| | —— ᠫᠤ · ᠰᠠᠨᠠᠭᠠᠷᠪᠣᠣ | | | ᠡᠵᠢ ᠮᠢᠨᠢ ᠪᠤᠷᠬᠠᠨ ᠪᠤᠯᠤᠭᠠᠳ ᠠᠷᠪᠠᠨ ᠬᠤᠶᠠᠷ ᠵᠢᠯ ᠪᠣᠯᠴᠢᠬᠠᠯ᠎ᠠ᠃ ᠵᠢᠯ ᠴᠠᠭᠠᠨ ᠰᠠᠷ᠎ᠠ ᠣᠶᠢᠷᠠᠲᠤᠭᠠᠳ | ᠭᠠᠯ ᠤᠨ ᠳᠠᠬᠢᠯᠭ᠎ᠠ ᠪᠤᠯᠠᠬᠤ ᠪᠦᠷᠢ ᠡᠵᠢ ᠪᠠᠨ ᠰᠠᠨᠠᠳᠠᠭ᠃ ᠲᠡᠶᠢᠮᠦ ᠳᠡᠭᠡᠨ ᠴᠦ ᠪᠢ ︽ᠡᠵᠢ ᠶᠢ ᠮᠢᠨᠢ ᠭᠠᠯ ᠤᠨ | ᠪᠤᠷᠬᠠᠨ ᠲᠠᠨᠢᠨ᠎ᠠ︾ ᠭᠡᠬᠦ ᠰᠢᠯᠦᠭ ᠪᠢᠴᠢᠵᠦ ᠪᠢᠯᠡ ᠁ | ᠁ ᠥᠷᠯᠦᠭᠡᠨ ᠴᠠᠢ ᠪᠠᠨ ᠣᠣᠭᠤᠵᠤ ᠪᠠᠷᠠᠮᠠᠭᠴᠠ ᠯᠠ ᠭᠠᠯ ᠲᠠᠬᠢᠯᠭ᠎ᠠ ᠶᠢᠨ ᠠᠵᠢᠯ ᠳᠠᠭᠠᠨ ᠶᠠᠭᠠᠷᠠᠳᠠᠭ᠃ | ᠬᠤᠷᠤᠭ᠎ᠠ ᠬᠤᠲᠠ ᠪᠠᠨ ᠴᠡᠪᠡᠷᠯᠡᠨ ᠶᠠᠩᠵᠤᠯᠠᠬᠤ᠃ ᠲᠣᠮᠣ ᠴᠢᠯᠠᠭᠤᠨ ᠭᠠᠩ ᠳᠤ ᠣᠰᠣ ᠳᠦᠭᠦᠷᠭᠡᠬᠦ᠂ ᠪᠦᠮᠪᠦᠭᠡᠨ | ᠰᠠᠩ ᠤᠨ ᠭᠡᠷ ᠠᠴᠠ ᠬᠦᠯᠳᠦᠬᠦᠦ ᠮᠢᠬ᠎ᠠ᠂ ᠵᠠᠶᠢᠳᠠᠰᠤ᠂ ᠪᠤᠷᠳᠤᠭᠰᠠᠨ ᠣᠯᠣᠭᠠᠢ ᠬᠤᠳᠤᠭᠤᠳᠤ ᠪᠠᠨ ᠳᠤᠲᠦᠷ | ᠭᠡᠷ ᠲᠡᠭᠡᠨ ᠣᠷᠣᠭᠤᠯᠵᠤ᠂ ᠬᠦᠮᠦᠨ ᠮᠠᠯ ᠤᠨ ᠬᠥᠯ ᠳᠤ ᠥᠷᠢᠲᠦᠭᠰᠡᠨ ᠦᠭᠡᠢ ᠴᠦᠪᠦᠳᠡᠯ ᠴᠣᠭᠯᠠᠭᠤᠯᠬᠤ᠃ ᠵᠤᠯᠠᠨ | ᠭᠤᠣᠯ ᠤᠨ ᠥᠯᠦᠨ ᠡᠪᠡᠰᠦ ᠣᠯᠬᠤ ᠁ ᠭᠡᠳ ᠯᠠ ᠬᠥᠯ ᠬᠦᠭᠡᠷᠴᠦᠭ ᠪᠣᠯᠳᠠᠭ᠃ | ᠦᠳᠡ ᠬᠡᠯᠪᠡᠶᠢᠮᠡᠭᠴᠡ ᠯᠠ ᠭᠠᠯ ᠳᠠᠬᠢᠯᠭ᠎ᠠ ᠶᠢᠨ ᠠᠵᠢᠯ ᠢᠳᠡ ᠦᠷᠨᠢᠳᠡᠭ᠃ ᠡᠵᠢ ᠭᠠᠳᠠᠨ᠎ᠠ ᠭᠡᠷ ᠲᠤ | ᠲᠣᠮᠣ ᠰᠢᠷᠡᠮᠦᠨ ᠳᠣᠭᠤᠭᠠᠨ ᠳᠤ ᠨᠢᠭᠡ ᠬᠤᠨᠢᠨ ᠤ ᠪᠠᠷᠤᠭ ᠤᠨ ᠮᠢᠬ᠎ᠠ ᠬᠢᠵᠣ᠂ ᠣᠰᠣ ᠳᠠᠪᠤᠰᠤ ᠶᠢ ᠨᠢ | ᠲᠠᠭᠠᠷᠠᠭᠤᠯᠤᠭᠠᠳ ᠴᠢᠨᠠᠵᠤ ᠭᠠᠷᠳᠠᠭ᠃ ᠪᠢᠳᠠ ᠪᠣᠯ ᠤᠭᠢᠶᠠᠵᠤ ᠴᠡᠪᠡᠷᠯᠡᠭᠰᠡᠨ ᠪᠣᠶᠣ ᠰᠢᠨ᠎ᠡ ᠬᠤᠪᠴᠠᠰᠤ ᠪᠠᠨ | ᠡᠮᠦᠰᠬᠦ᠂ ᠫᠤᠤᠵᠢᠩ ᠪᠡᠯᠡᠳᠬᠡᠬᠦ᠂ ᠰᠢᠬᠢᠷ᠂ ᠬᠠᠷ᠎ᠠ ᠠᠯᠢᠮ᠎ᠠ᠂ ᠬᠤᠷᠤᠳ᠂ ᠰᠢᠷ᠎ᠠ ᠲᠣᠰᠣ᠂ ᠳᠣᠰᠣᠨ ᠳᠤ | ᠪᠤᠴᠠᠯᠭᠠᠭᠰᠠᠨ ᠪᠣᠣᠪᠤ ᠪᠤᠭᠤᠷᠰᠤᠭ ᠢᠶᠠᠨ ᠲᠠᠪᠠᠭᠯᠠᠬᠤ ᠁ ᠭᠡᠳ ᠯᠠ ᠪᠣᠵᠢᠬᠢᠨᠠᠵᠤ ᠭᠠᠷᠳᠠᠭ᠃ᠠᠪᠤ ᠮᠢᠨᠢ | ᠬᠠᠨᠵᠤᠨ ᠭᠤᠣᠯ ᠳᠠᠭᠠᠨ ᠲᠠᠪᠠᠲᠠᠶᠢᠬᠠᠨ ᠵᠠᠪᠢᠯᠠᠵᠤ᠂ ᠰᠢᠷ ᠪᠤᠳᠤᠭ ᠦᠭᠡᠢ᠂ ᠣᠳᠠᠭᠠᠨ ᠵᠢᠯ ᠡᠳᠡᠯᠡᠭᠰᠡᠭᠡᠷ ᠦᠷᠦᠮ᠎ᠡ | ᠲᠣᠰᠤ᠂ ᠢᠳᠡᠭᠡ ᠪᠤᠳᠠᠭᠠᠨ ᠳᠤ ᠪᠣᠷᠤ ᠥᠩᠭᠡ ᠰᠠᠭᠤᠭᠰᠠᠨ ᠡᠷᠲᠡᠨ ᠤ ᠡᠳ᠋ᠯᠡᠯ ᠰᠢᠭ ᠬᠠᠭᠤᠴᠢᠨ ᠳᠦᠷᠪᠡᠯᠵᠢᠨ | ᠰᠢᠷᠡᠭᠡᠨ ᠲᠡᠭᠡᠷᠡᠬᠢ ᠬᠠᠯᠠᠭᠤᠨ ᠠᠭᠤᠷ ᠰᠠᠪᠰᠠᠯᠠᠨ ᠪᠦᠬᠦᠢ ᠲᠣᠰᠣ ᠰᠢᠪᠡᠭᠡᠨᠡᠭᠰᠡᠨ ᠬᠤᠨᠢᠨ ᠡᠪᠴᠢᠭᠦᠦ ᠪᠠᠨ | ᠬᠠᠯᠢᠮᠯᠠᠨ᠂ ᠤᠭᠤᠴᠠ᠂ ᠳᠠᠯᠤ᠃ ᠳᠤᠮᠳᠠ ᠴᠢᠮᠦᠭᠡ᠂ ᠬᠠᠪᠢᠷᠭ᠎ᠠ ᠁ ᠪᠦᠷᠢ ᠠᠴᠠ ᠣᠭᠳᠤᠯᠵᠤ ᠰᠢᠷ᠎ᠠ ᠲᠣᠰᠣ | ᠂ ᠴᠢᠪᠠᠭ᠎ᠠ ᠪᠠᠷ ᠥᠩᠭᠡᠯᠡᠵᠦ᠂ ᠡᠷᠭᠦᠯᠲᠡ ᠪᠠᠨ ᠪᠡᠯᠡᠳᠬᠡᠳᠡᠭ᠃ ᠳᠠᠷᠠᠭ᠎ᠠ ᠨᠢ ᠮᠤᠳᠤᠨ ᠬᠦᠷᠢᠶ᠎ᠡ ᠰᠢᠯᠤᠨ ᠵᠢᠶᠠᠵᠠ | ᠲᠠᠢ ᠨᠤᠭᠤᠭᠠᠨ ᠳ᠋ᠾᠠᠷᠠ ᠪᠤᠷᠬᠠᠨ ᠤ ᠬᠦᠷᠦᠭ ᠤᠨ ᠳᠣᠲᠣᠷᠠᠬᠢ ᠪᠣᠷᠣᠪᠲᠤᠷ ᠬᠠᠶᠢᠯᠠᠰᠤᠨ ᠮᠣᠳᠣᠨ ᠬᠠᠪᠲᠠᠰᠤᠨ | ᠳᠡᠭᠡᠷ᠎ᠡ ᠠᠴᠠ ᠣᠨ ᠤ ᠲᠤᠭᠤᠰᠣ ᠰᠠᠭᠤᠭᠰᠠᠨ ᠸᠠᠳᠠᠩ ᠲᠠᠢ ︽ᠦᠯᠵᠠᠢ ᠬᠤᠲᠤᠭ ᠨᠠᠢᠮᠠᠨ ᠭᠡᠭᠡᠨ︾ ︽ᠴᠠᠭᠠᠨ | ᠰᠢᠬᠦᠷᠲᠡᠢ︾ ᠮᠡᠲᠦ ᠶᠢᠨ ᠨᠣᠮ ᠰᠣᠳᠤᠷ ᠢᠶᠠᠨ ᠳᠡᠯᠭᠡᠨ ᠠᠶᠢᠵᠠᠮ ᠲᠠᠢ ᠤᠩᠰᠢᠨ ᠡᠬᠢᠯᠡᠳᠡᠭ᠃ ᠪᠢ ᠲᠦᠪᠡᠳ ᠨᠣᠮ | ᠮᠡᠳᠡᠬᠦ ᠦᠭᠡᠢ ᠪᠣᠯᠬᠤᠷ ᠭᠠᠯ ᠳᠡᠬᠢᠯᠭ᠎ᠠ ᠶᠢᠨ ᠢᠷᠦᠭᠡᠯ ᠪᠠᠶᠢᠭᠰᠠᠨ ᠡᠰᠡᠬᠦ ᠶᠢ ᠨᠢ ᠮᠡᠳᠡᠬᠦ ᠦᠭᠡᠢ ᠪᠠᠶᠢᠨ᠎ᠠ᠃ ᠨᠣᠮ | ᠤᠩᠰᠢᠵᠤ ᠪᠠᠷᠠᠭᠰᠠᠨ ᠤ ᠳᠠᠷᠠᠭ᠎ᠠ ᠠᠷᠴᠠ ᠬᠦᠵᠢ ᠤᠤᠬᠢᠭᠤᠯᠤᠨ ᠬᠤᠷᠤᠭ᠎ᠠ ᠬᠤᠲᠠ ᠪᠠᠨ ᠠᠷᠢᠭᠤᠯᠠᠵᠤ᠂ ᠰᠢᠨ᠎ᠡ | ᠴᠠᠭᠠᠨ ᠢᠰᠡᠭᠡᠢ ᠳᠡᠪᠢᠰᠤᠨ ᠳᠡᠷᠢ ᠲᠡᠭᠰᠢ ᠬᠤᠪᠴᠠᠰᠤᠯᠠᠮᠠᠭᠴᠠ ᠮᠦᠷᠭᠦᠯ ᠵᠠᠯᠪᠢᠷᠠᠯ ᠦᠢᠯᠡᠳᠴᠦ ᠭᠠᠯ ᠤᠨ ᠳᠠᠬᠢᠯᠭ᠎ᠠ | ᠡᠬᠢᠯᠡᠴᠢᠬᠡᠳᠡᠭ ᠰᠠᠨ᠃ | ᠮᠠᠨ ᠤ ᠬᠢ ᠬᠥᠷᠡᠩ ᠲᠣᠮᠣ ᠠᠭᠤᠯᠠᠰ ᠤᠨ ᠳᠣᠮᠳᠠᠬᠢ ᠨᠠᠮᠬᠠᠨ ᠳᠣᠯᠣᠭᠠᠳ ᠤᠨ ᠡᠩᠭᠡᠷ ᠬᠤᠶᠠᠷ | ᠠᠪᠠᠭ᠎ᠠ ᠶᠢᠨ ᠬᠢ ᠲᠠᠢ ᠬᠠᠶᠠᠭ᠎ᠠ ᠳᠠᠷᠤᠨ ᠠᠮᠢᠳᠤᠷᠠᠳᠠᠭ ᠪᠠᠶᠢᠯ᠎ᠠ᠃ ᠲᠦᠷᠪᠡᠨ ᠬᠡᠣᠬᠡᠳ ᠲᠠᠢ ᠠᠶᠢᠯ ᠪᠤᠯᠬᠤᠷ ᠡᠵᠢ | ᠮᠢᠨᠢ ᠮᠦᠴᠢᠯᠠᠨ ᠴᠢᠨᠠᠭᠰᠠᠨ ᠮᠢᠬ᠎ᠠ ᠪᠠᠨ ᠬᠤᠪᠢ ᠲᠠᠯᠪᠢᠬᠤ ᠳᠠᠭᠠᠨ ᠶᠡᠬᠡᠯ᠎ᠡ ᠬᠢᠴᠢᠶᠡᠩᠭᠦᠢ ᠬᠠᠨᠳᠤᠳᠠᠭ᠃ ᠨᠢᠭᠡ | ᠬᠤᠨᠢᠨ ᠳᠤ ᠴᠢᠨᠢ ᠬᠤᠶᠠᠷ ᠪᠦᠭᠡᠷ᠎ᠡ ᠲᠠᠢ ᠯᠠ ᠪᠢᠵᠡ᠃ ᠭᠤᠣᠯ ᠳᠣᠮᠳᠠᠭᠤᠷ ᠨᠢ ᠰᠢᠭᠦᠰᠦ ᠶᠢ ᠨᠢ ᠦᠰᠦᠷᠲᠡᠯ᠎ᠡ | ᠬᠤᠶᠠᠷ ᠬᠡᠷᠴᠢᠬᠦ ᠳᠤ ᠲᠦᠷᠪᠡᠨ ᠬᠡᠰᠡᠭ ᠪᠣᠯᠳᠠᠭ᠃ ᠡᠩᠬᠢᠭᠡᠳ ᠬᠡᠣᠬᠡᠳ ᠪᠦᠷᠢ ᠲᠠᠯ᠎ᠠ ᠪᠦᠭᠡᠷ᠎ᠡ ᠶᠢᠨ ᠬᠡᠰᠢᠭ ᠲᠠᠢ᠃ | ᠬᠤᠶᠠᠷ ᠬᠡᠣᠬᠡᠳ ᠲᠡᠭᠡᠨ ᠲᠠᠯᠣ ᠬᠤᠪᠢᠶᠠᠪᠠᠯ ᠨᠦᠭᠦᠭᠡ ᠬᠤᠶᠠᠷ ᠲᠠᠭᠠᠨ ᠳᠣᠮᠳᠠ ᠴᠢᠮᠦᠭᠡ ᠮᠡᠲᠦᠴᠢᠯᠡᠨ ᠠᠳᠠᠯᠢ | ᠲᠡᠭᠰᠢᠬᠡᠨ ᠬᠠᠨᠳᠤᠬᠤ ᠨᠢ ᠮᠠᠤ ᠲᠡᠷᠢᠭᠦᠯᠡᠭᠴᠢ ᠶᠢᠨ ᠵᠢᠭᠠᠪᠦᠷᠢ ᠶᠢ ᠪᠠᠲᠤ ᠴᠡᠬᠡᠵᠢᠯᠡᠭᠰᠡᠨ ᠲᠠᠢ ᠨᠢ ᠬᠤᠯᠪᠤᠭ᠎ᠠ ᠲᠠᠢ | ᠪᠠᠶᠢᠵᠤ ᠮᠠᠭᠠᠳ ᠦᠭᠡᠢ᠃ ᠥᠪᠡᠷᠰᠡᠳ ᠢᠶᠠᠨ ᠪᠣᠯ ᠡᠭᠦᠨ ᠢ ᠨᠢ ᠬᠡᠣᠬᠡᠳ ᠢᠳᠡᠬᠦ ᠦᠭᠡᠢ ᠶᠤᠮ ᠭᠡᠳ ᠠᠭᠤᠰᠬᠢ᠂ | ᠪᠣᠭᠤᠨᠢ ᠬᠠᠪᠢᠷᠭ᠎ᠠ᠂ ᠬᠦᠵᠡᠭᠡ ᠮᠡᠲᠦ ᠶᠢᠨ ᠶᠠᠭᠤᠮ᠎ᠠ ᠢᠳᠡᠳᠡᠭ᠃ | ᠠᠶᠢᠯ ᠤᠨ ᠬᠢᠨ ᠮᠠᠨᠠᠶᠢᠬᠢ ᠶᠢ ᠰᠢᠷᠡᠭᠡᠨ ᠳᠦᠷᠪᠡᠨ ᠬᠥᠯ ᠮᠡᠲᠦ ᠭᠠᠯ ᠭᠤᠯᠤᠮᠲᠠ ᠪᠠᠨ ᠡᠷᠭᠦᠨ ᠪᠦᠬᠦᠢ | ᠳᠦᠷᠪᠡᠨ ᠬᠥᠤ ᠲᠠᠢ ᠭᠡᠵᠤ ᠪᠠᠭ᠋ᠠᠷᠬᠠᠳᠠᠭ᠃ ᠬᠡᠪᠡᠴᠤ ᠡᠵᠢ ᠠᠪᠤ ᠬᠤᠶᠠᠷ ᠲᠤ ᠪᠣᠯ ᠶᠡᠷᠣᠨᠢ ᠰᠡᠳᠬᠢᠯ ᠳᠣᠨᠳᠠᠭᠤᠷ | ᠶᠠᠭᠤᠮ᠎ᠠ ᠪᠠᠶᠢᠳᠠᠭ ᠪᠤᠯᠤᠯᠲᠡᠢ᠃ ᠡᠨᠡ ᠶᠠᠭᠤ ᠪᠣᠢ ᠭᠡᠪᠡᠯ ᠨᠠᠮᠠᠶᠢ ᠮᠡᠳᠡᠭᠡ ᠣᠷᠣᠬᠤ ᠠᠴᠠ ᠡᠮᠦᠨ᠎ᠡ ᠮᠢᠨᠦ ᠳᠠᠷᠠᠭ᠎ᠠ | ᠨᠢᠭᠡ ᠥᠬᠢᠨ ᠳᠡᠭᠦᠦ ᠲᠦᠷᠦᠭᠰᠡᠨ ᠭᠡᠨ᠎ᠡ᠃ ᠭᠡᠪᠡᠴᠦ ᠤᠢ ᠬᠦᠷᠦᠭᠰᠡᠨ ᠦᠦ᠂ ᠦᠭᠡᠢ ᠦᠦ᠂ ᠥᠩᠭᠡᠷᠡᠭᠰᠡᠨ | ᠪᠤᠯᠤᠯᠲᠡᠢ᠃ ᠪᠢ ᠲᠡᠭᠦᠨ ᠢ ᠡᠵᠢ ᠠᠪᠤ ᠶᠢ ᠨᠠᠰᠤ ᠪᠠᠷᠠᠲᠠᠯ᠎ᠠ ᠶᠡᠷᠤᠨᠢ ᠠᠰᠠᠭᠤᠵᠤ ᠥᠩᠭᠡᠷᠡᠭᠰᠡᠨ ᠦᠭᠡᠢ ᠶᠤᠮ᠃ | | ᠨᠢᠭᠡ ᠠᠶᠢᠯ ᠬᠤᠲᠠᠨ ᠳᠤ ᠥᠬᠢᠨ ᠦᠭᠴᠦ᠂ ᠪᠡᠷᠢ ᠪᠠᠭᠤᠯᠭᠠᠬᠤ ᠣᠴᠢᠷ ᠵᠦᠩᠳᠡᠭᠡᠨ ᠯᠠ ᠳ᠋ᠡ᠃ ᠨᠢᠭᠡ | ᠮᠡᠳᠡᠬᠦ ᠳᠤ ᠪᠢ ᠨᠢᠭᠡ ᠮᠦᠷᠭᠦᠯᠦᠭᠭᠰᠡᠨ ᠡᠭᠡᠴᠢ ᠲᠠᠢ ᠪᠣᠯᠴᠢᠬᠠᠭᠰᠠᠨ ᠶᠤᠮ᠃ ᠨᠢᠭᠡ ᠤᠳᠠᠭ᠎ᠠ ᠪᠢᠳᠡ ᠬᠦᠭᠡᠷᠡᠵᠤ | ᠪᠤᠷᠤᠯᠲᠠᠯᠠ ᠪᠠᠨ ᠨᠠᠭᠠᠳᠤᠭᠠᠳ ᠬᠦᠷᠴᠢᠬᠢᠨᠡᠳᠡᠯᠡ ᠬᠦᠶᠦᠵᠤ ᠣᠷᠣᠭᠠᠳ ᠢᠷᠡᠬᠦ ᠳᠤ ᠭᠤᠶᠤᠯᠠᠨ ᠵᠠᠰᠠᠭᠰᠠᠨ | ᠡᠭᠡᠴᠢᠮᠡᠳ ᠰᠠᠭᠤᠵᠤ ᠪᠠᠶᠢᠯ᠎ᠠ᠃ ᠡᠵᠢ᠂ ᠪᠦᠭᠦᠳᠡᠭᠡᠷ ᠢᠶᠠᠨ ᠡᠭᠡᠴᠢ ᠭᠡᠵᠤ ᠳᠠᠭᠤᠳᠠ ᠭᠡᠯᠡ᠂ ᠲᠡᠷᠡ ᠡᠭᠡᠴᠢ ᠮᠢᠨᠢ | ᠪᠠᠰᠠ ᠡᠵᠢ ᠠᠪᠤ ᠭᠠᠷᠤᠭᠠᠳ ᠶᠠᠪᠤᠪᠠᠯ ᠮᠠᠨᠤᠰ ᠤᠨ ᠪᠠᠶᠢᠬᠤ ᠡᠰᠡᠬᠦ ᠶᠢ ᠬᠠᠮᠢᠶᠠᠷᠣᠬᠤ ᠴᠦ ᠦᠭᠡᠢ ᠪᠦᠵᠢᠭᠯᠡᠴᠢᠭᠡᠳᠡᠭ | ᠶᠤᠮ᠃ ᠪᠠᠰᠠ ᠨᠢᠭᠡ ᠡᠳᠦᠷ ᠡᠷᠡᠦ ᠳᠦᠭᠦᠷᠡᠩ ᠬᠤᠣᠵᠠ ᠲᠠᠢ ᠠᠪᠤ ᠠᠷᠢᠬᠢ ᠪᠤᠤᠪᠤ ᠳᠡᠭᠦᠵᠢᠯᠡᠨ ᠢᠷᠡᠭᠡᠳ ᠠᠪᠤ ᠳᠤ | ︽ᠵᠦᠭᠡᠷ ᠨᠢᠭᠡ ᠠᠶᠢᠯ ᠣᠯᠳᠠᠬᠤ ᠦᠭᠡᠢ ᠳᠡᠭᠡᠨ ᠲᠠᠨᠠᠶᠢᠬᠢ ᠶᠢ ᠰᠣᠩᠭᠤᠵᠤ ᠪᠠᠶᠢᠭ᠎ᠠ ᠪᠢᠰᠢ ᠡ᠂ ᠣᠳᠤᠮ ᠰᠣᠳᠣᠷ | ᠲᠠᠢ᠂ ᠰᠣᠷᠲᠠᠯ ᠰᠣᠷᠭᠠᠭᠤᠯᠢ ᠲᠠᠢ ᠠᠶᠢᠯ᠂ ᠡᠷᠡᠭᠦᠯ ᠡᠩᠬᠡ ᠡᠯᠢᠭᠡ ᠪᠦᠲᠦᠨ ᠠᠶᠢᠯ ᠁︾ ᠭᠡᠬᠦᠴᠢᠯᠡᠨ ᠲᠣᠰᠣ | ᠲᠠᠢ ᠦᠭᠡ᠂ ᠦᠷᠦᠮ᠎ᠡ ᠲᠠᠢ ᠮᠠᠭᠲᠠᠭᠠᠯ ᠣᠷᠣᠰᠬᠠᠬᠤ ᠪᠠᠷ᠂ ᠪᠠᠶᠢᠵᠤ ᠰᠠᠭᠤᠵᠤ ᠲᠣᠭᠳᠠᠯ ᠦᠭᠡᠢ ᠠᠪᠤ ᠮᠢᠨᠢ | ᠣᠪᠤᠯᠵᠡᠵᠤ᠂ ᠪᠠᠶᠠᠷ ᠤᠨ ᠢᠨᠢᠶᠡᠮᠰᠦᠭᠯᠡᠯ ᠴᠢᠷᠠᠢ ᠳᠤᠨᠢ ᠳᠣᠭᠯᠠᠵᠤ᠂ ᠡᠵᠢ ᠮᠢᠨᠢ ᠴᠦ ᠰᠠᠶ᠋ᠢᠬᠠᠨ ᠬᠥᠩᠭᠡᠵᠢᠭᠡᠳ | ᠦᠷ᠎ᠡ ᠪᠠᠨ ᠦᠵᠡᠭᠰᠡᠨ ᠮᠡᠲᠦ ᠨᠢᠳᠦ ᠨᠢ ᠭᠡᠷᠡᠯᠲᠦᠵᠦ᠂ ᠨᠢᠭᠤᠷ ᠨᠢ ᠮᠢᠨᠴᠠᠶᠢᠬᠦ ᠪᠠᠷ ᠮᠠᠨᠠᠶᠢᠬᠢ ᠭᠡᠳᠡᠭ ᠠᠶᠢᠯ ᠠᠷᠪᠠᠨ | ᠰᠠᠷ᠎ᠠ ᠣᠷᠣᠭᠰᠠᠨ ᠴᠦ ᠦᠭᠡᠢ ᠪᠠᠷ ᠪᠠᠰᠠ ᠨᠢᠭᠡ ᠪᠣᠰᠤᠭ᠎ᠠ ᠥᠬᠢᠨ ᠲᠠᠢ ᠪᠣᠯᠳᠠᠭ ᠡ︕ ᠁ ᠲᠡᠭᠡᠭᠰᠡᠭᠡᠷ | ᠪᠠᠶᠢᠵᠤ ᠨᠢᠭᠡ ᠮᠡᠳᠡᠬᠦ ᠳᠤ ᠭᠤᠷᠪᠠᠨ ᠡᠭᠡᠴᠢ ᠲᠠᠢ ᠪᠤᠯᠵᠤ᠂ ᠠᠩᠬ᠎ᠠ ᠳᠣᠮᠳᠠᠳᠣ ᠳᠤ ᠣᠷᠣᠨ ᠦᠭᠡ ᠬᠡᠯᠡᠬᠦ ᠡᠷᠬᠡ | ᠲᠠᠢ ᠪᠤᠯᠵᠤ ᠢᠷᠡᠮᠡᠨ᠂ ᠬᠠᠨᠴᠤᠢ ᠠᠴᠠ ᠨᠢ ᠵᠢᠭᠤᠷᠠᠵᠤ᠂ ᠬᠤᠷᠮᠣᠢ ᠠᠴᠠ ᠨᠢ ᠲᠠᠲᠠᠬᠤ ᠠᠶᠠᠳᠠᠮᠠᠨ ᠠᠷᠠᠢ ᠭᠡᠵᠤ | ᠲᠠᠬᠢᠵᠤ ︽ᠥᠬᠢᠨ︾ ᠲᠠᠢ ᠪᠤᠯᠤᠭᠤᠯᠤᠭᠠ ᠦᠭᠡᠢ ᠶᠤᠮ᠃ | ᠡᠵᠢ ᠶᠢ ᠦᠢᠯᠡ ᠣᠶᠣᠳᠠᠯ ᠳᠤ ᠣᠷᠠᠨ ᠭᠡᠵᠤ ᠬᠡᠯᠡᠬᠦ ᠨᠢ ᠢᠯᠡᠭᠦᠳᠡᠬᠦ ᠦᠭᠡᠢ ᠴᠦ ᠵᠠᠪᠳᠤᠮᠠᠲᠠᠭᠠᠢ᠂ | ᠱᠠᠯᠠᠮᠠᠭᠠᠢ ᠭᠡᠬᠦ ᠨᠢ ᠢᠯᠡᠭᠦᠦ ᠨᠡᠶᠢᠴᠡᠲᠡᠢ᠃ ᠨᠠᠮᠤᠷ ᠤᠨ ᠡᠪᠡᠰᠦ ᠲᠠᠷᠢᠶᠠᠨ ᠤ ᠠᠵᠢᠯ ᠰᠢᠪᠲᠤᠷᠣᠭᠰᠠᠨ ᠤ ᠳᠠᠷᠠᠭ᠎ᠠ᠂ | ᠡᠵᠢ ᠶᠢᠨ ᠮᠢᠨᠢ ᠰᠢᠨ᠎ᠡ ᠵᠢᠯ ᠤᠨ ᠪᠡᠯᠡᠳᠬᠡᠯ ᠠᠵᠢᠯ ᠡᠬᠢᠯᠡᠴᠢᠬᠡᠳᠡᠭ᠃ ᠦᠰᠬᠦ ᠨᠠᠰᠤᠨ ᠤ ᠪᠠᠷᠠᠮᠠᠯ ᠳᠦᠷᠪᠡᠨ | ᠬᠡᠣᠬᠡᠳ ᠲᠠᠢ ᠪᠤᠯᠬᠤᠷ ᠦᠮᠦᠳᠦ ᠬᠠᠨᠳᠠᠭᠠᠵᠠ᠂ ᠬᠠᠮᠤᠭ ᠴᠢᠬᠤᠯᠠ ᠨᠢ ᠭᠤᠲᠤᠯ ᠣᠶᠣᠬᠤ ᠪᠤᠯᠬᠤᠷ ᠰᠦᠨᠢ ᠳᠡᠭᠡᠨ | ᠭᠤᠷᠪᠠᠨ ᠨᠤᠬᠠᠢ ᠭᠤᠳᠤᠶᠢᠲᠠᠯᠠ ᠣᠳᠠᠰᠣ ᠵᠡᠭᠦᠦ ᠣᠷᠣᠯᠳᠤᠭᠤᠯᠵᠤ᠂ ᠤᠯᠠ ᠲᠦᠷᠡᠢ ᠰᠢᠷᠡᠵᠤ ︵xi) ᠪᠠᠶᠢᠭᠰᠠᠨ ᠢ | ᠨᠢ ᠰᠠᠨᠠᠵᠤ ᠪᠠᠶᠢᠨ᠎ᠠ᠃ ᠬᠡᠷᠪᠡ ᠲᠦᠷᠦᠯ ᠲᠦᠷᠦᠭᠰᠡᠳ ᠤᠨ ᠳᠣᠲᠤᠷ᠎ᠠ ᠠᠯᠢ ᠨᠢᠭᠡ ᠠᠬᠠᠮᠠᠳ ᠨᠢ ᠵᠢᠯ ᠵᠢᠷᠭᠢᠬᠦ ᠶᠤᠮ | ᠪᠣᠯ ᠥᠭᠡᠳᠡᠩ ᠭᠤᠲᠤᠯ ᠪᠣᠶᠣ ᠲᠣᠷᠭᠠᠨ ᠳᠡᠪᠡᠯ ᠣᠶᠣᠬᠤ ᠬᠦᠨᠳᠦ ᠠᠴᠢᠶ᠎ᠠ ᠲᠠᠢ ᠪᠣᠯᠳᠠᠭ ᠡ︕ | ᠡᠪᠦᠯ ᠤᠨ ᠰᠦᠨᠢ ᠠᠷᠭᠠᠯ ᠲᠦᠯᠡᠬᠦ ᠪᠠᠨ ᠪᠠᠶᠢᠭᠰᠠᠭᠠᠷ ᠣᠳᠠᠵᠣ ᠲᠦᠳᠡᠯ ᠦᠭᠡᠢ ᠭᠡᠷ ᠤᠨ ᠢᠯᠴᠢ | ᠪᠠᠭᠤᠷᠠᠵᠤ᠂ ᠰᠡᠷᠢᠭᠦᠦ ᠲᠠᠲᠠᠨ ᠳᠡᠷᠪᠡᠭᠡᠷ ᠴᠢᠬᠢ ᠴᠦ ᠳᠠᠭᠠᠷᠠᠳᠠᠰᠤ ᠬᠦᠷᠬᠦ ᠪᠠᠷ ᠬᠦᠨᠵᠢᠯᠡ ᠳᠡᠭᠡᠨ ᠰᠢᠷᠭᠤᠨ | ᠣᠷᠣᠳᠠᠭ ᠪᠢᠯᠡ᠃ ᠬᠠᠶᠠ ᠰᠡᠷᠡᠬᠦ ᠳᠤ ᠮᠸᠢᠢᠶ᠋ᠢᠤ ᠲᠣᠰᠣᠨ ᠳ᠋ᠧᠩ ᠤᠨ ᠭᠤᠣᠯ ᠨᠢ ᠪᠠᠳᠮᠠᠯᠠᠵᠤ ᠳᠦᠯᠦ ᠨᠢ | ᠰᠦᠮᠡᠯᠵᠡᠨ᠂ ᠭᠡᠷ ᠳᠦᠭᠦᠷᠡᠩ ᠲᠣᠰᠣᠨ ᠤ ᠦᠨᠦᠷ ᠰᠡᠩ ᠲᠠᠲᠠᠨ᠂ ᠡᠵᠢ ᠮᠢᠨᠢ ᠪᠠᠰᠠᠯᠠ ᠣᠶᠣᠳᠠᠯ ᠢᠶᠠᠨ ᠬᠤᠷᠢᠶᠠᠭ᠎ᠠ | ᠦᠭᠡᠢ ᠪᠠᠶᠢᠳᠠᠭ᠃ ᠲᠡᠭᠡᠭᠡᠳ ᠪᠢᠲᠡᠭᠦᠨ ᠠᠴᠠ ᠡᠮᠦᠨ᠎ᠡ ᠬᠦᠮᠦᠨ ᠪᠦᠷᠢ ᠶᠢᠨ ᠬᠥᠯ ᠳᠤᠨᠢ ᠵᠣᠬᠢᠴᠠᠭᠰᠠᠨ ᠭᠤᠲᠤᠯ᠂ | ᠪᠡᠶ᠎ᠡ ᠳᠤᠨᠢ ᠲᠠᠭᠠᠷᠠᠭᠰᠠᠨ ᠰᠢᠨ᠎ᠡ ᠬᠤᠪᠴᠠᠰᠤ ᠲᠠᠢ ᠪᠠᠶᠠᠷᠲᠤ ᠴᠠᠭᠠᠨ ᠰᠠᠷ᠎ᠠ ᠪᠠᠨ ᠣᠭᠲᠣᠳᠠᠭ᠃ ᠭᠡᠲᠡᠯ᠎ᠡ ᠪᠢ | ᠬᠡᠳᠦᠨ ᠡᠳᠦᠷ ᠪᠤᠯᠤᠯ ᠦᠭᠡᠢ ᠡᠵᠢ ᠶᠢᠨ ᠦᠢᠯᠡ ᠪᠠᠨ ᠦᠵᠡᠵᠦ ᠣᠶᠣᠭᠰᠠᠨ ᠦᠨᠳᠦᠷ ᠲᠦᠷᠡᠶᠢᠲᠦ ᠰᠢᠷᠡᠮᠡᠯ ᠪᠦᠰ | ᠭᠤᠲᠤᠯ ᠢ ᠨᠢ ᠪᠤᠯᠵᠠᠶᠢᠯᠭᠠᠵᠤ᠂ ᠲᠦᠷᠡᠢ ᠳᠤᠨᠢ ᠨᠢᠭᠡ ᠴᠦ ᠪᠢᠰᠢ᠂ ᠬᠤᠶᠠᠷ ᠮᠣᠳᠣ ᠬᠠᠳᠣᠭᠤᠯᠵᠤ ᠬᠠᠶᠢᠵᠠᠭᠴᠢᠨ | ᠭᠦᠶᠦᠳᠡᠭ ᠨᠢ ᠨᠢᠭᠤᠷ ᠤᠯᠠᠶᠢᠮᠠᠷ ᠪᠢᠯᠡ᠃ | ᠳᠡᠭᠡᠷ᠎ᠡ ᠵᠠᠭᠤᠨ ᠤ ᠳᠠᠯᠠᠭᠠᠳ ᠣᠨ ᠤ ᠲᠡᠷᠡ ᠦᠶ᠎ᠡ ᠳᠤ ᠮᠠᠨᠠᠶᠢᠬᠢ ᠬᠡᠣᠬᠡᠳ ᠣᠯᠠᠨᠲᠠᠢ ᠠᠶᠢᠯ ᠳᠠᠭᠠᠨ | ᠲᠤᠭᠠᠴᠠᠭᠳᠠᠬᠤ ᠦᠭᠡᠢ ᠴᠦ ᠴᠦᠬᠡᠨ ᠳᠡᠭᠡᠨ ᠴᠦ ᠣᠷᠣᠬᠤ ᠦᠭᠡᠢ ᠡ︕ ᠭᠡᠪᠡᠴᠦ ᠮᠠᠨᠠᠶᠢᠬᠢ ᠭᠠᠳᠠᠨ᠎ᠠ ᠪᠠᠨ ᠮᠠᠯ | ᠲᠠᠢ᠂ ᠭᠠᠩ ᠳᠦᠭᠦᠷᠡᠩ ᠴᠠᠭᠠᠨ ᠭᠤᠯᠢᠷ ᠲᠠᠢ ᠪᠠᠶᠢᠳᠠᠭ᠃ ᠬᠠᠳᠤᠯᠠᠩ ᠳᠤ ᠭᠠᠷᠬᠤ ᠠᠴᠠ ᠡᠮᠦᠨ᠎ᠡ ᠨᠢᠭᠡ ᠱᠥᠯᠥ | ᠣᠣᠭᠤᠵᠤ᠂ ᠡᠪᠦᠯ ᠤᠨ ᠢᠳᠡᠰᠢᠨ ᠳᠡᠭᠡᠨ ᠵᠢᠷᠭᠤᠭ᠎ᠠ ᠳᠤᠯᠤᠭᠠᠨ ᠬᠤᠨᠢ ᠪᠠᠵᠠᠭᠠᠳᠠᠭ᠃ | ᠲᠡᠷᠡ ᠦᠶ᠎ᠡ ᠶᠢᠨ ᠬᠤᠷᠢᠮ ᠤᠨ ᠳᠣᠲᠣᠷᠭᠠᠨ ᠰᠢᠩᠭᠡᠨ ᠢ ᠨᠠᠰᠤᠨ ᠳᠠᠭᠠᠨ ᠮᠠᠷᠲᠠᠬᠤ ᠦᠭᠡᠢ᠃ ᠬᠤᠷᠢᠮ | ᠨᠠᠶᠢᠷ ᠪᠣᠯᠬᠤ ᠳᠤ ᠡᠵᠢ ᠠᠬ᠎ᠠ ᠪᠢᠳᠡ ᠬᠤᠶᠠᠷ ᠢ ᠳᠠᠭᠠᠭᠤᠯᠤᠭᠠᠳ ᠶᠠᠪᠤᠨ᠎ᠠ᠃ ᠲᠡᠷᠡ ᠦᠶ᠎ᠡ ᠶᠢᠨ ᠬᠤᠷᠢᠮ ᠨᠢ ᠶᠡᠭᠡ | ᠳᠦᠭᠦᠮ᠃ ︽ᠪᠣᠭᠳᠠ ᠠᠪᠤᠷᠠᠯᠲᠠ ᠭᠡᠵᠤ ᠪᠠᠶᠢᠳᠠᠭ ᠦᠭᠡᠢ︾ ᠪᠤᠷᠬᠠᠨ ᠲᠠᠷᠬᠠᠨ ᠳᠤ ᠮᠦᠷᠭᠦᠵᠤ ᠪᠣᠯᠬᠤ ᠦᠭᠡᠢ | ᠪᠣᠯᠬᠤᠷ ᠡᠬᠡ ᠶᠢᠨ ᠴᠠᠭᠠᠨ ᠰᠦ ᠬᠠᠷᠢᠭᠤᠯᠬᠤ᠂ ᠬᠡᠣᠬᠡᠨ ᠡᠷᠬᠢᠬᠦ᠂ ᠡᠵᠢ ᠠᠪᠤ ᠳᠤᠨᠢ ᠮᠦᠷᠭᠦᠬᠦᠯᠬᠦ᠂ ᠡᠷᠬᠢᠯᠲᠡ ᠶᠢᠨ | ᠬᠤᠷᠢᠮ ᠁ ᠮᠡᠲᠦ ᠶᠢᠨ ᠶᠠᠭᠤᠮ᠎ᠠ ᠶᠢ ᠳᠤᠷᠠᠳᠴᠤ ᠴᠦ ᠪᠣᠯᠬᠤ ᠦᠭᠡᠢ᠂ ᠨᠢᠭᠡ ᠤᠳᠠᠭᠠᠨ ᠤ ᠶᠡᠭᠡ ᠬᠤᠷᠢᠮ | ᠳᠡᠭᠡᠷ᠎ᠡ ᠨᠢᠭᠡ ᠨᠠᠰᠤᠨ ᠤ ᠬᠢᠨᠢ ᠪᠦᠬᠦᠶᠢᠯᠡ ᠣᠴᠢᠷ ᠢ ᠰᠢᠢᠳᠪᠦᠷᠢᠯᠡᠴᠢᠬᠡᠳᠡᠭ᠃ ᠣᠳᠣ ᠪᠢ ᠮᠠᠨ ᠤ ᠣᠪᠣᠭ ᠤᠨ | ᠬᠤᠯᠠ ᠶᠢᠨ ᠡᠭᠡᠴᠢ ᠶᠢᠨ ᠬᠤᠷᠢᠮ ᠢ ᠰᠠᠨᠠᠵᠤ ᠪᠠᠶᠢᠨ᠎ᠠ᠃ ᠬᠦᠷᠭᠡᠨ ᠤ ᠲᠠᠯ᠎ᠠ ᠶᠢᠨ ᠬᠤᠷᠤᠭᠠᠨ ᠳᠣᠲᠤᠷ᠎ᠠ ᠬᠤᠷᠢᠮ ᠤᠨ | ᠣᠯᠠᠨ ᠢ ᠬᠤᠶᠢᠯᠠᠷᠠᠭᠤᠯᠵᠤ᠂ ᠭᠤᠷᠪᠠᠨ ᠲᠠᠰᠣᠯᠭ᠎ᠠ ᠬᠢᠯᠭᠠᠨ᠎ᠠ ᠵᠤᠯᠠᠭᠰᠠᠨ ᠣᠷᠣᠢ ᠲᠠᠢ ᠰᠢᠪᠠᠷ ᠪᠠᠶᠢᠰᠢᠩ ᠤᠨ | ᠡᠮᠦᠨ᠎ᠡ ᠬᠠᠨᠠᠨ ᠳᠤ ᠮᠠᠤ ᠲᠡᠷᠢᠭᠦᠯᠡᠭᠴᠢ ᠶᠢᠨ ᠬᠦᠷᠦᠭ ᠂ ᠬᠤᠸᠠ ᠲᠡᠷᠢᠭᠦᠯᠡᠭᠴᠢ ᠶᠢᠨ ᠬᠦᠷᠦᠭ ᠢ ᠵᠡᠷᠭᠡᠴᠡᠭᠦᠯᠦᠨ | ᠨᠠᠭᠠᠵᠤ᠂ ᠭᠤᠷᠪᠠᠨᠲᠠ ᠶᠣᠰᠤᠯᠠᠭᠤᠯᠵᠤ ᠬᠤᠷᠠᠭᠰᠠᠨ ᠣᠯᠠᠨ ᠢᠶᠠᠷ ᠢᠶᠠᠨ ᠠᠯᠠᠭ᠎ᠠ ᠲᠠᠰᠢᠮᠠᠭᠴᠠ ᠲᠡᠷᠡ ᠡᠭᠡᠴᠢ ᠮᠢᠨᠢ | ᠬᠤᠪᠢᠰᠬᠠᠯ ᠤᠨ ᠤᠯᠠᠭᠠᠨ ᠴᠢᠷᠠᠢ ᠪᠠᠨ ᠤᠯᠠᠪᠠᠯᠵᠠᠭᠤᠯᠤᠭᠰᠠᠭᠠᠷ᠂ ᠡᠵᠢ ᠳᠡᠭᠡᠨ ᠤᠬᠢᠯᠡᠵᠤ ᠴᠦ ᠴᠢᠳᠠᠯ ᠦᠭᠡᠢ᠂ | ᠬᠦᠷᠭᠡᠨ ᠠᠬ᠎ᠠ ᠶᠢᠨ ᠬᠢ ᠪᠤᠯᠤᠭᠰᠠᠨ ᠶᠤᠮ᠃ ᠶᠡᠬᠡᠪᠡᠷ ᠱᠠᠯᠢᠨ ᠪᠦᠷᠢᠯᠭᠡᠬᠦ ᠶᠢ ᠡᠰᠡᠷᠭᠦᠴᠡᠵᠦ ᠪᠠᠶᠢᠬᠤ ᠪᠤᠯᠬᠤᠷ | ᠬᠤᠨᠢᠨ ᠤᠭᠤᠴᠠ ᠡᠪᠴᠢᠭᠦᠦ ᠲᠠᠪᠠᠭᠯᠠᠬᠤ᠂ ᠬᠡᠳᠦᠨ ᠨᠣᠭᠤᠭ᠎ᠠ ᠬᠠᠭᠤᠷᠠᠬᠤ ᠵᠣᠷᠢᠭ ᠬᠡᠨ ᠳᠤᠨᠢ ᠴᠦ ᠪᠠᠶᠢᠭᠰᠠᠨ | ᠦᠭᠡᠢ᠃ ᠬᠤᠨᠢᠨ ᠱᠠᠭᠠᠨ ᠠᠴᠠ ᠲᠣᠮᠣ ᠦᠬᠡᠷ ᠤᠨ ᠱᠠᠭᠠᠨ ᠠᠴᠠ ᠠᠷᠠᠢ ᠵᠢᠵᠢᠭ ᠪᠦᠳᠦᠭᠦᠨ ᠪᠦᠳᠦᠭᠦᠨ | ᠬᠦᠰᠭᠦᠯᠡᠭᠡ ᠲᠠᠢ ᠳᠣᠲᠣᠷᠭᠠᠨ ᠰᠢᠩᠭᠡᠨ ᠢ ᠬᠡᠳᠦᠨ ᠲᠣᠮᠣ ᠰᠢᠷᠡᠮᠦᠨ ᠲᠣᠭᠤᠭᠠᠨ ᠳᠤ ᠴᠢᠨᠠᠭᠠᠳ ᠯᠠ ᠰᠠᠭᠤᠯᠭ᠎ᠠ | ᠰᠠᠭᠤᠯᠭ᠎ᠠ ᠪᠠᠷ ᠬᠡᠳᠦᠨ ᠮᠣᠩᠭᠤᠯ ᠭᠡᠷ ᠲᠤ ᠵᠥᠭᠡᠭᠡᠨ᠎ᠡ᠃ | ᠮᠠᠨ ᠤ ᠠᠶᠢᠯ ᠤᠨ ᠬᠤᠷᠢᠮ ᠭᠡᠵᠢ ᠣᠯᠠᠩᠬᠢ ᠳᠠᠭᠠᠨ ᠡᠪᠦᠯ ᠤᠨ ᠠᠭᠤᠷ ᠣᠷᠣᠭᠰᠠᠨ ᠤ ᠳᠠᠷᠠᠭ᠎ᠠ ᠪᠣᠯᠳᠠᠭ᠃ | ᠴᠢᠯᠳᠡᠩ ᠬᠥᠬᠡ ᠲᠡᠭᠷᠢ᠂ ᠬᠥᠢᠲᠡᠨ ᠵᠢᠪᠠᠷ ᠶᠠᠩᠬᠢᠨᠠᠭᠤᠯᠤᠭᠰᠠᠨ ᠡᠳᠦᠷ ᠤᠳ ᠲᠤ ᠬᠠᠯᠠᠭᠤᠨ ᠬᠤᠷᠢᠮ ᠪᠣᠴᠠᠯᠵᠤ | ᠪᠠᠶᠢᠳᠠᠭ᠃ ᠬᠦᠳᠦᠰᠦᠨ ᠳᠡᠪᠡᠯ ᠬᠦᠯᠭᠦᠯᠵᠢᠭᠦᠯᠦᠭᠰᠡᠨ ᠬᠥᠬᠡ ᠡᠪᠦᠭᠡᠳ᠂ ᠢᠳᠡᠷ ᠬᠦᠷᠡᠩ ᠵᠠᠯᠠᠭᠤᠰ ᠬᠤᠶᠢᠮᠡᠷ | ᠰᠠᠭᠠᠲᠠᠵᠤ ᠰᠠᠷᠬᠤᠳ ᠵᠤᠭᠤᠭᠯᠠᠨ᠎ᠠ᠃ ᠬᠤᠲᠠᠨ ᠤ ᠡᠩᠭᠡᠷ᠂ ᠪᠤᠲᠠᠨ ᠤ ᠪᠣᠷᠤ ᠲᠠᠣᠯᠠᠢ ᠮᠡᠲᠦ ᠪᠡᠪᠡᠭᠡᠨᠡᠭᠰᠡᠨ | ᠬᠦᠪᠦᠩ ᠣᠭᠴᠣᠷ᠂ ᠬᠤᠨᠢ ᠢᠮᠠᠭᠠᠨ ᠠᠷᠠᠰᠤᠨ ᠲᠠᠬᠤ ᠲᠠᠢ ᠬᠡᠣᠬᠡᠳ ᠤᠳ ᠰᠢᠬᠢᠷ ᠪᠤᠯᠢᠶᠠᠯᠳᠤᠨ᠂ ᠫᠣᠣᠵᠢᠩ | ᠲᠠᠯᠪᠢᠨ᠂ ᠳᠠᠭᠤᠯᠴᠠᠨ ᠭᠦᠶᠦᠨ᠎ᠡ᠃ ᠣᠰᠣᠨ ᠰᠠᠭᠤᠯᠭ᠎ᠠ ᠪᠠᠷ ᠵᠦᠭᠡᠭᠡᠬᠦ ᠪᠦᠳᠦᠬᠦᠨ ᠭᠦᠰᠬᠦᠯᠡᠭᠡ ᠲᠠᠢ ᠳᠣᠳᠣᠷᠭᠠᠨ | ᠰᠢᠩᠭᠡᠨ ᠢ ᠦᠵᠡᠮᠡᠭᠴᠡ ᠯᠠ ᠬᠡᠣᠬᠡᠳ ᠤᠳ ᠢᠯᠡᠬᠦᠦ ᠪᠠᠵᠠᠭᠠᠭᠰᠠᠨ ᠮᠣᠩᠭᠤᠯ ᠭᠡᠷ ᠲᠤ ᠭᠦᠶᠦᠯᠴᠡᠨ ᠣᠷᠣᠵᠠᠭᠠᠵᠤ᠂ | ᠪᠦᠯᠳᠦᠭᠡᠨᠡᠨ ᠬᠠᠷᠠᠵᠤ ᠬᠦᠯᠢᠶᠡᠨ᠎ᠡ᠃ ᠡᠨᠡ ᠦᠶ᠎ᠡ ᠡᠵᠢ ᠨᠠᠷ ᠬᠠᠮᠤᠭ ᠤᠨ ᠲᠣᠮᠣ ᠡᠷᠬᠡ ᠶᠢ ᠭᠠᠷ ᠲᠠᠭᠠᠨ | ᠣᠷᠣᠭᠤᠯᠬᠤ ᠪᠠᠷ ᠱᠠᠯᠠᠮᠠᠭᠠᠶᠢᠯᠠᠨ ᠣᠷᠣᠳᠠᠭ᠃ ᠨᠢᠭᠡ ᠰᠠᠭᠤᠯᠭᠠᠨ ᠳᠤ ᠨᠢᠭᠡᠯᠬᠡᠨ ᠰᠢᠨᠠᠭ᠎ᠠ ᠲᠠᠢ ᠪᠣᠯᠬᠤᠷ ᠡᠵᠢ ᠨᠠᠷ | ᠰᠢᠨᠠᠭ᠎ᠠ ᠪᠣᠯᠢᠶᠠᠯᠳᠣᠨ ᠴᠢᠷᠠᠢ ᠴᠡᠨᠲᠡᠶᠢᠯᠭᠡᠨ ᠬᠡᠷᠡᠯᠳᠦᠬᠦ ᠠᠯᠳᠠᠨ᠎ᠠ᠃ ︽ᠡᠬᠡ ᠶᠢᠨ ᠰᠠᠨᠠᠭ᠎ᠠ ᠦᠷ᠎ᠡ ᠳᠤ︾ ᠭᠡᠳᠡᠭ ᠢ | ᠡᠨᠡ ᠦᠶ᠎ᠡ ᠳᠤ ᠦᠵᠡᠵᠦ ᠭᠠᠷᠤᠨ᠎ᠠ᠃ ᠡᠬᠡ ᠶᠢᠨ ᠰᠠᠨᠠᠭ᠎ᠠ ᠶᠠᠭᠤᠨᠠᠢ ᠥᠭᠡᠷ᠎ᠡ ᠬᠦᠮᠦᠨ ᠤ ᠬᠡᠣᠬᠡᠳ ᠲᠤ ᠪᠠᠶᠢᠬᠤ | ᠪᠣᠢ︖ ᠮᠢᠨᠦ ᠡᠵᠢ ᠭᠡᠵᠢ ᠬᠢᠷᠢ ᠪᠠᠷᠤᠭ ᠤᠨ ᠡᠵᠢ ᠳᠤ ᠳᠡᠶᠢᠯᠳᠡᠬᠦ ᠨᠢ ᠪᠢᠰᠢ᠂ ᠨᠢᠭᠡ ᠮᠡᠳᠡᠬᠦ ᠳᠤ ᠠᠬ᠎ᠠ ᠪᠢᠳᠡ | ᠬᠤᠶᠠᠷ ᠤᠨ ᠠᠶᠠᠭᠠᠨ ᠳᠤ ᠬᠦᠰᠬᠦᠯᠡᠭᠡi ᠠᠷᠪᠢᠨ ᠳᠣᠳᠣᠷᠭᠠᠨ ᠰᠢᠩᠭᠡᠨ ᠳᠦᠭᠦᠷᠴᠦ᠂ ᠭᠤᠷᠴᠢᠬᠢᠨᠡᠨ ᠪᠠᠶᠢᠭᠰᠠᠨ | ᠭᠡᠳᠡᠰᠤ ᠶᠢ ᠲᠦᠨᠲᠦᠶᠢᠯᠭᠡᠳᠡᠭ᠃ ᠲᠡᠷᠡ ᠦᠶ᠎ᠡ ᠶᠢᠨ ᠬᠤᠷᠢᠮ ᠤᠨ ᠪᠣᠳᠠᠭ᠎ᠠ ᠭᠡᠵᠤ ᠬᠡᠣᠬᠡᠳ ᠤᠨ ᠮᠦᠷᠦᠭᠡᠳᠦᠳᠡᠭ | ᠬᠤᠭᠤᠯᠠ᠃ ᠬᠤᠷᠢᠮ ᠪᠣᠯᠣᠭᠠᠰᠠᠢ︕ ᠬᠤᠷᠢᠮ ᠪᠣᠯᠣᠭᠠᠰᠠᠢ ᠭᠡᠵᠤ ᠬᠦᠷᠭᠡᠨ ᠠᠴᠠ ᠨᠢ ᠢᠯᠡᠬᠦᠦ ᠰᠠᠨᠠᠭᠠᠰᠢᠷᠠᠳᠠᠭ | ᠪᠠᠶᠢᠵᠠᠢ᠃ | ᠶᠡᠭᠡ ᠰᠤᠷᠭᠠᠭᠤᠯᠢ ᠳᠤ ᠰᠢᠯᠭᠠᠭᠤᠯᠤᠭᠰᠠᠨ ᠤ ᠳᠠᠷᠠᠭᠠᠬᠢ ᠲᠡᠷᠡ ᠵᠢᠯ ᠤᠨ ᠨᠠᠮᠦᠷ ᠤᠨ ᠥᠩᠭᠡ ᠭᠡᠵᠤ | ᠭᠤᠶᠤ ᠡ︕ ᠪᠤᠷᠤᠭ᠎ᠠ ᠡᠯᠪᠡᠭ ᠪᠣᠯᠬᠤᠷ ᠮᠠᠨ ᠤ ᠠᠶᠢᠯ ᠤᠨ ᠪᠡᠯᠴᠡᠭᠡᠷ ᠭᠡᠵᠢ ᠳᠦᠷᠦᠭᠡ ᠱᠦᠭᠦᠷᠦᠮᠡ᠂ ᠬᠠᠳᠤᠯᠠᠩ | ᠭᠡᠵᠤ ᠬᠤᠨᠢᠨ ᠤ ᠨᠢᠷᠤᠭᠤ ᠯᠠ ᠴᠠᠶᠢᠯᠵᠠᠨ ᠬᠠᠷᠠᠭᠳᠠᠨ᠎ᠠ᠃ ᠡᠪᠡᠰᠤᠨ ᠤ ᠨᠠᠮᠠᠭᠠᠨ ᠳᠤ᠂ ᠬᠠᠳᠤᠯᠠᠩ ᠤᠨ ᠲᠠᠯᠠᠩ ᠳᠤ | ᠭᠤᠯᠢᠶ᠎ᠠ ᠴᠠᠷᠴᠠᠬᠠᠢ ᠨᠢ ᠵᠢᠷᠬᠢᠯᠳᠤᠭᠡᠳ᠂ ᠦᠶ᠎ᠡ ᠦᠶ᠎ᠡ ᠰᠡᠪᠢᠯᠵᠡᠬᠦ ᠵᠥᠭᠡᠯᠡᠨ ᠰᠠᠯᠬᠢᠨ ᠳᠤ ᠬᠥᠬᠡ ᠡᠪᠡᠰᠤᠨ ᠤ | ᠦᠨᠦᠷ ᠰᠡᠩᠬᠢᠨᠡᠭᠡᠳ᠂ ᠬᠠᠶᠠ ᠳᠣᠷᠬᠢᠬᠤ ᠬᠦᠯᠦᠭ ᠮᠣᠷᠢᠳ ᠤᠨ ᠳᠠᠪᠬᠢᠶ᠎ᠠ᠂ ᠲᠡᠷᠭᠡᠨ ᠤ ᠰᠠᠵᠢᠯᠠᠭᠠᠨ ᠳᠤ ᠪᠣᠯᠵᠤᠮᠤᠷ | ᠰᠢᠪᠠᠭᠤᠳ ᠨᠢ ᠦᠷᠭᠦᠨ ᠳᠡᠪᠵᠢᠭᠡᠳ᠂ ᠤᠨᠠᠭᠰᠠᠨ ᠮᠠᠯᠠᠭᠠᠢ ᠠᠪᠬᠤ ᠵᠠᠪ ᠦᠭᠡᠢ ᠬᠠᠳᠤᠯᠠᠩᠴᠢᠳ ᠨᠠᠭᠠᠰᠢ ᠴᠠᠭᠠᠰᠢ | ᠰᠦᠯᠵᠢᠯᠳᠤᠭᠡᠳ ᠁ ᠡᠪᠡᠰᠦ ᠪᠠᠨ ᠬᠠᠳᠤᠭᠠᠳ ᠯᠠ ᠪᠠᠶᠢᠮᠠᠷ᠂ ᠶᠠᠳᠠᠷᠠᠵᠤ ᠪᠠᠶᠢᠭᠰᠠᠨ ᠴᠦ ᠣᠷᠮ᠎ᠠ ᠬᠦᠷᠦᠮᠡᠷ | ᠨᠠᠮᠤᠷ ᠪᠠᠶᠢᠵᠤ ᠳ᠋ᠠ︕ ᠲᠡᠭᠡᠵᠦ ᠪᠠᠶᠢᠲᠠᠯ᠎ᠠ ᠡᠵᠢ ᠮᠢᠨᠢ ᠬᠠᠮᠢᠭ᠎ᠠ ᠠᠴᠠ ᠲᠤᠭᠤᠯᠤᠭᠰᠠᠨ ᠶᠢ ᠪᠤᠦ ᠮᠡᠳᠡ᠂ ᠦᠨᠳᠦᠷ | ᠳᠣᠮᠳᠠᠳᠣ ᠲᠡᠭᠦᠰᠦᠭᠰᠡᠨ ᠰᠣᠷᠣᠭᠴᠢᠳ ᠠᠴᠠ ᠠᠷᠠᠳ ᠠᠴᠠ ᠡᠷᠬᠢᠯᠡᠭᠰᠡᠨ ᠪᠠᠭᠰᠢ ᠰᠢᠯᠭᠠᠨ ᠠᠪᠤᠨ᠎ᠠ ᠭᠡᠰᠡᠨ ᠴᠢᠮᠡᠭᠡ | ᠶᠢ ᠠᠬ᠎ᠠ ᠪᠢᠳᠡ ᠬᠤᠶᠠᠷ ᠲᠤ ᠳᠠᠮᠵᠢᠭᠤᠯᠵᠤ᠂ ︽ᠮᠠᠷᠭᠠᠰᠢ ᠰᠢᠯᠭᠠᠨ᠎ᠠ᠂ ᠣᠳᠣ ᠪᠠᠷ ᠢᠶᠠᠨ ᠠᠪᠠᠭ᠎ᠠ | ᠡᠬᠡ ᠶᠢᠨ ᠳᠡᠭᠡᠨ ᠣᠴᠢᠵᠤ ᠬᠤᠨᠣ︕︾ ᠭᠡᠵᠤ ᠬᠡᠭᠡᠷ᠎ᠡ ᠠᠴᠠ ᠪᠣᠴᠠᠵᠣ ᠢᠷᠡᠭᠰᠡᠨ ᠤ ᠳᠠᠷᠠᠭ᠎ᠠ᠂ ᠨᠠᠷᠠ | ᠰᠢᠩᠭᠡᠬᠦ ᠶᠢᠨ ᠠᠯᠳᠠ ᠳᠤ ᠬᠡᠯᠡᠯ᠎ᠡ᠃ ᠠᠬ᠎ᠠ ᠪᠢᠳᠡ ᠬᠤᠶᠠᠷ ᠣᠴᠢᠬᠤ ᠦᠭᠡᠢ ᠭᠡᠯᠡ᠃ ᠶᠠᠭᠠᠬᠢᠭᠠᠳ ᠭᠡᠪᠡᠯ ᠡᠨᠡ | ᠬᠤᠶᠠᠷ ᠵᠢᠯ ᠶᠡᠭᠡ ᠰᠣᠷᠭᠠᠭᠤᠯᠢ ᠳᠤ ᠣᠷᠣᠵᠣ ᠳᠡᠶᠢᠯᠦᠭᠰᠡᠨ ᠦᠭᠡᠢ ᠴᠦ ᠲᠤᠭ᠎ᠠ ᠬᠢᠲᠠᠳ ᠲᠠᠭᠠᠨ ᠵᠥᠭᠡᠷᠬᠡᠨ | ᠰᠠᠶᠢᠨ ᠰᠠᠶᠢᠨ ᠰᠣᠷᠣᠯᠭ᠎ᠠ ᠲᠠᠢ ᠰᠣᠷᠣᠭᠴᠢᠳ ᠣᠯᠠᠨ ᠪᠠᠶᠢᠨ᠎ᠠ᠃ᠡᠶᠢᠮᠦ ᠪᠠᠷ ᠢᠶᠠᠨ ᠲᠣᠭᠠᠨ ᠤ ᠰᠢᠯᠭᠠᠯᠲᠠ ᠳᠠᠭᠠᠨ | ᠲᠡᠭ᠂ ᠬᠢᠲᠡᠳ ᠬᠡᠯᠡᠨ ᠳᠡᠭᠡᠨ ᠫᠡᠳ ᠪᠢ ᠣᠷᠣᠨ᠎ᠠ ᠭᠡᠵᠤ ᠦᠦ︖ ᠪᠠᠰᠠ ᠲᠡᠭᠡᠭᠡᠳ ᠬᠤᠶᠠᠷ ᠡᠳᠦᠷ ᠠᠵᠢᠯ | ᠰᠠᠭᠠᠲᠣᠨᠠ ᠰᠢᠳᠡ᠃ ᠲᠡᠭᠡᠲᠡᠯ᠎ᠡ ᠡᠵᠢ ᠮᠢᠨᠢ ︽ᠪᠢᠳᠡ ᠲᠠᠨ ᠢ ᠶᠠᠭᠤᠨ ᠳᠤ ᠪᠢᠴᠢᠭ ᠦᠵᠡᠭᠦᠯᠦᠯ᠎ᠡ᠂ ᠡᠳᠦᠢ | ᠪᠤᠯᠲᠠᠯ᠎ᠠ ᠶᠠᠭᠤᠨ ᠳᠤ ᠰᠣᠷᠭᠠᠭᠤᠯᠢ ᠳᠤ ᠶᠠᠪᠤᠭᠤᠯᠤᠭᠰᠠᠨ ᠶᠤᠮ᠂ ᠣᠷᠣᠬᠤ ᠦᠭᠡᠢ ᠪᠣᠯ ᠶᠠᠭᠠᠬᠢᠬᠤᠪ᠂ ᠭᠡᠪᠡᠴᠦ | ᠰᠢᠯᠭᠠᠵᠤ ᠪᠣᠯᠤᠨ᠎ᠠ ᠪᠠ︖︕︾ ᠭᠡᠵᠤ ᠲᠡᠨᠴᠢᠭᠦᠷᠡᠨ ᠬᠡᠯᠡᠬᠦ ᠳᠤ᠂᠂ ᠪᠢ ᠠᠬ᠎ᠠ ᠲᠠᠢ ᠪᠠᠨ ᠵᠥᠪᠳᠡᠭᠡᠳ ︽ | ᠪᠣᠯᠵᠠᠢ᠂ ᠶᠠᠪᠤᠶ᠎ᠠ᠂ ᠶᠠᠪᠤᠯ᠎ᠠ ᠭᠡᠳ ᠣᠷᠣᠬᠤ ᠦᠭᠡᠢ ᠶᠤᠮ᠂ ᠡᠵᠢ ᠶᠢᠨ ᠢᠶᠠᠨ ᠤᠷᠮᠠᠨ ᠳᠤ ᠰᠢᠯᠭᠠᠭᠤᠯᠤᠭᠠᠳ | ᠦᠭᠭᠦᠶ᠎ᠡ︾ ᠭᠡᠳ ᠲᠦᠷᠪᠡᠨ ᠬᠠᠷᠮᠠᠨ ᠲᠠᠢ ᠬᠥᠬᠡ ᠥᠩᠭᠡ ᠶᠢᠨ ᠴᠡᠪᠡᠷᠬᠡᠨ ᠬᠤᠪᠴᠠᠰᠤ ᠰᠣᠯᠢᠭᠠᠳ ᠯᠠ ᠵᠢᠷᠭᠠᠬᠤ | ᠨᠠᠷᠠᠨ ᠤ ᠳᠣᠣᠷᠠᠬᠢ ᠪᠦᠳᠡᠭᠢ ᠰᠢᠷ᠎ᠠ ᠵᠠᠮ ᠢ ᠡᠯᠭᠦᠭᠰᠡᠭᠡᠷ ᠰᠣᠮᠣᠨ ᠳᠤ ᠬᠦᠷᠴᠦ ᠰᠢᠯᠭᠠᠭᠤᠯᠵᠤ ᠪᠢᠯᠡ᠃ | ᠡᠪᠡᠰᠦ ᠲᠠᠷᠢᠶᠠᠨ ᠤ ᠠᠵᠢᠯ ᠰᠢᠪᠲᠣᠷᠣᠭᠰᠠᠨ ᠤ ᠳᠠᠷᠠᠭ᠎ᠠ᠂ ᠬᠥᠢᠲᠡᠨ ᠣᠷᠣᠬᠤ ᠠᠴᠠ ᠡᠮᠦᠨ᠎ᠡ ᠡᠵᠢ ᠵᠢᠯ | ᠪᠣᠯᠭᠠᠨ ᠲᠦᠷᠬᠦᠮᠴᠢᠯᠡᠳᠡᠭ᠃ ᠡᠵᠢ ᠶᠢᠨ ᠲᠦᠷᠬᠦᠮ ᠮᠠᠨ ᠤ ᠠᠶᠢᠯ ᠠᠴᠠ ᠨᠠᠶᠠᠭᠠᠳ ᠭᠠᠵᠠᠷ ᠵᠠᠶᠢᠲᠠᠢ᠃ ᠣᠢ ᠮᠣᠳᠣ | ᠂ ᠬᠠᠶᠢᠷ᠎ᠠ ᠴᠢᠯᠠᠭᠤᠳ ᠲᠠᠢ ᠡᠩᠬᠦᠯ ᠳᠣᠩᠬᠤᠯ ᠵᠠᠮ ᠲᠠᠢ᠂ ᠮᠣᠷᠣᠢ ᠰᠠᠷᠤᠢ ᠥᠭᠰᠦᠨ ᠣᠷᠣᠭᠤᠳᠠᠬᠤ ᠬᠤᠶᠠᠷ ᠶᠡᠭᠡ | ᠳᠠᠪᠠᠭ᠎ᠠ᠂ ᠰᠣᠨᠣᠯᠵᠠᠨ ᠴᠡᠯᠡᠶᠢᠭᠰᠡᠨ ᠬᠤᠶᠠᠷ ᠶᠡᠭᠡ ᠬᠦᠨᠳᠡᠢ ᠵᠢᠯᠭ᠎ᠠ ᠲᠠᠢ᠃ ᠡᠵᠢ ᠪᠢᠳᠡ ᠬᠤᠶᠠᠷ ᠬᠡᠳᠦᠨ | ᠨᠠᠭᠠᠴᠤ ᠶᠢᠨ ᠳᠤ ᠭᠠᠷᠠᠭ ᠰᠢᠬᠠᠮ ᠰᠠᠭᠤᠵᠤ᠂ ᠱᠥᠯᠥ ᠲᠠᠢ ᠮᠢᠬᠠᠨ ᠪᠠᠩᠰᠢ ᠶᠢ ᠵᠠᠪᠠᠵᠢ ᠠᠴᠠ ᠪᠠᠨ ᠲᠣᠰᠣ | ᠳᠣᠰᠣᠯᠠᠳᠠᠯᠠ ᠢᠳᠡᠭᠡᠳ ᠵᠠᠬ᠎ᠠ ᠶᠢᠨ ᠤᠯᠠᠭᠠᠨ ᠳᠠᠪᠠᠭ᠎ᠠ ᠶᠢ ᠣᠷᠣᠭᠤᠳᠤᠨ ᠡᠯᠵᠢᠭᠡᠨ ᠲᠡᠷᠭᠡ ᠭᠡᠳᠡᠭ ᠢ ᠴᠢᠨᠢ | ᠪᠡᠭᠡᠵᠢᠩ ᠵᠢᠫᠦ᠋ ᠮᠠᠰᠢᠨ ᠰᠢᠭ᠋ ᠵᠢᠷᠡᠶᠢᠯᠭᠡᠵᠤ ᠶᠠᠪᠤᠲᠠᠯ᠎ᠠ ᠵᠢᠯᠭ᠎ᠠ ᠶᠢᠨ ᠬᠤᠶᠢᠨ᠎ᠠ ᠲᠦᠩᠭᠦᠭᠡᠷ ᠣᠷᠣᠢ ᠠᠴᠠ ᠨᠢᠭᠡᠨ | ᠬᠦᠮᠦᠨ ᠪᠠᠭᠤᠵᠤ ᠠᠶᠢᠰᠤᠢ᠃ ᠣᠶᠢᠷᠠᠳᠣᠭᠠᠳ ᠰᠠᠶ᠋ᠢ ᠠᠪᠤ ᠭᠡᠳᠡᠭ ᠢ ᠨᠢ ᠲᠠᠨᠢᠭᠰᠠᠨ ᠮᠦᠷᠳᠡᠭᠡᠨ ᠠᠷᠤ ᠳᠠᠭᠠᠨ | ᠪᠠᠰᠠ ᠨᠢᠭᠡ ᠰᠦᠬᠡ ᠰᠦᠢᠷᠠᠭᠰᠠᠨ ᠠᠵᠢ᠃ ᠠᠪᠤ ᠢᠷᠡᠴᠢᠬᠡᠭᠡᠳ᠄ ︽ᠲᠠ ᠬᠤᠶᠠᠷ ᠲᠠᠢ ᠵᠠᠮ ᠵᠦᠷᠢᠬᠦ ᠠᠴᠠ | ᠠᠶᠤᠵᠤ᠂ ᠠᠭᠤᠯᠠ ᠪᠠᠷ ᠶᠠᠪᠤᠵᠤ ᠢᠷᠡᠪᠡ᠂ ᠡᠳᠦᠢ ᠣᠳᠠᠴᠢᠬᠠᠨᠠ ᠭᠡᠵᠢ︾ ᠭᠡᠵᠤ ᠵᠢᠮᠡᠯᠡᠩᠭᠦᠢ ᠬᠡᠯᠡᠭᠡᠳ ︽ᠴᠢ | ᠮᠠᠷᠭᠠᠰᠢ ᠳᠠᠭᠠᠨ ** ᠰᠣᠷᠭᠠᠭᠤᠯᠢ ᠳᠤ ᠣᠴᠢ ᠳ᠋ᠠ᠂ ᠪᠠᠭᠰᠢᠯᠠᠭᠤᠯᠬᠤ ᠶᠤᠮ ᠭᠡᠨ᠎ᠡ᠂ ᠰᠢᠯᠭᠠᠭᠤᠯᠤᠭᠠᠳ | ᠣᠷᠣᠴᠢᠬᠠᠵᠠᠢ᠂ ᠬᠡᠷᠪᠡ ᠭᠤᠷᠪᠠᠨ ᠡᠳᠦᠷ ᠲᠤ ᠣᠴᠢᠬᠤ ᠦᠭᠡᠢ ᠪᠣᠯ ᠬᠡᠷᠡᠭᠯᠡᠬᠦ ᠦᠭᠡᠢ ᠭᠡᠨ᠎ᠡ︾ ᠭᠡᠵᠤ ᠬᠡᠯᠡᠪᠡ᠃ | ᠲᠡᠭᠡᠭᠡᠳ ᠪᠢ ᠡᠵᠢ ᠶᠢᠨ ᠢᠶᠠᠨ ᠰᠠᠶᠢᠨ ᠢᠶᠠᠷ ᠠᠷᠠᠳ ᠠᠴᠠ ᠡᠷᠬᠢᠯᠡᠭᠰᠡᠨ ᠪᠠᠭᠰᠢ ᠪᠣᠯᠤᠭᠰᠠᠨ ᠶᠤᠮ᠃ ᠬᠡᠷᠪᠡ ᠲᠡᠷᠡ | ᠤᠳᠠᠭ᠎ᠠ ᠰᠢᠯᠭᠠᠭᠤᠯᠤᠭᠰᠠᠨ ᠦᠭᠡᠢ ᠪᠣᠯ ᠡᠯᠢᠭᠡᠨ ᠬᠠᠶᠢᠷᠠᠲᠠᠢ ᠡᠬᠡ ᠨᠣᠲᠤᠭ᠂ ᠠᠭᠤᠯᠠ ᠵᠢᠯᠭ᠎ᠠ ᠣᠯᠠᠨᠲᠠᠢ ᠠᠶᠢᠯ | ᠭᠤᠣᠯ ᠤᠨ ᠢᠶᠠᠨ ᠬᠠᠮᠢᠭ᠎ᠠ ᠨᠢᠭᠡᠲᠡᠭᠡ ᠳᠠᠭᠤᠤ ᠭᠢᠩᠰᠢᠬᠦ ᠪᠣᠶᠣ ᠬᠤᠷᠤᠭ᠎ᠠ ᠬᠤᠲᠠᠨ ᠳᠠᠭᠠᠨ ᠠᠷᠭᠠᠯ ᠬᠤᠷᠭᠤᠯ | ᠡᠷᠬᠢᠭᠦᠯᠵᠤ ᠠᠮᠢᠳᠤᠷᠠᠭ᠎ᠠ ᠳ᠋ᠠ᠂ ᠲᠡᠷᠡ ᠴᠦ ᠪᠠᠰᠠ ᠠᠮᠢᠳᠤᠷᠠᠯ ᠶᠤᠮ᠂᠂ ᠭᠡᠪᠡᠴᠦ ᠥᠪᠡᠷ ᠢ ᠪᠠᠨ ᠨᠡᠭᠡᠭᠡᠵᠦ | ᠬᠥᠭᠵᠢᠭᠦᠯᠬᠦ ᠨᠢ ᠣᠨᠳᠣᠣ ᠪᠢᠵᠡ︕ | ᠣᠳᠣ ᠭᠠᠷ ᠣᠳᠠᠰᠣ ᠭᠡᠵᠢ ᠳᠡᠯᠡᠬᠡᠢ ᠶᠢᠨ ᠪᠦᠮᠪᠦᠷᠴᠡᠭ ᠤᠨ ᠬᠤᠶᠠᠷ ᠲᠠᠯ᠎ᠠ ᠳᠤ ᠪᠠᠶᠢᠯ᠎ᠠ ᠴᠦ ᠨᠣᠮᠧᠷ ᠢ | ᠳᠠᠷᠣᠯᠠ ᠭᠡᠪᠡᠯ ᠨᠡᠪᠲᠡᠷᠡᠳᠡᠭ ᠪᠢᠵᠡ︕ ᠡᠨᠡ ᠨᠢ ᠳᠠᠭᠤ ᠳᠣᠯᠬᠢᠶᠠ ᠨᠦᠬᠦᠴᠡᠯᠳᠦᠵᠤ ᠪᠣᠢ ᠶᠢᠨ ᠣᠴᠢᠷ᠃ ᠡᠬᠡ | ᠦᠷ᠎ᠡ ᠶᠢᠨ ᠰᠡᠳᠬᠢᠯ ᠳᠤ ᠴᠦ ᠳᠠᠯᠳᠠ ᠶᠢᠨ ᠵᠦᠩ ᠰᠣᠪᠢᠨ ᠤ ᠰᠢᠰᠲ᠋ᠧᠮ ᠪᠠᠶᠢᠵᠤ ᠮᠠᠭᠠᠳ ᠦᠭᠡᠢ᠃ ᠠᠬ᠎ᠠ ᠳᠡᠭᠦᠦ | ᠪᠢᠳᠡ ᠨᠠᠷ ᠠᠪᠤ ᠶᠢᠨ ᠢᠶᠠᠨ ᠳᠠᠯᠠᠨ ᠭᠤᠷᠪᠠᠨ ᠤ ᠨᠠᠰᠤᠨ ᠪᠠᠶᠠᠷ ᠢ ᠵᠢᠯ ᠵᠢᠷᠬᠢᠭᠦᠯᠦᠭᠡᠳ ᠯᠠ ᠥᠩᠭᠡᠷᠡᠭᠰᠡᠨ ᠪᠠᠶᠢᠲᠠᠯ᠎ᠠ | ᠡᠵᠢ ᠶᠢᠨ ᠢᠶᠠᠨ ᠵᠢᠷᠠᠨ ᠨᠢᠭᠡᠨ ᠨᠠᠰᠤᠨ ᠤ ᠪᠠᠶᠠᠷ ᠢ ᠨᠢᠵᠢᠭᠢᠷ ᠬᠢᠵᠡᠢ᠃ ᠬᠡᠳᠦᠨ ᠠᠶᠢᠯ ᠭᠠᠴᠠᠭᠠᠨ ᠠᠴᠠ ᠢᠷᠡᠭᠰᠡᠨ | ᠵᠠᠯᠠᠭᠤᠴᠤᠳ ᠢ ᠪᠥᠬᠡ ᠪᠠᠷᠢᠯᠳᠤᠭᠤᠯᠵᠤ᠂ ᠬᠤᠨᠢᠨ ᠤ ᠱᠠᠩ ᠥᠭᠴᠦ ᠪᠠᠶᠢᠯ᠎ᠠ᠃ ᠬᠤᠷᠠᠭᠰᠠᠨ ᠣᠯᠠᠨ ᠢ ᠭᠡᠷ | ᠳᠦᠭᠦᠷᠡᠲᠡᠯ᠎ᠡ᠂ ᠪᠠᠭᠲᠠᠬᠤ ᠦᠭᠡᠢ ᠪᠣᠯᠬᠤᠷ ᠨᠢ ᠴᠡᠪᠡᠷᠯᠡᠭᠰᠡᠨ ᠮᠠᠯ ᠤᠨ ᠬᠠᠰᠢᠶᠠᠨ ᠳᠤ ᠰᠢᠷᠡᠭᠡ ᠵᠠᠰᠠᠵᠤ ᠰᠢᠭᠦᠰᠦᠨ | ᠳᠠᠶᠢᠯᠠᠯᠭ᠎ᠠ ᠶᠠᠪᠤᠭᠤᠯᠪᠠ᠃ ᠲᠡᠷᠡ ᠤᠳᠠᠭ᠎ᠠ ᠪᠢ ᠶᠡᠭᠡ ᠰᠣᠭᠲᠤᠭᠰᠠᠨ ᠦᠭᠡᠢ ᠴᠦ ᠴᠠᠭᠠᠨ᠎ᠠ ᠠᠴᠠ ᠨᠢᠯᠪᠤᠰᠤ | ᠤᠨᠳᠤᠷᠠᠭᠠᠳ ᠯᠠ ᠪᠠᠶᠢᠪᠠ᠃ ᠣᠬᠢᠯᠠᠵᠤ ᠣᠬᠢᠯᠠᠭᠠᠳ ᠬᠠᠷᠢᠵᠤ ᠢᠷᠡᠪᠡ᠃ ᠨᠠᠶᠢᠷ ᠤᠨ ᠳᠠᠷᠠᠭ᠎ᠠ ᠨᠢ ᠡᠵᠢ ᠴᠦ | ᠮᠠᠨ ᠤ ᠳᠤ ᠢᠷᠡᠭᠰᠡᠨ ᠪᠣᠯᠬᠤᠷ ᠡᠬᠡᠨᠡᠷ ᠮᠢᠨᠢ ᠪᠡᠶ᠎ᠡ ᠨᠢ ᠪᠠᠶᠢᠴᠠᠭᠠᠯᠭᠠᠳ ᠨᠠᠮᠠᠶᠢ** ᠬᠤᠭᠤᠯᠠᠨ ᠭᠡᠷ ᠲᠤ ᠬᠡᠳᠦᠨ | ᠠᠬ᠎ᠠ ᠳᠡᠭᠦᠦ ᠲᠠᠢ ᠪᠠᠨ ᠬᠤᠭᠤᠯᠠᠯᠵᠤ ᠪᠠᠶᠢᠲᠠᠯ᠎ᠠ ᠣᠳᠠᠰᠣ ᠢᠷᠡᠭᠦᠯᠵᠦ᠂ ᠡᠵᠢ ᠴᠢᠨᠢ ᠤᠯᠠᠭᠠᠨ ᠬᠤᠭᠤᠯᠢ ᠶᠢᠨ ᠠᠢ | ︵ᠦᠮᠠᠨ︶ ᠣᠯᠴᠢᠬᠠᠵᠤ ᠪᠣᠯᠣᠯᠲᠠᠢ ᠭᠡᠬᠦ ᠳᠤᠨᠢ ᠳᠣᠲᠤᠷ᠎ᠠ ᠮᠢᠨᠢ ᠵᠢᠮ ᠭᠡᠵᠤ᠂ ᠨᠢᠯᠪᠤᠰᠤ ᠮᠢᠨᠢ ᠮᠠᠯᠠᠰᠬᠢᠵᠤ᠂ | ᠳᠡᠭᠡᠷ᠎ᠡ ᠳᠣᠣᠷ᠎ᠠ ᠬᠢᠰᠬᠢᠯᠡᠭᠰᠡᠭᠡᠷ ᠭᠡᠷ ᠲᠡᠭᠡᠨ ᠪᠤᠴᠠᠨ ᠢᠷᠡᠵᠡᠢ᠃ ᠬᠡᠳᠦᠨ ᠡᠳᠦᠷ ᠤᠨ ᠳᠠᠷᠠᠭ᠎ᠠ | ᠤᠯᠠᠭᠠᠨᠬᠠᠳᠠ ᠶᠢᠨ220 ᠴᠡᠷᠢᠭ ᠤᠨ ᠡᠮᠨᠡᠯᠭᠡ ᠶᠢᠨ ᠬᠤᠷᠢᠨ ᠳᠤ ᠣᠴᠢᠵᠤ᠂ ᠪᠠᠶᠢᠴᠠᠭᠠᠨ ᠲᠣᠳᠤᠯᠤᠭᠠᠳ ᠮᠡᠰᠡ | ᠵᠠᠰᠠᠯ ᠬᠢᠨ᠎ᠡ ᠭᠡᠬᠦ ᠳᠤ ᠵᠥᠪᠰᠢᠶᠡᠷᠡᠬᠦ ᠦᠭᠡᠢ ᠪᠣᠯᠬᠤᠷ ᠬᠢᠮᠢ ᠶᠢᠨ ᠵᠠᠰᠠᠯ᠂ ᠭᠡᠷᠡᠯ ᠤᠨ ᠵᠠᠰᠠᠯ ᠬᠢᠯᠭᠡᠪᠡ᠃ | ᠲᠡᠷᠡ ᠦᠶ᠎ᠡ᠂ ᠨᠠᠮᠤᠷ ᠤᠨ ᠰᠡᠭᠦᠯᠴᠢ᠂ ᠡᠪᠤᠯ ᠤᠨ ᠡᠬᠢᠨ ᠪᠣᠯᠬᠤᠷ ᠡᠮᠴᠢᠯᠡᠭᠡᠨ ᠢᠶᠠᠨ ᠬᠢᠵᠣ ᠪᠠᠷᠠᠪᠠᠯ ᠡᠵᠢ | ᠲᠠᠢ ᠬᠠᠮᠲᠤ ᠥᠢᠷᠡᠬᠢ ᠴᠡᠴᠡᠷᠯᠢᠭ ᠲᠤ ᠲᠣᠭᠤᠷᠢᠬᠤ ᠪᠣᠶᠣ ᠵᠡᠭᠡᠯᠢ ᠳᠤ ᠭᠠᠷᠳᠠᠭ᠃ ᠬᠠᠶᠠ ᠵᠢᠬᠡᠭᠦᠨ ᠵᠢᠪᠠᠷ | ᠦᠯᠢᠶᠡᠬᠦ ᠪᠠᠷ ᠣᠳᠠᠨ ᠤ ᠬᠠᠲᠠᠭᠰᠠᠨ ᠨᠠᠪᠴᠢ᠂ ᠰᠢᠮ᠎ᠡ ᠪᠠᠨ ᠠᠯᠳᠠᠭᠰᠠᠨ ᠡᠪᠡᠰᠦ ᠰᠢᠷᠠᠯᠵᠢ ᠬᠥᠯ ᠳᠣᠣᠷ᠎ᠠ᠂ ᠵᠠᠮ | ᠳᠠᠭᠤ ᠱᠠᠷᠴᠢᠬᠢᠨᠠᠨ ᠬᠡᠶᠢᠰᠦᠯᠳᠦᠬᠦ ᠨᠢ ᠠᠮᠢ ᠨᠠᠰᠤᠨ ᠤ ᠡᠮᠵᠡᠭ ᠢ ᠮᠡᠳᠡᠷᠡᠭᠦᠯᠵᠦ᠂ ᠰᠡᠳᠬᠢᠯ ᠵᠢᠷᠦᠬᠡ ᠶᠢ | ᠦᠢᠮᠡᠷᠡᠭᠦᠯᠵᠤ ᠪᠠᠶᠢᠪᠠ᠃ ᠡᠵᠢ ᠶᠢᠨ ᠡᠪᠡᠳᠴᠢᠨ ᠳᠣᠮᠳᠠ᠂ ᠰᠡᠭᠦᠯᠴᠢ ᠶᠢᠨ ᠬᠤᠭᠤᠴᠠᠭ᠎ᠠ ᠪᠣᠯᠣᠭᠰᠠᠨ ᠪᠣᠯᠬᠤᠷ | ᠡᠩᠬᠢᠵᠤ ᠴᠠᠭ ᠢ ᠪᠠᠷᠠᠬᠤ ᠪᠠᠷ ᠦᠵᠡᠮᠵᠢ ᠲᠠᠢ ᠰᠠᠶᠢᠬᠠᠨ ᠠᠭᠤᠯᠠ ᠣᠰᠣ᠂ ᠰᠦᠮ᠎ᠡ ᠬᠡᠶᠢᠳ ᠢᠶᠠᠷ ᠵᠣᠭᠠᠴᠠᠭᠤᠯᠪᠠᠯ | ᠭᠡᠵᠤ ᠪᠣᠳᠤᠵᠤ ᠪᠠᠶᠢᠭᠰᠠᠨ ᠴᠦ ᠰᠢᠢᠳᠴᠦ ᠴᠢᠳᠠᠭ᠎ᠠ ᠦᠭᠡᠢ ᠯᠠ ᠳ᠋ᠠ᠃ ᠭᠡᠪᠡᠴᠦ ᠡᠷᠡᠭᠦᠯ ᠦᠶ᠎ᠡ ᠳᠤᠨᠢ ᠤᠲᠠᠢ ᠶᠢᠨ | ᠣᠷᠣᠨ ᠢᠶᠠᠷ ᠮᠦᠷᠭᠦᠭᠦᠯᠦᠭᠰᠡᠨ ᠮᠢᠨᠢ ᠵᠢᠭᠠᠬᠠᠨ ᠴᠦ ᠭᠡᠰᠡᠨ ᠵᠣᠪᠠᠭᠤᠷᠢ ᠶᠢ ᠬᠥᠩᠭᠡᠯᠡᠬᠦ ᠶᠤᠮ ᠡ︕ | ᠡᠵᠢ ᠡᠪᠡᠳᠴᠢᠨ ᠣᠯᠣᠭᠰᠠᠨ ᠪᠣᠯᠪᠠᠴᠤ ᠭᠤᠷᠪᠠᠨ ᠵᠢᠯ ᠲᠡᠰᠴᠦ᠂ ᠡᠪᠡᠳᠴᠦ ᠶᠣᠣᠯᠠᠭᠰᠠᠨ ᠦᠭᠡᠢ ᠨᠢ | ᠭᠡᠭᠡᠨ ᠬᠤᠪᠢᠯᠭᠠᠨ ᠡᠷᠢᠵᠦ ᠬᠦᠶᠦᠭᠰᠡᠨ ᠤ ᠦᠦ︖ ᠡᠮ ᠲᠠᠩ ᠤᠤᠭᠤᠭᠰᠠᠨ ᠤ ᠦᠦ︖ ᠮᠠᠨᠢ ᠲᠠᠷᠨᠢ | ᠤᠩᠰᠢᠭᠰᠠᠨ ᠤ ᠦᠦ︖ ᠠᠶᠤᠵᠤ ᠰᠦᠷᠳᠡᠭᠰᠡᠨ ᠦᠭᠡᠢ ᠶᠢᠨ ᠦᠦ ᠪᠣᠣ ᠮᠡᠳᠡ᠂ ᠶᠠᠪᠤᠨ ᠶᠠᠪᠤᠲᠠᠯ᠎ᠠ ᠪᠠᠨ ᠢᠳᠡᠵᠦ | ᠤᠤᠭᠤᠬᠤ ᠨᠢ ᠰᠠᠶᠢᠨ ᠪᠠᠶᠢᠭᠰᠠᠨ ᠶᠤᠮ᠂ ᠡᠵᠢ ᠵᠡᠷᠭᠡᠯᠡᠳᠡᠭᠡ ᠭᠡᠷ ᠤᠨ ᠮᠣᠩᠭᠤᠯ ᠨᠠᠰᠤᠲᠠᠨ ᠤ ᠰᠦᠸᠧᠯᠢᠶ᠋ᠶᠤᠤ | ᠯᠤᠩᠬᠤ᠂ ᠴᠠᠭᠠᠰᠤᠨ ᠬᠠᠶᠢᠷᠴᠠᠭ ᠲᠡᠭᠦᠬᠦ ᠶᠢ ᠦᠵᠡᠭᠡᠳ᠂ᠪᠢ ᠴᠦ ᠭᠡᠰᠡᠨ ᠵᠦᠭᠡᠷ ᠰᠠᠭᠤᠬᠤ ᠪᠠᠷ ᠲᠡᠭᠦᠶ᠎ᠡ ᠭᠡᠵᠢ᠃ | ᠮᠢᠨᠦ ᠴᠠᠯᠢᠩ ᠳᠣᠣᠷ᠎ᠠ᠂ ᠰᠢᠨ᠎ᠡ ᠠᠰᠠᠷ ᠲᠤ ᠨᠡᠭᠦᠭᠡᠳ ᠭᠠᠷ ᠮᠡᠬᠦᠰᠲᠡᠵᠤ ᠪᠠᠶᠢᠭᠰᠠᠨ ᠴᠦ ᠶᠠᠭᠤᠨᠠᠢ ᠬᠠᠶᠠᠭᠳᠠᠮᠠᠯ | ᠡᠳ᠋ ᠳᠡᠭᠦᠯᠭᠡᠬᠦ ᠪᠣᠢ︖ ᠳᠠᠬᠢᠭᠠᠳ ᠬᠡᠯᠡᠪᠡᠯ ᠨᠡᠷ᠎ᠡ ᠲᠦᠷᠦ ᠪᠠᠨ ᠪᠤᠳᠤᠭᠰᠠᠨ ᠥᠴᠦᠬᠡᠨ ᠪᠣᠳᠣᠯ ᠢᠶᠠᠨ ᠴᠦ | ᠨᠢᠭᠤᠮᠠᠷ ᠦᠭᠡᠢ ᠪᠠᠶᠢᠨ᠎ᠠ᠃ ᠬᠥᠦ ᠳᠡᠭᠡᠨ ᠳᠠᠷᠤᠭᠠᠰᠤ ᠪᠣᠯᠬᠤ ᠦᠭᠡᠢ᠂ ᠬᠦᠳᠡᠯᠵᠣ ᠪᠠᠷᠢᠵᠤ ᠪᠠᠶᠢᠶ᠎ᠠ ᠭᠡᠰᠡᠨ | ᠠᠭᠤᠤ ᠶᠡᠭᠡ ᠬᠠᠶᠢᠷ᠎ᠠ ᠶᠢᠨ ᠡᠮᠦᠨ᠎ᠡ ᠲᠠᠳᠠᠭᠠᠯᠵᠠᠭᠰᠠᠨ ᠮᠢᠨᠢ ᠪᠣᠷᠤᠭᠤ ᠪᠠᠶᠢᠵᠡᠢ︕ | ᠭᠡᠨᠡᠳᠲᠡ ᠪᠠᠶᠢᠭᠠᠳ ᠡᠵᠢ ᠠᠪᠤ ᠮᠢᠨᠢ ᠬᠥᠳᠡᠭᠡ ᠶᠠᠪᠤᠬᠤ ᠪᠠᠷ ᠰᠢᠭᠤᠳᠴᠢᠬᠠᠪᠠ᠃ ᠪᠢᠳᠡ ᠠᠬ᠎ᠠ ᠳᠡᠭᠦᠦ | ᠬᠡᠳᠦᠭᠦᠯᠡ ᠶᠤᠮ ᠴᠢᠨᠢ ᠠᠯᠢ ᠨᠢᠭᠡᠨ ᠤ ᠳᠤᠨᠢ ᠰᠠᠷ᠎ᠠ ᠪᠤᠶᠤ ᠬᠠᠭᠠᠰ ᠰᠠᠷ᠎ᠠ ᠡᠭᠡᠯᠵᠢᠯᠡᠨ ᠰᠡᠯᠭᠦᠭᠡᠳ ᠰᠠᠭᠤᠪᠠᠯ | ᠥᠢᠳᠬᠤ ᠦᠭᠡᠢ ᠪᠠᠶᠢᠯᠭᠦᠢ ᠭᠡᠵᠤ ᠪᠤᠳᠤᠭᠠᠳ ᠶᠠᠪᠤᠭᠤᠯᠴᠢᠬᠠᠪᠠ᠃ ᠭᠡᠪᠡᠴᠦ ᠲᠡᠷᠡ ᠦᠶ᠎ᠡ ᠳᠤ ︽ᠲᠠ ᠬᠤᠶᠠᠷ | ᠨᠠᠰᠤ ᠠᠭᠰᠢᠷᠠᠴᠢᠬᠠᠯᠠ᠂ ᠪᠦᠷᠢᠮᠦᠰᠦᠨ ᠮᠠᠨ ᠤ ᠳᠤ ᠰᠠᠭᠤᠴᠢᠬ᠎ᠠ ᠭᠡᠵᠤ ᠶᠠᠭᠠᠬᠢᠭᠠᠳ ᠬᠡᠯᠡᠭᠰᠡᠨ ᠦᠭᠡᠢ ᠶᠤᠮ᠂ | ᠬᠡᠷᠪᠡ ᠡᠩᠬᠢᠵᠤ ᠬᠡᠯᠡᠭᠰᠡᠨ ᠪᠣᠯ ᠨᠡᠩ ᠢᠯᠡᠭᠦᠦ ᠰᠡᠳᠬᠢᠯ ᠠᠮᠤᠷᠠᠭᠤᠯᠬᠤ᠂ ᠢᠲᠡᠭᠡᠯ ᠲᠠᠢ ᠠᠮᠢᠳᠤᠷᠠᠭᠤᠯᠬᠤ | ᠪᠠᠶᠢᠭᠰᠠᠨ ᠪᠣᠯ ᠦᠦ︖︕︾ ᠬᠦᠮᠦᠨ ᠥᠪᠡᠷ ᠢ ᠪᠠᠨ ᠮᠡᠷᠭᠡᠨ ᠭᠡᠵᠤ ᠪᠣᠳᠣᠳᠠᠭ ᠴᠦ ᠡᠪᠦᠭᠡᠨ ᠨᠠᠰᠤᠲᠠᠢ | ᠬᠦᠮᠦᠨ ᠢ ᠥᠢᠯᠭᠠᠬᠤ ᠦᠭᠡᠢ᠂ ᠦᠰᠭᠡᠵᠤ ᠲᠦᠷᠦᠭᠦᠯᠦᠭᠰᠡᠨ ᠠᠪᠤ ᠡᠵᠢ ᠪᠠᠨ ᠴᠦ ᠥᠢᠯᠭᠠᠬᠤ ᠦᠭᠡᠢ ᠦᠶ᠎ᠡ | ᠪᠠᠶᠢᠳᠠᠭ ᠰᠠᠨᠵᠠᠢ᠃ ᠡᠶᠢᠮᠦ ᠭᠡᠮᠰᠢᠯ ᠢ ᠨᠦᠬᠦᠬᠦ ᠶᠢᠨ ᠠᠷᠭ᠎ᠠ ᠦᠭᠡᠢ᠂ ᠵᠥᠪᠬᠡᠨ ᠪᠣᠷᠬᠠᠨ ᠳᠤ ᠨᠠᠮᠠᠨᠴᠢᠯᠠᠵᠤ᠂ | ᠠᠭᠤᠯᠠ ᠣᠰᠣᠨ ᠤ ᠨᠠᠪᠳᠠᠭ ᠰᠠᠪᠳᠠᠭ ᠲᠤ ᠵᠠᠯᠪᠢᠷᠠᠨ᠂ ᠠᠷᠢᠭᠤᠨ ᠰᠦᠨᠡᠰᠦ ᠶᠢ ᠨᠢ ᠠᠮᠤᠷᠵᠢᠭᠤᠯᠤᠨ᠂ ᠳᠡᠭᠡᠳᠦ | ᠲᠦᠷᠦᠯ ᠳᠤ ᠠᠮᠢᠯᠠᠬᠤ ᠶᠢ ᠳᠠᠭᠠᠳᠬᠠᠬᠤ ᠯᠠ ᠦᠯᠡᠳᠡᠳᠡᠭ ᠶᠤᠮ᠃ ︵ᠰᠡᠭᠦᠯᠡᠷ ᠨᠢ ᠡᠵᠢ ᠮᠠᠨ ᠤ ᠳᠤ ᠢᠷᠡᠵᠦ᠂ | ᠠᠪᠤ ᠴᠦ ᠪᠤᠷᠬᠠᠨ ᠪᠣᠯᠲᠠᠯ᠎ᠠ ᠪᠠᠨ ᠯᠠ ᠬᠠᠮᠲᠤ ᠪᠠᠶᠢᠭᠰᠠᠨ ᠳ᠋ᠠ︶ | ᠡᠵᠢ ᠶᠢᠨ ᠲᠣᠬᠠᠢ ᠬᠡᠴᠦᠨᠠᠨ ᠳᠠᠭᠤᠤ ᠲᠦᠷᠦᠯ᠎ᠡ᠂ ᠡᠵᠢ ᠶᠢᠨ ᠠᠴᠢ ᠶᠢ ᠦᠤᠷ ᠰᠦᠨᠢ ᠶᠢᠨ | ᠰᠢᠭᠦᠳᠡᠷᠢ ᠶᠢᠨ ᠣᠰᠣ ᠪᠠᠷ ᠴᠠᠢ ᠴᠢᠨᠠᠨ ᠣᠣᠭᠤᠯᠭᠠᠯᠠ ᠴᠦ ᠪᠠᠭᠠᠳᠠᠨ᠎ᠠ ᠭᠡᠳᠡᠭ᠃ ᠭᠡᠲᠡᠯ᠎ᠡ ᠳᠠᠭᠤᠤ ᠪᠣᠯ ᠳᠠᠭᠤᠤ᠂ | ᠰᠠᠴᠠᠯᠠᠯ ᠪᠣᠯ ᠰᠡᠴᠡᠯᠡᠯ᠃ ᠮᠢᠨᠦ ᠯᠠ ᠮᠡᠳᠡᠬᠦ ᠪᠠᠷ ᠤᠯᠠᠩᠬᠢ ᠠᠪᠤ ᠡᠵᠢ ᠶᠢᠨ ᠬᠦᠰᠡᠯ ᠡᠭᠡᠯ ᠶᠡᠷᠦᠮᠳᠡᠭ ᠪᠠᠶᠢᠳᠠᠭ᠃ | ᠲᠡᠳᠡᠨ ᠤ ᠬᠠᠶᠢᠷ᠎ᠠ ᠬᠡᠴᠤᠨᠠᠨ ᠠᠭᠤᠤ ᠶᠡᠭᠡ᠂ ᠭᠦᠨ ᠪᠠᠶᠢᠭᠰᠠᠨ ᠴᠦ ᠬᠦᠰᠡᠯ ᠮᠦᠷᠦᠭᠡᠳᠣᠯ ᠨᠢ ᠪᠣᠯ ᠵᠢᠪ ᠵᠢᠭᠠᠬᠠᠨ | ᠰᠢᠦ︕ ᠦᠤᠷ ᠰᠦᠨᠢ ᠳᠡᠭᠡᠨ ᠨᠥᠮᠦᠭᠡᠨ ᠰᠠᠭᠤᠭᠠᠳ ᠦᠷ᠎ᠡ ᠪᠠᠨ ᠮᠥᠮᠦᠭᠦᠯᠬᠦ ᠦᠶ᠎ᠡ ᠳᠤ᠂ᠦᠯᠦᠭᠡᠢ ᠶᠢᠨ ᠳᠠᠭᠤᠤ | ᠠᠶᠠᠯᠬᠤᠦᠶᠡ ᠳᠤ᠂ ᠡᠪᠦᠳᠦᠭ ᠨᠢ ᠰᠢᠯᠪᠤᠷᠠᠬᠤ ᠳᠤ ᠣᠣᠯᠠᠭ ᠠᠯᠳᠠᠨ ᠦᠯᠢᠶᠡᠵᠦ ᠲᠠᠷᠢᠮᠳᠠᠬᠤ ᠦᠶ᠎ᠡ ᠳᠤ᠂ | ᠦᠨᠢᠶ᠎ᠡ ᠲᠣᠭᠤᠯ ᠨᠡᠶᠢᠯᠬᠦ ᠪᠠᠷ ᠨᠢᠷᠤᠭᠤᠨ ᠳᠠᠭᠠᠨ ᠡᠭᠦᠷᠦᠭᠡᠳ ᠪᠦᠲᠦᠴᠢᠨ ᠬᠠᠯᠳᠦᠴᠢᠨ ᠭᠦᠶᠦᠬᠦ ᠦᠶ᠎ᠡ ᠳᠤ ᠴᠦ | ᠬᠠᠶᠢᠷ᠎ᠠ ᠨᠢ ᠣᠨᠳᠣᠷᠴᠤ ᠪᠠᠶᠢᠳᠠᠭ ᠶᠤᠮ ᠡ︕ ᠦᠷ᠎ᠡ ᠶᠢᠨ ᠢᠶᠠᠨ ᠰᠠᠶᠢᠨ ᠢ ᠦᠵᠡᠬᠦ ᠦᠶ᠎ᠡ ᠳᠤ᠂ ᠵᠢᠯ ᠴᠠᠭᠠᠨ | ᠰᠠᠷ᠎ᠠ ᠠᠭᠤᠯᠵᠠᠯᠳᠤᠬᠤ ᠦᠶ᠎ᠡ ᠳᠤ᠂ ᠤᠶᠢᠷᠬᠠᠨ ᠯᠠ ᠠᠮᠢᠳᠤᠷᠠᠵᠤ ᠪᠠᠶᠢᠬᠤ ᠦᠶ᠎ᠡ ᠳᠤ ᠲᠡᠳᠡᠨ ᠤ ᠬᠦᠰᠡᠯ ᠨᠢ | ᠳᠦᠭᠦᠷᠴᠢᠬᠡᠳᠡᠭ ᠶᠤᠮ ᠪᠠᠶᠢᠨ᠎ᠠ᠃ | | | | ᠭᠠᠯ ᠳᠠᠬᠢᠯᠭ᠎ᠠ — ᠰᠢᠨ᠎ᠡ ᠶᠢᠨ ᠬᠤᠶᠠᠷ | | |