ᠢᠵᠢᠢ ᠪᠠᠨ ᠪᠢ ᠰᠠᠨᠠᠬᠤ ᠳᠤ ᠪᠠᠨ
ᠨᠡᠶᠢᠲᠡᠯᠡᠭᠰᠡᠨ ᠴᠠᠭ᠄
2021/6/10
ᠨᠠᠮᠤᠷ ᠣᠷᠣᠢ ᠶᠢᠨ ᠪᠣᠷᠤᠭ᠎ᠠ ᠲᠠᠢ ᠬᠠᠮᠲᠤ ᠭᠤᠨᠢᠵᠤ ᠪᠢ ᠲᠠᠨ ᠢ ᠪᠠᠨ ᠰᠠᠨᠠᠳᠠᠭᠨᠠᠪᠴᠢᠰ ᠬᠡᠶᠢᠰᠦᠭᠰᠡᠨ ᠣᠶᠢᠲᠠᠢ ᠦᠳᠡᠰᠢ ᠪᠠᠷ ᠣᠬᠢᠯᠠᠵᠤ ᠪᠢ ᠲᠠᠨ ᠢ ᠪᠠᠨ ᠰᠠᠨᠠᠳᠠᠭᠨᠠᠷᠠᠲᠤ ᠶᠢ ᠵᠦᠭᠡᠭᠡᠵᠦ ᠭᠠᠩᠭᠠᠨᠠᠬᠤ ᠰᠢᠪᠠᠭᠤᠳ ᠲᠠᠢ ᠬᠠᠮᠲᠤ ᠣᠶᠢᠮᠠᠷᠠᠵᠤ ᠪᠢ ᠲᠠᠨ ᠢ ᠪᠠᠨ ᠰᠠᠨᠠᠳᠠᠭ᠁ ᠢᠵᠢᠢ ᠪᠠᠨ ᠯᠡ ᠶᠡᠭᠡ ᠰᠠᠨᠠᠬᠤ ᠶᠤᠮ ᠡ ᠁ᠡᠭᠡᠳᠡᠷᠡᠭᠡ ᠲᠠᠢ ᠠᠮᠢᠳᠤᠷᠠᠯ ᠤᠨ ᠡᠷᠬᠢᠭᠦᠯᠭᠡ ᠳᠤ ᠲᠦᠭᠡᠷᠢᠬᠦ ᠳᠤ ᠪᠠᠨ ᠡᠮᠳᠡᠷᠡᠵᠦ ᠪᠢ ᠡᠵᠢ ᠶᠢ ᠪᠠᠨ  ᠰᠠᠨᠠᠳᠠᠭᠢᠩᠭᠡᠨ ᠪᠣᠶᠢᠯᠠᠭᠠᠨ ᠤ ᠡᠷᠢᠯ ᠤᠨ ᠴᠢᠮᠡᠭᠡ ᠪᠠᠷ ᠦᠮᠦᠯᠵᠡᠵᠦ ᠪᠢ ᠡᠵᠢ ᠶᠢ ᠪᠠᠨ ᠰᠠᠨᠠᠳᠠᠭᠡᠴᠡᠵᠦ᠂ ᠴᠤᠴᠠᠰᠢ ᠦᠭᠡᠢ ᠬᠦᠮᠦᠨ ᠤ ᠲᠠᠪᠢᠯᠠᠩ ᠳᠤ ᠲᠤᠶᠢᠯᠳᠠᠬᠤ ᠳᠤ ᠪᠠᠨ ᠨᠤᠷᠠᠵᠤ ᠪᠢ ᠡᠵᠢ ᠶᠢ ᠪᠠᠨ ᠰᠠᠨᠠᠳᠠᠭ ᠁᠁ ᠢᠵᠢᠢ ᠪᠠᠨ ᠯᠡ ᠶᠡᠭᠡ ᠰᠠᠨᠠᠬᠤ ᠶᠤᠮ ᠳ᠋ᠠ ᠁ᠪᠣᠷᠤ ᠲᠣᠯᠣᠭᠠᠳ ᠲᠠᠢ ᠨᠤᠲᠤᠭ ᠤᠨ ᠢᠶᠠᠨ ᠠᠭᠤᠯᠠᠰ ᠲᠤ ᠪᠠᠨ ᠬᠠᠷᠠᠭ᠎ᠠ ᠪᠡᠯᠴᠢᠭᠡᠨ᠂ ᠰᠠᠮᠰᠠ ᠱᠠᠷᠬᠢᠷᠠᠵᠤ ᠪᠢ ᠲᠠᠨ ᠢ ᠪᠠᠨ ᠰᠠᠨᠠᠳᠠᠭᠪᠣᠶᠢᠳᠤᠭ ᠤᠨ ᠬᠤᠩᠬᠤ ᠶᠢ ᠵᠢᠩᠬᠢᠨᠡᠭᠦᠯᠦᠨ ᠪᠠᠶᠢᠵᠤ᠂ ᠪᠡᠳᠭᠡᠷᠡᠵᠦ ᠪᠢ ᠲᠠᠨ ᠢ ᠪᠠᠨ ᠰᠠᠨᠠᠳᠠᠭᠪᠠᠯ ᠪᠤᠷᠠᠮ ᠤᠨ ᠴᠠᠢ ᠶᠢᠨ ᠬᠢᠨᠢ ᠠᠮᠳᠠ ᠶᠢ ᠡᠷᠢᠨ᠂ ᠰᠤᠷᠠᠨ ᠪᠢ ᠲᠠᠨ ᠢ ᠪᠠᠨ ᠰᠠᠨᠠᠳᠠᠭᠪᠡᠶ᠎ᠡ ᠪᠠᠨ ᠬᠤᠪᠢᠶᠠᠵᠤ᠂ ᠦᠷ᠎ᠡ ᠪᠠᠨ ᠲᠡᠪᠡᠷᠢᠬᠦ ᠳᠤ ᠪᠠᠨ ᠦᠷᠦᠪᠳᠡᠵᠦ ᠪᠢ ᠲᠠᠨ ᠢ ᠪᠠᠨ ᠰᠠᠨᠠᠳᠠᠭ᠁ ᠢᠵᠢᠢ ᠪᠠᠨ ᠯᠡ ᠶᠡᠭᠡ ᠰᠠᠨᠠᠬᠤ ᠶᠤᠮ ᠳ᠋ᠠ ᠁ᠨᠤᠲᠤᠭ ᠨᠤᠲᠤᠭ ᠤᠨ ᠢᠶᠠᠨ ᠰᠠᠯᠬᠢᠨ ᠠᠴᠠ ᠦᠨᠦᠷ ᠢ ᠲᠠᠨᠢ ᠬᠠᠶᠢᠵᠤ ᠪᠢ ᠡᠵᠢ ᠶᠢ ᠪᠠᠨ ᠰᠠᠨᠠᠳᠠᠭᠨᠡᠭᠦᠳᠡᠯᠯᠡᠬᠦ ᠲᠡᠷᠳᠡᠭᠡᠬᠢ ᠡᠭᠦᠯᠡᠨ ᠠᠴᠠ ᠳᠦᠷᠢ ᠶᠢ ᠲᠠᠨᠢ ᠮᠡᠳᠡᠷᠡᠵᠦ ᠪᠢ ᠡᠵᠢ ᠶᠢ ᠪᠠᠨ ᠰᠠᠨᠠᠳᠠᠭᠨᠦᠮᠵᠦᠭ ᠳᠠᠭᠠᠭᠰᠠᠨ ᠭᠠᠷ ᠤᠨ ᠲᠠᠨᠢ ᠢᠯᠴᠢ ᠶᠢ ᠳᠠᠬᠢᠨ ᠮᠦᠷᠦᠭᠡᠳᠴᠦ ᠪᠢ ᠡᠵᠢ ᠶᠢ ᠪᠠᠨ ᠰᠠᠨᠠᠳᠠᠭᠨᠦᠮᠦᠭᠡᠨ ᠰᠦᠨᠢ ᠪᠠᠷ ᠪᠦᠪᠡᠢ ᠶᠢᠨ ᠳᠠᠭᠤᠤ ᠶᠢ ᠲᠠᠨᠢ ᠦᠭᠡᠶᠢᠯᠡᠨ ᠰᠡᠷᠡᠵᠦ ᠪᠢ ᠡᠵᠢ ᠶᠢ ᠪᠠᠨ ᠰᠠᠨᠠᠳᠠᠭ᠁ ᠢᠵᠢᠢ ᠪᠠᠨ  ᠯᠡ ᠶᠡᠭᠡ ᠰᠠᠨᠠᠬᠤ ᠶᠤᠮ ᠳ᠋ᠠ ᠁
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号