ᠲᠤᠯᠤᠭᠠᠳ ᠤᠨ ᠴᠠᠭᠠᠨ᠎ᠠ ᠢᠩᠭᠡ ᠪᠤᠶᠢᠯᠠᠨ᠎ᠠ
ᠨᠡᠶᠢᠲᠡᠯᠡᠭᠰᠡᠨ ᠴᠠᠭ᠄
2021/4/22
             ᠲᠡᠭᠷᠢ ᠪᠦᠦᠳᠡᠭᠡᠷ᠃ ᠡᠯᠡᠰᠦᠨ ᠤ ᠥᠩᠭᠡ ᠰᠢᠷᠭᠠᠯ᠂ ᠡᠨᠡᠬᠡᠨ ᠬᠡᠰᠡᠭ ᠭᠠᠵᠠᠷ ᠤᠳᠠᠭᠠᠨ ᠰᠢᠨᠠᠯᠵᠤ ᠤᠷᠤᠭᠤᠯ ᠠᠮᠠ ᠤᠮᠤᠭᠤᠯᠳᠤᠭᠰᠠᠨ ᠯᠤᠭ᠎ᠠ ᠠᠳᠠᠯᠢ ᠠ᠃        ᠢᠩᠭᠡᠨ ᠲᠡᠮᠡᠭᠡᠨ ᠤ ᠭᠡᠭᠡᠯᠭᠡᠨ ᠪᠤᠶᠢᠯᠠᠬᠤ ᠳᠠᠭᠤᠨ ᠳᠣᠯᠣᠭᠠᠳ ᠤᠨ ᠴᠠᠭᠠᠨ᠎ᠠ ᠠᠴᠠ ᠨᠢᠭᠡᠨ ᠦᠶ᠎ᠡ ᠰᠣᠨᠣᠰᠣᠭᠳᠠᠵᠤ᠂ ᠨᠢᠭᠡᠨ ᠦᠶ᠎ᠡ ᠵᠠᠮᠬᠠᠷᠠᠨ᠎ᠠ᠃        ᠴᠠᠭᠠᠨ ᠲᠤᠪᠤᠴᠠᠭ ᠤᠯᠠᠮ ᠴᠦ ᠬᠤᠪᠠᠭ᠋ᠠᠢ ᠬᠠᠷᠠᠭᠳᠠᠨ᠂ ᠡᠬᠡ ᠶᠢᠨ ᠢᠶᠠᠨ ᠳᠠᠭᠤ ᠶᠢ ᠨᠢᠭᠡᠨᠳᠡ ᠠᠪᠤᠭᠰᠠᠨ ᠪᠤᠳᠤᠭᠤ ᠪᠤᠳᠠᠨ ᠤ ᠶᠣᠵᠣᠭᠤᠷ ᠬᠠᠵᠠᠯᠠᠬᠤ ᠪᠠᠨ ᠪᠤᠯᠢᠵᠤ᠂ ᠳᠣᠯᠣᠭᠠᠳ ᠤᠨ ᠴᠠᠭᠠᠳᠤᠬᠢ ᠡᠬᠡ ᠳᠡᠭᠡᠨ ᠳᠠᠪᠠᠷᠠᠨ ᠤᠴᠢᠭᠠᠰᠠᠢ ᠭᠡᠵᠦ ᠬᠦᠰᠡᠨ᠎ᠡ᠃        ᠭᠡᠷ ᠤᠨ ᠲᠤᠳᠤᠷ᠎ᠠ ᠬᠠᠷᠠᠩᠭᠤᠶᠢᠪᠳᠤᠷ᠂ ᠠᠪᠳᠠᠷ᠎ᠠ ᠰᠠᠪᠠ ᠶᠢ ᠲᠤᠭᠤᠰᠤ ᠳᠠᠷᠤᠵᠠᠢ᠃ ᠳᠡᠭᠡᠪᠦᠷ ᠦᠨᠳᠡᠯᠵᠡᠨ ᠦᠨᠳᠡᠯᠵᠡᠬᠦ ᠨᠢ ᠶᠠᠮᠠᠷ ᠨᠢᠭᠡᠨ ᠳᠤ ᠶᠠᠭᠠᠷᠠᠭᠰᠠᠨ ᠮᠡᠳᠦ ᠪᠦᠭᠡᠳ ᠬᠦᠪᠦᠷᠬᠡᠢ ᠤᠶᠠᠭᠰᠠᠨ ᠤᠭᠤᠰᠤᠷ ᠭᠡᠷ ᠎ ᠤᠨ ᠲᠤᠭᠤᠷᠭ᠎ᠠ ᠶᠢ ᠫᠢᠳ ᠫᠢᠳ ᠪᠠᠯᠪᠠᠨ᠎ᠠ᠃ ᠶᠠᠨᠳᠤᠩ ᠬᠠᠩᠬᠢᠷ ᠵᠢᠩᠬᠢᠷ ᠬᠠᠪᠢᠷᠠᠬᠤᠢ᠂ ᠬᠤᠰᠢᠯᠠᠩ ᠳᠤ ᠬᠠᠪᠴᠢᠭᠤᠯᠤᠨ ᠪᠤᠰᠬᠠᠭᠰᠠᠨ ᠤᠷᠭ᠎ᠠ ᠶᠢᠨ ᠦᠵᠦᠬᠦᠷ ᠰᠠᠯᠬᠢᠨ᠎ᠠ ᠤᠬᠢᠯᠠᠨ᠎ᠠ᠃        ᠬᠤᠶᠢᠲᠤ ᠣᠪᠤᠭᠠᠨ ᠳᠡᠭᠡᠷ᠎ᠡ ᠭᠦᠶᠦᠨ ᠭᠠᠷᠤᠪᠠᠯ ᠲᠡᠭᠷᠢ ᠶᠢᠨ ᠬᠠᠶᠠᠭ᠎ᠠ ᠪᠦᠦᠳᠡᠶᠢᠨ ᠠᠯᠤᠰ ᠤᠨ ᠪᠠᠷ᠎ᠠ ᠡᠰᠡ ᠦᠵᠡᠭᠳᠡᠭᠡᠳ᠂ ᠡᠨᠡᠬᠦ ᠮᠠᠨᠠᠨ ᠬᠦᠰᠢᠭᠡ ᠶᠢ ᠨᠡᠪᠳᠡᠯᠦᠨ ᠬᠤᠯᠠ ᠶᠠᠪᠤᠴᠢᠬᠠᠮᠠᠷ ᠰᠠᠨᠠᠭᠳᠠᠨ᠎ᠠ᠃ᠢᠩᠭᠡᠨ ᠲᠡᠮᠡᠭᠡᠨ ᠤ ᠭᠡᠭᠡᠯᠬᠡᠨ ᠪᠤᠶᠢᠯᠠᠬᠤ ᠳᠠᠭᠤᠨ ᠨᠢᠭᠡᠨ ᠦᠶ᠎ᠡ ᠰᠣᠨᠣᠰᠣᠭᠳᠠᠵᠤ ᠨᠢᠭᠡᠨ ᠦᠶ᠎ᠡ ᠵᠠᠮᠬᠠᠷᠠᠨ᠎ᠠ᠃                                                ︵ᠺᠢᠷᠢᠯ ᠠᠴᠠ ᠰᠠᠴᠤᠷᠠᠯᠲᠤ ᠬᠦᠷᠪᠡᠭᠦᠯᠪᠡ︶
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号