ᠵᠠᠮ
ᠨᠡᠶᠢᠲᠡᠯᠡᠭᠰᠡᠨ ᠴᠠᠭ᠄
2021/1/26
ᠡᠵᠢ ᠮᠢᠨᠢ ᠠᠩᠬ᠎ᠠ ᠰᠦ ᠪᠠᠷ ᠴᠢᠯᠠᠭᠤ ᠶᠢ ᠨᠢ ᠵᠦᠭᠡᠯᠡᠯᠡᠵᠦ ᠡᠴᠢᠭᠡ ᠮᠢᠨᠢ ᠦᠷᠭᠡᠰᠦ ᠶᠢ ᠨᠢ ᠲᠡᠭᠦᠭᠰᠡᠨ ᠴᠡᠴᠡᠭᠲᠦ ᠵᠠᠮ ᠦᠢᠯᠡ ᠶᠢᠨ ᠦᠷ᠎ᠡ ᠶᠢᠨ ᠤᠰᠤᠨ ᠳᠤ ᠡᠪᠳᠡᠭᠳᠡᠭᠰᠡᠨ ᠡᠬᠢᠯᠡᠯ ᠲᠠᠢ ᠠᠭᠤᠯᠵᠠᠬᠤ ᠶᠢᠨ ᠪᠠᠶᠠᠷ ᠲᠤ ᠡᠭᠴᠡᠷᠡᠵᠦ ᠶᠠᠭᠠᠷᠠᠭᠠᠳ ᠬᠠᠭᠠᠴᠠᠯ ᠤᠨ ᠭᠤᠨᠢᠭ ᠲᠤ ᠳᠤᠩᠰᠤᠯᠤᠭᠰᠠᠨ ᠲᠣᠩᠬᠤᠯ ᠲᠠᠢ ᠤᠴᠢᠷ ᠪᠠᠶᠢᠳᠠᠯ ᠤᠨ ᠬᠤᠷᠸ᠎ᠠ ᠳᠤ ᠬᠡᠨᠡᠨ ᠰᠡᠷᠡᠮᠵᠢ ᠦᠭᠡᠢ ᠲᠦᠭᠡᠷᠢᠭᠰᠡᠨ ᠤᠨᠢᠶᠠᠷᠲᠤ ᠮᠤᠰᠢᠭᠠᠢ ᠬᠠᠪᠴᠢᠯ ᠳᠡᠭᠡᠷ᠎ᠡ ᠤᠬᠠᠭᠠᠨᠲᠠᠨ ᠲᠡᠨᠡᠭ ᠬᠤᠶᠠᠷ ᠡᠭᠡᠷᠡᠭᠰᠡᠨ ᠮᠢᠨᠤ ᠵᠠᠮ ᠬᠠᠵᠠᠭᠤ ᠪᠤᠷᠭᠠᠰᠤᠨ ᠳᠤ ᠬᠦᠷᠦᠭᠡᠰᠦ ᠢᠨᠵᠠᠭᠠᠯᠠᠵᠤ ᠠᠰᠬ᠎ᠠ ᠬᠠᠳᠠᠨ ᠠᠴᠠ ᠶᠠᠩᠬᠢᠷ ᠬᠠᠯᠢᠭᠰᠠᠨ ᠡᠨᠡ ᠵᠠᠮ ᠳᠤ ᠬᠠᠪᠤᠷ ᠤᠨ ᠲᠣᠯᠣᠭᠠᠳ ᠳᠤᠮᠳᠠ ᠢᠩᠭᠡ ᠭᠤᠩᠬᠢᠨᠠᠵᠤ ᠵᠡᠭᠡᠷ᠎ᠡ ᠵᠡᠷᠭᠡᠯᠡᠭᠡ ᠰᠦᠪᠡᠯᠡᠨ ᠴᠠᠬᠢᠯᠤᠭᠰᠠᠨ ᠡᠨᠡ ᠵᠠᠮ ᠳᠤ ᠲᠠᠯ᠎ᠠ ᠰᠠᠨᠠᠭᠠᠰᠢᠷᠠᠯ ᠨᠠᠮᠤᠷ ᠤᠨ ᠲᠡᠭᠷᠢ ᠣᠬᠢᠯᠠᠩᠨᠠᠵᠤ ᠲᠤᠭᠤᠷᠤᠤ ᠪᠤᠴᠠᠭᠰᠠᠨ ᠡᠨᠡ ᠵᠠᠮ ᠳᠤ ᠲᠠᠪᠢᠯᠠᠩ ᠵᠠᠶᠠᠭᠠᠨ ᠤ ᠬᠠᠷᠭᠤᠢ ᠳᠠᠭᠠᠵᠤ ᠨᠤᠬᠠᠳ ᠬᠤᠴᠠᠭᠰᠠᠨ ᠡᠨᠡ ᠵᠠᠮ ᠳᠤ ᠰᠠᠯᠠᠭ᠎ᠠ ᠭᠡᠵᠢᠭᠡ ᠲᠠᠢ ᠦᠬᠢᠨ ᠠᠮᠠᠷᠠᠭ ᠪᠤᠯᠤᠨ ᠤᠴᠠᠷᠠᠵᠤ ᠦᠷ᠎ᠡ ᠶᠢᠨ ᠪᠠᠶᠠᠷ ᠬᠤᠳᠠᠯᠠᠵᠤ ᠬᠠᠮᠲᠤ ᠠᠯᠬᠤᠶ᠎ᠠ ᠰᠠᠯᠬᠢᠨ ᠤ ᠪᠤᠷᠤᠭᠤ ᠵᠡᠭᠦᠳᠦᠨ ᠳᠤ ᠠᠪᠤ ᠶᠢ ᠪᠠᠨ ᠠᠯᠳᠠᠵᠤ ᠨᠢᠯᠪᠤᠰᠤ ᠬᠠᠮᠲᠤ ᠠᠰᠬᠠᠪᠠ ᠰᠡᠭᠦᠯᠴᠢ ᠶᠢᠨ ᠭᠠᠭᠴᠠ ᠳᠡᠯᠡᠭᠡᠢ ᠶᠢᠨ ᠴᠠᠭ ᠤᠨ ᠬᠢᠵᠠᠭᠠᠷ ᠦᠭᠡᠢ ᠳᠤ ᠠᠭᠤᠰᠬᠤ ᠳᠤ ᠴᠦ ᠰᠦ ᠲᠠᠳᠠᠭᠤᠯᠤᠨ ᠭᠡᠷᠡᠯᠳᠦᠬᠦ ᠲᠤᠳᠤ ᠶᠢᠨ ᠲᠤᠳᠤ ᠵᠠᠮ ᠡᠨᠡ ᠮᠢᠨᠤ ᠬᠤᠪᠢ ᠵᠠᠶᠠᠭᠠᠨ ᠤ ᠵᠠᠮ ᠡ ᠁
 
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号