ᠬᠦᠮᠦᠨ ᠳᠤ ᠲᠤᠰᠠᠯᠠᠬᠤ ᠠᠭᠱᠠᠨ ᠬᠠᠶᠢᠷᠠᠯᠠ
ᠨᠡᠶᠢᠲᠡᠯᠡᠭᠰᠡᠨ ᠴᠠᠭ᠄
2021/5/27
ᠦᠯᠦᠰᠦᠭᠰᠡᠨ ᠨᠣᠬᠠᠳ ᠲᠤ ᠬᠤᠭᠤᠯᠠ ᠦᠭᠬᠦ ᠳᠤ ᠪᠠᠨ ᠪᠢ ᠬᠠᠴᠢᠨ ᠶᠡᠭᠡ ᠪᠠᠶᠠᠷᠯᠠᠳᠠᠭ᠃ ᠦᠯᠦᠭᠴᠢᠨ ᠭᠢᠴᠢᠢ ᠴᠠᠳᠤᠭᠠᠳ ᠶᠠᠪᠤᠬᠤ ᠳᠤ ᠪᠠᠨ ᠰᠠᠶᠢᠨ ᠤ ᠢᠷᠦᠭᠡᠯ ᠤᠩᠰᠢᠳᠠᠭ᠃ ᠦᠨᠦᠴᠢᠨ ᠬᠡᠦᠭᠡᠳ ᠲᠤ ᠬᠡᠳᠦᠨ ᠲᠦᠭᠦᠷᠢᠭ ᠦᠭᠬᠦ ᠳᠤ ᠪᠠᠨ ᠪᠢ ᠬᠠᠴᠢᠨ ᠶᠡᠭᠡ ᠪᠠᠶᠠᠷᠯᠠᠳᠠᠭ ᠦᠷᠦ ᠡᠪᠡᠳᠬᠡᠭᠰᠡᠨ ᠨᠢᠯᠬ᠎ᠠ ᠠᠮᠢᠳᠠᠳ ᠨᠢᠳᠦᠨ ᠤ ᠨᠢᠯᠪᠤᠰᠤ ᠭᠠᠷᠭᠠᠳᠠᠭ᠃ ᠬᠦᠮᠦᠨ ᠳᠤ ᠲᠤᠰᠠᠯᠠᠬᠤ ᠠᠭᠱᠠᠨ ᠪᠦᠷᠢ ᠶᠢ ᠠᠯᠳᠠᠬᠤ ᠦᠭᠡᠢ ᠶᠢ ᠬᠢᠴᠢᠶᠡᠳᠡᠭ ᠬᠦᠢᠳᠡᠨ ᠰᠦᠨᠢ ᠦᠨᠢᠶ᠎ᠡ ᠮᠠᠯ ᠢ ᠦᠷᠦᠪᠳᠡᠳᠡᠭ᠃ ᠡᠷᠬᠢᠨ ᠲᠣᠭᠤᠷᠢᠨ ᠮᠢᠨᠢ ᠶᠠᠭᠤ ᠴᠦ ᠪᠤᠯᠤᠯ᠎ᠠ ᠭᠡᠰᠡᠨ ᠨᠢᠩᠵᠢᠨ ᠰᠡᠳᠬᠢᠯ ᠢᠶᠠᠨ ᠠᠯᠳᠠᠬᠤ ᠦᠭᠡᠢ ᠪᠢ ᠡᠨᠡ ᠬᠤᠷᠸ᠎ᠠ ᠶᠢᠨ ᠠᠮᠢᠳᠠᠨ ᠪᠦᠬᠦᠨ ᠳᠤ ᠬᠠᠶᠢᠷ᠎ᠠ ᠡᠨᠡᠷᠢᠯ ᠬᠦᠰᠡᠳᠡᠭ ᠪᠢ ᠲᠠᠯ᠎ᠠ ᠳᠤ ᠱᠣᠭᠰᠢᠵᠤ ᠶᠠᠪᠤᠭ᠎ᠠ ᠭᠤᠷᠠᠩᠭᠤᠯᠠᠭᠰᠠᠨ ᠴᠢᠨ᠋ᠸ᠎ᠠ ᠶᠢ ᠬᠠᠴᠢᠨ ᠶᠡᠭᠡ ᠦᠷᠦᠪᠳᠡᠳᠡᠭ ᠪᠢ ᠲᠠᠭᠳᠤ ᠳᠤ ᠤᠷᠤᠮᠳᠠᠬᠤ ᠪᠤᠭᠤ ᠶᠢ ᠴᠦ ᠬᠠᠴᠢᠨ ᠶᠡᠭᠡ ᠦᠷᠦᠪᠳᠡᠳᠡᠭ ᠪᠢ︕ ᠨᠠᠮᠤᠷ ᠤᠨ ᠪᠦᠷᠦᠩᠬᠦᠢ ᠳᠤ ᠳᠠᠭᠠᠷᠠᠭᠰᠠᠨ ᠴᠡᠴᠡᠭ ᠤᠳ ᠢ ᠦᠷᠦᠪᠳᠡᠳᠡᠭ ᠪᠢ ᠨᠠᠮᠠᠢᠢ ᠬᠦᠮᠦᠨ ᠪᠤᠯᠭᠠᠭᠰᠠᠨ ᠠᠮᠢᠳᠤᠷᠠᠯ ᠢ ᠳᠡᠭᠡᠳᠦᠯᠡᠳᠡᠭ ᠪᠢ ᠮᠠᠨᠠᠨᠲᠤ ᠬᠤᠷᠸ᠎ᠠ ᠠᠴᠠ ᠪᠤᠴᠠᠭᠰᠠᠨ ᠠᠪᠤ᠂ ᠢᠵᠢᠢ ᠪᠠᠨ ᠬᠠᠴᠢᠨ ᠶᠡᠭᠡ ᠰᠠᠨᠠᠳᠠᠭ ᠪᠢ ᠮᠠᠷᠳᠠᠵᠤ ᠴᠢᠳᠠᠬᠤ ᠦᠭᠡᠢ ᠡᠳᠦᠷᠵᠢᠨ ᠰᠦᠨᠢᠵᠢᠨ ᠵᠣᠪᠠᠳᠠᠭ ᠪᠢ ᠬᠦᠮᠦᠨ ᠳᠤ ᠲᠤᠰᠠᠯᠠᠭ᠎ᠠ ᠦᠭᠡᠢ ᠡᠳᠦᠷ ᠤᠳ ᠮᠢᠨᠢ ᠨᠠᠳᠠ ᠳᠤ ᠪᠠᠷᠠᠭᠠᠨ ᠰᠠᠨᠠᠭᠳᠠᠳᠠᠭ᠃ ᠬᠦᠢᠳᠡᠨ ᠤ ᠲᠦᠢᠯ᠂ ᠬᠤᠭᠤᠰᠤᠨ ᠴᠦᠯ ᠰᠢᠭ ᠰᠠᠨᠠᠭᠳᠠᠳᠠᠭ᠃ ᠠᠶ᠎ᠠ᠂ ᠪᠤᠷᠬᠠᠨ ᠮᠢᠨᠢ ᠬᠦᠮᠦᠨ ᠳᠤ ᠲᠤᠰᠠᠯᠠᠬᠤ ᠭᠠᠭᠴᠠ ᠠᠭᠱᠠᠨ ᠴᠦ ᠪᠤᠯᠪᠠ ᠬᠠᠶᠢᠷᠠᠯᠠ ᠠᠯᠳᠠᠨ ᠡᠳᠦᠷ ᠤᠳ ᠬᠠᠶᠢᠷᠠᠯᠠᠪᠠᠯ ᠠᠮᠢᠳᠠᠨ ᠤ ᠲᠤᠰᠠ ᠶᠢ ᠪᠦᠳᠦᠭᠡᠨ᠎ᠡ ᠪᠢ ᠭᠠᠭᠴᠠ ᠡᠳᠦᠷ᠂ ᠭᠠᠭᠴᠠ ᠡᠳᠦᠷ ᠭᠠᠭᠴᠠ ᠠᠭᠱᠠᠨ᠂ ᠭᠠᠭᠴᠠ ᠠᠭᠱᠠᠨ᠂ ᠭᠠᠭᠴᠠ ᠠᠭᠱᠠᠨ ᠭᠠᠵᠠᠷ ᠳᠡᠭᠡᠷ᠎ᠡ ᠬᠦᠮᠦᠨ ᠳᠤ ᠲᠤᠰᠠᠯᠠᠬᠤ ᠣᠨ ᠵᠢᠯ ᠬᠠᠶᠢᠷᠠᠯᠠ᠂ ᠤᠯᠠᠭᠠᠨ ᠰᠠᠬᠢᠭᠤᠰᠤ ᠮᠢᠨᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号