ᠬᠡᠰᠢᠭᠲᠡᠨ ᠬᠤᠰᠢᠭᠤᠨ ᠤ ᠠᠷᠪᠠᠨ ᠳᠣᠯᠣᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠤᠳᠠᠭᠠᠨ ᠤ ᠬᠤᠷᠠᠯᠲᠤᠭᠠᠨ ᠤ ᠲᠥᠯᠥᠭᠡᠯᠡᠭᠴᠢᠳ ᠤᠨ ᠰᠠᠨᠠᠭᠤᠯᠭ᠎ᠠ᠂ ᠰᠢᠭᠦᠮᠵᠢᠯᠡᠯ ᠬᠢᠭᠡᠳ ᠰᠠᠨᠠᠯ ᠢ ᠭᠦᠢᠴᠡᠳᠬᠡᠭᠰᠡᠨ ᠪᠠᠶᠢᠳᠠᠯ ᠤᠨ ᠲᠤᠬᠠᠢ ᠮᠡᠳᠡᠭᠦᠯᠦᠯᠲᠡ ︵ᠪᠢᠴᠢᠭ ᠤᠨ ᠬᠡᠯᠪᠡᠷᠢ︶
ᠨᠡᠶᠢᠲᠡᠯᠡᠭᠰᠡᠨ ᠴᠠᠭ᠄
2022/1/18
     ︵ᠠᠷᠪᠠᠨ ᠨᠢᠭᠡ︶ ᠵᠠᠮ ᠬᠠᠷᠢᠯᠴᠠᠭᠠᠨ ᠤ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠬᠦ ᠲᠤᠬᠠᠢ ᠰᠠᠨᠠᠭᠤᠯᠭ᠎ᠠ᠃ ᠳᠠᠯᠠᠶᠢᠨᠠᠭᠤᠷ ᠪᠠᠯᠭᠠᠰᠤᠨ ᠤ ᠮᠥᠩᠬᠡᠪᠠᠭᠠᠨ᠎ᠠ ᠵᠡᠷᠭᠡ 6 ᠲᠦᠯᠦᠭᠡᠯᠡᠭᠴᠢ᠂ ᠬᠤᠩ ᠱᠠᠨᠽᠢ ᠰᠢᠶᠠᠩ  ᠤᠨ ᠯᠢ ᠢᠦᠢ ᠲᠢᠶᠠᠨ ᠵᠡᠷᠭᠡ 5 ᠲᠦᠯᠦᠭᠡᠯᠡᠭᠴᠢ᠂ ᠸᠠᠨ ᠾᠧ ᠶᠦᠩ ᠪᠠᠯᠭᠠᠰᠤᠨ ᠤ ᠯᠠᠶ ᠱᠤ᠋ ᠱᠧᠩ ᠲᠥᠯᠥᠭᠡᠯᠡᠭᠴᠢ᠂ ᠳᠠᠷᠬᠠᠬᠠᠭᠤᠯᠠ ᠰᠤᠮᠤ ᠶᠢᠨ ᠨᠠᠰᠤᠨᠪᠠᠭᠠᠲᠤᠷ ᠵᠡᠷᠭᠡ 5 ᠲᠦᠯᠦᠭᠡᠯᠡᠭᠴᠢ᠂ ᠪᠠᠶᠠᠨᠴᠠᠭᠠᠨ ᠰᠤᠮᠤ ᠶᠢᠨ ᠨᠠᠷᠠᠨᠴᠤᠭᠲᠤ ᠵᠡᠷᠭᠡ 4 ᠲᠦᠯᠦᠭᠡᠯᠡᠭᠴᠢ ᠭᠠᠴᠠᠭ᠎ᠠ ᠳᠤᠭᠤᠶᠢᠯᠠᠩ ᠤᠨ ᠵᠠᠮ ᠬᠠᠷᠢᠯᠴᠠᠭ᠎ᠠ ᠶᠢ ᠲᠡᠭᠦᠯᠳᠡᠷᠵᠢᠭᠦᠯᠵᠦ᠂ ᠮᠠᠯᠴᠢᠨ ᠲᠠᠷᠢᠶᠠᠴᠢᠨ ᠤ ᠶᠠᠪᠤᠵᠤ ᠰᠠᠭᠤᠬᠤ ᠳᠤ ᠲᠥᠬᠦᠮ ᠦᠵᠡᠭᠦᠯᠬᠦ ᠶᠢ ᠪᠠᠲᠤᠯᠠᠬᠤ ᠰᠠᠨᠠᠭᠤᠯᠭ᠎ᠠ ᠭᠠᠷᠭᠠᠪᠠ᠃ ︵16᠂ 20᠂ 25᠂ 32᠂ 50 ᠳ᠋ᠤᠭᠠᠷ ᠲᠣᠭᠠᠲᠤ ᠰᠠᠨᠠᠭᠤᠯᠭ᠎ᠠ ᠶᠢ ᠨᠡᠶᠢᠯᠡᠭᠦᠯᠦᠨ ᠬᠠᠷᠢᠭᠤᠯᠪᠠ︶᠃      ᠲᠥᠯᠥᠭᠡᠯᠡᠭᠴᠢᠳ ᠤᠨ ᠳᠤᠷᠠᠳᠤᠭᠰᠠᠨ ᠠᠰᠠᠭᠤᠳᠠᠯ ᠢ ᠰᠢᠶᠳᠪᠦᠷᠢᠯᠡᠬᠦ ᠶᠢᠨ ᠲᠥᠯᠥᠭᠡ᠂ 2021 ᠣᠨ ᠳᠤ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠨᠢᠭᠡᠨᠲᠡ ᠳᠠᠯᠠᠶᠢᠨᠠᠭᠤᠷ ᠪᠠᠯᠭᠠᠰᠤᠨ ᠤ ᠬᠠᠨᠳᠤᠬᠤ ᠭᠠᠴᠠᠭᠠᠨ ᠤ ᠬᠥᠩᠭᠡᠷ ᠳᠤᠭᠤᠶᠢᠯᠠᠩ ᠤᠨ ᠤᠷᠢᠳᠠᠪᠡᠷ ᠨᠡᠪᠳᠡᠷᠡᠭᠦᠯᠬᠦ ᠵᠠᠮ ᠱᠤᠭᠤᠮ ︵ᠲᠣᠰᠬᠤᠨ ᠤ ᠵᠠᠮ C033 ᠳᠠᠯᠠᠶᠢᠨᠠᠭᠤᠷ ᠪᠠᠯᠭᠠᠰᠤᠨ ᠤ ᠲᠠᠷᠬᠠᠬᠠᠭᠤᠯᠠ ᠠᠴᠠ ᠳᠠᠭᠠᠭᠠᠴᠠ ᠬᠦᠷᠭᠦ ᠱᠤᠭᠤᠮ ᠠᠴᠠ ᠳᠠᠪᠤᠠᠬᠤᠷᠤᠭᠤ ᠬᠥᠷᠬᠦ ᠵᠠᠰᠠᠮᠠᠯ ᠵᠠᠮ︶ ᠢ ᠪᠠᠶᠢᠭᠤᠯᠵᠤ ᠳᠠᠭᠤᠰᠬᠠᠨ᠂ ᠡᠮᠦᠨᠡᠰᠢ ᠪᠠᠨ ᠳᠠᠯᠠᠶᠢᠨᠠᠭᠤᠷ ᠪᠠᠯᠭᠠᠰᠤᠨ ᠳᠤ ᠨᠡᠪᠲᠡᠷᠡᠵᠦ᠂ ᠵᠡᠭᠦᠨᠰᠢ 220 ᠮᠤᠵᠢ ᠶᠢᠨ ᠵᠠᠮ ︵ᠲᠠᠷᠬᠠᠬᠠᠭᠤᠯᠠ ᠠᠴᠠ ᠳᠠᠭᠠᠭᠠᠴᠠ ᠬᠦᠷᠬᠦ ᠱᠤᠭᠤᠮ︶ ᠳᠤ ᠨᠡᠪᠲᠡᠷᠡᠨ᠎ᠡ᠃      ᠳᠠᠯᠠᠶᠢᠨᠠᠭᠤᠷ ᠪᠠᠯᠭᠠᠰᠤᠨ ᠤ ᠬᠠᠳ᠋ᠬᠠᠩᠭᠡᠷ ᠭᠠᠴᠠᠭᠠᠨ ᠤ ᠵᠡᠭᠦᠨ ᠠᠭᠤᠯᠠ ᠳᠤᠭᠤᠶᠢᠯᠠᠩ ᠪᠣᠯᠤᠨ ᠲᠤᠯᠢ ᠭᠠᠴᠠᠭᠠᠨ ᠤ ᠳᠤᠯᠢ ᠶᠢᠨ ᠰᠦᠮ᠎ᠡ ᠳᠤᠭᠤᠶᠢᠯᠠᠩ ᠢ ᠮᠠᠨ ᠤ ᠬᠤᠰᠢᠭᠤᠨ ᠤ 2021ᠣᠨ ᠤ ᠠᠶᠢᠯ ᠬᠤᠳᠠ ᠳᠤ ᠬᠠᠶᠢᠷ ᠴᠢᠯᠠᠭᠤᠨ ᠵᠠᠮ ᠨᠡᠪᠲᠡᠷᠡᠭᠦᠯᠬᠦ ᠲᠥᠯᠥᠪᠯᠡᠭᠡ ᠵᠢᠴᠢ 2022 ᠣᠨ ᠤ ᠠᠶᠢᠯ ᠬᠤᠳᠠ ᠳᠤ ᠬᠠᠲᠠᠭᠤᠷᠠᠭᠤᠯᠤᠭᠰᠠᠨ ᠵᠠᠮ ᠨᠡᠪᠲᠡᠷᠡᠭᠦᠯᠬᠦ ᠲᠥᠯᠥᠪᠯᠡᠭᠡ ᠳᠤ ᠣᠷᠣᠭᠤᠯᠪᠠ᠃      ᠬᠤᠩ ᠱᠠᠨᠽᠢ ᠰᠢᠶᠠᠩ ᠤᠨ ᠶᠦᠩ ᠾᠧ ᠲᠣᠰᠬᠤᠨ ᠤ ᠴᠦ ᠶᠢᠩᠽᠢ᠂ ᠬᠤᠸᠠ ᠱᠤ᠋ ᠶᠢᠩᠽᠢ᠂ ᠳ᠋ᠦᠩ ᠭᠧᠦ ᠮᠧᠨ᠂ ᠱᠠᠩ ᠳ᠋ᠢ᠂ ᠯᠢᠦ ᠲᠢᠶᠤᠤ ᠭᠧᠦ᠂ ᠳ᠋ᠦᠩ ᠭᠧᠦ ᠨᠣᠣ᠂ ᠱᠠᠩ ᠾᠥᠸᠧ ᠹᠠᠩ᠂ ᠰᠠᠨ ᠾᠧ ᠯᠦᠩ ᠠᠶᠢᠯ ᠲᠤᠰᠬᠤᠨ᠂ ᠸᠠᠨ ᠾᠧ ᠶᠦᠩ ᠪᠠᠯᠭᠠᠰᠤᠨ ᠤ ᠾᠧ ᠶᠠᠨ ᠲᠣᠰᠬᠤᠨ ᠤ ᠳ᠋ᠦᠩ ᠭᠧᠦ ᠳᠤᠭᠤᠶᠢᠯᠠᠩ ᠪᠣᠯᠤᠨ ᠰᠢ ᠭᠧᠦ ᠳᠤᠭᠤᠶᠢᠯᠠᠩ᠂ ᠪᠠᠶᠠᠨᠴᠠᠭᠠᠨ ᠰᠤᠮᠤ ᠶᠢᠨ ᠪᠠᠶᠠᠨᠪᠤᠯᠠᠭ ᠭᠠᠴᠠᠭ᠎ᠠ ᠶᠢᠨ ᠬᠤᠶᠠᠳᠤᠭᠠᠷ ᠳᠤᠭᠤᠶᠢᠯᠠᠩ ᠠᠴᠠ ᠲᠠᠪᠤᠳᠤᠭᠠᠷ ᠳᠤᠭᠤᠶᠢᠯᠠᠩ ᠬᠦᠷᠲᠡᠯᠡᠬᠢ ᠵᠠᠰᠠᠮᠠᠯ ᠵᠠᠮ ᠤᠨ ᠲᠥᠷᠥᠯ ᠵᠦᠢᠯ ᠢ ᠮᠠᠨ ᠤ ᠬᠤᠰᠢᠭᠤᠨ ᠤ 2021ᠤᠨ  ᠤ ᠠᠶᠢᠯ ᠬᠤᠳᠠ ᠳᠤ ᠬᠠᠲᠠᠭᠤᠷᠠᠭᠤᠯᠤᠭᠰᠠᠨ ᠵᠠᠮ ᠨᠡᠪᠲᠡᠷᠡᠭᠦᠯᠬᠦ ᠲᠥᠯᠥᠪᠯᠡᠭᠡ ᠳᠤ ᠣᠷᠣᠭᠤᠯᠵᠤ᠂ ᠵᠢᠯ ᠤᠨ ᠳᠣᠲᠣᠷ᠎ᠠ ᠨᠢᠭᠡᠨᠲᠡ ᠪᠠᠶᠢᠭᠤᠯᠵᠤ ᠳᠠᠭᠤᠰᠬᠠᠭᠠᠳ ᠲᠡᠷᠭᠡ ᠨᠡᠪᠲᠡᠷᠡᠭᠦᠯᠪᠡ᠃      ᠳᠠᠯᠠᠶᠢᠨᠠᠭᠤᠷ ᠪᠠᠯᠭᠠᠰᠤᠨ ᠤ ᠬᠠᠨᠲᠤᠬᠤ ᠭᠠᠴᠠᠭᠠᠨ ᠤ ᠴᠠᠭᠠᠨ ᠴᠢᠯᠠᠭᠤᠲᠤ ᠳᠤᠭᠤᠶᠢᠯᠠᠩ ᠪᠣᠯᠤᠨ ᠬᠠᠨᠳᠤᠬᠤ ᠭᠠᠴᠠᠭᠠᠨ ᠤ ᠡᠯᠡᠰᠦᠨ ᠵᠠᠬ᠎ᠠ ᠶᠢᠨ ᠳᠤᠭᠤᠶᠢᠯᠠᠩ ︵ᠴᠠᠭᠠᠨ ᠣᠷᠣᠶ ᠳᠤᠭᠤᠶᠢᠯᠠᠩ︶᠂ ᠳᠠᠷᠬᠠᠬᠠᠭᠤᠯᠠ ᠰᠤᠮᠤ ᠶᠢᠨ ᠨᠠᠷᠠᠰᠤ ᠭᠠᠴᠠᠭᠠᠨ ᠤ ᠳᠠᠪᠠᠭᠠᠲᠦ ᠳᠤᠭᠤᠶᠢᠯᠠᠩ᠂ ᠮᠠᠶᠢᠵᠢᠭ ᠳᠤᠭᠤᠶᠢᠯᠠᠩ᠂ ᠬᠠᠷᠭᠠᠰᠤ ᠳᠤᠭᠤᠶᠢᠯᠠᠩ᠂ ᠶᠡᠭᠡ ᠬᠤᠳᠳᠤᠭ ᠳᠤᠭᠤᠶᠢᠯᠠᠩ᠂ ᠬᠦᠢᠯᠡᠰᠦᠳᠠᠢ ᠳᠤᠭᠤᠶᠢᠯᠠᠩ ᠪᠣᠯᠤᠨ ᠮᠠᠶᠢᠬᠠᠨᠴᠠᠭᠠᠨ ᠳᠤᠭᠤᠶᠢᠯᠠᠩ ᠢ ᠮᠠᠨ ᠤ ᠬᠤᠰᠢᠭᠤᠨ ᠤ 2021 ᠣᠨ ᠤ ᠠᠶᠢᠯ ᠬᠤᠳᠠ ᠳᠤ ᠬᠠᠶᠢᠷ ᠴᠢᠯᠠᠭᠤᠨ ᠵᠠᠮ ᠨᠡᠪᠲᠡᠷᠡᠭᠦᠯᠬᠦ ᠲᠥᠯᠥᠪᠯᠡᠭᠡ ᠳᠤ ᠣᠷᠣᠭᠤᠯᠵᠤ᠂ ᠡᠨᠡ ᠵᠢᠯ ᠨᠢᠭᠡᠨᠲᠡ ᠲᠡᠷᠭᠡ ᠨᠡᠪᠲᠡᠷᠡᠭᠦᠯᠪᠡ᠃      ᠬᠠᠨᠲᠤᠬᠤ ᠭᠠᠴᠠᠭ᠎ᠠ ᠶᠢᠨ ᠲᠠᠶᠢᠰᠠ ᠳᠤᠭᠤᠶᠢᠯᠠᠩ ᠤᠨ 4 ᠺᠢᠯᠣᠮᠧᠲᠷ᠂ ᠭᠤᠸᠠᠨ ᠳ᠋ᠢ ᠭᠠᠴᠠᠭ᠎ᠠ ᠶᠢᠨ ᠲᠡᠮᠦᠷ  ᠤᠨ ᠨᠤᠨᠲᠠᠭ ᠵᠦᠭᠡᠭᠡᠪᠦᠷᠢᠯᠡᠬᠦ ᠲᠤᠰᠬᠠᠶ ᠱᠤᠭᠤᠮ ᠤᠨ ᠰᠢᠵᠢᠷ ᠭᠤᠤᠯ ᠤᠨ ᠠᠮᠠᠨ ᠠᠴᠠ ᠰᠢᠵᠢᠷ ᠭᠤᠤᠯ ᠤᠨ ᠵᠡᠭᠦᠨ ᠬᠤᠳᠠ ᠬᠦᠷᠲᠡᠯᠡᠬᠢ 7 ᠺᠢᠯᠣᠮᠧᠲᠷ ᠪᠠ ᠲᠤᠯᠢ ᠭᠠᠴᠠᠭ᠎ᠠ ᠶᠢᠨ G303 ᠠᠴᠠ ᠲᠦᠷᠪᠡᠨ ᠲᠦᠮᠡᠨ ᠮᠤ᠋ ᠳᠤᠭᠤᠶᠢᠯᠠᠩ ᠬᠦᠷᠬᠦ 2 ᠺᠢᠯᠣᠮᠧᠲᠷ᠂ ᠬᠤᠩ ᠱᠠᠨᠽᠢ ᠰᠢᠶᠠᠩ ᠤᠨ ᠪᠠᠭ᠎ᠠ ᠬᠤᠭᠤᠯᠠᠶᠢᠲᠤ ᠲᠣᠰᠬᠤᠨ ᠤ ᠰᠢᠶᠣᠣ ᠪᠠ ᠭᠧᠦ᠂ ᠳ᠋ᠦᠩ ᠳ᠋ᠠ ᠲᠤ ᠪᠤᠯᠤᠨ ᠹᠦ᠋ ᠶᠢᠩᠽᠢ ᠵᠡᠷᠭᠡ 3 ᠠᠶᠢᠯ ᠬᠤᠳᠠ᠂ ᠸᠠᠨ ᠾᠧ ᠶᠦᠩ ᠪᠠᠯᠭᠠᠰᠤ ᠶᠢᠨ ᠡᠷᠦᠭᠡ  ᠶᠢᠨ ᠲᠤᠭ᠎ᠠ ᠨᠢ 50 ᠡᠷᠦᠭᠡ ᠳᠤ ᠬᠦᠷᠦᠭᠰᠡᠨ ᠴᠦ ᠵᠠᠮ ᠨᠡᠪᠳᠡᠷᠡᠭᠡ ᠦᠬᠡᠢ ᠠᠶᠢᠯ ᠬᠤᠳᠠ ᠳᠤ ᠵᠠᠰᠠᠮᠠᠯ ᠵᠠᠮ ᠨᠡᠪᠲᠡᠷᠡᠭᠦᠯᠬᠦ ᠲᠥᠷᠥᠯ ᠵᠦᠶᠯ ᠢ ᠮᠠᠨ ᠤ ᠬᠤᠰᠢᠭᠤᠨ ᠤ ︽ᠠᠷᠪᠠᠨ ᠳᠥᠷᠪᠡᠳᠦᠭᠡᠷ ᠲᠠᠪᠤᠨ ᠵᠢᠯ︾ ᠤᠨ ᠵᠠᠰᠠᠮᠠᠯ ᠵᠠᠮ ᠨᠡᠪᠲᠡᠷᠡᠭᠦᠯᠬᠦ ᠲᠥᠯᠥᠪᠯᠡᠭᠡ ᠳᠤ ᠣᠷᠣᠭᠤᠯᠵᠤ᠂ ᠳᠡᠭᠡᠳᠦ ᠱᠠᠲᠤᠨ ᠤ ᠰᠠᠯᠠᠭ᠎ᠠ ᠮᠥᠴᠢᠷ ᠠᠴᠠ ᠲᠥᠯᠥᠪᠯᠡᠭᠡ ᠪᠠᠭᠤᠯᠭᠠᠭᠰᠠᠨ ᠤ ᠳᠠᠷᠠᠭ᠎ᠠ᠂ ᠢᠳᠡᠪᠬᠢᠲᠡᠶ ᠪᠠᠷ ᠠᠵᠢᠯ ᠡᠬᠢᠯᠡᠭᠦᠯᠦᠨ ᠪᠥᠲᠥᠭᠡᠨ ᠪᠠᠶᠢᠭᠤᠯᠤᠨ᠎ᠠ᠃      ᠸᠠᠨ ᠾᠧ ᠶᠦᠩ ᠪᠠᠯᠭᠠᠰᠤᠨ ᠤ ᠰᠢᠩ ᠱᠧᠩ ᠶᠢ ᠶᠢᠨ ᠬᠤᠸᠠᠩ ᠶᠢᠩᠽᠢ ᠳᠤᠭᠤᠶᠢᠯᠠᠩ ᠢ 2021 ᠣᠨ  ᠤ ᠬᠤᠰᠢᠭᠤᠨ ᠤ ᠲᠠᠰ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠥᠷᠥᠯ ᠵᠦᠶᠯ ᠳᠤ ᠣᠷᠣᠭᠤᠯᠵᠤ ᠂ ᠵᠢᠯ ᠤᠨ ᠰᠡᠭᠦᠯᠴᠢ ᠠᠴᠠ ᠡᠮᠦᠨ᠎ᠡ ᠬᠠᠶᠢᠷ ᠴᠢᠯᠠᠭᠤᠨ ᠵᠠᠮ ᠤᠨ ᠪᠥᠲᠥᠭᠡᠨ ᠪᠠᠶᠢᠭᠤᠯᠤᠯᠲᠠ ᠶᠢ ᠪᠡᠶᠡᠯᠡᠭᠦᠯᠦᠨ᠎ᠡ᠃      ᠸᠠᠨ ᠡᠾᠧ ᠶᠦᠩ ᠪᠠᠯᠭᠠᠰᠤᠨ ᠤ 50 ᠡᠷᠦᠬᠡ ᠬᠦᠷᠬᠦ ᠦᠭᠡᠢ ᠠᠶᠢᠯ ᠬᠤᠳᠠ ᠳᠤ ᠨᠡᠪᠳᠡᠷᠡᠭᠦᠯᠬᠦ ᠵᠠᠰᠠᠮᠠᠯ ᠵᠠᠮ ᠢ ᠬᠤᠰᠢᠭᠤᠨ ᠤ ᠵᠠᠮ ᠲᠡᠭᠡᠭᠡᠪᠦᠷᠢ ᠶᠢᠨ ᠲᠣᠪᠴᠢᠶ᠎ᠠ ᠡᠯ᠎ᠡ ᠱᠠᠲᠤᠨ ᠤ ᠪᠡᠯᠡ ᠮᠥᠩᠭᠦ ᠶᠢ ᠢᠳᠡᠪᠬᠢᠲᠡᠢ ᠲᠡᠮᠡᠴᠡᠨ ᠣᠯᠵᠤ᠂ ᠲᠥᠯᠥᠪᠯᠡᠭᠡ ᠶᠢ ᠪᠠᠭᠤᠯᠭᠠᠭᠰᠠᠨ ᠤ ᠳᠠᠷᠠᠭ᠎ᠠ ᠴᠠᠭ ᠲᠤᠬᠠᠢ ᠳᠤᠨᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ ᠃ ᠡᠭᠦᠨ ᠠᠴᠠ ᠭᠠᠳᠠᠨ᠎ᠠ᠂ ᠬᠠᠨᠳᠤᠬᠤ ᠭᠠᠴᠠᠭᠠᠨ ᠤ ᠬᠥᠩᠭᠡᠷ ᠳᠤᠭᠤᠶᠢᠯᠠᠩ ᠠᠴᠠ ᠲᠠᠷᠢᠶᠠᠨᠬᠤᠸᠠ ᠵᠠᠮ ᠳᠤ ᠬᠦᠷᠬᠦ 6 ᠮᠧᠲᠷ ᠣᠷᠳᠣ 6 ᠮᠧᠲᠷ ᠥᠷᠭᠡᠨ ᠬᠥᠭᠦᠷᠭᠡ ᠵᠢᠴᠢ ᠳᠤᠯᠢ ᠭᠠᠴᠠᠭᠠᠨ ᠤ ᠲᠣᠯᠢ ᠶᠢᠨ ᠰᠦᠮ᠎ᠡ ᠲᠤᠭᠤᠶᠢᠯᠠᠩ ᠳᠤ 4 ᠮᠧᠲᠷ ᠣᠷᠳᠣ 6 ᠮᠧᠲᠷ ᠥᠷᠭᠡᠨ ᠬᠥᠭᠦᠷᠭᠡ ᠪᠠᠶᠢᠭᠤᠯᠬᠤ᠂ ᠪᠠᠶᠠᠠᠵᠢᠷᠦᠬᠡ ᠭᠠᠴᠠᠭᠠᠨ ᠤ ᠲᠠᠯᠠᠳᠦ᠋ᠷᠦᠭᠦᠦ ᠳᠤᠭᠤᠶᠢᠯᠠᠩ ᠠᠴᠠ ᠲᠠᠷᠢᠶᠠᠠᠬᠤᠸᠠ ᠲᠤᠭᠤᠶᠢᠯᠠᠩ ᠳᠤ ᠬᠦᠷᠬᠦ 6 ᠮᠧᠲᠷ ᠤᠷᠲᠦ 6 ᠮᠧᠲᠷ ᠥᠷᠭᠡᠨ ᠬᠥᠭᠦᠷᠭᠡ ᠪᠠ 4 ᠮᠧᠲᠷ ᠣᠷᠳᠣ 6 ᠮᠧᠲᠷ ᠥᠷᠭᠡᠨ ᠬᠥᠭᠦᠷᠭᠡ ᠪᠠᠶᠢᠭᠤᠯᠬᠤ ᠲᠤᠬᠠᠶ ᠰᠠᠨᠠᠭᠤᠯᠭ᠎ᠠ ᠶᠢ ᠲᠦᠷ ᠲᠦᠷᠦᠯ ᠵᠤᠶᠢᠯ ᠤᠨ ᠬᠥᠮᠥᠷᠭᠡ ᠳᠤ ᠣᠷᠣᠭᠤᠯᠤᠭᠰᠠᠨ ᠥᠬᠡᠶ᠂ ᠲᠠᠷᠠᠭᠠᠴᠢ ᠶᠢᠨ ᠠᠯᠬᠤᠮ ᠳᠤ ︽ᠵᠠᠰᠠᠮᠠᠯ ᠵᠠᠮ ᠤᠨ ᠢᠨᠵᠧᠨᠧᠷᠢᠩ ᠤᠨ ᠵᠢᠷᠤᠭ ᠲᠥᠯᠥᠪᠯᠡᠭᠡ ᠶᠢᠨ ᠪᠠᠷᠢᠮᠵᠢᠶ᠎ᠠ︾ ᠵᠡᠷᠭᠡ ᠬᠠᠮᠢᠶ᠎ᠠ ᠪᠥᠬᠦᠶ ᠵᠢᠷᠤᠮᠵᠢᠯ ᠪᠠ ᠪᠣᠳᠠᠲᠠᠶ ᠬᠡᠷᠡᠭᠴᠡᠭᠡ ᠶᠢ ᠦᠨᠳᠦᠰᠦᠯᠡᠨ ᠵᠦᠶ ᠵᠣᠬᠢᠰᠲᠠᠶ ᠵᠢᠷᠤᠵᠤ ᠲᠥᠯᠥᠪᠯᠡᠬᠦ ᠶᠢᠨ ᠬᠠᠮᠲᠤ ᠢᠳᠡᠪᠬᠢᠲᠡᠶ ᠭᠤᠶᠤᠴᠢᠯᠠᠬᠤ ᠪᠣᠯᠤᠨ᠎ᠠ᠃
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号