| —— ᠬᠤᠷᠴᠠ | | | | ᠵᠢᠯ ᠪᠥᠷᠢ ᠶᠢᠨ ᠡᠵᠢ ᠶᠢᠨ ᠪᠠᠶᠠᠷ ᠳᠦᠬᠦᠬᠦ ᠡᠳᠦᠷ ᠤᠳ ᠢᠶᠠᠷ ᠡᠯᠢᠭᠡ ᠵᠢᠷᠦᠬᠡ ᠡᠲᠡᠭᠡᠳ ᠡᠮᠵᠡᠭᠯᠡᠵᠦ᠂ | ᠡᠨᠡᠷᠢᠯᠲᠦ ᠡᠵᠢ ᠡᠷᠬᠡ ᠦᠭᠡᠢ ᠦᠭᠡᠶᠢᠯᠡᠭᠳᠡᠨ᠎ᠡ ᠁ | ᠬᠤᠶᠠᠷ ᠨᠠᠰᠤ ᠲᠠᠢ ᠲᠠᠭᠠᠨ ᠡᠵᠢ ᠦᠨᠦᠴᠢᠷᠡᠨ᠂ ᠥᠯᠥᠰᠬᠦᠯᠡᠩ ᠤᠨ ᠭᠠᠰᠠᠯᠠᠩ ᠳᠤ ᠤᠨᠠᠵᠦ᠂ ᠬᠠᠷᠠᠬᠠᠨ | ᠪᠠᠭ᠎ᠠ ᠠᠴᠠ ᠪᠠᠨ ᠵᠣᠪᠠᠵᠤ ᠵᠤᠲᠠᠷᠠᠬᠤ ᠶᠢᠨ ᠦᠢᠯᠡ ᠲᠠᠢ ᠨᠦᠭᠦᠴᠡᠵᠦ᠂ ᠬᠠᠯᠠ ᠵᠣᠪᠠᠯᠠᠩ ᠢ ᠠᠮᠰᠠᠨ ᠲᠤᠭᠤᠯᠵᠤ | ᠥᠰᠦᠭᠰᠡᠨ ᠭᠡᠳᠡᠭ᠃ ᠲᠡᠭᠦᠨ ᠠᠴᠠ ᠯᠠ ᠪᠣᠯᠣᠭᠰᠠᠨ ᠪᠠᠶᠢᠬ᠎ᠠ᠂ ᠡᠵᠢ ᠬᠦᠮᠦᠨ ᠬᠥᠮᠥᠨ ᠠᠴᠠ ᠢᠯᠡᠭᠦᠦ | ᠥᠷᠥᠪᠴᠢᠬᠡᠨ ᠰᠡᠳᠬᠢᠯ ᠲᠠᠢ᠂ ᠥᠭᠭᠢᠶᠡᠮᠦᠷ ᠠᠷᠠᠨᠰᠢᠨ ᠲᠠᠢ᠂ ᠤᠶᠠᠷᠠᠮᠠᠲᠠᠭᠠᠢ ᠵᠠᠩ ᠲᠠᠢ᠂ ᠴᠠᠶᠢᠯᠭᠠᠨ ᠬᠦᠮᠦᠨ | ᠪᠠᠶᠢᠭᠰᠠᠨ ᠶᠤᠮᠰᠠᠨ᠃ ᠬᠦᠮᠦᠨ ᠤ ᠬᠦᠴᠢᠷ ᠵᠦᠳᠡᠭᠦᠷᠢ ᠶᠢ ᠦᠵᠡᠵᠦ ᠶᠡᠷᠦ ᠲᠥᠪᠳᠡᠳᠡᠭ ᠥᠭᠡᠢ᠂ ᠬᠦᠷᠦᠯᠴᠡᠭᠡ ᠪᠠᠨ | ᠰᠢᠪᠬᠠᠵᠤ ᠲᠤᠰᠠᠯᠠᠵᠤ ᠯᠠ ᠪᠠᠶᠢᠳᠠᠭ᠂ ᠵᠠᠮ ᠤᠨ ᠬᠦᠮᠦᠨ ᠲᠡᠨᠦᠭᠦᠯ ᠬᠡᠰᠦᠭᠦᠯ ᠢ ᠴᠤ ᠰᠠᠶᠢᠨ ᠮᠠᠭᠤ ᠶᠢᠨ ᠳᠣᠲᠣᠷ᠎ᠠ | ᠢᠳᠡᠭᠦᠯᠵᠦ ᠤᠤᠭᠤᠯᠭᠠᠭᠠᠳ ᠶᠠᠪᠤᠭᠤᠯᠳᠠᠭ᠃ ᠦᠷ ᠤᠨ ᠬᠠᠷᠠᠩᠭᠤᠢ ᠠᠴᠠ ᠥᠳᠡᠰᠢ ᠶᠢᠨ ᠪᠥᠷᠦᠩᠬᠦᠢ ᠬᠦᠷᠲᠡᠯ᠎ᠡ | ᠪᠣᠷᠪᠢ ᠪᠣᠬᠢᠰᠭᠢᠯ ᠥᠭᠡᠢ ᠶᠠᠭᠠᠷᠠᠵᠤ᠂ ᠠᠮᠢᠳᠤᠷᠠᠯ ᠠᠬᠤᠢ ᠪᠠᠨ ᠲᠥᠬᠦᠭᠡᠷᠦᠨ᠂ ᠬᠢᠭᠡᠳ ᠳᠠᠭᠤᠰᠤᠰᠢ ᠦᠭᠡᠢ | ᠭᠠᠳᠠᠨ᠎ᠠ ᠳᠣᠲᠣᠨ᠎ᠠ ᠠᠵᠢᠯ ᠬᠥᠳᠡᠯᠮᠦᠷᠢ ᠪᠠᠨ ᠠᠬᠤᠢᠢᠯᠠᠵᠦ ᠵᠠᠯᠭᠠᠭᠤᠯᠵᠤ ᠶᠠᠪᠤᠬᠤ ᠳᠠᠭᠠᠨ ᠳᠠᠩᠳᠠ ᠤᠷᠲᠤ ᠪᠣᠭᠤᠨᠢ | ᠠᠷᠠᠳ ᠤᠨ ᠳᠠᠭᠤᠤ ᠶᠢ ᠤᠬᠠᠮᠰᠠᠷ ᠲᠠᠢ ᠤᠬᠠᠮᠰᠠᠷ ᠦᠭᠡᠢ ᠶᠢᠨ ᠬᠤᠭᠤᠷᠣᠨᠳᠤ ᠭᠢᠩᠰᠢᠨ ᠳᠠᠭᠤᠯᠠᠵᠤ ᠯᠠ ᠪᠠᠶᠢᠳᠠᠭ | ᠵᠠᠩᠰᠢᠯ ᠲᠠᠢ᠃ ᠬᠠᠶᠠ ᠪᠠᠰᠠ ᠳᠠᠭᠤᠦ ᠳᠡᠭᠡᠨ ᠤᠶᠠᠷᠠᠵᠤ᠂ ᠳᠤᠷᠠᠳᠬᠠᠯ ᠳᠠᠭᠠᠨ ᠬᠥᠲᠥᠯᠥᠭᠳᠡᠵᠦ᠂ ᠬᠤᠭᠤᠯᠠᠢ ᠨᠢ | ᠡᠷᠢᠶᠡᠨᠲᠦᠨ᠂ ᠳᠠᠭᠤ ᠨᠢ ᠴᠡᠴᠡᠷᠬᠢᠯᠡᠵᠦ᠂ ᠬᠠᠨᠴᠦᠢ ᠪᠠᠷ ᠢᠶᠠᠨ ᠨᠢᠯᠪᠤᠰᠦ ᠪᠠᠨ ᠵᠦᠯᠭᠦᠵᠦ ᠪᠠᠶᠢᠭᠰᠠᠨ ᠳᠣᠬᠢᠶᠠᠯᠳᠤᠯ | ᠨᠢᠭᠡ ᠪᠢᠰᠢ ᠤᠳᠠᠭ᠎ᠠ ᠨᠢᠳᠦᠨ ᠳᠤ ᠦᠷᠳᠦᠵᠦ ᠪᠠᠶᠢᠭᠰᠠᠨ ᠨᠢ ᠦᠴᠦᠭᠡᠳᠦᠷᠬᠡᠨ ᠶᠤᠮ ᠰᠢᠭ ᠪᠣᠳᠣᠯ ᠳᠤ | ᠡᠷᠭᠢᠯᠳᠦᠨ᠎ᠡ᠃ | ᠡᠵᠢ ᠠᠪᠤ ᠮᠠᠨᠢ ᠴᠣᠬᠤᠮ ᠨᠢᠭᠡᠨ ᠰᠠᠨᠠᠭ᠎ᠠ ᠤᠨᠤᠭ᠎ᠠ ᠲᠡᠩᠨᠡᠭᠰᠡᠨ ᠬᠤᠶᠠᠷ ᠪᠠᠶᠢᠯ᠎ᠠ᠃ ᠦᠷ᠎ᠡ ᠬᠡᠦᠬᠡᠳ | ᠪᠢᠳᠡᠨ ᠢᠶᠠᠨ ᠥᠯ ᠬᠤᠭᠤᠯᠠ ᠳᠠᠰᠤᠯᠳᠠᠭᠤᠯᠵᠤ ᠦᠵᠡᠭᠡ ᠦᠭᠡᠢ᠂ ᠡᠮᠦᠰᠬᠦ ᠬᠤᠪᠴᠠᠰᠤ ᠳᠤᠲᠠᠭᠤᠯᠵᠤ ᠦᠩᠭᠡᠷᠡᠭᠡ | ᠦᠭᠡᠢ᠂ ᠡᠪᠡᠳᠴᠢᠨ ᠡᠮᠬᠡᠭ ᠲᠤ ᠣᠷᠢᠶᠠᠭᠳᠠᠭᠤᠯᠵᠤ ᠪᠠᠶᠢᠭ᠎ᠠ ᠦᠭᠡᠢ᠂ ᠴᠣᠬᠤᠮ ᠴᠤ ᠬᠦᠮᠦᠨ ᠠᠴᠠ ᠳᠣᠣᠷ᠎ᠠ | ᠦᠭᠡᠢ ᠬᠥᠮᠥᠨ ᠪᠣᠯᠭᠠᠵᠤ ᠥᠰᠭᠡᠭᠰᠡᠨ ᠶᠤᠮ ᠳ᠋ᠠ︕ ᠠᠪᠤ ᠮᠢᠨᠢ ᠬᠠᠷ᠎ᠠ ᠵᠠᠯᠠᠭᠤ ᠠᠴᠠ ᠪᠠᠨ ᠠᠪᠤᠭᠠᠳ ᠬᠠᠮᠲᠤ ᠶᠢᠨ | ᠲᠣᠭᠤᠭ᠎ᠠ ᠬᠠᠭᠠᠷᠠᠬᠤ ᠪᠣᠯᠲᠠᠯ᠎ᠠ᠂ ᠨᠡᠶᠢᠲᠡ ᠶᠢᠨ ᠰᠥᠷᠦᠭ ᠢ ᠠᠮᠢ ᠲᠠᠢ ᠪᠠᠨ ᠬᠤᠯᠪᠣᠵᠤ᠂ ᠡᠪᠦᠯ ᠵᠤᠨ ᠤ ᠪᠡᠯᠴᠢᠭᠡᠷ | ᠳᠠᠭᠠᠵᠤ᠂ ᠣᠲᠣᠷ ᠬᠠᠶᠢᠳᠠᠭ ᠢᠶᠠᠷ ᠨᠡᠭᠦᠳᠡᠯᠯᠡᠵᠦ ᠰᠠᠭᠤᠳᠠᠭ ᠪᠠᠶᠢᠭᠰᠠᠨ ᠤᠴᠢᠷ ᠠᠴᠠ ᠠᠷᠤ ᠭᠡᠷ ᠤᠨ | ᠠᠮᠢᠳᠤᠷᠠᠯ ᠢᠶᠠᠨ ᠲᠣᠬᠢᠷᠠᠭᠤᠯᠵᠤ᠂ ᠠᠩᠭ᠎ᠠ ᠬᠡᠦᠬᠡᠳ ᠢᠶᠠᠨ ᠳᠣᠲᠣᠮᠳᠠᠬᠤ ᠨᠠᠷᠢᠨ ᠵᠦᠢᠯ ᠶᠡᠬᠡᠩᠬᠢ ᠳᠡᠭᠡᠨ ᠡᠵᠢ ᠶᠢᠨ | ᠮᠢᠨᠢ ᠡᠭᠦᠷᠭᠡ ᠪᠠᠶᠢᠯ᠎ᠠ᠃ ᠡᠩ ᠤᠨ ᠨᠢᠭᠡᠨ ᠮᠠᠯᠴᠢᠨ ᠠᠪᠤ ᠡᠵᠢ ᠪᠠᠶᠢᠭᠰᠠᠨ ᠤ ᠬᠤᠪᠢ ᠳᠤ᠂ ᠲᠡᠷᠡ ᠴᠠᠭ ᠤᠨ ᠲᠡᠶᠢᠮᠦ | ᠬᠦᠴᠢᠷ ᠭᠠᠴᠢᠭ ᠲᠠᠢ ᠪᠠᠶᠢᠳᠠᠯ ᠳᠣᠣᠷ᠎ᠠ ᠬᠤᠶᠠᠷ ᠭᠠᠷ ᠲᠠᠭᠠᠨ ᠲᠦᠰᠢᠭᠯᠡᠵᠦ᠂ ᠠᠷᠪᠠᠨ ᠠᠮᠠ ᠲᠠᠢ ᠠᠶᠢᠯ | ᠪᠦᠯᠢ ᠶᠢᠨ ᠢᠶᠠᠨ ᠢᠳᠡᠯᠭᠡ ᠤᠤᠭᠤᠯᠭ᠎ᠠ᠂ ᠡᠮᠦᠰᠬᠡᠯ ᠵᠡᠭᠦᠳᠡᠯ ᠢ ᠡᠪ ᠳᠡᠪ ᠲᠠᠢ ᠪᠠᠲᠤᠯᠠᠵᠤ ᠶᠠᠪᠤᠨ᠎ᠠ ᠭᠡᠳᠡᠭ | ᠬᠡᠯᠡᠬᠦ ᠳᠤ ᠠᠮᠠᠷᠬᠠᠨ ᠪᠣᠯᠪᠠᠴᠤ ᠬᠡᠷᠬᠢᠨ ᠪᠡᠶᠡᠯᠡᠭᠦᠯᠵᠦ ᠪᠠᠶᠢᠭᠰᠠᠨ ᠢ ᠨᠢ ᠣᠳᠣ ᠪᠣᠳᠤᠬᠤ ᠠᠴᠠ ᠴᠤ ᠲᠣᠯᠤᠭᠠᠢ | ᠡᠪᠡᠳᠦᠮᠡᠷ ᠶᠠᠪᠤᠳᠠᠯ ᠡ︕ ᠳᠡᠷᠡ ᠪᠠᠶᠢᠳᠤᠭᠠᠢ ᠠᠮᠢᠳᠤᠷᠠᠯ ᠤᠨ ᠨᠥᠭᠦᠴᠡᠯ ᠶᠠᠮᠠᠷ ᠬᠦᠴᠢᠷ ᠪᠣᠯᠣᠭᠰᠠᠨ ᠴᠤ ᠪᠦᠬᠦᠢ | ᠬᠡᠦᠬᠡᠳ ᠢᠶᠠᠨ ᠵᠠᠪᠠᠯ ᠰᠤᠷᠭᠠᠭᠤᠯᠢ ᠰᠣᠶᠣᠯ ᠤᠨ ᠮᠦᠷ ᠢᠶᠠᠷ ᠲᠤᠯᠲᠠᠯ᠎ᠠ ᠶᠠᠪᠤᠭᠤᠯᠤᠨ᠎ᠠ ᠭᠡᠵᠦ ᠲᠠᠩᠭᠠᠷᠢᠭ ᠲᠠᠯᠪᠢᠵᠤ᠂ | ᠮᠦᠨ ᠲᠡᠭᠡᠵᠦ ᠪᠡᠶᠡᠯᠡᠭᠦᠯᠦᠭᠰᠡᠨ ᠤ ᠳ᠋ᠦ᠋ᠩ ᠲᠤ ᠶᠡᠭᠡ ᠰᠤᠷᠭᠠᠭᠤᠯᠢ ᠶᠢᠨ ᠰᠢᠯᠭᠠᠭᠤᠯᠢ ᠶᠢᠨ ᠳᠦᠷᠢᠮ | ᠰᠡᠷᠭᠦᠭᠡᠭᠳᠡᠭᠰᠡᠨ ᠠᠩᠬᠠᠨ ᠤ ᠵᠢᠯ ᠠᠴᠠ ᠡᠬᠢᠯᠡᠵᠦ᠂ ᠳᠡᠭᠡᠷ᠎ᠡ ᠵᠠᠭᠤᠨ ᠤ ᠶᠡᠷᠡᠭᠡᠳ ᠣᠨ ᠤ ᠳᠤᠮᠳᠠᠴᠢ ᠬᠦᠷᠲᠡᠯ᠎ᠡ | ᠠᠷᠤ ᠠᠷᠤ ᠠᠴᠠ ᠨᠢ ᠲᠠᠪᠤᠨ ᠣᠶᠤᠲᠠᠨ ᠬᠦᠮᠦᠵᠢᠭᠦᠯᠦᠨ ᠭᠠᠷᠭᠠᠵᠤ ᠨᠡᠶᠢᠭᠡᠮ ᠤᠨ ᠵᠡᠷᠬᠡ ᠳᠤ ᠬᠦᠷᠭᠡᠭᠰᠡᠨ ᠨᠢ ᠡᠭᠡᠯ | ᠵᠢᠷ ᠤᠨ ᠮᠠᠯᠴᠢᠨ ᠠᠷᠠᠳ ᠤᠨ ᠬᠤᠪᠢ ᠳᠤ ᠤᠯᠤᠰ ᠭᠡᠷ᠂ ᠦᠨᠳᠦᠰᠦᠲᠡᠨ ᠤᠭᠰᠠᠭᠠᠲᠠᠨ ᠬᠢᠭᠡᠳ ᠨᠡᠶᠢᠭᠡᠮ | ᠨᠡᠶᠢᠲᠡ ᠳᠡᠭᠡᠨ ᠦᠵᠡᠭᠦᠯᠦᠭᠰᠡᠨ ᠦᠴᠦᠬᠡᠨ ᠲᠡᠳᠦᠢ ᠴᠤ ᠵᠢᠳᠬᠦᠯ ᠬᠡᠮᠡᠨ ᠣᠢᠢᠯᠠᠭᠠᠬᠤ ᠳᠤ ᠶᠡᠬᠡᠳᠬᠦ ᠪᠠᠷ ᠦᠭᠡᠢ | ᠪᠠᠶᠢᠬ᠎ᠠ ᠡ︕ | ᠡᠵᠢ ᠮᠢᠨᠢ ᠬᠠᠷᠢᠭᠤᠴᠠᠯᠭ᠎ᠠ ᠶᠢ ᠶᠠᠭᠤᠨ ᠠᠴᠠ ᠴᠤ ᠴᠢᠬᠤᠯᠠᠴᠢᠯᠠᠳᠠᠭ ᠬᠥᠮᠥᠨ ᠪᠠᠶᠢᠭᠰᠠᠨ ᠶᠤᠮ᠃ | ᠶᠠᠮᠠᠷᠪᠠ ᠤᠴᠢᠷ ᠶᠠᠪᠤᠳᠠᠯ ᠢ ᠰᠢᠢᠳᠪᠦᠷᠢᠯᠡᠬᠦ ᠪᠤᠶᠤ ᠠᠵᠢᠯ ᠬᠢᠳᠡᠯ ᠪᠡᠶᠡᠯᠡᠭᠦᠯᠬᠦ ᠳᠡᠭᠡᠨ ᠬᠦᠩᠭᠡᠨ ᠬᠠᠭᠤᠳᠠᠮ | ᠣᠷᠣᠳᠠᠭ ᠪᠢᠰᠢ᠂ ᠬᠠᠷᠢᠨ ᠦᠨᠡᠨᠴᠢ ᠬᠢᠨᠠᠮᠠᠭᠠᠢ ᠬᠠᠨᠲᠤᠳᠠᠭ᠃ ᠮᠢᠨᠦ ᠡᠷᠭᠢᠴᠡᠭᠦᠯᠦᠯ ᠳᠤ ᠡᠵᠢ ᠮᠢᠨᠢ ᠬᠦᠮᠦᠨ ᠲᠠᠢ | ᠨᠠᠭᠠᠳᠤᠮ ᠱᠤᠭ ᠴᠤ ᠲᠣᠭᠯᠠᠵᠤ ᠴᠢᠳᠠᠳᠠᠭ ᠦᠭᠡᠢ ᠬᠦᠮᠦᠨ ᠪᠠᠶᠢᠭᠰᠠᠨ᠃ ᠬᠤᠳᠠᠯ ᠬᠤᠭᠤᠰᠤᠨ ᠬᠢᠳᠡᠯ ᠪᠠᠷᠢᠳᠠᠯ ᠢ | ᠭᠠᠭᠴᠠ ᠴᠤ ᠤᠳᠠᠭ᠎ᠠ ᠪᠠᠶᠢᠯᠭᠠᠵᠤ ᠦᠵᠡᠭᠡ ᠦᠭᠡᠢ᠂ ᠣᠷᠭᠢᠭ᠎ᠠ ᠣᠩᠭᠢᠷᠠᠭ᠎ᠠ ᠬᠦᠮᠦᠨ ᠢ ᠴᠤ ᠦᠵᠡᠵᠦ ᠶᠡᠷᠦ | ᠴᠢᠳᠠᠳᠠᠭ ᠦᠭᠡᠢ᠃ ᠠᠳᠠᠯ ᠶᠠᠪᠤᠳᠠᠯ ᠬᠢᠬᠦ ᠲᠡᠭᠡᠨ ᠳᠦᠩᠭᠡᠰᠬᠢᠨ ᠠᠷᠭᠠᠯᠠᠵᠤ ᠬᠠᠰᠢ ᠶᠠᠰᠢ ᠭᠦᠢᠴᠡᠳᠬᠡᠵᠦ ᠪᠠᠶᠢᠭ᠎ᠠ | ᠦᠬᠡᠢ᠃ ᠬᠠᠮᠲᠤ ᠶᠢᠨ ᠬᠥᠳᠡᠯᠮᠦᠷᠢ ᠳᠤ ᠣᠷᠣᠯᠴᠠᠭᠰᠠᠨ ᠴᠤ ᠲᠡᠶᠢᠮᠦ᠂ ᠬᠤᠷᠳᠤ ᠪᠠᠷ ᠪᠢᠰᠢ᠂ ᠴᠢᠨᠠᠷ ᠢᠶᠠᠷ | ᠬᠦᠮᠦᠨ ᠠᠴᠠ ᠳᠣᠣᠷ᠎ᠠ ᠣᠷᠣᠬᠤ ᠦᠭᠡᠢ ᠶᠢ ᠯᠠ ᠬᠢᠴᠢᠶᠡᠳᠡᠭ᠃ ᠡᠨᠡ ᠲᠤᠬᠠᠢ ᠠᠶᠢᠯ ᠠᠶᠢᠮᠠᠭ ᠤᠨ ᠬᠢᠨ ᠪᠦᠷ | ᠮᠡᠳᠡᠳᠡᠭ ᠢᠶᠠᠷ ᠪᠠᠷᠠᠬᠤ ᠦᠭᠡᠢ ᠪᠠᠷᠢᠭᠠᠳᠠ ᠶᠢᠨ ᠤᠳᠤᠷᠢᠳᠤᠯᠭ᠎ᠠ ᠴᠤ ᠦᠨᠡᠯᠡᠳᠡᠭ ᠶᠤᠮ᠃ | ᠴᠠᠭᠠᠨ ᠰᠠᠷ᠎ᠠ ᠣᠢᠢᠷᠠᠳᠬᠤ ᠪᠤᠯᠭᠠᠨ ᠡᠵᠢ ᠬᠠᠮᠤᠭ ᠠᠴᠠ ᠵᠦᠳᠡᠷᠡᠳᠡᠭ᠃ ᠬᠦᠮᠦᠨ ᠪᠦᠷᠢ ᠳᠤ ᠰᠢᠨ᠎ᠡ | ᠱᠠᠬᠠᠢ ᠡᠮᠦᠰᠦᠭᠦᠯᠦᠨᠡ ᠭᠡᠵᠦ ᠭᠠᠵᠠᠷ ᠤᠨ ᠵᠢᠷᠤᠭ ᠬᠡᠮᠡᠷ ᠴᠠᠷᠪᠠᠭᠠᠨ ᠪᠦᠰ ᠢ ᠬᠠᠨ᠎ᠠ ᠳᠦᠭᠦᠷᠭᠡᠨ ᠬᠠᠲᠠᠭᠠᠳᠠᠭ ᠤᠨ | ᠳᠡᠭᠡᠷ᠎ᠡ᠂ ᠦᠯᠢᠭᠡᠷ ᠬᠠᠶᠢᠴᠢᠯᠠᠵᠤ ᠤᠯᠠ ᠰᠢᠷᠢᠨ ᠵᠤᠯᠤᠭ ᠱᠠᠭᠯᠠᠵᠤ᠂ ᠰᠥᠨᠢᠵᠢᠨ ᠰᠠᠭᠤᠵᠤ ᠠᠵᠢᠯᠯᠠᠳᠠᠭ ᠪᠠᠶᠢᠭᠰᠠᠨ | ᠃ ᠬᠡᠦᠬᠡᠳ ᠨᠢᠭᠡᠪᠦᠷᠢ ᠪᠠᠨ ᠰᠢᠨ᠎ᠡ ᠬᠦᠷᠮ᠎ᠡ ᠲᠠᠢ ᠰᠢᠨᠡᠯᠡᠭᠦᠯᠦᠨ᠎ᠡ ᠭᠡᠵᠦ᠂ ᠴᠢᠳᠠᠨ ᠶᠠᠳᠠᠨ ᠪᠠᠷᠠᠭ᠎ᠠ ᠪᠥᠰ ᠢᠶᠠᠨ | ᠪᠡᠯᠡᠳᠴᠢᠬᠡᠪᠡᠯ ᠵᠢᠷᠤᠵᠤ ᠡᠰᠭᠡᠬᠦ ᠠᠴᠠ ᠠᠪᠤᠭᠠᠳ ᠣᠶᠣᠵᠤ ᠪᠥᠲᠦᠭᠡᠬᠦ ᠣᠷᠤᠳᠠᠯ᠎ᠠ ᠡᠵᠢ ᠳᠤ ᠶᠠᠮᠠᠷ ᠬᠠᠮ ᠳᠡᠮ | ᠪᠣᠯᠴᠢᠬᠠᠮᠠᠷ ᠬᠦᠮᠦᠨ ᠪᠠᠶᠢᠭᠰᠠᠨ ᠪᠢᠰᠢ ᠳ᠋ᠠ᠂ ᠴᠠᠭ ᠯᠠ ᠣᠯᠳᠠᠪᠠᠯ ᠬᠡᠳᠦᠨ ᠵᠡᠭᠦᠦ ᠬᠡᠳᠦᠨ ᠰᠢᠯᠪᠢ ᠪᠠᠷ ᠶᠠᠪᠤᠭᠤᠯᠵᠤ | ᠪᠠᠶᠢᠬᠤ ᠯᠠ ᠬᠡᠷᠡᠭ ︵ᠰᠢᠯᠪᠢ ᠭᠡᠬᠦ ᠠᠴᠠ ᠰᠢᠯᠪᠢ ᠲᠣᠪᠴᠢ ᠡᠮᠬᠡᠷᠢᠳᠴᠦ ᠵᠠᠩᠭᠢᠳᠬᠤ ᠳᠠᠭᠠᠨ ᠪᠣᠯ ᠠᠪᠤ ᠬᠠᠷᠢᠨ | ᠶᠡᠭᠡ ᠳᠡᠮᠲᠡᠢ ᠪᠠᠶᠢᠵᠤ᠂ ᠡᠵᠢ ᠳᠤ ᠪᠠᠭ᠎ᠠ ᠴᠤ ᠭᠡᠰᠡᠨ ᠲᠤᠰᠠ ᠪᠣᠯᠵᠤ ᠪᠠᠶᠢᠭᠰᠠᠨ ᠨᠢ ᠰᠠᠨᠠᠭᠠᠨ ᠳᠤ ᠣᠷᠣᠵᠤ | ᠪᠠᠶᠢᠨ᠎ᠠ︶᠃ ᠪᠠᠰᠠ᠂ ᠵᠢᠯ ᠵᠢᠯ ᠤᠨ ᠵᠢᠷᠭᠤᠭᠠᠨ ᠰᠠᠷ᠎ᠠ ᠶᠢᠨ ᠨᠢᠭᠡᠨ ᠤ ᠬᠡᠦᠬᠡᠳ ᠤᠨ ᠪᠠᠶᠠᠷ ᠤᠨ ᠦᠶ᠎ᠡ ᠪᠠᠷ ᠪᠠᠭ᠎ᠠ | ᠰᠤᠷᠭᠠᠭᠤᠯᠢ ᠶᠢᠨ ᠰᠣᠷᠣᠭᠴᠢ ᠬᠡᠦᠬᠡᠳ ᠢᠶᠠᠨ ᠬᠦᠮᠦᠨ ᠤ ᠡᠮᠦᠨ᠎ᠡ ᠦᠩᠭᠡ ᠲᠠᠢ ᠨᠢᠭᠤᠷ ᠲᠠᠢ ᠪᠠᠶᠢᠬᠤ ᠶᠢ ᠨᠢ | ᠬᠢᠴᠢᠶᠡᠬᠦ ᠬᠡᠵᠦ ᠰᠢᠨ᠎ᠡ ᠬᠤᠪᠴᠠᠰᠤ ᠵᠤᠬᠢᠶᠡᠵᠦ ᠪᠠᠰᠠ ᠨᠢᠭᠡᠨ ᠵᠡᠷᠬᠡ ᠮᠣᠩᠭᠠᠨᠢᠳᠠᠭ ᠪᠠᠶᠢᠯ᠎ᠠ᠃ ᠨᠠᠶᠠᠭᠠᠳ | ᠣᠨ ᠠᠴᠠ ᠨᠠᠭᠠᠰᠢ ᠮᠠᠨ ᠤ ᠰᠠᠶ᠋ᠢ ᠣᠶᠤᠳᠠᠯ ᠤᠨ ᠮᠠᠰᠢᠨ ᠲᠠᠢ ᠪᠣᠯᠣᠭᠠᠳ ᠡᠵᠢ ᠶᠢᠨ ᠮᠢᠨᠢ ᠦᠢᠯᠡ ᠣᠶᠣᠳᠠᠯ ᠤᠨ | ᠳᠠᠷᠤᠭᠠᠰᠤ ᠨᠢᠭᠡ ᠬᠡᠮᠵᠢᠶ᠎ᠡ ᠪᠠᠷ ᠬᠥᠩᠭᠡᠯᠡᠭᠳᠡᠭᠰᠡᠨ ᠪᠠᠶᠢᠪᠠ᠃ ᠴᠠᠭᠠᠨ ᠰᠠᠷ᠎ᠠ ᠶᠢᠨ ᠢᠳᠡᠭᠡ ᠪᠤᠳᠠᠭ᠎ᠠ ᠶᠢᠨ ᠬᠤᠪᠢ ᠳᠤ | ᠦᠪᠡᠷ ᠲᠡᠭᠡᠨ ᠢᠳᠡᠬᠦ ᠭᠡᠲᠡᠯ᠎ᠡ ᠢᠷᠡᠬᠦ ᠵᠣᠴᠢᠨ᠂ ᠵᠠᠯᠠᠬᠤ ᠬᠦᠨᠳᠦᠲᠡᠨ ᠭᠡᠬᠦᠴᠢᠯᠡᠨ ᠬᠤᠷᠤᠭᠤ ᠳᠠᠷᠤᠬᠤ ᠦᠭᠡᠢ ᠴᠤ | ᠳᠣᠲᠣᠷ᠎ᠠ ᠪᠠᠨ ᠲᠤᠭ᠎ᠠ ᠲᠠᠢ᠂ ᠦᠩᠭᠡ ᠦᠨᠦᠷ ᠲᠦᠷᠦᠯ ᠵᠦᠢᠯ ᠬᠠᠲᠠᠭᠤ ᠵᠦᠭᠡᠯᠡᠨ ᠵᠡᠷᠭᠡ ᠪᠠᠷ ᠲᠠᠯ᠎ᠠ | ᠲᠠᠯ᠎ᠠ ᠠᠴᠠ ᠨᠢ ᠪᠦᠷᠢᠨ ᠪᠣᠳᠣᠯᠬᠢᠯᠠᠵᠤ᠂ ᠨᠠᠷᠢᠨ ᠲᠥᠰᠥᠪᠯᠡᠨ ᠨᠢᠮᠪᠠᠢ ᠪᠡᠯᠡᠳᠬᠡᠳᠡᠭ ᠪᠠᠶᠢᠯ᠎ᠠ᠃ ᠠᠮᠠᠨ ᠳᠤ | ᠣᠷᠣᠲᠠᠯ᠎ᠠ ᠠᠷᠪᠠᠨ ᠳᠠᠪᠠᠭ᠎ᠠ ᠭᠡᠳᠡᠭ ᠪᠣᠯ ᠳᠠᠪᠠᠭ᠎ᠠ ᠪᠣᠯᠭᠠᠨ ᠢ ᠨᠢ ᠡᠵᠢ ᠶᠢᠨ ᠮᠢᠨᠢ ᠭᠠᠷ ᠲᠡᠭᠰᠢᠯᠡᠳᠡᠭ ᠪᠠᠶᠢᠵᠠᠢ᠃ | ᠡᠵᠢ ᠡᠮᠡᠭᠡ ᠡᠵᠢ ᠲᠠᠢ ︵ᠡᠪᠦᠭᠡ ᠠᠪᠤ ᠮᠢᠨᠢ ᠨᠠᠮ᠎ᠠ ᠶᠢ ᠲᠦᠷᠦᠬᠦ ᠠᠴᠠ ᠡᠮᠦᠨ᠎ᠡ ᠨᠠᠰᠤ ᠪᠣᠯᠴᠢᠬᠠᠭᠰᠠᠨ | ᠪᠠᠶᠢᠯ᠎ᠠ︶ ᠴᠣᠬᠤᠮ ᠨᠢᠭᠡᠨ ᠲᠥᠷᠥᠭᠰᠡᠨ ᠦᠬᠢᠨ ᠨᠢ ᠶᠤᠮ ᠰᠢᠭ᠂ ᠨᠢᠭᠡ ᠨᠠᠰᠤ ᠪᠠᠷ ᠢᠶᠠᠨ ᠦᠭᠡ ᠵᠦᠷᠢᠵᠦ ᠴᠢᠷᠠᠢ | ᠤᠯᠠᠶᠢᠵᠤ ᠦᠩᠭᠡᠷᠡᠭᠡ ᠦᠭᠡᠢ᠂ ᠰᠢᠷᠡᠭᠡ ᠊ ᠤ ᠪᠠᠨ ᠳᠡᠭᠡᠲᠡᠢ ᠰᠠᠭᠠᠲᠠᠭᠤᠯᠵᠤ᠂ ᠬᠡᠵᠢᠶᠡᠳᠡ ᠰᠢᠨ᠎ᠡ ᠪᠡᠷᠢ ᠰᠢᠭ | ᠶᠣᠰᠣᠴᠢᠯᠠᠨ ᠬᠦᠨᠳᠦᠯᠡᠵᠦ ᠶᠠᠪᠤᠭᠰᠠᠨ᠃ ᠪᠠᠶᠠᠷ ᠳᠤᠷᠠᠰᠬᠠᠯ ᠤᠨ ᠡᠳᠦᠷ ᠪᠣᠯᠬᠤ ᠪᠦᠷᠢ᠂ ᠡᠰᠡᠬᠦᠯ᠎ᠡ | ᠦᠪᠡᠷ ᠤᠨ ᠢᠶᠠᠨ ᠣᠢᠢᠯᠠᠭᠠᠯᠲᠠ ᠪᠠᠷ ᠠᠮᠲᠠ ᠰᠢᠮᠲᠡ ᠲᠠᠢ ᠭᠡᠵᠦ ᠪᠤᠳᠤᠭᠰᠠᠨ ᠬᠤᠭᠤᠯᠠ ᠬᠤᠰᠢ ᠪᠣᠯᠬᠤ ᠪᠦᠷᠢ᠂ | ᠬᠤᠭᠤᠯᠠᠨ ᠤ ᠪᠠᠨ ᠳᠡᠭᠡᠵᠢ ᠠᠴᠠ ᠠᠪᠴᠤ ᠡᠮᠡᠭᠡ ᠡᠵᠢ ᠳᠤ ᠬᠦᠷᠭᠡᠭᠦᠯᠳᠡᠭ ᠪᠠᠶᠢᠭᠰᠠᠨ ︵ᠤᠯᠠᠮᠵᠢᠯᠠᠯᠲᠤ | ᠳᠠᠳᠬᠠᠯ ᠢᠶᠠᠷ ᠡᠮᠡᠭᠡ ᠡᠵᠢ ᠪᠠᠭ᠎ᠠ ᠠᠪᠠᠭ᠎ᠠ ᠶᠢᠨ ᠳᠤ ᠬᠠᠮᠲᠤ ᠠᠮᠢᠳᠤᠷᠠᠳᠠᠭ ᠪᠠᠶᠢᠭᠰᠠᠨ︶᠃ ᠲᠡᠷᠡ ᠮᠥᠷᠲᠡᠭᠡᠨ | ᠡᠮᠡᠭᠡ ᠡᠵᠢ ᠶᠢᠨ ᠨᠥᠭᠦᠴᠡᠯ ᠳᠥᠭᠦᠮ ᠢ ᠲᠠᠭᠠᠷᠠᠭᠤᠯᠵᠤ᠂ ᠵᠢᠯ ᠲᠤ ᠬᠡᠳᠦᠨ ᠬᠤᠨᠤᠭ ᠴᠤ ᠭᠡᠰᠡᠨ ᠭᠡᠷ ᠲᠡᠭᠡᠨ ᠵᠠᠯᠠᠨ | ᠢᠷᠡᠵᠦ ᠭᠠᠷ ᠤᠨ ᠬᠤᠭᠤᠯᠠ ᠪᠠᠨ ᠪᠠᠷᠢᠵᠤ ᠠᠰᠠᠷᠠᠳᠠᠭ ᠪᠠᠶᠢᠭᠰᠠᠨ᠃ ᠨᠠᠮ᠎ᠠ ᠶᠢ ᠲᠠᠪᠤ ᠵᠢᠷᠭᠤᠭᠠᠲᠠᠢ ᠪᠠᠶᠢᠬᠤ ᠳᠤ | ᠪᠠᠶᠢᠬ᠎ᠠ᠂ ᠡᠵᠢ ᠶᠢᠨ ᠮᠢᠨᠢ ᠬᠤᠶᠢᠲᠤ ᠡᠵᠢ᠂ ᠨᠠᠭᠠᠴᠤ ᠡᠮᠡᠭᠡ ᠬᠦᠨᠳᠦ ᠡᠪᠡᠳᠴᠢᠯᠡᠵᠦ ᠲᠦᠢᠯ ᠤᠨ ᠪᠠᠭᠤᠷᠡᠢ ᠪᠠᠶᠢᠯ᠎ᠠ᠃ | ᠡᠵᠢ ᠮᠢᠨᠢ ᠠᠮᠢᠳᠤ ᠮᠡᠨᠳᠦ ᠳᠤ ᠨᠢ ᠣᠴᠢᠵᠤ ᠠᠴᠢᠯᠠᠯ ᠵᠢᠷᠤᠮ ᠢᠶᠠᠨ ᠭᠦᠢᠴᠡᠳᠬᠡᠬᠦ ᠶᠤᠮᠰᠠᠨ ᠭᠡᠵᠦ᠂ ᠠᠪᠤ᠂ ᠳᠡᠭᠦᠦ | ᠮᠧᠢ ᠷᠦᠩ ︵ᠨᠢᠯᠬ᠎ᠠ ᠯᠠ ᠪᠠᠶᠢᠭᠰᠠᠨ ᠳ᠋ᠠ︶ ᠲᠠᠢ ᠬᠠᠮᠳᠦ ᠭᠤᠴᠢᠭᠠᠳ ᠭᠠᠵᠠᠷ ᠤᠨ ᠮᠠᠩᠬᠠᠨ ᠵᠠᠮ ᠢ ᠲᠣᠭᠤᠯᠵᠤ᠂ | ᠲᠠᠮᠤ ᠶᠢᠨ ᠴᠠᠭᠠᠨ ᠭᠡᠭᠳᠡᠭᠰᠡᠨ ᠬᠥᠪᠡᠭᠡ ᠶᠢᠨ ᠮᠠᠩᠬ᠎ᠠ ᠶᠢ ᠭᠡᠲᠦᠯᠦᠭᠡᠳ᠂ ᠳᠡᠭᠡᠷ᠎ᠡ ᠶᠠᠩᠰᠢᠪ ᠲᠤ ᠪᠠᠶᠢᠭ᠎ᠠ | ᠨᠠᠭᠠᠴᠤ ᠶᠢᠨ ᠳᠤ ᠣᠴᠢᠵᠤ ᠪᠠᠶᠢᠭᠰᠠᠨ ᠶᠤᠮ ᠪᠢᠯᠡ ︵ᠪᠣᠳᠣᠬᠤ ᠳᠤ ᠵᠠᠮ ᠭᠤᠳᠣᠰ ᠤᠨ ᠪᠡᠷᠬᠡ ᠪᠠᠷᠲᠠᠭ᠎ᠠ᠂ | ᠤᠨᠤᠭ᠎ᠠ ᠤᠨᠤᠰᠢ ᠶᠢᠨ ᠨᠥᠭᠦᠴᠡᠯ ᠬᠢᠵᠠᠭᠠᠷ ᠠᠴᠠ ᠪᠣᠯᠵᠤ ᠮᠢᠨᠤ ᠳᠡᠭᠦᠦ ᠪᠢᠳᠡ ᠬᠤᠶᠠᠷ ᠨᠠᠭᠠᠴᠤ ᠶᠢᠨ ᠳᠤ ᠣᠴᠢᠭ᠎ᠠ | ᠦᠭᠡᠢ ᠪᠠᠢᠭᠰᠠᠨ ᠢ ᠨᠢ ᠠᠪᠠᠴᠢᠵᠤ ᠠᠭᠤᠯᠵᠠᠭᠤᠯᠬᠤ ᠭᠡᠰᠡᠨ ᠪᠠᠶᠢᠵᠤ ᠳ᠋ᠠ︶᠃ ᠪᠢᠳᠡᠨ ᠢ ᠬᠦᠷᠬᠦ ᠳᠤ ᠨᠠᠭᠠᠴᠤ ᠡᠮᠡᠭᠡ | ᠦᠨᠳᠡᠶᠢᠯᠲᠡ ᠦᠭᠡᠢ ᠬᠡᠪᠲᠡᠭᠡ᠂ ᠲᠣᠯᠣᠭᠠᠢ ᠨᠢ ᠯᠠ ᠠᠶᠢᠬᠤᠪᠲᠤᠷ ᠡᠪᠡᠳᠴᠦ ᠪᠠᠶᠢᠵᠤ ᠳ᠋ᠠ᠃ ᠡᠵᠢ ᠮᠢᠨᠢ | ᠣᠴᠢᠬᠤ ᠲᠠᠢ ᠪᠠᠨ ᠵᠡᠷᠭᠡ ᠠᠶᠠᠭᠠᠨ ᠠᠮᠠᠰᠠᠷ ᠵᠠᠭᠤᠭᠰᠠᠨ ᠴᠤ ᠦᠭᠡᠢ᠂ ᠨᠠᠭᠠᠴᠤ ᠡᠮᠡᠭᠡ ᠶᠢᠨ ᠲᠣᠯᠣᠭᠠᠢ ᠶᠢ ᠨᠢ | ᠠᠳᠬᠤᠨ ᠦᠭᠴᠦ᠂ ᠢᠯᠢᠵᠦ ᠨᠤᠬᠤᠯᠠᠬᠤ ᠵᠡᠷᠭᠡ ᠠᠷᠭ᠎ᠠ ᠬᠡᠮᠵᠢᠶ᠎ᠡ ᠪᠠᠷ ᠡᠪᠡᠳᠬᠦ ᠶᠢ ᠨᠢ ᠨᠠᠮᠳᠠᠭᠠᠬᠤ ᠬᠡᠵᠦ | ᠣᠷᠣᠯᠳᠤᠵᠤ ᠪᠠᠶᠢᠭᠰᠠᠨ ᠢ ᠨᠢ ᠴᠡᠭᠡᠵᠢᠯᠡᠵᠦ ᠪᠠᠶᠢᠨ᠎ᠠ᠃ ᠮᠢᠨᠤ ᠨᠠᠭᠠᠴᠤ ᠡᠪᠦᠭᠡ ᠠᠪᠤ ᠲᠠᠢ ᠮᠠᠨᠢ ᠨᠠᠶᠢᠵᠠ ᠨᠥᠬᠦᠷ | ᠶᠤᠮ ᠰᠢᠭ ᠨᠢᠭᠲᠡ ᠶᠠᠪᠤᠯᠴᠠᠳᠠᠭ᠃ ᠡᠵᠢ ᠪᠣᠯᠬᠤᠷ ᠦᠪᠡᠷ ᠤᠨ ᠠᠪᠤ ᠳᠠᠭᠠᠨ ᠭᠤᠮᠣᠳᠠᠯ ᠵᠣᠪᠠᠯᠠᠩ ᠢᠶᠠᠨ ᠲᠣᠭᠠᠴᠢᠬᠤ | ᠤᠤ᠂ ᠠᠭᠤᠷᠯᠠᠭᠰᠠᠨ ᠤᠴᠠᠭᠠᠷᠯᠠᠭᠰᠠᠨ ᠢᠶᠠᠨ ᠶᠠᠷᠢᠬᠤ ᠦᠦ᠂ ᠪᠠᠶᠠᠷ ᠵᠢᠷᠭᠠᠯ ᠢᠶᠠᠨ ᠬᠤᠪᠢᠶᠠᠯᠴᠠᠬᠤ ᠦᠦ | ᠬᠡᠬᠦᠴᠢᠯᠡᠨ ᠳᠡᠯᠭᠡᠬᠦ ᠦᠭᠡᠢ ᠵᠣᠭᠤᠭ ᠭᠡᠵᠦ ᠪᠠᠶᠢᠬᠤ ᠦᠭᠡᠢ᠂ ᠬᠦᠨᠳᠦᠯᠡᠬᠦ ᠶᠢᠨ ᠳᠡᠭᠡᠳᠦ ᠪᠠᠷ ᠬᠦᠨᠳᠦᠯᠡᠵᠦ ᠪᠠᠶᠢᠳᠠᠭ | ᠃ ᠡᠵᠢ ᠮᠢᠨᠢ ᠨᠢᠭᠡ ᠨᠠᠰᠤᠨ ᠳᠠᠭᠠᠨ ᠠᠪᠤ ᠶᠢᠨ ᠨᠡᠷ᠎ᠡ ᠪᠠᠷ ᠳᠠᠭᠤᠳᠠᠵᠤ ᠦᠩᠭᠡᠷᠡᠭᠰᠡᠨ ᠦᠭᠡᠢ᠃ ᠦᠷ᠎ᠡ ᠬᠡᠦᠬᠡᠳ | ᠪᠢᠳᠠᠨ ᠢᠶᠠᠨ ᠠᠯᠠᠭ ᠦᠭᠡᠢ ᠬᠠᠶᠢᠷ᠎ᠠ ᠪᠠᠷ ᠡᠩᠬᠦᠷᠡᠶᠢᠯᠡᠨ ᠬᠠᠶᠢᠷᠠᠯᠠᠵᠤ᠂ ᠠᠯᠬᠤᠮ ᠪᠦᠷᠢ ᠳᠤ ᠨᠢ ᠰᠤᠷᠭᠠᠨ | ᠬᠠᠶᠢᠷᠠᠯᠠᠵᠤ᠂ ᠨᠢᠭᠡᠳ ᠨᠢᠭᠡ ᠪᠠᠷ ᠭᠠᠷ ᠢ ᠮᠢᠨᠢ ᠭᠠᠨᠵᠤᠭᠠᠨ ᠳᠤ ᠬᠥᠯ ᠢ ᠮᠢᠨᠢ ᠳᠥᠷᠥᠭᠡᠨ ᠳᠤ ᠬᠦᠷᠭᠡᠭᠰᠡᠨ ᠪᠢᠯᠡ︕ | ᠡᠵᠢ ᠪᠢᠳᠠ ᠬᠡᠳᠦ ᠶᠢᠨ ᠲᠥᠷᠥᠭᠰᠡᠨ ᠡᠳᠦᠷ ᠢ ᠵᠢᠯ ᠠᠯᠳᠠᠯ ᠦᠭᠡᠢ ᠲᠡᠮᠳᠡᠭᠯᠡᠵᠦ ᠥᠭᠳᠡᠭ ᠪᠠᠶᠢᠯ᠎ᠠ᠃ | ᠬᠦᠮᠦᠨ ᠣᠯᠠᠨ ᠤ ᠤᠷᠤᠰᠬᠠᠯ ᠳᠤ᠂ ᠪᠢᠳᠡ ᠴᠤ ᠬᠠᠶᠠ ᠳᠦᠷᠰᠦᠭᠦ᠋ᠢᠲᠡᠵᠦ᠂ ᠡᠵᠢ ᠪᠠᠨ ᠠᠭᠤᠷᠯᠠᠭᠤᠯᠬᠤ | ᠪᠤᠶᠤ ᠡᠵᠢ ᠪᠠᠷ ᠢᠶᠠᠨ ᠵᠠᠩᠨᠠᠭᠤᠯᠵᠤ ᠵᠠᠨᠴᠢᠭᠤᠯᠵᠤ ᠪᠠᠶᠢᠭᠰᠠᠨ ᠤᠳᠠᠭ᠎ᠠ ᠴᠤ ᠪᠠᠶᠢᠳᠠᠭ᠃ ᠭᠡᠬᠦ ᠳᠡᠭᠡᠨ ᠵᠠᠩᠨᠠᠭᠤᠯᠵᠤ | ᠵᠠᠨᠴᠢᠭᠤᠯᠤᠭᠰᠠᠨ ᠪᠢᠳᠡᠨ ᠨᠢ ᠤᠬᠢᠯᠠᠭ᠎ᠠ ᠦᠭᠡᠢ ᠪᠠᠶᠢᠬᠤ ᠳᠤ ᠡᠵᠢ ᠬᠠᠷᠢᠨ ᠦᠪᠡᠷ ᠢᠶᠠᠨ ᠤᠬᠢᠯᠠᠴᠢᠬᠠᠳᠠᠭ | ᠪᠠᠶᠢᠭᠰᠠᠨ ᠶᠤᠮ ᠡ᠃ ᠠᠯᠠᠭ ᠦᠭᠡᠢ ᠰᠠᠨᠠᠳᠠᠭ ᠭᠡᠳᠡᠭ ᠪᠣᠯᠪᠠᠴᠤ ᠣᠯᠠᠨ ᠬᠡᠦᠬᠡᠳ ᠤᠨ ᠢᠶᠠᠨ ᠭᠤᠣᠯ ᠠᠴᠠ | ᠣᠨᠴᠠᠭᠠᠢ ᠨᠠᠮ᠎ᠠ ᠶᠢ ᠢᠯᠡᠭᠦᠦ ᠰᠠᠨᠠᠳᠠᠭ ᠰᠢᠤᠬᠠᠨ ᠰᠠᠨᠠᠭᠳᠠᠭᠠᠳ ᠪᠠᠶᠢᠨ᠎ᠠ᠂ ᠨᠠᠳᠠ ᠳᠤ ᠪᠣᠯ᠃ ᠠᠯᠢ ᠪᠠᠭ᠎ᠠ ᠠᠴᠠ | ᠠᠪᠤᠭᠠᠳ᠂ ᠮᠢᠨᠤ ᠠᠪᠬᠤ ᠭᠡᠰᠡᠨ ᠵᠦᠢᠯ ᠢ ᠠᠪᠴᠤ ᠥᠭᠭᠦᠭᠰᠡᠨ ᠦᠭᠡᠢ ᠤᠳᠠᠭ᠎ᠠ ᠪᠠᠶᠢᠬᠤ ᠦᠭᠡᠢ᠂ ᠠᠪᠤ ᠡᠵᠢ | ᠬᠤᠶᠠᠷ᠃ ᠥᠨᠳᠥᠷ ᠳᠤᠮᠳᠠᠳᠤ ᠶᠢᠨ ᠲᠡᠭᠦᠰᠬᠦ ᠣᠨ ᠤ ᠰᠡᠭᠦᠯ ᠤᠨ ᠬᠤᠭᠤᠴᠠᠭᠠᠨ ᠳᠤ ᠦᠪᠡᠷ ᠤᠨ᠊ ^ ᠪᠡᠶ᠎ᠡ | ᠥᠷᠦᠴᠡᠨ ᠪᠦᠷᠬᠦᠪᠴᠢ ᠶᠢᠨ ᠦᠷᠪᠢᠰᠦᠯ ᠳᠤ ᠨᠡᠷᠪᠡᠭᠳᠡᠵᠦ᠂ ᠭᠡᠷ ᠲᠡᠭᠡᠨ ᠰᠠᠭᠤᠵᠤ ᠬᠤᠶᠠᠷ ᠰᠠᠷ᠎ᠠ ᠢᠯᠡᠭᠦᠦ | ᠰᠤᠪᠢᠯᠠᠭᠰᠠᠨ ᠳᠤ ᠡᠵᠢ ᠮᠢᠨᠢ ᠨᠠᠳᠠ ᠠᠴᠠ ᠢᠯᠡᠭᠦᠦ ᠵᠣᠪᠠᠭᠰᠠᠨ ᠶᠤᠮ᠃ ᠡᠪᠡᠳᠴᠢᠨ ᠨᠢ ᠰᠡᠭᠦᠯ ᠦᠯᠡᠳᠡᠵᠦ | ᠠᠷᠬᠠᠭ ᠰᠠᠭᠤᠬᠤ ᠠᠴᠠ ᠨᠢᠭᠡ ᠵᠣᠪᠠᠨ᠎ᠠ᠂ ᠰᠤᠷᠤᠯᠭ᠎ᠠ ᠶᠢ ᠨᠥᠯᠥᠭᠡᠯᠡᠵᠦ ᠰᠢᠯᠭᠠᠯᠲᠠ ᠶᠢ ᠬᠠᠷᠰᠢᠯᠠᠬᠤ ᠠᠴᠠ ᠪᠠᠰᠠ | ᠵᠣᠪᠠᠨ᠎ᠠ᠃ ᠵᠣᠪᠠᠵᠤ ᠠᠯᠭᠠᠰᠠᠬᠤ ᠶᠢᠨ ᠢᠶᠠᠨ ᠡᠷᠬᠡ ᠪᠠᠷ᠂ ᠠᠯᠢ ᠪᠣᠯᠬᠤ ᠪᠠᠷ ᠬᠤᠭᠤᠯᠠ ᠤᠮᠳᠠ ᠶᠢ ᠮᠢᠨᠢ | ᠵᠣᠬᠢᠴᠠᠭᠤᠯᠵᠤ᠂ ᠡᠪᠡᠳᠴᠢᠲᠡᠨ ᠤ ᠬᠤᠭᠤᠯᠠ ᠶᠢᠨ ᠪᠠᠷᠢᠮᠵᠢᠶ᠎ᠠ ᠪᠠᠷ ᠨᠠᠷᠢᠨ ᠪᠡᠯᠡᠳᠬᠡᠵᠦ ᠪᠠᠶᠢᠭᠰᠠᠨ ᠶᠤᠮ᠃ | ᠵᠣᠯ ᠢᠶᠠᠷ ᠲᠡᠷᠡ ᠵᠢᠯ ᠤᠨ ᠰᠢᠯᠭᠠᠯᠲᠠ ᠳᠤ ᠪᠣᠯᠣᠮᠠᠷ ᠬᠤᠪᠢ ᠰᠢᠯᠭᠠᠭᠤᠯᠵᠤ᠂ ᠶᠡᠭᠡ ᠰᠤᠷᠭᠠᠭᠤᠯᠢ ᠶᠢᠨ ᠵᠢᠩᠬᠢᠨᠢ | ᠠᠩᠭᠢ ᠳᠤ ᠡᠯᠰᠡᠭᠳᠡᠭᠡᠳ ᠠᠪᠤ ᠡᠵᠢ ᠶᠢᠨ ᠢᠶᠠᠨ ᠠᠯᠭᠠᠰᠠᠭᠠ ᠶᠢ ᠲᠠᠶᠢᠯᠵᠤ ᠴᠢᠳᠠᠭᠰᠠᠨ ᠳᠠᠭᠠᠨ ᠪᠢ ᠴᠤ ᠨᠢᠭᠡ ᠦᠶ᠎ᠡ | ᠳᠠᠷᠤᠭᠠᠰᠤ ᠬᠥᠩᠭᠡᠷᠡᠵᠦ ᠰᠠᠨᠠᠭ᠎ᠠ ᠲᠠᠯᠪᠢᠭᠤᠷᠠᠬᠤ ᠰᠢᠭ᠋ ᠪᠣᠯᠵᠤ ᠪᠠᠶᠢᠭᠰᠠᠨ ᠢᠶᠠᠨ ᠰᠠᠨᠠᠵᠤ ᠪᠠᠶᠢᠨ᠎ᠠ᠃ ᠬᠡᠵᠢᠶᠡᠳᠡ | ᠮᠠᠷᠲᠠᠭᠳᠠᠰᠢ ᠦᠭᠡᠢ ᠪᠠᠰᠠ ᠨᠢᠭᠡᠨ ᠳᠤᠷᠠᠳᠬᠠᠯ ᠭᠡᠪᠡᠯ᠂ ᠭᠡᠷ ᠲᠡᠭᠡᠨ ᠡᠪᠡᠳᠴᠢᠨ ᠰᠤᠪᠢᠯᠠᠵᠤ ᠪᠠᠶᠢᠭᠰᠠᠨ | ᠲᠤᠬᠠᠢ ᠶᠢᠨ ᠦᠶ᠎ᠡ ᠳᠤ ᠡᠳᠦᠷ ᠲᠤ ᠬᠤᠶᠠᠷ ᠤᠳᠠᠭ᠎ᠠ ᠮᠢᠬᠠᠨ ᠤ ᠲᠠᠷᠢᠭ᠎ᠠ ᠲᠠᠷᠢᠵᠤ ᠪᠠᠶᠢᠭᠰᠠᠨ ᠤᠴᠢᠷ᠂ ᠤᠳᠠᠭ᠎ᠠ | ᠪᠣᠯᠭᠠᠨ ᠠᠶᠢᠯ ᠤᠨ ᠡᠮᠴᠢ ᠶᠢᠨ ᠳᠤ ᠬᠦᠷᠴᠦ ᠵᠡᠭᠦᠦ ᠲᠠᠷᠢᠭᠤᠯᠬᠤ ᠠᠴᠠ ᠪᠠᠨ ᠲᠡᠭᠡᠭᠡᠷᠡᠰᠢᠶᠡᠵᠦ᠂ ᠡᠵᠢ ᠶᠢ ᠭᠤᠶᠤᠵᠤ | ᠲᠠᠷᠢᠭᠤᠯᠬᠤ ᠪᠠᠷ ᠨᠢᠭᠡ ᠤᠳᠠᠭ᠎ᠠ ᠲᠤᠷᠰᠢᠭᠤᠯᠵᠤ ᠦᠵᠡᠪᠡ᠃ ᠲᠡᠭᠡᠬᠦ ᠳᠤ ᠡᠵᠢ ᠮᠢᠨᠢ ᠭᠠᠷ ᠢᠶᠠᠨ ᠰᠠᠯᠭᠠᠨᠠᠭᠤᠯᠵᠤ | ᠰᠠᠯᠭᠠᠨᠠᠭᠤᠯᠵᠤ ᠵᠡᠭᠦᠦ ᠪᠠᠨ ᠬᠠᠳᠬᠤᠭᠰᠠᠨ ᠴᠢᠨᠢ ᠮᠢᠬᠠᠨ ᠳᠤ ᠨᠢ ᠬᠠᠳᠬᠤᠵᠤ ᠳᠡᠶᠢᠯᠦᠭᠡ ᠦᠭᠡᠢ᠂ ᠠᠷᠠᠰᠤᠨ | ᠳᠣᠣᠷ᠎ᠠ ᠨᠢ ᠪᠦᠨᠲᠦ᠋ᠢᠲᠡᠯᠡ ᠲᠠᠷᠢᠴᠢᠬᠠᠭᠰᠠᠨ ᠪᠠᠶᠢᠯ᠎ᠠ᠃ ᠡᠨᠡ ᠨᠢ ᠡᠵᠢ ᠮᠢᠨᠢ ᠵᠡᠭᠦᠦ ᠬᠠᠳᠬᠤᠬᠤ ᠲᠠᠷ ᠦᠭᠡᠢ ᠳᠡᠭᠡᠨ | ᠪᠢᠰᠢ᠂ ᠭᠠᠭᠴᠠ ᠬᠦ ᠬᠠᠶᠢᠷᠠᠲᠠᠢ ᠬᠦᠦ ᠶᠢᠨ ᠢᠶᠠᠨ ᠮᠢᠬᠠᠨ ᠳᠤ ᠵᠡᠭᠦᠦ ᠬᠠᠳᠬᠤᠬᠤ ᠬᠠᠲᠠᠭᠤ ᠰᠡᠳᠬᠢᠯ ᠪᠠᠶᠢᠭ᠎ᠠ | ᠦᠭᠡᠢ ᠳᠡᠭᠡᠨ ᠳᠡᠭᠡᠭᠰᠡᠨ ᠰᠢᠦ ᠳ᠋ᠠ︕ ᠲᠡᠭᠦᠨ ᠠᠴᠠ ᠬᠤᠶᠢᠰᠢ ᠪᠢ ᠡᠵᠢ ᠶᠢ ᠠᠯᠪᠠᠳᠠᠵᠤ ᠵᠡᠭᠦᠦ ᠲᠠᠷᠢᠭᠤᠯᠬᠤ | ᠭᠡᠵᠦ ᠳᠠᠬᠢᠵᠦ ᠦᠢᠯᠡ ᠶᠢ ᠨᠢ ᠦᠵᠡᠭᠡ ᠦᠭᠡᠢ᠃ | ᠶᠡᠷᠦᠨᠢ ᠰᠠᠨᠠᠭ᠎ᠠ ᠠᠯᠭᠠᠰᠠᠭᠤᠷ ᠬᠦᠮᠦᠨ ᠬᠡᠵᠦ ᠮᠢᠨᠦ ᠡᠵᠢ ᠶᠤᠮ ᠪᠢᠯᠢᠤ᠂ ᠶᠠᠭᠤ ᠪᠣᠯᠭᠠᠨ ᠤ ᠡᠮᠦᠨ᠎ᠡ ᠠᠴᠠ | ᠤᠷᠢᠳᠠᠪᠠᠷ ᠰᠠᠨᠠᠭ᠎ᠠ ᠪᠣᠯᠵᠤ ᠯᠠ ᠪᠠᠶᠢᠳᠠᠭ᠃ ᠨᠠᠮ᠎ᠠ ᠶᠢ ᠰᠢᠯᠢ ᠶᠢᠨ ᠭᠤᠣᠯ ᠳᠤ ᠠᠵᠢᠯ ᠤᠨ ᠬᠤᠪᠢᠶᠠᠷᠢ ᠠᠪᠬᠤ ᠳᠤ | ᠬᠤᠯᠠ ᠶᠠᠪᠤᠴᠢᠬᠠᠯ᠎ᠠ ᠭᠡᠵᠦ ᠵᠣᠪᠠᠵᠤ ᠪᠠᠶᠢᠭᠰᠠᠨ᠃ ᠠᠵᠢᠯ ᠳᠤ ᠭᠠᠷᠤᠭᠰᠠᠨ ᠠᠩᠬᠠᠨ ᠤ ᠡᠪᠦᠯ ᠴᠠᠭᠠᠨ ᠰᠠᠷ᠎ᠠ ᠪᠠᠷ | ᠬᠠᠷᠢᠬᠤ ᠳᠤ᠂ ᠬᠦᠢᠲᠡᠨ ᠣᠷᠣᠨ ᠳᠤ ᠠᠵᠢᠯᠯᠠᠴᠢᠬᠠᠯᠠ᠂ ᠳᠠᠭᠠᠷᠠᠴᠢᠬᠠᠬᠤ ᠪᠤᠢ ᠳ᠋ᠠ ᠭᠡᠵᠦ ᠬᠥᠪᠰᠦ᠋ᠢᠭᠰᠡᠨ ᠰᠠᠶᠢᠬᠠᠨ | ᠦᠰᠦ ᠲᠠᠢ ᠨᠡᠬᠡᠢ ᠳ᠋ᠡᠴᠡᠩ ᠣᠶᠣᠴᠢᠬᠠᠭᠠᠳ ᠬᠦᠯᠢᠶᠡᠵᠦ ᠪᠠᠶᠢᠭᠰᠠᠨ᠃ ᠠᠵᠢᠯ ᠠᠮᠢᠳᠤᠷᠠᠯ ᠤᠨ ᠣᠨᠴᠠᠭᠠᠢ | ᠪᠠᠶᠢᠳᠠᠯ ᠠᠴᠠ ᠪᠣᠯᠵᠤ ᠨᠢᠭᠡᠨ ᠤᠳᠠᠭ᠎ᠠ ᠬᠠᠷᠢᠴᠠᠩᠭᠤᠢ ᠤᠷᠲᠤ ᠬᠡᠰᠡᠭ ᠬᠤᠭᠤᠴᠠᠭ᠎ᠠ ᠵᠠᠬᠢᠳᠠᠯ ᠪᠢᠴᠢᠭᠰᠡᠨ ᠦᠭᠡᠢ | ᠠᠯᠭᠤᠷᠯᠠᠭᠰᠠᠨ ᠤ ᠳ᠋ᠦ᠋ᠩ ᠳᠤ ᠨᠠᠮ᠎ᠠ ᠶᠢ ᠰᠠᠨᠠᠭᠠᠳ ᠲᠡᠰᠬᠦ ᠦᠭᠡᠢ ᠪᠣᠯᠬᠤ ᠳᠠᠭᠠᠨ ᠵᠡᠭᠦᠳᠦᠨ ᠳᠡᠭᠡᠨ ᠨᠡᠷ᠎ᠡ ᠪᠠᠷ | ᠬᠠᠰᠬᠢᠷᠤᠭᠠᠳ ᠪᠣᠰᠴᠤ ᠪᠠᠶᠢᠯ᠎ᠠ ᠭᠡᠵᠦ ᠠᠪᠤ ᠮᠢᠨᠢ ᠶᠠᠷᠢᠵᠤ ᠪᠠᠶᠢᠭᠰᠠᠨ᠃ ᠨᠠᠮ᠎ᠠ ᠶᠢ ᠠᠶᠢᠯ ᠭᠡᠷ ᠪᠣᠯᠣᠭᠰᠠᠨ ᠤ | ᠳᠠᠷᠠᠭ᠎ᠠ ᠵᠢᠯ᠂ ᠵᠠᠪᠠᠯ ᠪᠡᠶ᠎ᠡ ᠪᠠᠷ ᠢᠶᠠᠨ ᠢᠷᠡᠵᠦ ᠨᠢᠳᠦ ᠪᠠᠷ ᠢᠶᠠᠨ ᠦᠵᠡᠬᠦ ᠶᠤᠮ ᠭᠡᠵᠦ᠂ ᠭᠡᠷ ᠠᠴᠠ ᠪᠠᠨ ᠬᠤᠪᠤᠷᠬᠠᠨ | ᠭᠠᠷᠳᠠᠭ ᠡᠵᠢ ᠮᠢᠨᠢ ᠪᠡᠭᠡᠵᠢᠩ ᠵᠠᠩ ᠵᠢᠶᠠ ᠺᠸᠦ ᠪᠠᠷ ᠳᠠᠮᠵᠢᠵᠤ᠂ ᠭᠠᠭᠴᠠᠭᠠᠷ ᠬᠥᠪᠡᠭᠡᠲᠦ ᠰᠢᠷ᠎ᠠ ᠬᠤᠰᠢᠭᠤᠨ ᠳᠤ | ᠢᠷᠡᠵᠦ᠂ ᠨᠢᠭᠡ ᠯᠠ ᠭᠠᠷᠠᠭ ᠰᠠᠭᠤᠭᠠᠳ᠂ ᠰᠠᠨᠠᠭ᠎ᠠ ᠨᠢ ᠠᠮᠠᠷᠠᠵᠤ ᠬᠠᠷᠢᠭᠰᠠᠨ ᠶᠤᠮᠰᠠᠨ᠃ | ᠰᠠᠶᠢᠨ ᠬᠦᠮᠦᠨ ᠰᠠᠶᠢᠨ ᠤ ᠬᠠᠷᠢᠭᠤ ᠲᠠᠢ ᠭᠡᠳᠡᠭ ᠶᠤᠮ ᠳ᠋ᠠ᠃ ᠭᠡᠬᠦ ᠳᠤ ᠬᠦᠭᠡᠷᠦᠬᠦᠢ ᠡᠵᠢ ᠮᠢᠨᠢ ᠨᠢᠭᠡ | ᠨᠠᠰᠤ ᠪᠠᠨ ᠢᠶᠠᠨ ᠬᠦᠮᠦᠨ ᠤ ᠯᠠ ᠲᠦᠯᠦᠭᠡ ᠲᠦᠷᠦᠴᠢᠬᠡᠭᠰᠡᠨ ᠶᠤᠮ ᠰᠢᠭ ᠪᠤᠷᠬᠠᠨ ᠰᠡᠳᠬᠢᠯ ᠲᠠᠢ ᠠᠵᠢᠯᠯᠠᠵᠤ | ᠠᠮᠢᠳᠤᠷᠠᠴᠢᠬᠠᠭᠠᠳ᠂ ᠦᠢᠯᠡ ᠪᠠᠨ ᠦᠵᠡᠵᠦ ᠦᠰᠦ ᠪᠠᠨ ᠲᠣᠭᠠᠯᠠᠬᠤ ᠳᠤ ᠬᠦᠷᠴᠦ ᠪᠠᠶᠢᠵᠤ᠂ ᠦᠷ᠎ᠡ ᠬᠡᠦᠬᠡᠳ | ᠪᠢᠳᠠᠨ ᠢᠶᠠᠨ ᠦᠨᠳᠦᠰᠦᠨ ᠳᠤ ᠨᠢ ᠬᠥᠯ ᠤᠯᠠ ᠶᠢ ᠨᠢ ᠣᠯᠭᠤᠴᠢᠬᠠᠭᠠᠳ᠂ ᠶᠠᠭ ᠰᠠᠶ᠋ᠢᠬᠠᠨ ᠥᠲᠡᠯᠦᠭᠡ ᠨᠠᠰᠤᠨ ᠤ | ᠪᠤᠶᠠᠨ ᠵᠢᠷᠭᠠᠯ ᠢᠶᠠᠨ ᠡᠳ᠋ᠯᠡᠬᠦ ᠪᠤᠯᠵᠦ ᠪᠠᠶᠢᠳᠠᠯ᠎ᠠ ᠭᠠᠵᠠᠷ ᠳᠣᠣᠷ᠎ᠠ ᠠᠴᠠ ᠭᠠᠢ ᠤᠷᠭᠤᠵᠤ᠂ ᠠᠪᠤᠷᠠᠵᠤ ᠳᠡᠶᠢᠯᠬᠦ | ᠦᠭᠡᠢ ᠬᠥᠨᠳᠦ ᠡᠪᠡᠳᠴᠢᠨ ᠡᠵᠢ ᠶᠢ ᠨᠦᠷᠢᠨ ᠪᠠᠭᠤᠴᠢᠬᠠᠯ᠎ᠠ᠃ ᠬᠤᠪᠢ ᠵᠠᠶᠠᠭ᠎ᠠ ᠶᠠᠭᠠᠬᠢᠭᠰᠠᠨ ᠭᠤᠣᠯᠴᠢ ᠦᠭᠡᠢ | ᠶᠤᠮ ᠳ᠋ᠠ︕ ᠪᠤᠷᠬᠠᠨ᠊ ^ ᠲᠡᠭᠷᠢ ᠴᠤ ᠨᠢᠳᠦ ᠪᠠᠨ ᠬᠠᠮᠢᠭᠠᠰᠢ ᠨᠢ᠂ ᠶᠠᠭᠠᠬᠢᠵᠤ ᠨᠡᠬᠡᠭᠡᠴᠢᠬᠡᠭᠰᠡᠨ ᠶᠤᠮ ᠪᠣᠤ ᠮᠡᠳᠡ︕ | ᠬᠥᠭᠡᠷᠦᠬᠦᠢ ᠡᠵᠢ ᠶᠢ ᠮᠢᠨᠢ ᠲᠠᠪᠢ ᠵᠢᠰᠦᠬᠡᠨ ᠨᠠᠰᠤᠨ ᠳᠤ ᠨᠢ ᠨᠠᠰᠤᠨ ᠤ ᠬᠠᠨᠢ ᠠᠴᠠ ᠨᠢ ᠬᠠᠭᠠᠴᠡᠭᠤᠯᠵᠤ᠂ | ᠬᠠᠶᠢᠷᠠᠲᠠᠢ ᠦᠷ᠎ᠡ ᠬᠡᠦᠬᠡᠳ ᠠᠴᠠ ᠨᠢ ᠰᠠᠯᠭᠠᠵᠦ᠂ ᠬᠡᠵᠢᠶᠡᠳᠡ ᠪᠤᠴᠠᠭᠠᠬᠤ ᠦᠭᠡᠢ ᠪᠠᠷ ᠠᠪᠤᠭᠠᠳ ᠶᠠᠪᠤᠴᠢᠬᠠᠯ᠎ᠠ︕ | ᠡᠵᠢ ᠶᠡᠷᠦ ᠠᠴᠠ ᠦᠪᠡᠷ ᠤᠨ ᠪᠡᠶ᠎ᠡ ᠪᠠᠨ ᠬᠢᠮᠠᠭᠠᠳᠠᠵᠤ ᠭᠠᠮᠨᠠᠬᠤ ᠶᠢ ᠮᠡᠳᠡᠳᠡᠭ ᠦᠭᠡᠢ᠂ ᠡᠪᠡᠳᠴᠢᠯᠡᠵᠦ ᠬᠢᠮᠤᠷᠠᠪᠠᠯ | ᠦᠪᠡᠷ ᠲᠤ ᠪᠠᠨ ᠮᠣᠩᠭᠤᠯ ᠡᠮ ᠵᠣᠬᠢᠴᠠᠭᠤᠯᠵᠤ ᠤᠤᠭᠤᠴᠢᠬᠠᠭᠠᠳ ᠰᠢᠳᠦ ᠪᠠᠨ ᠵᠠᠭᠤᠵᠤ ᠬᠢᠳᠡᠭ ᠢᠶᠠᠨ ᠬᠢᠴᠢᠬᠡᠳᠡᠭ | ᠬᠦᠮᠦᠨ᠃ ᠢᠡᠭᠬᠢᠵᠦ ᠨᠢᠬᠡ ᠨᠠᠰᠤᠨ ᠳᠤᠷᠰᠢ ᠲᠥᠯᠥᠭᠡᠳ ᠪᠠᠷᠠᠬᠤ ᠦᠭᠡᠢ ᠥᠷᠢ ᠲᠠᠢ ᠶᠤᠮ ᠰᠢᠭ ᠬᠥᠳᠡᠯᠵᠦ | ᠳᠡᠶᠢᠯᠪᠡᠯ ᠬᠥᠳᠡᠯᠮᠦᠷᠢᠯᠡᠵᠦ ᠯᠠ ᠪᠠᠶᠢᠵᠤ᠂ ᠬᠥᠯᠥᠰᠦ ᠪᠠᠨ ᠤᠷᠤᠰᠬᠠᠨ ᠵᠢᠳᠬᠦᠵᠦ ᠯᠠ ᠪᠠᠶᠢᠵᠤ᠂ ᠵᠦᠭᠡᠷ ᠰᠠᠭᠤᠬᠤ | ᠦᠭᠡᠢ ᠵᠦᠯᠭᠦᠵᠦ ᠯᠠ ᠪᠠᠶᠢᠵᠤ᠂ ᠵᠢᠷᠦᠬᠡᠨ ᠲᠠᠮᠢᠷ ᠢᠶᠠᠨ ᠰᠢᠪᠬᠠᠵᠤ ᠯᠠ ᠪᠠᠶᠢᠵᠤ ᠁ ᠪᠠᠰᠠ ᠯᠠ ᠮᠦᠡᠭᠬᠡ | ᠪᠤᠰᠦ ᠶᠢ ᠦᠵᠡᠭᠦᠯᠬᠦ ᠨᠢ ᠡ᠃ | ᠡᠵᠢ ᠶᠢᠨ ᠪᠠᠶᠠᠷ ᠢᠷᠡᠬᠦ ᠠᠯᠲᠠ ᠪᠠᠷ ᠦᠷ᠎ᠡ ᠶᠢᠨ ᠴᠢᠨᠢ ᠰᠡᠳᠬᠢᠯ ᠬᠤᠭᠤᠰᠤᠷᠠᠭᠠᠳ ᠪᠠᠶᠢᠨ᠎ᠠ᠂ ᠡᠵᠢ ᠲᠠᠢ | ᠬᠦᠮᠦᠨ ᠢ ᠬᠠᠷᠠᠬᠤ ᠠᠴᠠ ᠠᠲᠠᠭᠠᠷᠬᠠᠬᠤ ᠰᠡᠳᠬᠢᠯ ᠴᠤ ᠤᠷᠭᠤᠭᠠᠳ ᠪᠠᠶᠢᠨ᠎ᠠ᠃ ᠮᠢᠨᠦ ᠡᠵᠢ᠄ ᠡᠭᠡᠯ ᠵᠢᠷ ᠤᠨ | ᠬᠥᠳᠡᠯᠮᠦᠷᠢᠴᠢ ᠮᠠᠯᠴᠢᠨ ᠡᠵᠢ᠂ ᠡᠷᠬᠢᠮᠰᠦᠭ ᠦᠵᠡᠰᠬᠦᠯᠡᠩ ᠬᠠᠲᠤᠨ ᠡᠵᠢ᠂ ᠪᠢᠴᠢᠭ ᠦᠭᠡᠢ ᠴᠤ ᠰᠣᠶᠣᠯ ᠲᠠᠢ | ᠪᠠᠭᠰᠢ ᠡᠵᠢ᠂ ᠪᠠᠶᠠᠨ ᠪᠢᠰᠢ ᠴᠦ ᠦᠭᠭᠢᠶᠡᠮᠦᠷ ᠪᠤᠷᠬᠠᠨ ᠡᠵᠢ ᠁ | | | | | | |