠭᠰᠡᠨ ᠪᠤᠶᠤ 14 ᠨᠠᠰᠤᠨ ᠠᠴᠠ ᠶᠡᠭᠡ ᠬᠡᠦᠬᠡᠳ ᠲᠤ ᠳᠣᠰᠬᠠᠢ ᠬᠡᠦᠬᠡᠳ ᠤᠨ ᠪᠢᠯᠧᠲ ᠠᠪᠴᠤ ᠪᠣᠯᠬᠤ ᠦᠬᠡᠢ      ᠬᠤᠶᠠᠷ᠂ ᠠᠶᠠᠨᠴᠢᠳ ᠳᠦᠯᠦᠪᠦᠷᠢ ᠦᠭᠡᠢ ᠪᠠᠷ ᠲᠡᠷᠭᠡᠨ ᠳᠤ ᠰᠠᠭᠤᠬᠤ ᠬᠡᠦᠬᠡᠳ ᠢ ᠠᠪᠴᠤ ᠶᠠᠪᠤᠬᠤ ᠳᠠᠭᠠᠨ᠂ ᠲᠡᠮᠦᠷ ᠵᠠᠮ ᠤᠨ ᠳᠠᠯ᠎ᠠ ᠳᠤ ᠤᠷᠢᠳᠴᠢᠯᠠᠨ ᠲᠣᠳᠣᠷᠬᠠᠶᠢᠯᠠᠬᠤ ᠬᠡᠷᠡᠭᠲᠡᠢ᠂ ᠬᠡᠦᠬᠡᠳ ᠤᠨ ᠪᠡᠶ᠎ᠡ ᠶᠢᠨ ᠭᠡᠷᠡᠴᠢ ᠦᠨᠡᠮᠯᠡᠯ ᠢᠶᠠᠷ ᠲᠡᠭᠦᠨ ᠤ ᠲᠡᠷᠭᠡᠨ ᠳᠤ ᠰᠠᠭᠤᠬᠤ ᠭᠡᠷᠡᠴᠢ ᠪᠠᠷᠢᠮᠲᠠ ᠪᠣᠯᠭᠠᠨ᠎ᠠ ᠬᠡᠵᠠᠢ᠃
 
ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠷᠠᠳᠢᠤ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号