| | | | —— ᠤᠷᠢᠶᠠᠩᠬᠠᠢ ᠳ᠋᠊ ᠪᠦᠷᠢᠠᠳᠥᠠᠠᠳ᠋ᠬᠠᠣ | | | | ᠨᠤᠳᠤᠭ ᠲᠤ ᠮᠢᠨᠢ ᠬᠠᠪᠤᠷ ᠪᠤᠯᠵᠥ ᠠᠭᠤᠯᠠ ᠲᠠᠯ᠎ᠠ ᠠᠮᠢᠰᠬᠤᠭ᠎ᠠ ᠲᠠᠨᠢᠷᠡᠨ ᠤᠢ ᠲᠠᠶᠢᠭ᠎ᠠ ᠨᠠᠪᠴᠢᠯᠠᠵᠥ | ᠡᠬᠢᠯᠡᠬᠦ ᠪᠠᠷ ᠨᠢ ᠬᠠᠷᠢᠶᠠᠴᠠᠢ ᠴᠤ ᠢᠷᠡᠳᠡᠭ᠃ ᠬᠠᠷᠢᠶᠠᠴᠠᠢ ᠢᠷᠡᠮᠡᠭᠴᠠ ᠮᠡᠨ ᠤ ᠬᠦᠳᠡᠭᠡ ᠶᠢᠨ ᠭᠡᠷ ᠬᠦᠷᠢᠶ᠎ᠠ ᠠᠴᠠ | ᠡᠬᠢᠯᠡᠨ ᠠᠶᠢᠯ ᠲᠤᠰᠬᠤᠨ ᠳᠤ ᠬᠦᠷᠲᠡᠯ᠎ᠠ ᠶᠠᠷᠤᠨᠢ ᠨᠢᠬᠡ ᠵᠦᠢᠯ ᠤᠨ ᠰᠢᠨ᠎ᠠ ᠠᠭᠤᠷ ᠠᠮᠢᠰᠬᠤᠯ ᠪᠢᠯᠬᠠᠵᠥ᠂ ᠰᠢᠨ᠎ᠠ | ᠦᠩᠬᠡ ᠦᠵᠡᠮᠵᠢ ᠨᠡᠮᠡᠭᠳᠡᠭᠰᠡᠨ ᠰᠢᠭ ᠰᠠᠨᠠᠬᠳᠠᠭᠠᠳ ᠰᠡᠳᠬᠢᠯ ᠵᠢᠷᠤᠬᠡ ᠦᠯᠤ ᠮᠡᠳᠡᠭ ᠲᠤᠬᠳᠤᠯᠳᠠᠭ ᠶᠤᠮ᠃ | ᠬᠦᠮᠤᠨ ᠭᠡᠭᠴᠢ ᠡᠬᠡ ᠪᠠᠶᠢᠭᠠᠯᠢ ᠠᠮᠢᠳᠠᠨ ᠠᠷᠢᠶᠠᠳᠠᠨ ᠲᠠᠢ ᠪᠠᠨ ᠡᠶ᠎ᠡ ᠵᠤᠬᠢᠴᠠᠨ ᠠᠮᠢᠳᠤᠷᠠᠨ᠎ᠠ ᠭᠡᠳᠡᠭ ᠨᠢᠬᠡ ᠶᠤᠰᠤᠨ | ᠳᠠᠭᠠᠨ ᠵᠤᠯ ᠵᠢᠷᠭᠠᠯ ᠲᠠᠢ ᠤᠴᠠᠷᠠᠯ ᠪᠢᠯᠡ᠃ | ᠪᠢ ᠬᠠᠷᠢᠶᠠᠴᠠᠢ ᠶᠢᠨ ᠲᠤᠩᠭᠠᠯᠠᠭ ᠡᠭᠡᠰᠢᠭ ᠢ ᠰᠤᠨᠤᠰᠬᠤ ᠲᠤᠷ᠎ᠠ ᠲᠠᠢ᠂ ᠬᠦᠬᠡ ᠲᠡᠭᠷᠢ ᠪᠠᠷ ᠡᠷᠬᠡ | ᠴᠢᠯᠤᠬᠡᠳᠡᠢ ᠬᠠᠯᠢᠨᠨᠢᠰᠬᠦ ᠶᠢ ᠨᠢ ᠬᠠᠷᠠᠬᠤ ᠲᠤᠷ᠎ᠠ ᠲᠠᠢ᠃ ᠨᠡᠩ ᠴᠤ ᠬᠤᠳᠳᠤᠭ ᠤᠰᠤᠨ ᠳᠤ ᠶᠠᠪᠤᠬᠤ᠂ ᠢᠰᠢᠬᠡ | ᠬᠤᠷᠠᠭ᠎ᠠ ᠬᠠᠷᠡᠭᠤᠯᠬᠤ ᠳᠤ ᠲᠠᠳᠠ ᠶᠠᠭ ᠯᠡ ᠵᠠᠮ ᠪᠤᠯᠢᠶᠠᠯᠳᠠᠬᠤ ᠰᠢᠭ᠋ ᠬᠤᠶᠢᠭᠤᠷ ᠤᠷᠢᠳᠡᠭᠤᠷ ᠡᠷᠬᠡᠯᠡᠨ ᠨᠢᠰᠳᠡᠭ | ᠲᠤ ᠨᠢ ᠪᠢ ᠨᠡᠩ ᠲᠤᠷ᠎ᠠ ᠲᠠᠢ᠃ ᠮᠠᠨ ᠢ ᠪᠠᠭ᠎ᠠ ᠳᠤ ᠬᠠᠷᠢᠶ᠋ᠴᠠᠢ ᠴᠤ ᠮᠠᠨ ᠲᠠᠢ ᠴᠤᠭ ᠲᠤᠬᠯᠠᠳᠠᠭ ᠪᠠᠶᠢᠬᠰᠠᠨ᠃ | ᠪᠢᠳᠠ ᠬᠦᠳᠡᠭᠡ ᠲᠠᠯ᠎ᠠ ᠲᠡᠭᠡᠷ᠎ᠡ ᠤᠨᠠᠭ᠎ᠠ ᠲᠠᠭ᠎ᠠ ᠵᠠᠶᠢᠳᠠᠯᠠᠵᠥ ᠡᠷᠳᠡᠮ ᠢᠶᠠᠨ ᠭᠠᠶᠢᠬᠠᠭᠤᠯᠳᠠᠭ ᠰᠢᠭ᠋ ᠲᠡᠳᠡ ᠴᠤ | ᠰᠢᠪᠡᠵᠢ ᠪᠤᠶᠤ ᠡᠷᠪᠡᠬᠡᠢ ᠠᠩᠨᠠᠭᠠᠳ ᠡᠮᠤᠨᠡᠬᠦᠷ ᠭᠠᠶᠢᠬᠠᠭᠤᠯᠤᠨ ᠡᠷᠬᠢᠯᠳᠦᠭᠰᠡᠨ ᠢᠶᠠᠨ ᠦᠨᠳᠤᠷ ᠤᠬᠳᠠᠷᠭᠤᠢ ᠲᠡᠭᠡᠷ᠎ᠡ | ᠲᠡᠬᠦᠯᠢᠨ ᠭᠠᠷᠴᠤ ᠠᠩ ᠤᠨ ᠤᠯᠵᠠ ᠪᠠᠨ ᠵᠤᠷᠢᠭᠤᠳᠠ ᠤᠷᠬᠢᠨ ᠲᠠᠬᠢᠭᠠᠳ ᠯᠡ ᠡᠮᠤᠨᠡᠬᠦᠷ ᠰᠤᠮᠤᠳᠠᠵᠥ ᠢᠷᠡᠭᠡᠳ ︽ | ᠵᠢᠭᠠᠯ ᠴᠢ ᠨᠠᠮᠠᠢᠢ ᠬᠠᠷᠠᠵᠥ ᠪᠠᠶᠢᠨ᠎ᠠ ᠤᠤ︖︾ ᠭᠡᠰᠡᠨ ᠪᠠᠶᠢᠳᠠᠯ ᠲᠠᠢ ᠬᠡᠳᠤ ᠵᠢᠷᠬᠢᠭᠡᠳ ᠤᠬᠳᠠᠷᠭᠤᠢ ᠲᠤ ᠲᠡᠬᠦᠯᠢᠨ | ᠤᠷᠬᠢᠬᠰᠠᠨ ᠰᠢᠪᠡᠵᠢ ᠪᠤᠶᠤ ᠡᠷᠪᠡᠬᠡᠢ ᠪᠠᠨ ᠵᠠᠭᠤᠭᠠᠳ ᠠᠪᠳᠠᠭ᠃ ᠡᠶᠢᠮᠤᠷᠬᠦ ᠬᠦᠳᠡᠯᠬᠡᠬᠡᠨ ᠢᠶᠠᠨ ᠮᠡᠨ ᠳᠤ ᠬᠡᠳᠤ | ᠲᠠᠪᠳᠠᠨ ᠭᠠᠶᠢᠬᠠᠭᠤᠯᠤᠭᠠᠳ ᠯᠡ ᠡᠬᠦᠷ ᠵᠦᠭ ᠢᠶᠠᠨ ᠨᠢᠰᠤᠭᠡᠳ ᠶᠠᠪᠤᠳᠠᠭ ᠶᠤᠮ᠃ ᠪᠢ ᠢᠩᠬᠢᠵᠥ ᠯᠡ ᠬᠠᠷᠢᠶᠠᠴᠠᠢ | ᠲᠠᠢ ᠪᠠᠨ ᠬᠠᠮᠳᠤ ᠬᠦᠳᠡᠭᠡ ᠶᠢᠨ ᠵᠤᠨ ᠢᠶᠠᠨ ᠦᠩᠭᠡᠷᠡᠬᠦᠯᠳᠡᠭ ᠪᠠᠶᠢᠬᠰᠠᠨ᠃ | ᠵᠤᠨ ᠪᠤᠯᠭᠠᠨ ᠪᠢ ᠬᠦᠳᠡᠭᠡ ᠭᠡᠷ ᠢᠶᠠᠨ ᠡᠷᠬᠢᠵᠥ ᠦᠵᠡᠬᠦ ᠳᠡᠭᠡᠨ ᠬᠠᠮᠤᠭ ᠲᠡᠷᠢᠬᠦᠨ ᠳᠤ ᠰᠠᠷᠠᠪᠴᠢᠨ ᠳᠤ | ᠮᠢᠨᠢ ᠬᠠᠷᠢᠶᠠᠴᠢ ᠡᠬᠦᠷᠯᠡᠭᠰᠡᠨ ᠡᠰᠡᠬᠦ ᠶᠢ ᠪᠠᠶᠢᠴᠠᠭᠠᠳᠠᠭ᠃ ᠡᠬᠦᠷᠯᠡᠭᠰᠡᠨ ᠪᠠᠶᠢᠪᠠᠯ ᠪᠢ ᠪᠠᠶᠠᠷᠯᠠᠵᠥ᠂ ᠡᠬᠦᠷᠯᠡᠭᠰᠡᠨ | ᠦᠭᠡᠢ ᠪᠠᠶᠢᠪᠠᠯ ᠪᠢ ᠭᠤᠮᠤᠳᠠᠳᠠᠭ᠃ ᠪᠢ ᠬᠠᠷᠢᠶᠠᠴᠠᠢ ᠶᠢ ᠠᠵᠢᠯᠴᠢ ᠰᠢᠪᠠᠭᠤ᠂ ᠪᠡᠯᠬᠡᠳᠤ ᠰᠢᠪᠠᠭᠤ ᠭᠡᠵᠥ ᠲᠤᠳᠤᠷ᠎ᠠ | ᠪᠠᠨ ᠦᠨᠡᠯᠡᠵᠥ ᠡᠵᠢ ᠶᠢᠨ ᠢᠶᠠᠨ ᠦᠬᠡ ᠪᠠᠷ ᠬᠠᠷᠢᠶᠠᠴᠠᠢ ᠰᠢᠭ᠋ ᠡᠷᠳᠡ ᠪᠤᠰᠳᠠᠭ ᠪᠠᠶᠢᠬᠰᠠᠨ᠃ ᠪᠢ ᠬᠦᠷᠢᠶ᠎ᠠ | ᠬᠠᠰᠢᠶ᠎ᠠ ᠪᠠᠷ ᠰᠦᠯᠵᠢᠯᠳᠤᠨ ᠨᠢᠰᠳᠡᠭ ᠬᠠᠷᠢᠶᠠᠴᠠᠢ ᠶᠢ ᠬᠠᠷᠠᠬᠤ ᠪᠤᠯᠭᠠᠨ ᠠᠪᠤ ᠶᠢᠨ ᠨᠢᠬᠡ ᠦᠯᠢᠭᠡᠷ ᠢ ᠪᠤᠳᠤᠭᠠᠳ | ᠤᠯᠳᠠᠭ᠃ ᠦᠨᠡᠨᠳᠡᠬᠡᠨ ᠲᠡᠷᠡ ᠦᠯᠢᠭᠡᠷ ᠨᠢ ᠶᠠᠯᠢᠮ ᠦᠭᠡᠢ ᠤᠴᠢᠷ ᠪᠤᠯᠪᠠᠴᠤ ᠤᠯᠠᠨ ᠵᠢᠯ ᠰᠡᠳᠬᠢᠯ ᠠᠴᠠ ᠭᠠᠷᠳᠠᠭ | ᠦᠭᠡᠢ ᠨᠢ ᠰᠤᠨᠢᠨ ᠪᠠᠶᠢᠯ᠎ᠠ᠃ ᠠᠪᠤ ᠮᠢᠨᠢ ᠪᠤᠷᠬᠠᠨ ᠪᠤᠯᠤᠬᠰᠠᠨ ᠠᠴᠠ ᠠᠪᠤᠭᠠᠳ ᠲᠡᠷᠡ ᠦᠯᠢᠭᠡᠷ ᠨᠢ ᠤᠯᠠᠮ | ᠲᠤᠷᠠᠰᠤᠬᠲᠠᠬᠤ ᠪᠤᠯᠤᠬᠰᠠᠨ ᠠᠴᠠ ᠦᠨᠤᠳᠤᠷ ᠠᠰᠠᠷ ᠤᠨ ᠲᠤᠮᠳᠠᠭᠤᠷ ᠬᠡᠨᠡᠳᠳᠡ ᠬᠠᠷᠢᠶᠠᠴᠠᠢ ᠨᠢᠰᠬᠦ ᠶᠢ ᠤᠯᠵᠥ | ᠬᠠᠷᠠᠭᠠᠳ ᠪᠢ ᠲᠡᠰᠬᠡᠯ ᠦᠭᠡᠢ ᠪᠢᠷ ᠬᠦᠳᠡᠯᠬᠡᠨ ᠡᠨᠡᠬᠦ ᠲᠤᠷᠠᠰᠤᠮᠵᠢ ᠶᠢ ᠪᠢᠴᠢᠵᠥ ᠡᠬᠢᠯᠡᠭᠰᠡᠨ ᠶᠤᠮ ᠡ᠃ | | ᠪᠠᠭᠠᠷᠢᠨ ᠤ ᠤᠩᠭᠤᠨ ᠨᠤᠳᠤᠭ ᠭᠡᠵᠥ ᠠᠭᠤᠯᠠ ᠲᠠᠢ ᠤᠰᠤ ᠲᠠᠢ ᠲᠠᠯ᠎ᠠ ᠲᠠᠢ ᠡᠯᠡᠰᠤ ᠲᠠᠢ ᠰᠠᠶᠢᠬᠠᠨ | ᠨᠤᠳᠤᠭ ᠶᠤᠮ᠃ ᠲᠡᠷᠡ ᠨᠤᠳᠤᠭ ᠲᠤ ᠵᠢᠯᠢᠨ ᠠᠶᠢᠯ ᠭᠡᠳᠡᠭ ᠵᠢᠵᠢᠭᠬᠡᠨ ᠲᠤᠰᠬᠤᠨ ᠪᠠᠶᠢᠳᠠᠭ᠃ ᠲᠡᠷᠡ ᠲᠤᠰᠬᠤᠨ ᠤ | ᠤᠤᠭᠠᠨ ᠬᠡᠳᠤᠨ ᠡᠷᠤᠬᠡ ᠶᠢᠨ ᠨᠢᠬᠡ ᠨᠢ ᠮᠡᠨ ᠤ ᠬᠢ ᠪᠠᠶᠢᠯ᠎ᠠ᠃ ᠠᠩᠬ᠎ᠠ ᠡᠬᠢᠨ ᠳᠡᠭᠡᠨ ᠵᠢᠯᠢᠨ ᠠᠶᠢᠯ ᠭᠡᠵᠥ | ᠶᠤᠰᠤᠲᠠᠢ ᠲᠠᠩᠰᠤᠭ ᠰᠠᠶᠢᠬᠠᠨ ᠦᠩᠬᠡ ᠦᠵᠡᠮᠵᠢ ᠲᠠᠢ ᠪᠠᠶᠢᠬᠰᠠᠨ᠃ ᠲᠦᠰᠢᠯᠬᠡ ᠪᠤᠯᠤᠬᠰᠠᠨ ᠱᠡᠬᠡᠷᠳᠤ ᠶᠢᠨ | ᠠᠭᠤᠯᠠ᠂ ᠤᠩᠭᠤᠴᠠᠨ ᠠᠭᠤᠯᠠ ᠭᠡᠵᠥ ᠬᠤᠶᠠᠷ ᠰᠠᠶᠢᠬᠠᠨ ᠴᠡᠩᠬᠡᠷ ᠠᠭᠤᠯᠠ ᠲᠠᠢ᠃ ᠲᠠᠷᠠ ᠬᠤᠶᠠᠷ ᠠᠭᠤᠯᠠ ᠶᠢᠨ | ᠬᠢᠨ ᠬᠤᠭᠤᠷᠤᠨᠳᠤ ᠬᠠᠯᠠᠬ᠎ᠠ ᠶᠢᠨ ᠬᠤᠳᠳᠤᠭ ᠭᠡᠳᠡᠭ ᠠᠮᠰᠠᠷ ᠢᠶᠠᠷ ᠨᠢ ᠷᠠᠰᠢᠶᠠᠨ ᠤᠰᠤ ᠤᠷᠤᠰᠤᠬᠰᠠᠨ ᠡᠷᠳᠡᠨ ᠤ | ᠬᠤᠳᠳᠤᠭ ᠪᠠᠶᠢᠬᠰᠠᠨ᠃ ᠱᠡᠬᠡᠷᠳᠤ ᠶᠢᠨ ᠠᠭᠤᠯᠠ ᠶᠢᠨ ᠡᠩᠭᠡᠷ ᠲᠤ ᠨᠢ ᠪᠢᠴᠢᠭᠳᠦ ᠬᠠᠳᠠ ᠲᠠᠢ᠂ ᠲᠡᠷᠡ ᠬᠠᠳᠠᠨ ᠤ | ᠬᠢᠨᠢ ᠪᠢᠴᠢᠭ ᠢ ᠬᠡᠨ ᠨᠢ ᠴᠤ ᠤᠩᠰᠢᠵᠥ ᠭᠠᠷᠳᠠᠭ ᠦᠭᠡᠢ ᠲᠤᠯᠠ ᠪᠠᠰᠠ ᠲᠡᠭᠷᠢ ᠶᠢᠨ ᠪᠢᠴᠢᠭ ᠲᠠᠢ ᠬᠠᠳᠠ ᠬᠡᠳᠡᠭ᠃ | ᠬᠤᠶᠠᠷ ᠠᠭᠤᠯᠠ ᠶᠢᠨ ᠠᠷᠤ ᠦᠪᠤᠷ ᠭᠡᠵᠥ ᠶᠤᠰᠤᠲᠠᠢ ᠤᠢ ᠮᠤᠳᠤ ᠪᠢᠳᠡᠬᠦᠦ ᠤᠷᠭᠤᠵᠥ ᠠᠮᠢᠳᠠᠨ ᠠᠷᠢᠶᠠᠳᠠᠨ | ᠦᠨᠢᠷ ᠦᠰᠳᠡᠭ ᠰᠢᠳᠢᠳᠤ ᠤᠷᠤᠨ ᠪᠠᠶᠢᠬᠰᠠᠨ᠃ ᠡᠶᠢᠮᠤ ᠰᠠᠶᠢᠬᠠᠨ ᠠᠭᠤᠯᠠ ᠪᠠᠷ ᠲᠦᠰᠢᠯᠬᠡ ᠪᠤᠯᠭᠠᠵᠥ | ᠰᠠᠭᠤᠷᠢᠰᠢᠬᠰᠠᠨ ᠵᠢᠯᠢᠨ ᠠᠶᠢᠯ ᠨᠢ ᠡᠮᠤᠨ᠎ᠡ ᠲᠠᠯ᠎ᠠ ᠪᠠᠷ ᠢᠶᠠᠨ ᠲᠠᠷᠢᠶ᠎ᠠ ᠲᠠᠷᠢᠵᠥ ᠠᠷᠤ ᠪᠡᠯᠴᠢᠭᠡᠷ ᠲᠡᠭᠡᠨ ᠮᠠᠯ | ᠮᠠᠯᠵᠢᠬᠰᠠᠨ ᠠᠮᠢᠳᠤᠷᠠᠯ ᠪᠠᠶᠠᠨ ᠠᠷᠰᠢ ᠶᠢᠨ ᠤᠷᠤᠨ ᠪᠠᠶᠢᠬᠰᠠᠨ ᠢ ᠨᠠᠰᠤᠳᠠᠳ ᠪᠦᠷ ᠮᠡᠳᠡᠳᠡᠭ ᠶᠤᠮ᠃ | | ᠰᠢᠨ᠎ᠠ ᠲᠤᠮᠳᠠᠳᠤ ᠤᠯᠤᠰ ᠪᠠᠶᠢᠭᠤᠯᠤᠬᠲᠠᠬᠤ ᠠᠴᠠ ᠡᠮᠤᠨᠡᠬᠢ ᠦᠶ᠎ᠠ ᠯᠡ ᠪᠠᠶᠢᠬᠰᠠᠨ᠃ ᠠᠪᠤ ᠮᠢᠨᠢ | ᠬᠤᠷᠢᠮᠯᠠᠭᠠᠳ ᠲᠡᠮᠡᠢ ᠤᠳᠠᠭ᠎ᠠ ᠦᠭᠡᠢ ᠪᠠᠶᠢᠵᠥ ᠠᠵᠢᠯ ᠤᠨ ᠰᠡᠯᠡᠬᠦᠦ ᠪᠠᠷ ᠬᠠᠷᠢᠵᠥ ᠢᠷᠡᠭᠡᠳ ᠮᠦᠷᠬᠦᠬᠦᠯᠦᠭᠰᠡᠨ | ᠠᠪᠤ ᠶᠢᠨ ᠢᠶᠠᠨ ᠭᠡᠷ ᠤᠨ ᠲᠤᠳᠤᠷ ᠢ ᠨᠢ ᠮᠢᠯᠢᠶᠡᠵᠥ ᠪᠠᠶᠢᠲᠠᠯ᠎ᠠ ᠬᠦᠢᠯᠡᠰᠤᠳᠤ ᠶᠢᠨ ᠲᠠᠪᠠᠭ᠎ᠠ ᠪᠠᠷ ᠬᠡᠰᠡᠭ ᠮᠤᠷᠢᠳᠡᠳ | ᠫᠤᠤ ᠲᠤᠤᠭᠠᠷᠭᠠᠨ ᠪᠠᠭᠤᠵᠥ ᠢᠷᠡᠬᠦ ᠬᠠᠷᠠᠬᠳᠠᠬᠰᠠᠨ ᠬᠡᠨ᠎ᠠ᠃ ᠶᠠᠭ ᠡᠨᠡ ᠦᠶ᠎ᠠ ᠳᠤ ᠭᠠᠳᠠᠨ᠎ᠠ ᠪᠠᠶᠢᠬᠰᠠᠨ | ᠮᠦᠷᠬᠦᠬᠦᠯᠦᠭᠰᠡᠨ ᠡᠵᠢ ᠨᠢ ᠶᠡᠭᠡ ᠰᠠᠨᠳᠤᠷᠴᠤ᠄ | — ᠬᠦᠤ ᠮᠢᠨᠢ ᠡ᠂ ᠲᠡᠭᠡᠷᠡᠮ ᠢᠷᠡᠯ᠎ᠡ ᠶᠤᠮ ᠪᠡ︖ ᠬᠠᠷ᠎ᠠ ᠮᠤᠷᠢ ᠭᠡᠷ ᠤᠨ ᠠᠷᠤ ᠳᠤ ᠤᠶᠠᠵᠥ | ᠪᠠᠶᠢᠭ᠎ᠠ ᠰᠢᠤ᠂ ᠮᠢᠨᠤ ᠬᠦᠤ ᠠᠷᠤ ᠶᠢᠨ ᠠᠭᠤᠯᠠᠨ ᠵᠦᠭ ᠲᠦᠷᠬᠡᠨ ᠲᠤᠳᠠᠭᠠ︕ ᠭᠡᠵᠥ ᠬᠠᠰᠬᠢᠷᠪᠠ᠃ ᠲᠡᠷᠡ | ᠦᠶ᠎ᠠ ᠳᠤ ᠲᠡᠭᠡᠷᠡᠮ ᠲᠤᠨᠤᠭ᠎ᠠ ᠤᠯᠠᠨ ᠪᠠᠶᠢᠬᠰᠠᠨ ᠬᠢ ᠪᠢᠵᠠ ᠠᠪᠤ ᠮᠢᠨᠢ ᠲᠡᠮᠡᠢ ᠠᠶᠤᠬᠰᠠᠨ ᠮᠠᠶ᠋ᠢᠭ ᠦᠭᠡᠢ᠄ | | — ᠠᠯᠠᠭᠠᠨ ᠴᠢᠨᠡᠬᠡᠬᠡᠨ ᠬᠡᠷᠡᠮ ᠦᠯᠡᠳᠡᠭᠡᠳ ᠪᠠᠶᠢᠨ᠎ᠠ᠂ ᠰᠢᠪᠡᠵᠥ ᠪᠠᠷᠠᠭᠠᠳ ᠪᠠᠭᠤᠶ᠎ᠠ ᠭᠡᠵᠥ ᠦᠨᠳᠡᠶᠢᠨ | ᠪᠠᠶᠢᠵᠥ ᠨᠢᠬᠡ ᠬᠤᠰᠤᠮ ᠰᠢᠪᠡᠷ ᠠᠪᠴᠤ ᠭᠡᠷᠡᠮ ᠲᠡᠭᠡᠷ᠎ᠡ ᠨᠠᠭᠠᠳᠠᠯᠠ | — ᠬᠦᠤ ᠮᠢᠨᠢ ᠡ᠂ ᠪᠠᠭᠠᠤᠭᠠᠳ ᠢᠷᠡᠴᠢᠬᠡ ᠳ᠋ᠠ᠂ ᠡᠯᠳᠡᠪ ᠦᠩᠬᠡ ᠶᠢᠨ ᠬᠤᠪᠴᠠᠰᠤ ᠲᠠᠢ ᠬᠠᠷᠠᠬᠳᠠᠵᠥ | ᠪᠠᠶᠢᠬᠤ ᠪᠠᠷ ᠦᠵᠡᠬᠦ ᠳᠤ ᠶᠠᠭ ᠲᠡᠭᠡᠷᠡᠮ ᠪᠠᠶᠢᠨ᠎ᠠ᠂ ᠲᠠᠷᠢᠶᠠᠨ ᠦᠵᠤᠬᠦᠷ ᠲᠤᠯᠤᠭᠠᠳ ᠢᠷᠡᠴᠢᠬᠡᠯᠠ︕ ᠵᠠᠪᠳᠤᠬᠤ | ᠦᠭᠡᠢ ᠪᠤᠯᠤᠬᠰᠠᠨ ᠭᠡᠵᠥ ᠨᠠᠭᠠᠴᠤ ᠡᠮᠡᠭᠡ ᠮᠢᠨᠢ ᠪᠠᠴᠢᠮᠳᠠᠬᠰᠠᠨ ᠳᠤ ᠠᠪᠤ ᠮᠢᠨᠢ ᠬᠡᠷᠡᠮ ᠳᠤ ᠨᠠᠭᠠᠯᠳᠤᠬᠰᠠᠨ | ᠪᠤᠮᠪᠤᠭᠤᠷ ᠰᠢᠪᠡᠷ ᠢᠶᠠᠨ ᠢᠯᠡᠵᠥ ᠵᠠᠪᠳᠤᠯ ᠦᠭᠡᠢ ᠡᠬᠦᠳᠡ ᠪᠠᠷ ᠪᠦᠬᠦᠶᠢᠵᠥ ᠬᠠᠷᠠᠬᠤ ᠳᠤ ᠲᠠᠷᠢᠶᠠᠨ ᠲᠤᠮᠳᠠᠬᠢ ᠵᠠᠮ | ᠢᠶᠠᠷ ᠲᠤᠭᠤᠰᠤ ᠲᠠᠳᠠᠬᠤ ᠨᠢ ᠬᠠᠷᠠᠬᠳᠠᠪᠠ᠃ ᠲᠡᠷᠡ ᠦᠶ᠎ᠠ ᠳᠤ ᠡᠪᠦᠭᠡ ᠮᠢᠨᠢ ᠡᠮᠴᠢ ᠪᠠᠶᠢᠵᠥ ᠮᠤᠷᠢ ᠡᠳ᠋ᠯᠡᠳᠡᠭ | ᠲᠤᠯᠠ ᠠᠪᠤ ᠮᠢᠨᠢ ᠪᠠᠭ᠎ᠠ ᠠᠴᠠ ᠪᠠᠨ ᠮᠤᠷᠢᠨ ᠳᠤ ᠰᠤᠷᠮᠠᠭᠠᠢ ᠪᠠᠶᠢᠬᠰᠠᠨ᠃ ᠲᠤᠬᠠᠢ ᠶᠢᠨ ᠦᠶ᠎ᠠ ᠳᠤ ᠨᠠᠭᠠᠴᠤ | ᠡᠪᠦᠭᠡ ᠶᠢᠨ ᠡᠨᠡ ᠬᠠᠶᠢᠷᠠᠲᠠᠢ ᠬᠠᠷ᠎ᠠ ᠮᠤᠷᠢ ᠨᠢ ᠤᠷᠤᠯᠳᠤᠭᠠᠨ ᠨᠠᠷᠠᠲᠠᠢ᠂ ᠠᠪᠠ ᠳᠤ ᠴᠤᠤᠲᠠᠢ ᠲᠤᠯᠠ ᠵᠢᠯᠢᠨ ᠠᠶᠢᠯ | ᠤᠨ ︽ᠬᠠᠷᠢᠶᠠᠴᠠᠢ ᠬᠠᠷ᠎ᠠ︾ ᠭᠡᠪᠡᠯ ᠤᠶᠢᠷ᠎ᠠ ᠤᠷᠴᠢᠮ ᠳᠠᠭᠠᠨ ᠮᠡᠳᠡᠬᠦ ᠦᠭᠡᠢ ᠬᠦᠮᠤᠨ ᠦᠭᠡᠢ᠃ ᠡᠶᠢᠮᠤ ᠠᠴᠠ | ᠬᠤᠯᠠ ᠤᠶᠢᠷ᠎ᠠ ᠶᠢᠨ ᠤᠶᠠᠭᠠᠴᠢᠳ ᠠᠴᠠ ᠲᠡᠭᠡᠷᠡᠮ ᠲᠤᠨᠤᠭ᠎ᠠ ᠬᠦᠷᠳᠡᠯ᠎ᠠ ᠡᠨᠡ ᠮᠤᠷᠢᠨ ᠨᠢᠳᠤ ᠲᠤᠰᠤᠨ ᠰᠢᠯᠦᠰᠤ | ᠭᠤᠭᠤᠵᠢᠭᠤᠯᠤᠨ ᠭᠠᠷ ᠲᠠᠭᠠᠨ ᠤᠷᠤᠭᠤᠯᠬᠤ ᠶᠢ ᠭᠤᠷᠢᠯᠠᠳᠠᠭ ᠠᠵᠢ᠃ ᠲᠠᠷᠢᠶᠠᠨ ᠲᠤᠮᠳᠠᠬᠢ ᠲᠤᠭᠤᠰᠤ ᠦᠵᠦᠬᠦᠷ | ᠭᠠᠷᠤᠮᠠᠷ ᠪᠠᠶᠢᠬᠤ ᠶᠢ ᠬᠠᠷᠠᠬᠰᠠᠨ ᠠᠪᠤ ᠦᠨᠳᠤᠷ ᠲᠡᠬᠡᠷ᠎ᠡ ᠠᠴᠠ ᠦᠰᠤᠷᠤᠨ ᠪᠠᠭᠤᠵᠥ ᠭᠠᠳᠠᠨ᠎ᠠ ᠬᠦᠶᠤᠵᠥ | ᠭᠠᠷᠲᠠᠯ᠎ᠠ ᠬᠠᠷ᠎ᠠ ᠮᠤᠷᠢ ᠴᠤ ᠠᠪᠤ ᠶᠢᠨ ᠴᠢᠮᠡᠭᠡ ᠪᠠᠷ ︽ᠲᠦᠷᠬᠡᠯᠡ︕︾ ᠭᠡᠰᠡᠨ ᠪᠠᠶᠢᠳᠠᠯ ᠲᠠᠢ ᠤᠶᠠᠭᠠᠨ ᠲᠡᠭᠡᠷ᠎ᠡ | ᠪᠠᠨ ᠴᠤᠪᠬᠤᠴᠠᠵᠥ ᠬᠠᠩᠬᠢᠨᠠᠳᠠᠯ᠎ᠠ ᠦᠤᠷᠰᠡᠭᠰᠡᠨ ᠭᠡᠨ᠎ᠠ᠃ ᠠᠪᠤ ᠬᠠᠷ᠎ᠠ ᠮᠤᠷᠢᠨ ᠤ ᠲᠡᠷᠬᠡᠳᠡ ᠬᠦᠶᠤᠵᠥ | ᠬᠦᠷᠦᠮᠡᠭᠴᠡ ᠴᠤᠯᠪᠤᠭᠤᠷ ᠢ ᠲᠠᠶᠢᠯᠤᠨ ︽ᠰᠢᠪ︾ ᠬᠡᠳᠡᠯ᠎ᠠ ᠮᠤᠷᠳᠠᠭᠠᠳ ᠶᠠᠭᠤ ᠶᠢ ᠴᠤ ᠬᠠᠶᠢᠬᠤᠷᠤᠯ ᠦᠭᠡᠢ ᠠᠷᠤ | ᠶᠢᠨ ᠠᠭᠤᠯᠠ ᠵᠦᠭ ᠱᠤᠤᠬᠢᠲᠠᠯᠠ ᠲᠠᠪᠬᠢᠬᠰᠠᠨ ᠪᠠᠶᠢᠯ᠎ᠠ᠃ ᠡᠨᠡ ᠦᠶ᠎ᠠ ᠳᠤ ᠰᠠᠭᠠᠷᠠᠯ ᠮᠤᠷᠢ ᠲᠠᠢ ᠨᠢᠬᠡ ᠲᠡᠭᠡᠷᠡᠮ | ᠲᠤᠭᠤᠰᠤ ᠲᠠᠳᠠᠳᠠᠯ᠎ᠠ ᠲᠤᠪᠳᠤᠯᠠᠵᠥ ᠠᠶᠢᠯ ᠶᠢᠨ ᠵᠠᠬ᠎ᠠ ᠳᠤ ᠢᠷᠡᠮᠡᠭᠴᠡ ᠶᠡᠭᠡ ᠲᠠᠭᠤᠨ ᠢᠶᠠᠷ᠄ | — ᠬᠦᠢ᠂ ᠬᠠᠷᠢᠶᠠᠴᠠᠢ ᠬᠠᠷ᠎ᠠ᠂ ᠬᠠᠷᠢᠶᠠᠴᠠᠢ ᠬᠠᠷ᠎ᠠ︕ ᠭᠡᠵᠥ ᠠᠭᠤᠯᠠ ᠶᠢᠨ ᠡᠩᠬᠡᠷ ᠲᠤ ᠲᠠᠪᠬᠢᠵᠥ | ᠶᠠᠪᠤᠭ᠎ᠠ ᠠᠪᠤ ᠶᠢᠨ ᠬᠤᠶᠢᠨ᠎ᠠ ᠠᠴᠠ ᠬᠡᠳᠤᠨᠳᠡ ᠬᠠᠷᠪᠤᠬᠰᠠᠨ ᠭᠡᠨ᠎ᠠ᠃ ᠲᠡᠷᠡ ᠦᠶ᠎ᠠ ᠶᠢᠨ ᠲᠡᠭᠡᠷᠡᠮ ᠵᠢᠷᠤᠭ᠎ᠠ ᠮᠤᠷᠢᠨ | ᠠᠴᠠ ᠬᠤᠷᠳᠤᠨ ᠮᠤᠷᠢᠨ ᠳᠤ ᠢᠯᠡᠬᠦᠦ ᠲᠤᠷᠠᠳᠠᠢ ᠪᠠᠶᠢᠳᠠᠭ ᠨᠢ ᠰᠠᠶᠢᠨ ᠮᠤᠷᠢ ᠠᠮᠢᠨ ᠳᠤ ᠬᠦᠷᠳᠡᠭ ᠤᠨ ᠤᠴᠢᠷ | ᠪᠠᠶᠢᠬᠤ᠃ ᠫᠤᠤ ᠶᠢᠨ ᠲᠠᠭᠤᠨ ᠢ ᠰᠤᠨᠤᠰᠤᠬᠰᠠᠨ ᠨᠠᠭᠠᠴᠤ ᠡᠮᠡᠭᠡ ᠮᠢᠨᠢ ᠵᠢᠷᠤᠬᠡ ᠪᠠᠨ ᠲᠠᠷᠤᠵᠥ᠄ | — ᠪᠤᠷᠬᠠᠨ ᠮᠢᠨᠢ ᠡ᠂ ᠬᠠᠷ᠎ᠠ ᠮᠤᠷᠢᠨ ᠤ ᠪᠠᠨ ᠲᠦᠯᠤᠬᠡ ᠬᠦᠷᠬᠡᠨ ᠤ ᠪᠠᠨ ᠬᠠᠯᠠᠭᠤᠨ ᠠᠮᠢ ᠶᠢ | ᠵᠤᠯᠢᠴᠢᠬᠠᠬᠤ ᠦᠭᠡᠢ ᠪᠢᠵᠠ︖ ᠭᠡᠵᠥ ᠮᠠᠨᠠᠷᠠᠵᠥ ᠤᠨᠠᠳᠠᠯ᠎ᠠ ᠠᠶᠤᠬᠰᠠᠨ ᠭᠡᠨ᠎ᠠ᠃ ᠪᠦᠯᠦᠭ ᠲᠡᠭᠡᠷᠡᠮ ᠤᠨ ᠵᠠᠷᠢᠮ | ᠨᠢ ᠬᠦᠳᠤᠯᠤᠬᠡ ᠮᠤᠷᠢ ᠲᠠᠢ ᠲᠠᠪᠬᠢᠵᠥ᠂ ᠵᠠᠷᠢᠮ ᠨᠢ ᠬᠤᠤᠰ ᠬᠦᠳᠤᠯᠤᠬᠡ ᠮᠤᠷᠢ ᠲᠠᠢ ᠬᠦᠨᠠᠰᠤ ᠤᠰᠤ ᠲᠠᠢ ᠪᠠᠨ | ᠶᠠᠪᠤᠭ᠎ᠠ ᠪᠠᠶᠢᠵᠠᠢ᠃ ᠲᠡᠳᠡ ᠠᠭᠤᠯᠠ ᠶᠢᠨ ᠤᠢ ᠲᠤᠯᠲᠠᠯ᠎ᠠ ᠠᠪᠤ ᠶᠢ ᠨᠡᠭᠡᠭᠡᠳ ᠶᠠᠭᠤ ᠨᠢᠬᠡᠨ ᠠᠴᠠ ᠰᠡᠷᠬᠡᠶᠢᠯᠡᠭᠰᠡᠨ | ᠰᠢᠭ ᠨᠡᠬᠡᠬᠦ ᠪᠠᠨ ᠪᠤᠯᠢᠵᠥ ᠮᠤᠷᠢᠨ ᠵᠢᠯᠤᠭᠤ ᠡᠷᠬᠢᠬᠦᠯᠤᠨ ᠠᠶᠢᠯ ᠤᠷᠤᠭᠤ ᠪᠤᠴᠠᠵᠥ ᠢᠷᠡᠭᠡᠳ ᠤᠨᠤᠭ᠎ᠠ ᠮᠤᠷᠢ ᠪᠠᠨ | ᠠᠮᠠᠷᠠᠭᠠᠨ ᠲᠦᠷᠬᠡᠬᠡᠨ ᠢᠳᠡᠵᠥ ᠤᠤᠭᠤᠭᠠᠳ ᠦᠭᠡᠷ᠎ᠡ ᠲᠤᠰᠬᠤᠨ ᠵᠦᠭ ᠶᠠᠪᠤᠬᠰᠠᠨ ᠪᠠᠶᠢᠵᠠᠢ᠃ | ᠲᠡᠷᠡ ᠡᠳᠤᠷ ᠠᠪᠤ ᠮᠢᠨᠢ ᠱᠤᠤᠬᠢᠳᠠᠯᠠ ᠲᠠᠪᠬᠢᠬᠤ ᠬᠠᠷᠢᠶᠠᠴᠠᠢ ᠬᠠᠷ᠎ᠠ ᠶᠢᠨ ᠢᠶᠠᠨ ᠨᠢᠷᠤᠭᠤᠨ ᠳᠤ ᠱᠠᠯᠵᠠ | ᠰᠢᠭ᠋ ᠨᠠᠭᠠᠯᠳᠤᠨ ᠲᠡᠭᠡᠬᠦᠷ ᠨᠢ ᠢᠰᠬᠢᠷᠬᠦ ᠰᠤᠮᠤ ᠶᠢ ᠦᠯᠤ ᠬᠠᠶᠢᠬᠤᠷᠤᠨ ᠨᠢᠭᠤᠴᠠ ᠵᠦᠷᠢᠭ ᠢᠶᠠᠷ ᠰᠦᠯᠵᠢᠨ | ᠲᠠᠪᠬᠢᠵᠥ ᠤᠢ ᠶᠢᠨ ᠬᠦᠨ ᠳᠤ ᠰᠢᠪᠳᠤᠯᠤᠨ ᠤᠷᠤᠪᠠ᠃ ᠠᠪᠤ ᠮᠤᠷᠢᠨ ᠠᠴᠠ ᠪᠠᠨ ᠪᠠᠭᠤᠨ ᠴᠢᠬᠢ ᠲᠠᠯᠪᠢᠨ | ᠴᠢᠩᠨᠠᠬᠰᠠᠨ ᠴᠤ ᠬᠤᠶᠢᠨ᠎ᠠ ᠠᠴᠠ ᠨᠡᠬᠡᠬᠦ ᠴᠢᠮᠡᠭᠡ ᠦᠭᠡᠢ ᠲᠤᠯᠠ ᠪᠢᠲᠡᠬᠦᠦ ᠮᠤᠳᠤᠨ ᠳᠤ ᠮᠤᠷᠢ ᠪᠠᠨ ᠤᠶᠠᠵᠥ | ᠱᠡᠭᠡᠷᠳᠤ ᠶᠢᠨ ᠬᠠᠳᠠᠨ ᠲᠡᠭᠡᠷ᠎ᠡ ᠠᠪᠠᠷᠢᠵᠥ ᠭᠠᠷᠤᠭᠠᠳ ᠠᠶᠢᠯ ᠵᠦᠭ ᠢᠶᠠᠨ ᠬᠠᠷᠠᠭᠤᠯᠳᠠᠵᠥ ᠰᠠᠭᠤᠬᠰᠠᠨ ᠬᠡᠨ᠎ᠠ᠃ | ᠦᠨᠳᠤᠷ ᠲᠡᠭᠡᠷ᠎ᠡ ᠠᠴᠠ ᠬᠠᠷᠠᠬᠤ ᠳᠤ ᠠᠶᠢᠯ ᠤᠨ ᠪᠠᠷ᠎ᠠ ᠮᠠᠰᠢ ᠲᠤᠳᠤᠬᠠᠨ ᠬᠠᠷᠠᠬᠳᠠᠵᠥ ᠦᠯᠤ ᠲᠠᠨᠢᠬᠤ ᠮᠤᠷᠢᠳ | ᠠᠶᠢᠯ ᠤᠨ ᠭᠠᠳᠠᠨ᠎ᠠ ᠪᠠᠶᠢᠭ᠎ᠠ ᠪᠦᠭᠡᠳ ᠬᠤᠭᠤᠯᠠᠨ ᠤ ᠴᠠᠭ ᠪᠤᠯᠤᠭ᠎ᠠ ᠦᠭᠡᠢ ᠪᠠᠷ ᠬᠤᠯᠠᠩ ᠨᠤᠭᠤᠳ ᠠᠴᠠ | ᠤᠳᠤᠭ᠎ᠠ ᠰᠤᠭᠤᠨᠤᠬᠯᠠᠵᠥ ᠪᠠᠶᠢᠭ᠎ᠠ ᠨᠢ ᠲᠡᠭᠡᠷᠡᠮ ᠨᠤᠭᠤᠳ ᠬᠤᠭᠤᠯᠠ ᠢᠳᠡᠵᠥ ᠪᠠᠶᠢᠭ᠎ᠠ ᠨᠢ ᠮᠡᠳᠡᠭᠳᠡᠵᠥ ᠪᠠᠶᠢᠯ᠎ᠠ᠃ | ᠲᠡᠷᠡ ᠦᠶ᠎ᠠ ᠳᠤ ᠱᠡᠭᠡᠷᠳᠤ ᠶᠢᠨ ᠠᠭᠤᠯᠠ ᠳᠤ ᠡᠯᠳᠡᠪ ᠵᠢᠮᠢᠰ ᠪᠠᠶᠢᠳᠠᠭ ᠲᠤᠯᠠ ᠠᠭᠤᠯᠠᠨ ᠳᠤ ᠬᠡᠳᠤ ᠬᠤᠨᠤᠭ | ᠨᠢᠭᠤᠬᠤ ᠳᠤ ᠦᠯᠤᠰᠴᠤ ᠦᠯᠪᠡᠷᠡᠬᠦ ᠦᠭᠡᠢ ᠭᠡᠵᠥ ᠠᠪᠤ ᠶᠠᠷᠢᠵᠥ ᠪᠠᠶᠢᠬᠰᠠᠨ᠃ ᠰᠢᠪᠠᠭᠤ ᠵᠢᠷᠬᠢᠵᠥ ᠬᠡᠷᠡᠮᠤ | ᠲᠠᠭᠤᠯᠴᠠᠨ ᠪᠠᠰᠠ ᠬᠤᠯᠠ ᠶᠢᠨ ᠠᠭᠤᠯᠠᠨ ᠳᠤ ᠴᠢᠨ᠋ᠸ᠎ᠠ ᠤᠯᠢᠬᠤ ᠨᠢ ᠴᠤᠤᠷᠢᠶᠠᠳᠠᠵᠥ ᠪᠠᠶᠢᠬᠰᠠᠨ ᠴᠤ ︽ᠬᠠᠷ᠎ᠠ ᠮᠤᠷᠢ | ᠪᠠᠨ ᠠᠯᠲᠠᠬᠤ ᠦᠭᠡᠢ ᠯᠡ ᠪᠤᠯ ᠪᠤᠯᠴᠢᠬᠠᠨ᠎ᠠ︾ ᠭᠡᠰᠡᠨ ᠭᠠᠭᠴᠠᠬᠠᠨ ᠪᠤᠳᠤᠯ ᠢᠶᠠᠷ ᠠᠪᠤ ᠮᠢᠨᠢ ᠡᠨᠡ ᠪᠦᠬᠦᠨ ᠠᠴᠠ | ᠰᠦᠷᠳᠡᠯ ᠦᠭᠡᠢ ᠲᠠᠶᠢᠰᠤᠨ ᠢᠶᠠᠨ ᠲᠠᠩᠨᠠᠨ ᠬᠠᠳᠠᠨ ᠲᠡᠭᠡᠷ᠎ᠡ ᠰᠠᠭᠤᠵᠥ ᠪᠠᠶᠢᠲᠠᠯ᠎ᠠ ᠲᠡᠭᠡᠷᠡᠮ ᠨᠤᠭᠤᠳ ᠠᠶᠢᠯ ᠤᠨ | ᠬᠦᠷᠢᠶᠠᠨ ᠠᠴᠠ ᠤᠪᠤᠨ ᠴᠤᠪᠤᠨ ᠭᠠᠷᠴᠤ ᠮᠤᠷᠢᠨ ᠳᠠᠭᠠᠨ ᠮᠤᠷᠳᠠᠵᠥ ᠵᠢᠯᠢᠨ ᠲᠠᠪᠠᠭ᠎ᠠ ᠪᠠᠷ ᠦᠩᠭᠡᠷᠡᠨ ᠵᠡᠬᠦᠨ | ᠬᠤᠶᠢᠰᠢ ᠪᠠᠨ ᠴᠤᠪᠤᠬᠰᠠᠨ ᠪᠠᠶᠢᠯ᠎ᠠ᠃ ᠲᠡᠭᠡᠷᠡᠮ ᠤᠨ ᠪᠠᠷ᠎ᠠ ᠬᠠᠷᠠᠬᠳᠠᠬᠤ ᠪᠠᠨ ᠪᠤᠯᠢᠮᠠᠬᠴᠠ ᠠᠪᠤ ᠶᠢᠨ ᠰᠡᠳᠬᠢᠯ | ᠠᠮᠤᠷᠴᠤ ᠠᠰᠬ᠎ᠠ ᠬᠠᠳᠠᠨ ᠠᠴᠠ ᠪᠠᠭᠤᠨ ᠬᠠᠷᠢᠶᠠᠴᠠᠢ ᠬᠠᠷ᠎ᠠ ᠲᠠᠭᠠᠨ ᠮᠤᠷᠳᠠᠭᠠᠳᠠᠶᠢᠯ ᠵᠦᠭ ᠢᠶᠠᠨ ᠪᠠᠶᠠᠷᠲᠠᠶᠢᠬᠠᠨ | ᠲᠠᠪᠬᠢᠬᠰᠠᠨ ᠪᠠᠶᠢᠯ᠎ᠠ᠃ | ᠢᠩᠬᠢᠵᠥ ᠬᠠᠷᠢᠶᠠᠴᠠᠢ ᠬᠠᠷ᠎ᠠ ᠪᠠᠨ ᠠᠪᠤᠷᠠᠬᠤ ᠶᠢᠨ ᠲᠦᠯᠤᠬᠡ ᠱᠡᠬᠡᠷᠳᠤ ᠶᠢᠨ ᠪᠢᠲᠡᠬᠦᠦ ᠤᠢ ᠳᠤ ᠬᠡᠳᠤᠨ | ᠴᠠᠭ ᠨᠢᠭᠤᠬᠳᠠᠬᠰᠠᠨ ᠠᠪᠤ ᠶᠢᠨ ᠦᠯᠢᠭᠡᠷ ᠤᠳᠠᠭᠠᠨ ᠵᠢᠯ ᠶᠠᠷᠢᠬᠳᠠᠬᠰᠠᠨ ᠪᠦᠭᠡᠳ ᠴᠤᠬᠢᠵᠥ ᠨᠠᠭᠠᠯᠳᠤᠭᠤᠯᠤᠭᠠᠳ | ᠢᠯᠢᠵᠥ ᠠᠮᠵᠢᠭᠰᠠᠨ ᠦᠭᠡᠢ ᠲᠡᠷᠡ ᠪᠦᠬᠡᠮ ᠰᠢᠪᠡᠷ ᠨᠢ ᠬᠡᠴᠢᠨᠡᠨ ᠵᠢᠯ ᠬᠡᠷᠡᠮ ᠲᠡᠭᠡᠷ᠎ᠡ ᠨᠢ ᠪᠤᠮᠪᠤᠶᠢᠵᠥ ︽ᠲᠡᠭᠡᠷᠡᠮ᠂ | ᠬᠠᠷ᠎ᠠ ᠮᠤᠷᠢ ᠪᠡ ᠠᠪᠤ︾ ᠶᠢᠨ ᠲᠤᠬᠠᠢ ᠶᠠᠷᠢᠯᠴᠠᠬᠤ ᠵᠤᠭᠤᠭ ᠤᠨ ᠭᠤᠬᠴᠤᠭ᠎ᠠ ᠪᠤᠯᠤᠬᠰᠠᠨ ᠭᠡᠳᠡᠭ᠃ ᠠᠪᠤ ᠶᠢᠨ | ᠭᠠᠷ ᠢᠶᠠᠷ ᠰᠠᠪᠠᠭᠳᠠᠬᠰᠠᠨ ᠲᠡᠷᠡ ᠪᠦᠬᠡᠮ ᠡᠪᠡᠰᠤ ᠤᠩᠭᠠᠰᠤ ᠲᠠᠢ ᠪᠤᠮᠪᠤᠭᠤᠷ ᠰᠢᠪᠡᠷ ᠲᠡᠭᠡᠷ᠎ᠡ ᠤᠯᠠᠨ ᠵᠢᠯ | ᠬᠠᠷᠢᠶᠠᠴᠠᠢ ᠡᠬᠦᠷᠯᠡᠵᠥ ᠤᠯᠠᠨ ᠤᠯᠠᠨ ᠦᠷ᠎ᠠ ᠵᠤᠯᠵᠠᠭ᠎ᠠ ᠭᠠᠷᠭᠠᠵᠠᠢ᠃ ᠲᠡᠳᠡᠬᠡᠷ ᠬᠠᠷᠢᠶᠠᠴᠠᠢ ᠨᠤᠭᠤᠳ ᠭᠡᠷ ᠤᠷᠤᠨ | ᠤ ᠬᠢᠨᠢ ᠰᠠᠭᠤᠷᠢ ᠶᠢ ᠲᠠᠯᠪᠢᠵᠥ ᠦᠭᠬᠦᠭᠰᠡᠨ ᠠᠪᠤ ᠳᠤ ᠮᠢᠨᠢ ᠶᠠᠭᠠᠬᠢᠵᠥ ᠯᠡ ᠪᠠᠶᠠᠷᠯᠠᠵᠥ ᠲᠠᠯᠠᠷᠬᠠᠬᠰᠠᠨ ᠪᠤᠯ︖ | ᠭᠡᠵᠥ ᠪᠢ ᠪᠤᠳᠤᠳᠠᠭ ᠶᠤᠮ᠃ ᠲᠠᠷᠠ ᠦᠶ᠎ᠠ ᠶᠢᠨ ᠪᠠᠶᠢᠭᠠᠯᠢ ᠨᠢ ᠤᠩᠭᠤᠨ᠂ ᠬᠦᠮᠤᠨ ᠨᠢ ᠠᠰᠪᠤᠷ᠂ ᠮᠤᠷᠢᠳ ᠨᠢ | ᠰᠠᠶᠢᠨ ᠪᠠᠶᠢᠬᠰᠠᠨ ᠯᠡ ᠪᠢᠵᠠ︖ ᠶᠠᠷᠤᠨᠢ ᠦᠩᠭᠡᠷᠡᠭᠰᠡᠨ ᠤ ᠲᠡᠷᠡ ᠦᠯᠢᠭᠡᠷ ᠨᠢ ᠲᠤᠮᠤᠭ ᠰᠢᠭ᠋ ᠰᠠᠶᠢᠬᠠᠨ ᠢᠶᠠᠷ | ᠰᠡᠳᠬᠢᠯ ᠳᠤ ᠰᠠᠭᠤᠬᠳᠠᠭᠠᠳ ᠬᠠᠯᠢᠨ ᠲᠡᠬᠦᠯᠢᠬᠦ ᠬᠠᠷᠢᠶᠠᠴᠠᠢ ᠶᠢ ᠬᠠᠷᠠᠬᠤ ᠪᠠᠷ ᠯᠡ ᠬᠠᠶᠢᠷᠠᠳᠤ ᠠᠪᠤ ᠪᠠᠨ ᠡᠷᠬᠡ | ᠦᠬᠡᠢ ᠮᠦᠷᠤᠬᠡᠳᠤᠨ ᠰᠠᠨᠠᠭᠠᠯᠵᠠᠳᠠᠭ ᠶᠤᠮ᠃ | ᠬᠠᠷᠢᠶᠠᠴᠠᠢ ᠭᠡᠵᠥ ᠲᠦᠯᠵᠢᠬᠦ ᠬᠠᠪᠤᠷ ᠢ ᠠᠪᠴᠢᠷᠠᠳᠠᠭ ᠨᠡᠬᠦᠳᠡᠯᠴᠢ ᠰᠢᠪᠠᠭᠤ᠂ ᠲᠦᠷᠦᠭᠰᠡᠨ ᠨᠤᠳᠤᠭ | ᠡᠯᠢᠬᠡᠨ ᠰᠠᠳᠤᠨ ᠢ ᠲᠤᠷᠠᠰᠤᠭᠤᠯᠳᠠᠭ ᠬᠠᠶᠢᠷ᠎ᠠ ᠶᠢᠨ ᠰᠢᠪᠠᠭᠤ ᠶᠤᠮ ᠡ︕ | | ᠶᠡᠭᠡ ᠪᠠᠶᠢᠰᠢᠩ ᠳᠤ ᠪᠢᠴᠢᠪᠠᠢ | | | | |