ᠢᠷᠠᠭᠤ ᠨᠠᠶᠢᠷᠠᠭᠴᠢ ᠴᠢᠮᠡᠳᠷᠠᠪᠳᠠᠨ ᠤ ᠮᠢᠬᠮᠠᠷᠰᠦ᠋ᠷᠦᠩ ᠤᠨ ᠭᠡᠭᠡᠨ ᠳᠤᠷᠠᠳᠬᠠᠯ ᠳᠤ
ᠨᠡᠶᠢᠲᠡᠯᠡᠭᠰᠡᠨ ᠴᠠᠭ᠄
2021/2/4
ᠰᠠᠷᠠ ᠨᠠᠷᠠᠨ ᠤ ᠭᠤᠯᠳᠤᠷᠢᠯ ᠳᠡᠭᠡᠷ᠎ᠡ ᠰᠠᠭᠠᠳᠠᠵᠤ ᠰᠠᠭᠤᠭᠠᠳ ᠪᠢᠴᠢᠬᠦ ᠭᠡᠯ᠎ᠡ ᠰᠠᠪᠠᠭ᠎ᠠ ᠦᠭᠡᠶᠢᠳᠡᠵᠦ ᠦᠰᠦᠭᠰᠡᠨ ᠲᠦᠭᠦᠯ ᠳᠡᠭᠡᠨ ᠠᠯᠵᠢᠶᠠᠵᠤ ᠠᠮᠠᠷᠠᠭᠠᠳ ᠪᠢᠴᠢᠬᠦ ᠭᠡᠯ᠎ᠡ ᠪᠣᠯᠬᠤ ᠦᠭᠡᠢ ᠶᠤᠮ ᠪᠠᠶᠢᠨ᠎ᠠ ᠴᠢᠳᠠᠬᠤ ᠦᠭᠡᠢ ᠶᠤᠮ ᠪᠠᠶᠢᠨ᠎ᠠ ᠪᠢ ᠪᠤᠳᠤᠯ ᠤᠨ ᠬᠥᠪᠴᠢ ᠮᠢᠨᠢ ᠨᠠᠶᠢᠷᠠᠭᠴᠢ ᠲᠠᠨ ᠢ ᠰᠢᠯᠦᠭᠯᠡᠵᠦ ᠵᠢᠷᠦᠬᠡᠯᠡᠬᠦ ᠦᠭᠡᠢ ᠪᠠᠶᠢᠨ᠎ᠠ᠃ ᠪᠠᠶᠢᠷᠢ ᠶᠢᠨ ᠭᠡᠦᠭᠡᠳ ᠤᠳ ᠢ ᠰᠤᠨᠤᠰᠤᠭᠰᠠᠨ ᠪᠠᠯᠠᠷ ᠡᠷᠳᠡᠨ ᠤ ᠵᠢᠷᠠᠭᠠᠬᠠᠢ ᠰᠡᠯᠢᠬᠦ ᠪᠠᠨ ᠮᠠᠷᠳᠠᠭᠠᠳ ᠬᠦᠪᠴᠦ ᠪᠠᠶᠢᠨ᠎ᠠ ᠰᠤᠮᠤ ᠶᠢᠨ ᠵᠠᠭᠠᠨ ᠳᠤ ᠤᠮᠤᠭᠰᠢᠭᠰᠠᠨ ᠤᠯᠤᠰ ᠤᠨ ᠨᠠᠴᠢᠨ ᠤ ᠵᠤᠳᠤᠭ ᠣᠶᠣᠳᠠᠯ ᠶᠤ᠋ ᠪᠠᠷ ᠢᠶᠠᠨ ᠬᠠᠨᠵᠠᠷᠠᠵᠤ ᠪᠠᠶᠢᠨ᠎ᠠ ᠰᠢᠯᠦᠭᠴᠢ ᠲᠠᠨ ᠤ ᠰᠦᠨᠡᠰᠦᠨ ᠳᠤ ᠰᠦᠭᠦᠳᠦᠭᠰᠡᠨ ᠪᠢᠷ ᠶᠠᠨᠳᠠᠢ ᠪᠦᠵᠢᠭᠯᠡᠵᠦ ᠪᠠᠶᠢᠨ᠎ᠠ ᠰᠡᠭᠦᠷᠡᠰᠦ ᠠᠯᠳᠠᠮ᠎ᠠ ᠢᠷᠠᠭᠤ ᠲᠦᠷᠰᠦᠯᠡᠯ ᠢ ᠡᠵᠡᠨ ᠦᠭᠡᠢ ᠪᠢᠷ ᠡᠷᠢᠶᠡᠴᠢᠵᠦ ᠪᠠᠶᠢᠨ᠎ᠠ ᠰᠦᠨᠡᠰᠦ ᠨᠢ ᠬᠦᠷᠳᠡᠯ᠎ᠡ ᠰᠢᠯᠦᠭ ᠲᠡᠷᠯᠡᠭᠰᠡᠨ ᠴᠤᠤᠳᠠᠢ ᠲᠠᠨ ᠢ ᠪᠠᠨ ᠰᠢᠳᠦᠵᠦ ᠶᠠᠪᠤᠶ᠎ᠠ ᠰᠤᠤ ᠪᠢᠯᠢᠭ ᠤᠶᠤᠨ ᠢᠶᠠᠷ ᠶᠠᠭᠠᠬᠢᠬᠤ ᠪᠣᠢ ᠴᠣᠭᠤᠯᠤᠭᠰᠠᠨ ᠵᠣᠮᠭᠤᠯ ᠰᠢᠭ᠋ ᠮᠡᠳᠡᠷᠡᠮᠵᠢ ᠬᠠᠶᠢᠷᠠᠯᠠᠭᠠᠴᠢ᠃ ᠪᠤᠭᠤᠷᠤᠯ ᠬᠠᠩᠭᠠᠢ ᠶᠢᠨ ᠪᠤᠶᠠᠨ ᠲᠠᠢ ᠨᠠᠶᠢᠷᠠᠭᠴᠢ ᠮᠢᠨᠢ ᠪᠤᠯᠠᠭᠠᠨ ᠬᠠᠶᠢᠷᠬᠠᠨ ᠢᠶᠠᠨ ᠲᠦᠰᠢᠭᠡᠳ ᠨᠣᠶᠢᠷᠰᠤᠭᠠᠷᠠᠢ ᠪᠤᠷᠠᠮ ᠲᠠᠢ ᠬᠦᠷᠦᠰᠦᠨ ᠳᠤ ᠨᠢ ᠲᠠᠶᠢᠪᠤᠩ ᠠᠮᠠᠷᠠᠭᠠᠷᠠᠢ ᠪᠤᠴᠠᠭᠠᠳ ᠪᠢᠳᠡᠨ ᠳᠤ ᠪᠠᠨ ᠮᠥᠳᠳᠦᠬᠡᠨ ᠮᠡᠨᠳᠦᠯᠡᠭᠡᠷᠡᠢ᠃
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号