ᠵᠤᠵᠠᠭᠠᠨ ᠪᠣᠯᠳᠠᠭ ᠤᠨ ᠤᠴᠢᠷ
ᠨᠡᠶᠢᠲᠡᠯᠡᠭᠰᠡᠨ ᠴᠠᠭ᠄
2021/5/12
             ᠵᠣᠬᠢᠶᠠᠯᠴᠢ ᠣᠩᠰᠢᠭᠴᠢᠳ ᠤᠨ ᠠᠭᠤᠯᠵᠠᠯᠲᠠ ᠳᠡᠭᠡᠷ᠎ᠡ ᠣᠯᠠᠨ ᠵᠤᠵᠠᠭᠠᠨ ᠷᠣᠮᠠᠨ ᠪᠢᠴᠢᠭᠰᠡᠨ  ᠵᠣᠬᠢᠶᠠᠯᠴᠢ ᠎ ᠳᠤ ᠬᠠᠨᠳᠤᠵᠤ ᠨᠢᠭᠡ ᠣᠩᠰᠢᠭᠴᠢ ᠬᠡᠯᠡᠭᠰᠡᠨ ᠨᠢ᠄ ︽ᠲᠠᠨ ᠤ ᠵᠣᠬᠢᠶᠠᠯ ᠵᠤᠵᠠᠭᠠᠨ ᠪᠤᠯᠳᠠᠭ ᠤᠨ ᠤᠴᠢᠷ ᠢ ᠪᠢ ᠤᠩᠰᠢᠵᠤ ᠮᠡᠳᠡᠯ᠎ᠡ᠃ ᠲᠠ ᠳᠣᠷᠵᠢ ᠭᠡᠳᠡᠭ ᠬᠥᠮᠥᠨ ᠢ ᠫᠦᠷᠪᠦ ᠲᠠᠢ ᠠᠭᠤᠯᠵᠠᠵᠤ ᠨᠢᠭᠡ ᠦᠭᠡ ᠬᠡᠯᠡᠭᠦᠯᠬᠦ ᠶᠢᠨ ᠲᠥᠯᠥᠭᠡ ᠡᠬᠢᠯᠡᠭᠡᠳ ᠳᠣᠷᠵᠢ ᠨᠢ ︿ᠵᠠ᠂ ᠪᠢ ᠫᠦᠷᠪᠦ ᠲᠠᠢ ᠲᠡᠶᠢᠮᠦ ᠦᠭᠡ ᠬᠡᠯᠡᠨ᠎ᠡ ᠳ᠋ᠧ﹀ ᠭᠡᠵᠦ ᠪᠤᠳᠤᠬᠤ ᠶᠤᠮ᠃ ᠳᠠᠷᠠᠭ᠎ᠠ ᠨᠢ ᠠᠭᠤᠯᠵᠠᠭᠠᠳ ᠲᠡᠷᠡ ᠦᠭᠡ ᠪᠠᠨ ᠬᠡᠯᠡᠬᠦ ᠶᠤᠮ᠃ ᠬᠡᠯᠡᠭᠡᠳ ᠦᠩᠭᠡᠷᠡᠭᠰᠡᠨ ᠤ ᠳᠠᠷᠠᠭ᠎ᠠ ᠫᠦᠷᠪᠦ ᠨᠢ ︿ᠳᠣᠷᠵᠢ ᠨᠠᠳᠠ ᠳᠤ ᠲᠡᠶᠢᠮᠦ ᠦᠭᠡ ᠬᠡᠯᠡᠯ᠎ᠡ ᠰᠢᠦ﹀ ᠭᠡᠵᠦ ᠪᠤᠳᠤᠬᠤ ᠶᠤᠮ᠃ ᠨᠢᠭᠡ ᠨᠢ ᠯᠡ ᠪᠠᠶᠢᠪᠠᠯ ᠪᠣᠯᠣᠯ᠎ᠠ ᠰᠢᠦ ᠳ᠋ᠧ︾ ᠭᠡᠪᠡ᠃
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号