ᠡᠬᠡ ᠬᠦᠮᠦᠨ ᠬᠡᠵᠢᠶ᠎ᠡ ᠴᠦ ᠲᠠᠮᠤ ᠳᠤ ᠣᠷᠤᠳᠠᠭ ᠦᠭᠡᠢ ᠶᠤᠮ ᠭᠡᠨ᠎ᠡ ᠯᠠᠢ | ᠦᠷ᠎ᠡ ᠪᠠᠨ ᠲᠦᠷᠦᠭᠦᠯᠬᠦ ᠭᠡᠵᠦ ᠲᠠᠮᠤ ᠠᠴᠠ ᠢᠯᠡᠭᠦᠦ ᠡᠪᠡᠳᠦᠯᠲᠡ ᠶᠢ ᠮᠡᠳᠡᠷᠡᠭᠰᠡᠨ ᠤᠴᠢᠷ᠃ | ᠡᠬᠡ ᠬᠦᠮᠦᠨ ᠬᠡᠵᠢᠶ᠎ᠡ ᠴᠦ ᠨᠢᠭᠦᠯᠳᠡᠨ ᠪᠠᠶᠢᠳᠠᠭ ᠦᠭᠡᠢ ᠶᠤᠮ ᠭᠡᠨ᠎ᠡ ᠯᠠᠢ | ᠦᠷ᠎ᠡ ᠪᠠᠨ ᠬᠠᠮᠠᠭᠠᠯᠠᠬᠤ ᠭᠡᠵᠦ ᠪᠦᠬᠦᠨ ᠢ ᠬᠢᠳᠡᠭ ᠤᠴᠢᠷ᠃ | | | ᠡᠬᠡ ᠬᠦᠮᠦᠨ ᠬᠡᠵᠢᠶ᠎ᠡ ᠴᠦ ᠬᠠᠳᠠᠭᠤ ᠪᠠᠶᠢᠳᠠᠭ ᠦᠭᠡᠢ ᠶᠤᠮ ᠭᠡᠨ᠎ᠡ ᠯᠠᠢ | ᠪᠦᠪᠡᠢ ᠶᠢᠨ ᠳᠠᠭᠤᠨ ᠳᠤ ᠪᠠᠨ ᠦᠪᠡᠷ ᠢᠶᠠᠨ ᠤᠶᠠᠷᠠᠳᠠᠭ ᠤᠴᠢᠷ᠃ | ᠡᠵᠢ ᠬᠡᠮᠡᠬᠦ ᠠᠯᠳᠠᠷ ᠨᠡᠷ᠎ᠡ ᠶᠢᠨ ᠴᠠᠭᠠᠨ᠎ᠠ ᠶᠠᠭᠤ ᠤᠷᠤᠰᠢᠵᠤ ᠪᠤᠢ ᠶᠢ | ᠡᠩᠭᠡᠷ ᠲᠤ ᠪᠠᠨ ᠲᠠᠪᠡᠷᠢᠬᠦ ᠦᠷ᠎ᠡ ᠠᠴᠠ ᠨᠢ ᠬᠠᠷ᠎ᠠ᠃ | ᠲᠦᠯᠭᠡᠨ ᠬᠠᠷᠠᠴᠠᠨ ᠤ ᠴᠠᠭᠠᠨ᠎ᠠ ᠬᠠᠶᠢᠷ᠎ᠠ ᠭᠡᠷᠡᠯᠳᠦᠵᠦ ᠪᠠᠶᠢᠭ᠎ᠠ ᠶᠢ ᠠᠩᠵᠠᠭᠠᠷᠠ᠃ | | ᠡᠬᠡ ᠶᠢᠨ ᠰᠦ ᠶᠢ ᠬᠦᠬᠦᠵᠦ ᠬᠦᠮᠦᠨ ᠪᠤᠯᠴᠢᠬᠠᠭᠠᠳ | ᠡᠮᠡᠭᠳᠡᠢ ᠬᠦᠮᠦᠨ ᠢ ᠪᠤᠤ ᠳᠣᠣᠷ᠎ᠠ ᠳᠤ ᠦᠵᠡ | ᠬᠠᠶᠢᠷ᠎ᠠ ᠡᠩᠬᠦᠷᠡᠶᠢᠯᠡᠯ ᠢ ᠨᠢ ᠬᠠᠩᠭᠠᠯᠳᠠᠳᠠᠢ ᠠᠪᠴᠢᠬᠠᠭᠠᠳ | ᠦᠷ᠎ᠡ ᠪᠠᠨ ᠬᠠᠶᠠᠵᠤ ᠵᠤᠭᠠᠴᠠᠳᠠᠭ ᠬᠦᠮᠦᠰ ᠬᠡᠵᠢᠶ᠎ᠡ ᠴᠦ ᠳᠠᠷᠳᠠᠩ ᠶᠠᠪᠤᠳᠠᠭ ᠦᠭᠡᠢ ᠶᠤᠮ᠃ | | | ᠲᠤᠶᠢᠯ ᠳᠤ ᠨᠢ ᠬᠦᠷᠳᠡᠯ᠎ᠡ ᠭᠤᠮᠤᠳᠠᠭᠠᠭᠰᠠᠨ ᠤ ᠱᠠᠩ ᠢ ᠨᠠᠰᠤ ᠪᠠᠷ ᠢᠶᠠᠨ | ᠡᠭᠦᠷᠦᠭᠡᠳ ᠴᠦ ᠲᠡᠶᠢᠯᠬᠦ ᠦᠭᠡᠢ᠃ | ᠭᠡᠪᠡᠴᠦ ᠪᠦᠰᠡᠭᠦᠢ ᠬᠦᠮᠦᠨ ᠳᠤ ᠠᠭᠤᠴᠢᠯᠠᠬᠤ ᠰᠡᠳᠬᠢᠯ ᠢ | ᠪᠤᠷᠬᠠᠨ ᠬᠠᠷᠠᠮ ᠦᠭᠡᠢ ᠵᠠᠶᠠᠭᠠᠵᠤ ᠳ᠋ᠧ᠃ | |