ᠲᠤᠩᠭᠠᠯᠠᠭ ᠨᠦᠭᠦᠷ ᠤᠨ ᠤᠶᠢᠯᠡ ᠶᠠᠪᠤᠳᠠᠯ ᠢ ᠳᠡᠮᠳᠡᠭᠯᠡᠪᠡ | | | ᠡᠭᠡᠯ ᠵᠢᠷ ᠤᠨ ᠭᠦᠮᠦᠨ ᠤ ᠡᠷᠭᠢᠮ ᠳᠡᠭᠡᠲᠦ ᠤᠶᠢᠯᠡ ᠠᠵᠢᠯᠯᠠᠭ᠎ᠠ | | — ᠲᠦᠴᠢᠨ ᠲᠦᠷᠪᠡᠨ ᠵᠢᠯ ᠤᠨ ᠡᠬᠡ ᠪᠠᠷᠢᠭᠴᠢ ᠪᠤᠶᠤ ᠡᠮᠴᠢᠯᠡᠵᠦ | ᠶᠠᠪᠤᠭ᠎ᠠ ᠲᠤᠩᠭᠠᠯᠠᠭ ᠨᠦᠬᠦᠷ ᠤᠨ ᠵᠢᠱᠢᠶᠡᠴᠢ ᠤᠶᠢᠯᠡ ᠠᠵᠢᠯᠯᠠᠭ᠎ᠠ ᠠᠴᠠ | | ᠮᠧᠳᠡᠭ | | | ᠦᠨᠢᠷ ᠪᠠᠶᠠᠯᠢᠭ ᠬᠡᠰᠢᠭᠲᠡᠨ ᠨᠤᠲᠤᠭ ᠤᠨ ᠪᠠᠶᠠᠨᠴᠠᠭᠠᠨ ᠰᠤᠮᠤ ᠶᠢᠨ ᠤᠤᠳᠤᠬᠤᠢ ᠭᠠᠴᠠᠭ᠎ᠠ ᠪᠠᠷ ᠨᠤᠲᠤᠭ | ᠲᠠᠢ ᠨᠢᠭᠡᠨ ︽ᠴᠠᠭᠠᠨ ᠬᠤᠪᠴᠠᠰᠦᠲᠦ ᠳᠡᠭᠷᠢ ᠶᠢᠨ ᠡᠯᠴᠢ︾ ᠪᠤᠢ᠂ ᠳᠡᠭᠦᠨ ᠤ ᠵᠢᠰᠦ ᠨᠢ ᠲᠤᠩᠭᠠᠯᠠᠭ᠂ ᠰᠡᠳᠭᠢᠯ | ᠨᠢ ᠲᠤᠩᠭᠠᠯᠠᠭ᠂ ᠤᠬᠠᠭᠠᠨ ᠨᠢ ᠲᠤᠩᠭᠠᠯᠠᠭ᠂ ᠳᠡᠭᠡᠲᠦᠰ ᠠᠴᠠ ᠬᠠᠶᠢᠷᠠᠯᠠᠭᠰᠠᠨ ᠠᠯᠳᠠᠷ ᠨᠢ ᠴᠦ ᠲᠤᠩᠭᠠᠯᠠᠭ᠂ | ᠴᠡᠪᠡᠷ ᠴᠡᠮᠴᠡᠬᠡᠷ ᠮᠤᠩᠭᠤᠯ ᠪᠦᠰᠡᠭᠦᠢ᠃ ᠲᠤᠩᠭᠠᠯᠠᠭ ᠬᠠᠷᠠᠬᠠᠨ ᠪᠠᠭ᠎ᠠ ᠠᠴᠠ ᠪᠠᠨ ᠵᠠᠩ ᠠᠭᠠᠯᠢ ᠯᠠᠪᠳᠠᠭᠤᠨ | ᠲᠦᠪᠯᠡᠭᠦᠨ᠂ ᠳᠠᠷᠤᠤ ᠬᠢᠴᠢᠶᠡᠩᠭᠦᠢ ᠪᠠᠶᠢᠳᠠᠭ ᠢᠶᠠᠷ ᠢᠶᠠᠨ ᠲᠦᠮᠡᠨ ᠠᠷᠠᠳ ᠤᠨ ᠬᠠᠶᠢᠷ᠎ᠠ ᠶᠢ ᠳᠠᠳᠠᠭᠰᠠᠨ ︽ᠨᠤᠲᠤᠭ | ᠤᠨ ᠲᠤᠩᠭᠠᠯᠠᠭ ᠴᠡᠴᠡᠭ︾ ᠪᠠᠶᠢᠯ᠎ᠠ᠃ ᠬᠡᠲᠦᠶᠢᠪᠡᠷ ᠵᠢᠷᠠ ᠶᠢᠨ ᠳᠠᠪᠠᠭ᠎ᠠ ᠶᠢ ᠳᠠᠪᠠᠵᠦ ᠵᠠᠵᠢᠨ ᠦᠰᠦ ᠳᠤᠨᠢ | ᠮᠦᠩᠭᠦᠨ ᠬᠢᠷᠠᠭᠤ ᠪᠠᠭᠤᠵᠦ ᠡᠭᠢᠯᠡᠭᠰᠡᠨ ᠴᠦ ᠮᠦᠨ ᠴᠦ ᠵᠠᠯᠠᠭᠤᠮᠰᠤᠭ ᠦᠩᠭᠡ ᠲᠦᠷᠬᠦ ᠪᠠᠨ ᠬᠠᠳᠠᠭᠠᠯᠠᠵᠦ᠂ | ᠲᠤᠬᠠᠶᠢᠯᠠᠭᠰᠠᠨ ᠠᠵᠢᠯ ᠳᠠᠭᠠᠨ ᠴᠡᠪᠡᠷ ᠲᠤᠩᠭᠠᠯᠠᠭ ᠰᠡᠳᠭᠢᠯ ᠢᠶᠠᠷ ᠴᠢᠷᠮᠡᠶᠢᠵᠦ ᠠᠵᠢᠯᠯᠠᠵᠦ ᠡᠮᠴᠢᠯᠡᠭᠰᠡᠭᠡᠷ ᠡ ᠁ | | ᠲᠤᠩᠭᠠᠯᠠᠭ 1959 ᠤᠨ ᠤ 10 ᠰᠠᠷ᠎ᠠ ᠶᠢᠨ 22 ᠤ ᠡᠲᠦᠷ ᠤᠤᠳᠤᠬᠤᠢ ᠭᠠᠴᠠᠭᠠᠨ ᠤ ᠤᠤᠭᠠᠯ | ᠴᠤᠭᠳᠡᠯᠭᠡᠷ ᠨᠤᠮᠢᠩᠬᠤᠸᠠᠷ ᠤᠨ ᠬᠡᠤᠭᠡᠳ ᠤᠨ ᠬᠢᠨᠢ ᠬᠤᠶᠠᠲᠤᠭᠠᠷ ᠬᠡᠤᠭᠡᠨ ᠪᠤᠯᠵᠦ ᠵᠠᠶᠠᠭᠠᠭᠰᠠᠨ ᠪᠢᠯᠡ᠃ | ᠲᠤᠩᠭᠠᠯᠠᠭ ᠨᠦᠭᠦᠷ ᠬᠠᠷᠬᠠᠨ ᠪᠠᠭ᠎ᠠ ᠠᠴᠠ ᠪᠠᠨ ᠰᠤᠷᠴᠦ ᠮᠡᠳᠡᠬᠦ ᠲᠤᠷᠠᠲᠠᠢ ᠪᠠᠭ᠋ᠠᠲᠠᠢ ᠪᠠᠶᠢᠳᠠᠭ ᠪᠦᠭᠡᠳ | ᠳᠡᠷᠡᠬᠦ ᠠᠯᠤᠰ ᠬᠡᠲᠦ ᠶᠢᠨ ᠬᠠᠷᠠᠴᠠ ᠳᠠᠭᠠᠨ ᠬᠦᠲᠦᠯᠦᠭᠲᠡᠨ ᠰᠤᠷᠭᠠᠭᠤᠯᠢ ᠳᠤ ᠪᠠᠶᠢᠬᠤ ᠳᠠᠭᠠᠨ ᠤᠨᠴᠠ | ᠰᠤᠷᠤᠯᠭᠠᠳᠠᠨ ᠤ ᠦᠷ᠎ᠡ ᠪᠦᠲᠦᠮᠵᠢ ᠪᠠᠷ ᠪᠠᠭᠰᠢ ᠨᠠᠷ ᠤᠨ ᠢᠶᠠᠨ ᠬᠠᠶᠢᠷ᠎ᠠ ᠬᠠᠮᠲᠦ ᠨᠦᠭᠦᠳ ᠤᠨ ᠢᠶᠠᠨ ᠬᠦᠷᠢᠶᠡᠯᠡᠯ ᠢ | ᠤᠯᠤᠭᠰᠠᠭᠠᠷ ᠪᠠᠶᠢᠵᠠᠢ᠃ ᠬᠡᠪᠡᠴᠦ ᠡᠷᠢᠶᠡᠨ ᠪᠠᠷᠠᠭᠠᠨ ᠬᠤᠷᠸ᠎ᠠ ᠶᠢᠨ ᠦᠩᠭᠡ ᠪᠠᠷ ᠠᠪᠤ ᠡᠵᠢ ᠨᠢ ᠡᠷᠳᠡ ᠨᠠᠰᠦ | ᠪᠠᠷᠠᠵᠦ ᠡᠷᠦᠭᠡ ᠭᠡᠷ ᠲᠤᠨᠢ ᠬᠦᠳᠡᠯᠮᠦᠷᠢ ᠬᠦᠴᠦ ᠦᠬᠡᠢ ᠠᠴᠠ ︽ᠰᠠᠨᠠᠭ᠎ᠠ ᠵᠢᠶᠠᠭ᠎ᠠ ᠨᠡᠶᠢᠴᠡᠬᠦ ᠦᠬᠡᠢ ᠰᠠᠬᠠᠯ | ᠬᠦᠮᠦᠰᠬᠡ ᠨᠡᠶᠢᠯᠡᠬᠦ ᠦᠬᠡᠢ︾ ᠭᠡᠳᠡᠭ ᠨᠢ ᠪᠤᠯᠵᠦ᠂ ᠮᠠᠯᠴᠢᠨ ᠪᠤᠯᠬᠤ ᠵᠠᠮ ᠢ ᠡᠯᠭᠦᠭᠰᠡᠨ ᠪᠢᠯᠡ᠃ ᠲᠡᠷᠡ ᠵᠢᠯ ᠨᠢ | ᠪᠠᠶᠠᠨᠴᠠᠭᠠᠨ ᠬᠦᠩᠱᠧ ᠶᠢᠨ ︽5·7︾ ᠳᠤᠮᠳᠠᠲᠦ ᠰᠤᠷᠭᠠᠭᠤᠯᠢ ᠳᠤ ᠳᠠᠪᠰᠢᠨ ᠰᠤᠷᠤᠯᠴᠠᠬᠤ ᠪᠠᠷ ᠶᠠᠪᠤᠭ᠎ᠠ | ᠬᠠᠮᠲᠦ ᠨᠦᠭᠦᠳ ᠨᠢ ᠲᠦᠷᠪᠡᠨ ᠮᠤᠷᠢ ᠬᠦᠯᠦᠭᠰᠡᠨ ᠳᠡᠷᠭᠡᠨ ᠳᠤ ᠰᠠᠭᠤᠯᠴᠠᠨ ᠶᠠᠪᠤᠭ᠎ᠠ ᠪᠠᠶᠠᠷ ᠪᠠᠶᠠᠰᠦᠯ ᠢ ᠬᠠᠷᠠᠭᠠᠳ | ᠨᠢᠲᠦ ᠲᠦᠭᠦᠷᠡᠩ ᠨᠢᠯᠪᠦᠰᠦ ᠴᠡᠭᠡᠵᠢ ᠲᠦᠭᠦᠷᠡᠩ ᠤᠶᠠᠷᠠᠯ ᠲᠠᠢ ᠬᠤᠴᠤᠷᠤᠭᠰᠠᠨ ᠭᠡᠳᠡᠭ ᠢᠶᠠᠨ ᠤᠲᠤ ᠪᠤᠯᠲᠠᠯ᠎ᠠ | ᠲᠤᠲᠤ ᠴᠡᠭᠡᠵᠢᠯᠡᠭᠰᠡᠭᠡᠷ ᠭᠡᠳᠡᠭ᠃ ᠲᠦᠴᠢᠨ ᠵᠢᠯ ᠡᠮᠴᠢ ᠶᠢᠨ ᠠᠵᠢᠯ ᠢ ᠭᠡᠨ ᠠᠴᠠ ᠴᠦ ᠳᠤᠳᠠᠭᠤ ᠦᠬᠡᠢ ᠬᠢᠭᠰᠡᠨ | ᠴᠦ ᠠᠵᠢᠯᠲᠠᠨ ᠤ ᠤᠷᠤᠨ ᠲᠤᠭᠠᠨ ᠤ ᠬᠤᠪᠢᠶᠠᠷᠢᠯᠠᠯᠳᠠ ᠦᠯᠦ ᠨᠤᠭᠤᠭᠳᠠᠭᠰᠠᠨ ᠴᠦ ᠠᠵᠢᠯ ᠤᠶᠢᠯᠡᠰ ᠲᠡᠭᠡᠨ | ᠬᠢᠯᠠᠷᠠᠭᠤᠯᠵᠦ ᠶᠠᠪᠤᠭ᠎ᠠ ᠨᠢ ᠲᠤᠬᠠᠢ ᠶᠢᠨ ᠦᠶ᠎ᠡ ᠶᠢᠨ ᠠᠯᠢ ᠨᠢᠭᠡᠨ ᠬᠠᠮᠲᠦ ᠠᠵᠢᠯᠯᠠᠭᠰᠠᠳ ᠠᠴᠠ ᠪᠠᠨ ᠬᠤᠴᠤᠷᠠᠭᠠ | ᠦᠬᠡᠢ ᠨᠢ ᠮᠡᠳᠡᠭᠡᠵᠢ᠃ | ᠲᠤᠩᠭᠠᠯᠠᠭ ᠨᠦᠭᠦᠷ 1975 ᠤᠨ ᠳᠤ ᠤᠤᠳᠤᠬᠤᠢ ᠭᠠᠴᠠᠭᠠᠨ ᠤ ᠬᠦᠯ ᠨᠢᠴᠦᠭᠦᠨ ᠡᠮᠴᠢ ᠶᠢᠨ ᠠᠵᠢᠯ ᠤᠨ | ᠪᠠᠶᠢᠷᠢ ᠠᠪᠴᠦ᠂ ᠪᠠᠶᠠᠨᠴᠠᠭᠠᠨ ᠨᠢᠭᠡᠲᠦᠯ ᠤᠨ ᠡᠮᠨᠡᠯᠭᠡ ᠶᠢᠨ ᠬᠤᠷᠢᠶᠠᠨ ᠳᠤ ᠬᠦᠷᠴᠦ ᠰᠤᠷᠤᠯᠴᠠᠵᠦ᠂ ᠠᠩᠬᠠᠨ ᠤ | ᠵᠠᠮ ᠢᠶᠠᠨ ᠡᠯᠭᠦᠵᠠᠢ᠃ ᠬᠠᠲᠠᠭᠤᠵᠢᠯᠲᠠᠢ ᠴᠢᠷᠮᠡᠶᠢᠯᠭ᠎ᠠ ᠨᠢ ᠳᠡᠭᠦᠨ ᠤ ᠪᠠᠷᠢᠮᠲᠠᠯᠠᠯ᠃ ᠲᠡᠷᠡ ᠪᠠᠭᠰᠢ ᠶᠢᠨ ᠬᠢᠴᠢᠶᠡᠯ ᠢ | ᠨᠠᠷᠢᠨ ᠬᠢᠨᠠᠮᠠᠭᠠᠢ ᠰᠤᠨᠤᠰᠴᠦ ᠰᠤᠷᠤᠯᠴᠠᠨ ᠳᠡᠮᠳᠡᠭᠯᠡᠯ ᠬᠢᠵᠦ ᠬᠡᠷᠪᠡ ᠬᠦᠴᠢᠷ ᠪᠠᠶᠢᠪᠠᠯ ᠤᠷᠤᠢ ᠨᠢ ᠤᠯᠠᠭᠠᠨᠴᠡᠴᠡᠭ | ᠪᠠᠭᠰᠢ ᠪᠠᠷ ᠤᠩᠰᠢᠯᠭ᠎ᠠ ᠪᠢᠴᠢᠯᠭᠡ ᠵᠡᠷᠭᠡ ᠶᠢ ᠵᠢᠭᠠᠯᠭᠠᠨ ᠠᠪᠳᠠᠭ᠃ ᠳᠡᠭᠦᠨ ᠤ ᠡᠮᠨᠡᠯᠭᠡ ᠶᠢᠨ ᠲᠤᠬᠠᠢ ᠪᠠᠭᠰᠢ ᠨᠢ | ᠬᠡᠭᠦᠯᠡ ᠸᠠᠸᠠ᠂ ᠡᠷᠳᠡᠨᠢᠪᠠᠶᠠᠷ ᠮᠠᠨᠠᠢ ᠪᠠᠶᠢᠵᠦ᠂ ᠰᠤᠶᠤᠯ ᠤᠨ ᠬᠠᠪᠰᠤᠷᠤᠨ ᠵᠢᠯᠤᠭᠤᠲᠤᠭᠴᠢ ᠨᠢ ᠤᠯᠠᠭᠠᠨᠴᠡᠴᠡᠭ | ᠪᠠᠭᠰᠢ ᠪᠠᠶᠢᠪᠠ᠃ ᠬᠠᠳᠠᠭᠤᠵᠢᠯᠲᠠᠢ ᠴᠡᠷᠮᠡᠶᠢᠯᠭᠠ ᠨᠢ ᠳᠡᠭᠦᠨ ᠢ ᠭᠤᠮᠤᠳᠠᠭᠠᠭᠰᠠᠨ ᠦᠬᠡᠢ᠂ ᠤᠬᠤᠷᠬᠠᠨ | ᠬᠤᠭᠤᠴᠠᠭᠠᠨ ᠤ ᠲᠤᠲᠤᠷ᠎ᠠ ᠮᠠᠰᠢ ᠤᠯᠠᠨ ᠮᠡᠳᠡᠯᠭᠡ ᠶᠢ ᠰᠤᠷᠴᠦ ᠡᠵᠡᠮᠰᠢᠨ᠂ ᠤᠶᠢᠯᠲᠦᠯᠭᠡᠵᠢᠭᠦᠯᠵᠦ ᠵᠤᠷᠢᠭᠲᠠᠢ ᠪᠠᠷ | ᠭᠠᠴᠠᠭᠠᠨ ᠳᠠᠭᠠᠨ ᠪᠤᠴᠠᠵᠦ ᠡᠮᠴᠢᠯᠡᠬᠦ ᠠᠵᠢᠯ ᠢᠶᠠᠨ ᠡᠭᠢᠯᠡᠭᠦᠯᠦᠭᠰᠡᠨ ᠪᠠᠶᠢᠨ᠎ᠠ᠃ ᠲᠡᠷᠡ ᠠᠵᠢᠯᠯᠠᠬᠤ ᠳᠤᠮᠳᠠ ᠪᠠᠨ | ᠠᠬᠠᠮᠠᠳ ᠡᠮᠴᠢ ᠪᠢᠯᠢᠭᠦᠨ᠂ ᠶᠢᠨ ᠱᠠᠨ ᠭᠤᠸᠠᠢ ᠠᠴᠠ ᠲᠠᠭᠠᠨ ᠰᠤᠷᠤᠯᠴᠠᠵᠦ᠂ ᠡᠮᠴᠢᠯᠡᠬᠦ ᠳᠤᠮᠳᠠ ᠪᠠᠨ ᠪᠠᠶᠠᠯᠢᠭ | ᠲᠤᠷᠰᠢᠯᠭ᠎ᠠ ᠬᠤᠷᠠᠮᠲᠤᠭᠤᠯᠵᠦ᠂ ᠮᠡᠳᠡᠯᠭᠡ ᠮᠡᠳᠡᠴᠡ ᠪᠠᠨ ᠳᠡᠭᠡᠭᠰᠢᠯᠡᠭᠦᠯᠵᠦ ᠯᠡ ᠪᠠᠶᠢᠯ᠎ᠠ᠃ | ᠠᠵᠢᠯ ᠤᠨ ᠲᠠᠯ᠎ᠠ ᠪᠠᠷ ᠢᠶᠠᠨ ᠪᠤᠯ ᠬᠡᠵᠢᠶ᠎ᠡ ᠬᠡᠨ ᠳᠠᠭᠤᠳᠠᠭᠰᠠᠨ ᠴᠦ ᠤᠷᠤ ᠲᠤᠤᠷ᠎ᠠ ᠨᠢ ︽ᠵᠠ︾ ᠭᠡᠵᠦ | ᠬᠦᠷᠦᠭᠡᠳ ᠤᠴᠢᠳᠠᠭ᠃ ᠳᠡᠭᠦᠨ ᠤ ᠳᠡᠷᠡᠭᠦ ᠠᠵᠢᠯ ᠳᠠᠭᠠᠨ ᠬᠠᠷᠢᠭᠤᠴᠠᠯᠭ᠎ᠠ ᠲᠠᠢ᠂ ᠬᠠᠳᠠᠭᠤᠵᠢᠯᠲᠠᠢ ᠴᠡᠷᠮᠡᠶᠢᠵᠦ᠂ | ᠳᠡᠪᠴᠢᠶᠡᠷᠢᠲᠠᠢ ᠤᠶᠢᠯᠡᠴᠢᠯᠡᠳᠡᠭ ᠵᠡᠷᠭᠡ ᠪᠠᠶᠢᠳᠠᠯ ᠢ ᠮᠡᠳᠡᠭᠰᠡᠨ ᠤᠲᠤᠷᠢᠲᠤᠯᠭ᠎ᠠ ᠳᠡᠭᠦᠨ ᠳᠤ ᠳᠠᠪᠬᠤᠷ ᠡᠭᠦᠷᠭᠡ | ᠤᠨᠤᠭᠳᠠᠭᠤᠯᠵᠦ᠂ 81 ᠤᠨ ᠳᠤ ᠬᠤᠰᠢᠭᠤᠨ ᠤ ᠡᠭᠡ ᠨᠢᠯᠬᠠᠰ ᠤᠨ ᠦᠷᠳᠡᠭᠡᠨ ᠳᠤ 6 ᠰᠠᠷ᠎ᠠ ᠰᠤᠷᠤᠯᠴᠠᠭᠤᠯᠵᠦ᠂ | ᠤᠷᠢᠳ ᠬᠤᠵᠢᠳ ᠬᠤᠰᠢᠭᠤᠨ ᠤ ᠡᠮᠨᠡᠯᠭᠡ ᠶᠢᠨ ᠬᠤᠷᠢᠶ᠎ᠠ᠂ ᠳᠠᠯᠠᠶᠢᠨᠠᠭᠤᠷ ᠡᠮᠨᠡᠯᠭᠡ ᠶᠢᠨ ᠬᠤᠷᠢᠶ᠎ᠠ ᠳᠤ ᠪᠤᠯᠪᠠᠰᠦᠷᠠᠯ | ᠬᠢᠯᠭᠡᠳᠡᠭ ᠳᠡᠷᠡᠬᠦ ᠤᠯᠳᠠᠬᠤᠶ᠎ᠠ ᠪᠡᠷᠭᠡ ᠰᠤᠷᠤᠯᠴᠠᠵᠦ ᠳᠡᠭᠡᠭᠰᠢᠯᠡᠭᠦᠯᠬᠦ ᠠᠵᠠ ᠲᠤᠭᠢᠶᠠᠯ ᠢ ᠨᠠᠨᠳᠢᠩᠨᠠᠨ ᠠᠳᠬᠤᠵᠦ | ᠪᠠᠶᠢᠪᠠ᠃ | ᠲᠤᠩᠭᠠᠯᠠᠭ ᠨᠦᠭᠦᠷ ᠤᠤᠳᠤᠬᠤᠢ ᠭᠠᠴᠠᠭᠠᠨ ᠳᠠᠭᠠᠨ ︵ᠤᠷᠢᠳ ᠬᠤᠵᠢᠳ︶ ᠬᠤᠷᠢ ᠰᠢᠬᠠᠮ ᠵᠢᠯ ᠢ ᠨᠢᠭᠡ | ᠡᠲᠦᠷ ᠮᠡᠲᠦ ᠵᠢᠳᠭᠦᠵᠦ ᠠᠵᠢᠯᠯᠠᠪᠠ᠃ ᠡᠨᠡᠬᠦ ᠬᠤᠭᠤᠴᠠᠭᠠᠨ ᠳᠠᠭᠠᠨ ᠬᠤᠰᠢᠭᠤ ᠳᠡᠰ ᠤᠨ ︽3 · 8︾ ᠶᠢᠨ | ᠤᠯᠠᠭᠠᠨ ᠲᠤᠭᠴᠢ ᠵᠡᠷᠭᠡ ᠢᠷᠠᠭᠤ ᠠᠯᠳᠠᠷ ᠤᠨ ᠳᠡᠮᠳᠡᠭ ᠢᠶᠠᠷ ᠡᠩᠭᠡᠷ ᠢᠶᠠᠨ ᠮᠢᠯᠢᠶᠠᠯᠭᠠᠵᠦ ᠶᠠᠪᠤᠭᠰᠠᠨ᠃ | ᠳᠡᠷᠡ 1984 — 2001 ᠤᠨ ᠬᠦᠷᠳᠡᠯ᠎ᠡ ᠪᠠᠶᠠᠨᠴᠠᠭᠠᠨ ᠰᠤᠮᠤᠨ ᠤ ᠡᠮᠨᠡᠯᠭᠡ ᠶᠢᠨ ᠬᠤᠷᠢᠶᠠᠨ ᠳᠤ ᠡᠬᠡ | ᠨᠢᠯᠬᠠᠰ ᠤᠨ ᠠᠵᠢᠯ ᠢ ᠬᠢᠬᠦ ᠶᠢᠨ ᠳᠠᠭᠠᠤ ᠰᠠᠩ ᠬᠠᠮᠢᠶᠠᠷᠤᠭᠴᠢ ᠶᠢᠨ ᠠᠵᠢᠯ ᠢ ᠳᠠᠪᠬᠤᠷ ᠬᠠᠷᠢᠭᠤᠴᠠᠵᠦ᠂ 14 ᠵᠢᠯ | ᠢ ᠠᠷᠤ ᠳᠠᠭᠠᠨ ᠡᠪᠬᠢᠭᠰᠡᠨ ᠪᠠᠶᠢᠨ᠎ᠠ᠃ | ᠲᠤᠩᠭᠠᠯᠠᠭ ᠨᠦᠬᠦᠷ ᠶᠠᠮᠠᠷᠴᠦ ᠦᠨᠲᠦᠷ ᠳᠡᠰ ᠤᠨ ᠰᠤᠷᠤᠯᠭ᠎ᠠ ᠶᠢᠨ ᠨᠠᠮᠳᠠᠷ ᠦᠬᠡᠢ᠂ ᠬᠦᠳᠡᠭᠡ ᠲᠤᠰᠬᠤᠨ ᠤ | ᠬᠦᠯ ᠨᠢᠴᠦᠭᠦᠨ ᠡᠮᠴᠢ ᠶᠢᠨ ᠠᠵᠢᠯ ᠤᠨ ᠡᠭᠢᠯᠡᠯᠳᠡ ᠲᠠᠢ ︵ᠤᠲᠤ ᠴᠦ ᠭᠦᠯ ᠨᠢᠴᠦᠭᠦᠨ ᠡᠮᠴᠢ ᠬᠡᠬᠦ ᠤᠤ︶ | ᠬᠦᠯᠦᠰᠦ ᠤᠯᠭᠤᠮᠵᠢ ᠶᠢ ᠦᠯᠦ ᠬᠦᠭᠡᠭᠡᠴᠡᠯᠲᠦᠨ ᠲᠦᠴᠢᠨ ᠲᠦᠷᠪᠡᠨ ᠬᠠᠪᠤᠷ ᠨᠠᠮᠤᠷ ᠢ ᠦᠳᠡᠵᠦᠬᠦᠢ᠃ ᠤᠲᠤ ᠴᠦ | ᠡᠷᠢᠶᠡᠨ ᠬᠤᠳᠠᠨ᠎ᠠ ᠰᠠᠭᠤᠵᠦ ᠳᠤᠮᠳᠠᠲᠦ ᠮᠤᠩᠭᠤᠯ ᠤᠨ ᠬᠦᠮᠦᠨ ᠠᠷᠠᠳ ᠤᠨ ᠡᠷᠡᠭᠦᠯ ᠮᠡᠨᠲᠦ ᠶᠢᠨ ᠲᠦᠯᠦᠭᠡᠨ᠎ᠡ | ᠬᠦᠴᠦᠨ ᠴᠢᠳᠠᠯ ᠢᠶᠠᠨ ᠡᠷᠭᠦᠭᠰᠡᠭᠡᠷ ᠁ ᠬᠡᠲᠦᠶᠢᠪᠡᠷ ᠵᠢᠷᠠ ᠶᠢᠨ ᠳᠠᠪᠠᠭ᠎ᠠ ᠶᠢ ᠳᠠᠪᠠᠭᠰᠠᠨ ᠴᠦ ᠮᠦᠨ ᠯᠡ | ᠡᠪᠡᠳᠴᠢᠲᠡᠨ ᠯᠡ ᠭᠡᠪᠡᠯ ᠬᠦᠯ ᠬᠦᠩᠭᠡᠷᠡᠵᠦ ᠬᠢᠷᠢ ᠪᠠᠷᠤᠭ ᠤᠨ ᠵᠠᠯᠠᠭᠤᠰ ᠲᠤ ᠠᠪᠳᠠᠬᠤ ᠦᠬᠡᠢ ᠠᠵᠢᠯᠯᠠᠭᠰᠠᠭᠠᠷ ᠁ | ᠮᠦᠨᠴᠦ ᠮᠠᠰᠢ ᠤᠯᠠᠨ ᠡᠪᠡᠳᠴᠢᠲᠡᠨ ᠡᠨᠡᠬᠦ ᠬᠦᠯ ᠨᠢᠴᠦᠭᠦᠨ ᠡᠮᠴᠢ ᠶᠢ ᠶᠠᠮᠠᠷ ᠨᠢᠭᠡᠨ ᠨᠡᠷᠡᠲᠦ ᠡᠮᠴᠢ ᠠᠴᠠ ᠲᠤᠤᠷ᠎ᠠ | ᠦᠬᠡᠢ ᠦᠵᠡᠵᠦ ᠰᠢᠲᠦᠨ ᠪᠢᠰᠢᠷᠡᠵᠦ ᠡᠪᠡᠳᠴᠢᠨ ᠢᠶᠠᠨ ᠦᠵᠡᠭᠦᠯᠵᠦ ᠡᠮᠴᠢᠯᠡᠭᠦᠯᠬᠦ ᠬᠦᠮᠦᠰ ᠴᠤᠪᠤᠷᠠᠭᠰᠠᠭᠠᠷ ᠁ | ᠠᠳᠡ ᠲᠤᠩᠭᠠᠯᠠᠭ ᠨᠦᠬᠦᠷ ᠤᠨ 44 ᠵᠢᠯ ᠤᠨ ᠲᠤᠷᠰᠢᠳᠠ ︽ᠴᠠᠭᠠᠨ ᠬᠤᠪᠴᠠᠰᠦ ᠲᠠᠢ ᠳᠡᠭᠷᠢ ᠶᠢᠨ ᠡᠯᠴᠢ︾ | ᠶᠠᠪᠤᠭ᠎ᠠ ᠠᠵᠢᠯ ᠤᠨ ᠳᠤᠮᠳᠠ ᠠᠴᠠ ᠴᠦᠭᠡᠨ ᠬᠡᠲᠦᠨ ᠵᠢᠱᠢᠶ᠎ᠡ ᠲᠤᠷᠠᠲᠤᠰᠤᠭᠠᠢ︕ | ᠨᠢᠭᠡ᠂ ᠰᠠᠷ᠎ᠠ ᠲᠠᠢ ᠰᠦᠨᠢ ᠶᠢᠨ ᠬᠡᠭᠡᠷ᠎ᠡ ᠶᠢᠨ ᠪᠡᠷᠭᠡ ᠬᠦᠩᠭᠡᠵᠢᠯᠳᠡ | ᠤᠲᠤ ᠶᠢᠨ ᠬᠦᠭᠡ ᠰᠢᠯᠢ ᠭᠠᠴᠠᠭᠠᠨ ᠤ ᠶᠢᠨ ᠮᠤᠤ ᠴᠦᠨ ᠤ ᠬᠡᠤᠭᠡᠨ ᠨᠢ ᠪᠡᠷᠭᠡ ᠬᠦᠩᠭᠡᠵᠢᠯᠳᠡ ᠪᠤᠯᠵᠦ ︵ | ᠪᠦᠭᠰᠡ ᠪᠠᠷ ᠢᠶᠠᠨ ᠬᠠᠪᠰᠤᠷᠭᠠᠨ ᠢᠷᠡᠬᠦ︶ ᠵᠠᠯᠯᠠᠭᠠ ᠢᠷᠡᠪᠡ᠃ ᠨᠢᠭᠡ ᠭᠠᠴᠠᠭᠠᠨ ᠤ ᠪᠢᠰᠢ ᠮᠦᠷᠳᠡᠭᠡᠨ ᠦᠭᠡ ᠶᠢ | ᠨᠢ ᠴᠦ ᠳᠡᠶᠢᠮᠦ ᠰᠠᠶᠢᠨ ᠮᠡᠳᠡᠭᠦ ᠦᠬᠡᠢ ᠤᠴᠢᠷ ᠭᠡᠷ ᠤᠨ ᠬᠦᠮᠦᠰ ᠨᠢ ᠴᠦ ᠶᠠᠪᠤᠭᠤᠯᠬᠤ ᠶᠢ ᠲᠦᠪᠡᠭᠰᠢᠶᠡᠵᠦ | ᠪᠠᠶᠢᠭᠰᠠᠨ ᠴᠦ ᠭᠦᠮᠦᠨ ᠤ ᠬᠦᠴᠢᠷ ᠵᠤᠪᠠᠭᠤᠷᠢ ᠶᠢ ᠦᠵᠡᠵᠦ ᠴᠢᠳᠠᠬᠤ ᠪᠦᠭᠡᠳ ᠨᠡᠩ ᠢᠯᠠᠩᠭᠤᠶ᠎ᠠ ᠦᠭᠦᠵᠦ | ᠲᠦᠷᠦᠭᠦ ᠶᠢᠨ ᠲᠤᠬᠠᠢ ᠰᠠᠶᠢᠨ ᠤᠶᠢᠯᠠᠭᠠᠳᠠᠭ ᠠᠴᠠ ᠵᠠᠯᠠᠭᠰᠠᠳ ᠤᠨ ᠭᠡᠷ ᠲᠤᠨᠢ ᠤᠴᠢᠵᠠᠢ᠃ ᠲᠤᠬᠠᠢ ᠶᠢᠨ ᠦᠶᠡᠰ | ᠤᠨ ᠪᠡᠯᠡᠳᠬᠡᠯ ᠲᠦᠭᠦᠭᠡᠷᠦᠮᠵᠢ ᠭᠡᠵᠦ ᠬᠠᠶᠢᠴᠢ᠂ ᠬᠢᠮᠰᠠ᠂ ᠤᠷᠢᠶᠠᠵᠦ ᠤᠶᠤᠬᠤ ᠪᠤᠶᠤ ᠪᠠᠭ᠎ᠠ ᠰᠠᠭ᠎ᠠ ᠬᠠᠳᠬᠤᠬᠤ | ᠡᠮ᠂ ᠬᠠᠪᠰᠤᠷᠤᠭᠴᠢ ᠨᠢ ᠵᠢᠷᠠᠭᠠᠳ ᠨᠠᠰᠦᠨ ᠤ ᠭᠠᠷ ᠳᠡᠮ ᠲᠠᠢ ᠡᠪᠦᠭᠡᠨ ᠶᠠᠮᠠᠷᠴᠦ ᠪᠠᠲᠤᠯᠠᠭ᠎ᠠ ᠦᠬᠡᠢ ᠤᠴᠢᠷ ᠠᠴᠠ | ᠲᠤᠬᠠᠢ ᠦᠶ᠎ᠡ ᠶᠢᠨ ᠪᠠᠶᠠᠩᠭᠤᠤᠯ ᠰᠤᠮᠤᠨ ᠤ ᠡᠮᠨᠡᠯᠭᠡ ᠶᠢᠨ ᠬᠤᠷᠢᠶᠠᠨ ᠳᠤ ᠬᠦᠷᠬᠡᠬᠦ ᠪᠤᠯᠤᠭᠰᠠᠨ ᠠᠴᠠ ᠭᠤᠤᠯ | ᠡᠮᠴᠢ ᠶᠢᠨ ᠬᠠᠷᠢᠭᠤᠴᠠᠯᠭ᠎ᠠ ᠪᠠᠷ ᠲᠷᠠᠺᠲ᠋ᠤᠷ ᠲᠤ ᠰᠠᠭᠤᠯᠴᠠᠵᠦ ᠪᠠᠶᠠᠩᠭᠤᠤᠯ ᠳᠤ ᠬᠦᠷᠬᠦ ᠵᠠᠮ ᠢᠶᠠᠨ ᠡᠯᠭᠦᠵᠠᠢ᠃ ︽ | ᠭᠠᠢ ᠭᠠᠵᠠᠷ ᠲᠤᠤᠷ᠎ᠠ ᠠᠴᠠ︾ ᠬᠡᠳᠡᠭ ᠢᠶᠠᠷ ᠬᠠᠭᠠᠰ ᠵᠠᠮ ᠳᠤ ᠳᠡᠷᠭᠡᠨ ᠳᠤᠨᠢ ᠬᠡᠮᠲᠦᠯ ᠭᠠᠷᠴᠦ ᠬᠡᠨᠡᠳᠳᠡ ᠭᠠᠯ ᠨᠢ | ᠤᠨᠲᠠᠷᠠᠨ ᠳᠠᠰ ᠵᠤᠭᠰᠤᠵᠠᠢ᠃ ᠪᠦᠰᠡᠭᠦᠢ ᠴᠦ ᠰᠢᠷᠦᠭᠦᠯᠵᠦ ᠡᠪᠡᠳᠴᠦ ᠡᠭᠢᠯᠡᠯ᠎ᠡ᠂ ᠤᠲᠤ ᠶᠠᠭᠠᠬᠢᠳᠠᠭ ᠪᠢᠯᠡ᠂ ᠡᠨᠡᠬᠦ | ᠪᠠᠴᠢᠮ ᠦᠶ᠎ᠡ ᠳᠤ ᠡᠭᠡ ᠬᠡᠤᠭᠡᠳ ᠤᠨ ᠲᠦᠯᠦᠭᠡ ᠪᠤᠲᠤᠵᠦ ᠪᠠᠶᠢᠭᠰᠠᠨ ᠠᠴᠠ ᠪᠢᠰᠢ ᠦᠭᠡᠷ᠎ᠡ ᠶᠠᠮᠠᠷ ᠴᠦ ᠰᠡᠳᠭᠢᠯ | ᠪᠠᠶᠢᠭᠰᠠᠨ ᠦᠬᠡᠢ᠃ ᠬᠡᠲᠦᠨ ᠮᠡᠳᠡᠳᠡᠭ ᠬᠢᠲᠠᠳ ᠦᠭᠡ ᠪᠠᠨ ᠪᠦᠬᠦᠳᠡ ᠶᠢ ᠵᠠᠷᠤᠵᠦ᠂ ᠮᠡᠳᠡᠵᠦ ᠡᠵᠡᠮᠰᠢᠭᠰᠡᠨ | ᠮᠡᠷᠭᠡᠵᠢᠯ ᠢᠶᠠᠨ ᠪᠦᠬᠦᠨ ᠢ ᠬᠡᠷᠡᠭᠯᠡᠵᠦ ᠬᠡᠨᠡᠳᠲᠡ ᠮᠡᠳᠡᠭᠦᠯᠡ ᠬᠠᠷᠢᠨ ᠬᠡᠤᠭᠡᠳ ᠢ ᠠᠮᠤᠷ ᠮᠡᠨᠲᠦ ᠲᠤᠰᠴᠢᠬᠠᠭᠰᠠᠨ | ᠪᠠᠶᠢᠯ᠎ᠠ᠃ ᠲᠤᠩᠭᠠᠯᠠᠭ ᠰᠠᠷᠠᠨ ᠤ ᠪᠦᠳᠡᠬᠢ ᠭᠡᠷᠡᠯ ᠵᠢᠴᠢ ᠭᠠᠷ ᠳ᠋ᠧᠩ ᠤᠨ ᠬᠡᠷᠡᠯ ᠢ ᠠᠰᠢᠭᠯᠠᠵᠦ ᠬᠡᠤᠭᠡᠳ ᠤᠨ | ᠭᠦᠢᠰᠦ ᠶᠢ ᠤᠭᠲᠤᠯᠤᠨ ᠪᠤᠭᠤᠵᠦ ᠡᠬᠡ ᠶᠢᠨ ᠬᠢᠨᠢ ᠠᠯᠢᠪᠠ ᠶᠢ ᠴᠡᠪᠡᠷᠯᠡᠵᠦ ᠠᠮᠵᠢᠪᠠ᠃ ᠲᠡᠷᠡ ᠪᠤᠷᠬᠠᠨ ᠳᠡᠭᠷᠢ ᠶᠢᠨ | ᠠᠪᠤᠷᠠᠯ ᠡ ᠭᠡᠵᠦ ᠳᠠᠭᠠᠳᠬᠠᠨ ᠬᠡᠨᠡᠳᠳᠡ ᠮᠡᠳᠡᠭᠦᠯᠡ ᠬᠠᠪᠤᠷ ᠤᠨ ᠭᠦᠢᠲᠡᠨ ᠰᠦᠨᠢ ᠬᠠᠮᠤᠭ ᠪᠡᠶ᠎ᠡ ᠠᠴᠠ ᠨᠢ | ᠬᠦᠯᠦᠰᠦ ᠠᠰᠬᠠᠷᠠᠵᠦ ᠪᠠᠶᠢᠭᠰᠠᠨ ᠢᠶᠠᠨ ᠰᠠᠶ᠋ᠢ ᠠᠵᠢᠶᠠᠷᠠᠪᠠ᠃ ᠡᠨᠡ ᠨᠢ ᠳᠡᠭᠦᠨ ᠤ ᠶᠡᠷᠦ ᠪᠤᠰᠦ ᠶᠢᠨ ᠯᠠᠪᠳᠠᠭᠤᠨ | ᠲᠤᠭᠲᠠᠭᠤᠨ ᠬᠢᠨᠠᠮᠠᠭᠠᠢ ᠪᠠᠶᠢᠳᠠᠭ ᠵᠠᠩ ᠴᠢᠨᠠᠷ ᠠᠴᠠ ᠰᠢᠯᠲᠠᠭᠠᠯᠠᠭᠳᠠᠭᠰᠠᠨ ᠪᠠᠶᠢᠬ᠎ᠠ᠃ ︽ᠲᠡᠷᠡ ᠴᠠᠭ ᠲᠤ ᠪᠦᠰᠡᠭᠦᠢ | ᠪᠢᠳᠡ ᠬᠤᠶᠠᠷ ᠨᠢᠭᠡ ᠴᠤᠭᠴᠠᠰ ᠪᠤᠯᠵᠦ᠂ ᠬᠦᠴᠦ ᠳᠠᠮᠢᠷ᠂ ᠳᠡᠮ ᠳᠡᠮᠨᠡᠯᠭᠡ ᠪᠦᠷᠢᠮᠦᠰᠦᠨ ᠨᠢᠭᠡᠳᠴᠦ ᠴᠢᠳᠠᠭᠰᠠᠨ︾ | ᠳᠤ ᠪᠠᠶᠢᠯ᠎ᠠ ᠭᠡᠵᠦ ᠪᠠᠶᠢᠪᠠ᠃ ᠢᠩᠭᠢᠵᠦ ᠬᠦᠳᠡᠭᠡ ᠭᠠᠳᠠᠭ᠎ᠠ ᠬᠦᠢᠲᠡᠨ ᠰᠦᠨᠢ ᠭᠠᠷᠤᠭᠰᠠᠨ ᠴᠦ ᠶᠠᠮᠠᠷᠴᠦ ᠭᠡᠮ | ᠠᠷᠬᠠᠭ ᠦᠬᠡᠢ ᠡᠷᠡᠭᠦᠯ ᠰᠠᠷᠠᠭᠤᠯ ᠬᠦᠦ ᠤᠲᠤ ᠭᠤᠴᠢ ᠭᠠᠷᠴᠦ ᠬᠡᠤᠭᠡᠳ ᠤᠨ ᠠᠪᠤ ᠪᠤᠯᠴᠢᠬᠠᠭᠰᠠᠨ ᠯᠡ ᠪᠠᠶᠢᠬ᠎ᠠ᠃ | ︽ᠤᠲᠤ ᠪᠤᠲᠤᠪᠠᠯ ᠠᠶᠢᠳᠠᠰᠦ ᠬᠦᠷᠬᠦ ᠶᠤᠮ᠂ ᠬᠤᠶᠠᠷ ᠬᠦᠮᠦᠨ ᠤ ᠠᠮᠢ ᠨᠠᠰᠦ ᠰᠢᠦ︾ ᠬᠡᠳ ᠤᠷᠲᠦ ᠭᠡᠭᠴᠢ | ᠠᠮᠢᠰᠬᠤᠭ᠎ᠠ ᠠᠪᠴᠦ ᠪᠠᠶᠢᠯ᠎ᠠ᠃ | ᠬᠤᠶᠠᠷ᠂ ᠬᠦᠨᠲᠦ ᠬᠡᠴᠡᠭᠦᠦ ᠪᠡᠷᠭᠡ ᠬᠦᠩᠭᠡᠵᠢᠯᠳᠡ | 2004 ᠤᠨ ᠤ ᠦᠶ᠎ᠡ ᠳᠤ ︵ᠪᠠᠶᠠᠨᠴᠠᠭᠠᠨ ᠠᠴᠠ ᠤᠤᠳᠤᠬᠤᠢ ᠳᠤ ᠪᠤᠴᠠᠭᠰᠠᠨ ᠦᠶ᠎ᠡ ᠳᠤ︶ ᠤᠤᠳᠤᠬᠤᠢ | ᠭᠠᠴᠠᠭᠠᠨ ᠤ ᠦᠯᠵᠡᠢ ᠶᠢᠨ ᠬᠦᠦ ᠪᠡᠷᠢ ᠨᠢ ᠪᠡᠷᠬᠡ ᠭᠦᠩᠭᠡᠵᠢᠯᠳᠡ ᠠᠴᠠ ᠶᠡᠭᠡ ᠬᠡᠮᠵᠢᠶᠡᠨ ᠤ ᠴᠢᠰᠦ ᠪᠠᠭᠠᠵᠦ | ᠪᠦᠲᠦᠭᠦᠨ ᠬᠦᠮᠦᠨ ᠤ ᠬᠢᠨᠢ ᠠᠮᠢ ᠴᠦ ᠬᠢᠯᠭᠠᠰᠦᠨ ᠲᠦᠷᠦᠭᠡᠨ ᠳᠡᠭᠡᠷ᠎ᠡ ᠪᠠᠶᠢᠵᠦ᠂ ᠬᠤᠶᠠᠷ ᠶᠠᠰᠦ ᠶᠢ ᠰᠠᠯᠭᠠᠵᠦ | ᠡᠬᠡ ᠶᠢᠨ ᠬᠢᠨᠢ ᠠᠮᠢ ᠨᠠᠰᠦ ᠶᠢ ᠪᠠᠲᠤᠯᠠᠬᠤ ᠶᠢ ᠭᠡᠷ ᠤᠨ ᠬᠢᠨᠢ ᠬᠦᠮᠦᠰ ᠳᠡᠭᠦᠨ ᠳᠤ ᠨᠠᠶᠢᠳᠠᠵᠦ ᠪᠠᠶᠢᠭᠰᠠᠨ | ᠵᠠᠶᠢᠯᠠᠭᠤᠯᠵᠦ ᠪᠤᠯᠤᠰᠢ ᠦᠬᠡᠢ ᠤᠴᠢᠷ ᠪᠦᠭᠡᠳ ᠦᠭᠡᠷ᠎ᠡ ᠶᠠᠮᠠᠷᠴᠦ ᠠᠷᠭ᠎ᠠ ᠠᠪᠴᠠᠯ ᠠᠪᠬᠤ ᠪᠤᠯᠤᠯᠴᠠᠭ᠎ᠠ ᠦᠬᠡᠢ | ᠪᠠᠶᠢᠳᠠᠯ ᠲᠤᠤᠷ᠎ᠠ ᠲᠤᠩᠭᠠᠯᠠᠭ ᠨᠦᠭᠦᠷ ᠶᠡᠷᠦ ᠪᠤᠰᠦ ᠶᠢᠨ ᠯᠠᠪᠳᠠᠭᠤᠨ ᠲᠤᠭᠲᠠᠭᠤᠨ ᠨᠠᠷᠢᠨ ᠬᠢᠨᠠᠮᠠᠭᠠᠢ ᠴᠢᠷᠮᠠᠶᠢᠭᠰᠠᠨ | ᠤ ᠳ᠋ᠦᠩ ᠳᠤ ᠬᠠᠷᠢᠨ ᠰᠠᠨᠠᠭᠰᠠᠨ ᠠᠴᠠ ᠭᠠᠳᠠᠭᠤᠷ ᠡᠭᠡ ᠬᠡᠤᠭᠡᠳ ᠬᠤᠶᠠᠭᠤᠯᠠ ᠶᠢᠨ ᠠᠮᠢ ᠨᠠᠰᠦ ᠶᠢ ᠪᠠᠲᠤᠯᠠᠵᠦ | ᠠᠪᠴᠠᠢ᠃ ᠬᠠᠳᠠᠮ ᠡᠵᠡᠢ ᠨᠢ ᠰᠧᠴᠢᠭᠡ ᠡᠭᠡᠴᠢ ᠨᠢᠯᠪᠤᠰᠦ ᠪᠦᠮᠪᠦᠷᠢᠭᠦᠯᠦᠨ ᠨᠠᠳᠠ ᠳᠤ ᠶᠠᠭᠠᠬᠢᠵᠦ ᠲᠠᠯᠠᠷᠬᠠᠬᠤ ᠪᠠᠨ | ᠤᠯᠬᠤ ᠦᠬᠡᠢ ᠪᠠᠶᠢᠭᠰᠠᠨ ᠪᠢᠯᠡ ᠭᠡᠵᠦ ᠪᠠᠶᠢᠪᠠ᠃ ᠲᠤᠩᠭᠠᠯᠠᠭ ᠨᠦᠬᠦᠷ 19 — 50 ᠨᠠᠰᠦ ᠬᠦᠷᠳᠡᠯ᠎ᠡ ᠡᠭᠡ | ᠪᠠᠷᠢᠭᠴᠢ ᠶᠢᠨ ᠠᠵᠢᠯ ᠢ ᠭᠤᠤᠯᠳᠠᠯᠭ᠎ᠠ ᠪᠤᠯᠭᠠᠨ ᠭᠢᠭᠰᠡᠨ ᠤ ᠬᠢᠨ ᠬᠠᠮᠤᠭ ᠡᠴᠦᠰ ᠤᠨ ᠬᠢᠨᠢ ᠤᠳᠠᠭ᠎ᠠ ᠪᠤᠯᠤᠨ᠎ᠠ | ᠭᠡᠵᠦ ᠶᠠᠭ ᠶᠠᠮᠠᠷ ᠬᠡᠴᠡᠭᠦᠦ ᠠᠵᠢᠯ ᠠᠴᠠ ᠪᠠᠨ ᠠᠮᠠᠷᠠᠭᠰᠠᠨ ᠬᠡᠮᠡᠷ ᠤᠷᠲᠦᠬᠠᠨ ᠠᠮᠢᠰᠬᠤᠵᠦ ᠪᠠᠶᠢᠪᠠ᠃ ᠢᠩᠭᠢᠭᠡᠳ | ᠯᠡ ᠡᠭᠡ ᠪᠠᠷᠢᠭᠴᠢ ᠶᠢᠨ ᠠᠵᠢᠯ ᠢᠶᠠᠨ ᠡᠰᠡᠨ ᠮᠡᠨᠲᠦ ᠰᠡᠭᠦᠯ ᠬᠤᠷᠢᠶᠠᠭᠰᠠᠨ ᠭᠡᠳ ᠪᠠᠶᠠᠷ ᠲᠠᠢ ᠢᠨᠢᠶᠡᠪᠡ᠃ | ᠭᠤᠷᠪᠠ᠂ ᠵᠢᠯ ᠤᠨ ᠰᠡᠭᠦᠯᠴᠢ ᠶᠢᠨ ᠪᠡᠷᠭᠡ ᠬᠦᠩᠭᠡᠵᠢᠯᠳᠡ | ᠵᠢᠯ ᠤᠨ ᠰᠡᠭᠦᠯᠴᠢ ᠬᠤᠷᠢᠨ ᠲᠤᠯᠤᠭᠠᠨ ᠨᠠᠢᠮᠠᠨ ᠳᠤ ᠪᠠᠶᠠᠨᠴᠠᠭᠠᠨ ᠰᠤᠮᠤᠨ ᠤ ᠪᠠᠶᠠᠨᠴᠠᠭᠠᠨ ᠭᠠᠴᠠᠭᠠᠨ ᠤ | ᠰᠠᠷᠠᠠᠭᠡᠷᠡᠯ ᠬᠡᠳᠡᠭ ᠪᠦᠰᠡᠭᠦᠢ ᠪᠡᠷᠭᠡ ᠭᠦᠩᠭᠡᠵᠢᠯᠳᠡ ᠪᠤᠯᠤᠭᠠᠳ ᠮᠦᠨ ᠤᠷᠢᠯᠳᠠ ᠪᠠᠷ ᠳᠡᠮᠦᠷᠡ ᠡᠮᠴᠢ ᠲᠠᠢ | ᠤᠴᠢᠭᠰᠠᠨ᠃ ᠬᠡᠲᠦᠶᠢᠪᠡᠷ ᠪᠡᠶᠡᠳᠡᠵᠦ ᠭᠢᠭᠰᠡᠨ ᠪᠤᠯᠪᠠᠴᠦ᠂ ᠬᠠᠵᠠᠭᠤ ᠳᠤ ᠳᠤᠮᠤ ᠡᠮᠴᠢ ᠪᠠᠶᠢᠬᠤ ᠤᠴᠢᠷ ᠶᠡᠷᠦ | ᠠᠶᠤᠵᠦ ᠰᠠᠨᠲᠤᠷᠤᠭᠰᠠᠨ ᠦᠬᠡᠢ ᠢᠩᠭᠢᠵᠦ ᠡᠬᠡ ᠬᠡᠤᠭᠡᠳ ᠢ ᠬᠦᠩᠭᠡᠵᠢᠭᠦᠯᠵᠦ᠂ ᠪᠢᠳᠡᠭᠦᠨ ᠳᠤ ᠭᠡᠷ ᠲᠡᠭᠡᠨ ᠬᠠᠷᠢᠵᠦ | ᠢᠷᠡᠭᠰᠡᠨ᠂ ᠪᠠᠶᠠᠷ ᠲᠤᠷᠠᠰᠬᠠᠯ ᠪᠢᠳᠡᠭᠦᠨ ᠶᠠᠭᠠᠷᠠᠤ ᠴᠠᠭ ᠶᠤᠯᠠᠵᠦ ᠬᠠᠶᠢᠯᠠᠬᠤ ᠳᠤᠮᠳᠠ ᠦᠩᠭᠡᠷᠡᠭᠰᠡᠨ ᠴᠦ ᠬᠢᠭᠰᠡᠨ | ᠠᠵᠢᠯ ᠨᠢ ᠠᠮᠵᠢᠯᠳᠠ ᠳᠤ ᠬᠦᠷᠦᠭᠰᠡᠨ ᠳᠡᠭᠡᠨ ᠪᠠᠶᠠᠷᠲᠠᠶᠢᠬᠠᠨ ᠰᠢᠨᠡᠯᠡᠭᠰᠡᠨ ᠬᠡᠳᠡᠭ᠃ ᠡᠨᠡ ᠮᠡᠲᠦ ᠪᠠᠶᠠᠷ ᠳᠤᠷᠠᠰᠬᠠᠯ | ᠤᠨ ᠡᠲᠦᠷ ᠰᠦᠨᠢ ᠤᠯᠠᠨ ᠲᠤᠭᠢᠶᠠᠯᠲᠤᠲᠠᠭ᠂ ᠭᠠᠭᠴᠠ ᠪᠡᠷᠭᠡ ᠬᠦᠩᠭᠡᠵᠢᠯᠳᠡ ᠪᠢᠰᠢ ᠯᠡ ᠪᠤᠯ ᠪᠤᠷᠬᠠᠨ ᠳᠡᠭᠷᠢ | ᠢᠪᠡᠭᠡᠭᠰᠡᠨ ᠮᠡᠲᠦ ᠬᠠᠮᠤᠭ ᠤᠨ ᠰᠠᠶᠢᠬᠠᠨ ᠶᠠᠳᠠᠷᠠᠯ ᠭᠡᠳ ᠪᠠᠶᠠᠷᠲᠠᠶᠢᠬᠠᠨ ᠢᠨᠢᠶᠡᠪᠡ᠃ | ᠲᠤᠩᠭᠠᠯᠠᠭ ᠨᠦᠭᠦᠷ ᠭᠡᠴᠢᠨᠡᠨ ᠵᠢᠯ ᠳᠤ ᠨᠢᠭᠡ ᠴᠦ ᠤᠰᠦᠯ ᠠᠳᠡᠯ ᠭᠠᠷᠭᠠᠭᠰᠠᠨ ᠦᠬᠡᠢ᠂ ᠤᠤᠳᠤᠬᠤᠢ᠂ | ᠪᠠᠶᠠᠨᠴᠠᠭᠠᠨ ᠰᠤᠮᠤᠨ ᠤ ᠭᠡᠲᠦᠨ ᠵᠠᠭᠤᠨ ᠬᠡᠤᠭᠡᠳ ᠢ ᠲᠤᠰᠴᠦ ᠭᠦᠢᠰᠦ ᠶᠢ ᠨᠢ ᠤᠭᠲᠤᠯᠵᠦ ᠬᠤᠳᠠ ᠤᠰᠦᠨ | ᠳᠠᠭᠠᠨ ᠰᠠᠶᠢᠨ ᠨᠡᠷ᠎ᠡ ᠰᠠᠶᠢᠬᠠᠨ ᠠᠯᠳᠠᠷ ᠢᠶᠠᠨ ᠳᠠᠭᠤᠷᠢᠰᠦᠭᠤᠯᠵᠦ᠂ ᠬᠠᠶᠠ ᠵᠠᠷᠢᠮᠠᠳ ᠤᠨ ᠭᠤᠷᠪᠠᠨ ᠦᠶ᠎ᠡ ᠶᠢᠨ | ᠬᠢᠨ ᠨᠢ ᠲᠤᠰᠴᠦ᠂ ᠭᠦᠢᠰᠦ ᠶᠢ ᠨᠢ ᠤᠭᠲᠤᠯᠵᠦ ᠪᠠᠶᠢᠭᠰᠠᠨ ᠠᠴᠠ ᠮᠠᠰᠢ ᠤᠯᠠᠨ ᠬᠦᠮᠦᠰ ᠤᠨ ︽ᠭᠦᠢᠰᠦ ᠡᠵᠢ︾ | ᠯᠡ ᠭᠡᠵᠦ ᠲᠤᠲᠤᠨᠤᠴᠢᠯᠠᠨ ᠳᠠᠭᠤᠳᠠᠳᠠᠭ ᠪᠤᠯᠤᠭᠰᠠᠨ ᠪᠠᠶᠢᠨ᠎ᠠ᠃ | ᠲᠦᠷᠪᠡ᠂ ᠪᠠᠰᠠ ᠨᠢᠭᠡ ᠨᠤᠲᠤᠭ ᠤᠨ ᠮᠠᠶ᠋ᠢᠭ ᠤᠨ ᠵᠤᠷᠢᠭᠵᠢᠭᠤᠯᠤᠯ ᠬᠦᠬᠢᠬᠦᠯᠦᠯ | ᠲᠤᠩᠭᠠᠯᠠᠭ ᠨᠦᠭᠦᠷ ᠪᠠᠶᠢᠭᠤᠯᠤᠯᠭ᠎ᠠ ᠨᠢᠭᠡᠴᠢ ᠵᠤᠭᠢᠶᠠᠨ ᠪᠠᠶᠢᠭᠤᠯᠤᠯᠳᠠ ᠵᠡᠷᠭᠡ ᠲᠠᠯ᠎ᠠ ᠶᠢᠨ ᠱᠠᠩᠨᠠᠯ | ᠬᠦᠬᠢᠭᠦᠯᠦᠯ ᠢ ᠲᠡᠭᠡᠵᠦ ᠶᠡᠭᠡ ᠪᠤᠯᠭᠠᠳᠠᠭ ᠦᠬᠡᠢ᠂ ᠳᠡᠭᠦᠨ ᠤ ᠠᠵᠢᠯ ᠤᠨ ᠠᠮᠵᠢᠯᠲᠠ ᠪᠤᠯ ᠱᠠᠩᠨᠠᠯ ᠬᠦᠭᠢᠬᠦᠯᠦᠯ | ᠭᠡᠵᠦ ᠯᠡ ᠦᠵᠡᠳᠡᠭ᠃ ᠨᠡᠩ ᠢᠯᠠᠩᠭᠤᠶ᠎ᠠ ᠠᠷᠠᠳ ᠤᠯᠠᠨ ᠠᠴᠠ ᠳᠡᠭᠦᠨ ᠳᠤ ᠤᠯᠭᠤᠭᠰᠠᠨ ︽ᠭᠦᠢᠰᠦ ᠡᠵᠢ︾ | ᠭᠡᠬᠦ ᠲᠤᠲᠤᠨᠤ ᠬᠠᠯᠠᠭᠤᠮᠰᠤᠭ ᠳᠠᠭᠤᠳᠠᠯᠭ᠎ᠠ ᠨᠢ ᠳᠡᠭᠦᠨ ᠳᠤ ᠤᠯᠭᠤᠭᠰᠠᠨ ᠬᠠᠮᠤᠭ ᠤᠨ ᠦᠨᠡᠲᠦ ᠱᠠᠩᠨᠠᠯ | ᠭᠦᠭᠢᠬᠦᠯᠦᠯ ᠭᠡᠵᠦ ᠦᠵᠡᠳᠡᠭ ᠢᠶᠠᠷ ᠢᠶᠠᠨ ᠡᠭᠦᠨ ᠳᠡᠭᠡᠨ ᠵᠤᠷᠢᠭᠵᠢᠵᠦ ᠶᠠᠪᠤᠳᠠᠭ᠃ ᠪᠠᠶᠠᠩᠭᠤᠤᠯ ᠡᠮᠨᠡᠯᠭᠡ ᠶᠢᠨ | ᠬᠤᠷᠢᠶᠠᠨ ᠤ ᠡᠮᠴᠢ ᠴᠡᠴᠡᠭ ᠤᠨ ᠪᠠᠭ᠎ᠠ ᠬᠦᠦ ᠴᠢᠭᠢᠷᠠᠭ ᠢᠶᠠᠨ ᠭᠦᠩᠭᠡᠵᠢᠬᠦ ᠳᠤ ᠲᠤᠩᠭᠠᠯᠠᠭ ᠨᠦᠭᠦᠷ ᠢ | ᠳᠠᠭᠤᠳᠠᠭᠰᠠᠨ ᠪᠠᠶᠢᠳᠠᠭ᠃ ᠬᠦᠩᠭᠡᠵᠢᠭᠰᠡᠨ ᠤ ᠳᠠᠷᠠᠭ᠎ᠠ ᠴᠡᠴᠡᠭ ᠡᠭᠡᠴᠢ ᠨᠢ ︽ᠬᠡᠤᠭᠡᠳ ᠳᠤᠰᠤᠭᠰᠠᠨ ᠬᠦᠮᠦᠨ ᠤ | ᠪᠠᠨ ᠵᠠᠩ ᠴᠢᠨᠠᠷ ᠪᠤᠶᠤ ᠡᠯ᠎ᠡ ᠲᠠᠯ᠎ᠠ ᠶᠢ ᠳᠠᠭᠤᠷᠢᠶᠠᠳᠠᠭ ᠶᠤᠰᠦ ᠵᠢᠷᠤᠮ ᠲᠠᠢ ᠭᠡᠳᠡᠭ ᠶᠤᠮ᠃ ᠮᠢᠨᠦ ᠬᠦᠦ ᠡᠶᠡᠯᠳᠡᠭ | ᠳᠠᠷᠤᠤ ᠰᠠᠶᠢᠬᠠᠨ ᠵᠠᠩ ᠳᠠᠳᠬᠠᠯ ᠲᠠᠢ ᠬᠦᠮᠦᠨ ᠪᠤᠯᠬᠤ ᠯᠡ ᠪᠠᠶᠢᠬ᠎ᠠ︾ ᠭᠡᠵᠦ ᠢᠨᠢᠶᠡᠵᠦ ᠪᠠᠶᠢᠭᠰᠠᠨ ᠠᠴᠠ ᠬᠤᠵᠢᠮ | ᠨᠢ ᠡᠨᠡ ᠬᠦᠦ ᠴᠢᠭᠢᠷᠠᠭ ᠬᠤᠰᠢᠭᠤᠨ ᠤ ᠡᠮᠴᠢ ᠶᠢᠨ ᠬᠤᠷᠢᠶᠠᠨ ᠳᠤ ᠡᠮᠴᠢ ᠪᠤᠯᠵᠦ ᠰᠠᠶᠢᠨ ᠰᠠᠶᠢᠬᠠᠨ ᠵᠠᠩ | ᠠᠷᠠᠨᠰᠢᠨ ᠢᠶᠠᠷ ᠢᠶᠠᠨ ᠲᠦᠮᠡᠨ ᠤᠯᠠᠨ ᠳᠠᠭᠠᠨ ᠪᠢᠰᠢᠷᠡᠭᠳᠡᠵᠦ ᠪᠠᠶᠢᠭ᠎ᠠ ᠭᠡᠵᠦ ᠲᠤᠭᠤᠯᠠᠭᠰᠠᠨ ᠶᠤᠮ᠃ | ᠳᠠᠪᠤ᠂ ᠮᠤᠩᠭᠤᠯ ᠤᠯᠤᠰ ᠤᠨ ᠡᠪᠡᠳᠴᠢᠲᠡᠨ ᠤ ᠡᠪᠡᠳᠴᠢᠨ ᠢ ᠵᠠᠰᠠᠵᠦ ᠦᠭᠭᠦᠭᠰᠡᠨ ᠬᠡᠲᠦᠨ ᠵᠢᠱᠢᠶ᠎ᠡ | ᠡᠷᠢᠶᠡᠨ ᠳᠤ ᠤᠴᠢᠭᠠᠳ ᠮᠤᠩᠭᠤᠯ ᠤᠯᠤᠰ ᠤᠨ ᠠᠷᠠᠯᠵᠢᠶᠠᠴᠢᠳ ᠤᠨ ᠳᠠᠭᠰᠢᠭᠤᠷ ᠢ ᠵᠠᠰᠠᠬᠤ ᠡᠮ ᠶᠡᠭᠦᠯᠡᠬᠦ | ᠵᠡᠷᠭᠡ ᠡᠮᠴᠢᠯᠡᠭᠡᠨ ᠤ ᠶᠠᠪᠤᠴᠠ ᠳᠠᠭᠠᠨ ᠲᠤᠩᠭᠠᠯᠠᠭ ᠨᠦᠬᠦᠷ ᠤᠨ ᠡᠮᠴᠢᠯᠡᠭᠡᠨ ᠤ ᠭᠡᠪᠴᠢᠶ᠎ᠡ ᠴᠦ ᠦᠷᠭᠡᠵᠢᠵᠦ ᠢᠷᠡᠪᠡ | ᠃ ᠳᠡᠭᠦᠨ ᠠᠴᠠ ᠮᠤᠩᠭᠤᠯ ᠡᠮ ᠤᠤᠭᠤᠬᠤ ᠬᠦᠮᠦᠰ ᠤᠯᠠᠰᠢᠷᠠᠵᠦ ᠪᠠᠶᠢᠯ᠎ᠠ᠃ ᠮᠤᠩᠭᠤᠯ ᠤᠯᠤᠰ ᠤᠨ ᠬᠦᠮᠦᠰ ᠤᠨ | ᠵᠠᠩ ᠠᠷᠠᠨᠰᠢᠨ ᠤ ᠨᠢᠭᠡ ᠤᠨᠴᠠᠯᠢᠭ ᠭᠡᠪᠡᠯ᠄ ᠢᠳᠡᠭᠡᠵᠦ ᠪᠢᠰᠢᠷᠡᠭᠰᠡᠨ ᠬᠦᠮᠦᠨ ᠢᠶᠠᠨ ᠡᠷᠢᠬᠦ ᠲᠤᠷᠠᠲᠠᠢ᠃ ᠡᠮ ᠤᠨ | ᠲᠤᠭᠢᠷᠠᠭᠤᠯᠤᠯᠳᠠ ᠪᠤᠶᠤ ᠡᠯ᠎ᠡ ᠲᠠᠯ᠎ᠠ ᠶᠢᠨ ᠤᠨᠤᠰᠢᠯᠠᠯᠳᠠ ᠰᠠᠶᠢᠨ ᠪᠠᠶᠢᠵᠦ ᠡᠪᠡᠳᠴᠢᠨ ᠨᠢ ᠢᠯᠡᠰᠢᠷᠡᠵᠦ ᠢᠷᠡᠬᠦ ᠪᠠᠷ | ︽ᠰᠠᠶᠢᠨ ᠡᠭᠡᠴᠢ︾ ᠬᠡᠵᠦ ᠡᠷᠢᠵᠦ ᠢᠷᠡᠬᠦ ᠬᠦᠮᠦᠰ ᠵᠦᠩᠳᠡᠭᠡᠨ ᠪᠤᠯᠵᠦ ᠤᠯᠠᠨ ᠶᠠᠩᠵᠦ ᠶᠢᠨ ᠡᠪᠡᠳᠴᠢᠲᠡᠨ ᠴᠦ | ᠡᠷᠢᠬᠦ ᠪᠤᠯᠤᠭᠰᠠᠨ ᠪᠠᠶᠢᠨ᠎ᠠ᠃ | 1. ᠦᠰᠦ ᠤᠨᠠᠭᠰᠠᠨ ᠬᠤᠶᠠᠷ ᠵᠠᠯᠠᠭᠤ ᠶᠢ ᠡᠮᠨᠡᠭᠰᠡᠨ | ᠪᠠᠶᠠᠷᠬᠦᠦ ᠬᠡᠳᠡᠭ 38 ᠲᠠᠢ ᠵᠠᠯᠠᠭᠤ ᠦᠰᠦ ᠨᠢ ᠤᠨᠠᠵᠦ᠂ ᠤᠨᠠᠭᠰᠠᠨ ᠬᠡᠰᠡᠭ ᠲᠤ ᠶᠠᠭᠠᠪᠲᠤᠷ ᠦᠩᠭᠡ ᠶᠢᠨ | ᠠᠷᠠᠰᠦ ᠬᠠᠷᠠᠭᠳᠠᠵᠦ ᠬᠡᠪᠴᠢᠶ᠎ᠡ ᠨᠢ ᠨᠡᠯᠢᠶᠡᠳ ᠶᠡᠭᠡ᠃ ᠲᠡᠷᠡ ᠵᠠᠯᠠᠭᠤ ᠨᠠᠰᠦ ᠵᠠᠯᠠᠭᠤ ᠪᠤᠯᠬᠤᠷ ᠳᠡᠭᠦᠨ ᠳᠡᠭᠡᠨ ᠮᠠᠰᠢ | ᠶᠡᠭᠡ ᠬᠦᠨᠲᠦ ᠳᠠᠷᠤᠭᠠᠰᠦ ᠠᠪᠴᠦ ᠡᠲᠦᠷᠵᠢᠨ ᠮᠠᠯᠠᠭᠠᠢ ᠳᠠᠷᠤᠬᠤ ᠠᠴᠠ ᠦᠭᠡᠷ᠎ᠡ ᠠᠷᠭ᠎ᠠ ᠦᠬᠡᠢ ᠭᠠᠴᠢᠭᠳᠠᠵᠦ | ᠪᠠᠶᠢᠪᠠ᠃ ᠡᠪᠡᠳᠴᠢᠲᠡᠨ ᠡᠮᠴᠢ ᠲᠤᠩᠭᠠᠯᠠᠭ ᠲᠠᠢ ᠳᠠᠨᠢᠯᠴᠠᠵᠦ᠂ ᠳᠡᠷᠡ ᠡᠪᠡᠳᠴᠢᠲᠡᠨ ᠤ ᠰᠡᠳᠭᠢᠯ ᠤᠨ ᠳᠠᠷᠤᠭᠠᠰᠦ | ᠶᠢ ᠬᠦᠩᠭᠡᠯᠡᠬᠦ ᠶᠢ ᠵᠤᠷᠢᠵᠦ ᠬᠡᠲᠦᠨ ᠵᠤᠶᠢᠯ ᠤᠨ ᠡᠮ ᠨᠠᠶᠢᠷᠠᠭᠤᠯᠵᠦ ᠦᠭᠴᠠᠢ᠃ 3 — 4 ᠰᠠᠷ᠎ᠠ ᠶᠢᠨ ᠡᠮ | ᠤᠤᠭᠤᠭᠰᠠᠨ ᠠᠴᠠ ᠦᠰᠦ ᠬᠡᠵᠢᠭᠡ ᠨᠢ ᠤᠷᠭᠤᠵᠦ ᠪᠠᠶᠠᠷᠬᠦᠦ ᠶᠢ ᠬᠡᠮᠵᠢᠶ᠎ᠡ ᠦᠬᠡᠢ ᠪᠠᠶᠠᠷᠯᠠᠭᠤᠯᠤᠭᠰᠠᠨ ᠪᠠᠶᠢᠨ᠎ᠠ᠃ | ᠬᠡᠲᠦᠨ ᠰᠠᠷ᠎ᠠ ᠶᠢᠨ ᠳᠠᠷᠠᠭ᠎ᠠ ᠪᠠᠶᠠᠷᠬᠦᠦ ᠳᠡᠭᠦᠨ ᠢ ᠦᠵᠡᠬᠦ ᠪᠠᠷ ᠢᠷᠡᠭᠰᠡᠨ᠂ ᠪᠠᠰᠠ ᠨᠢᠭᠡ ᠠᠳᠠᠯᠢ ᠡᠪᠡᠳᠴᠢᠲᠡᠨ ᠢ | ᠳᠠᠭᠠᠭᠤᠯᠤᠨ ᠢᠷᠡᠵᠦ ᠡᠮᠨᠡᠭᠦᠯᠦᠭᠰᠡᠨ ᠪᠢᠯᠡ᠃ ᠬᠤᠵᠢᠮ ᠰᠡᠭᠦᠯᠡᠷ ᠡᠭᠦᠪᠡᠷ ᠢᠷᠡᠭᠦ ᠪᠤᠯᠭᠠᠨ ᠲᠤᠩᠭᠠᠯᠠᠭ ᠡᠭᠡᠴᠢ ᠪᠠᠨ | ᠵᠠᠪᠠᠯ ᠡᠷᠭᠢᠵᠦ ᠦᠵᠡᠳᠡᠭ ᠬᠡᠰᠡᠨ᠃ | 2. ᠨᠢᠭᠡᠲᠦᠭᠡᠷ ᠬᠡᠤᠭᠡᠳ ᠠᠴᠠ ᠪᠠᠨ ᠬᠤᠶᠢᠨ᠎ᠠ 7 — 10 ᠵᠢᠯ ᠬᠡᠤᠭᠡᠳ ᠤᠯᠤᠭᠰᠠᠨ ᠦᠬᠡᠢ ᠬᠤᠶᠠᠷ | ᠪᠦᠰᠡᠭᠦᠢ ᠶᠢ ᠡᠮᠨᠡᠵᠦ ᠢᠯᠡᠷᠡᠢ ᠪᠤᠯᠭᠠᠭᠰᠠᠨ | ᠮᠤᠩᠭᠤᠯ ᠤᠯᠤᠰ ᠤᠨ ᠰᠦᠭᠡᠪᠠᠭᠠᠲᠦᠷ ᠠᠶᠢᠮᠠᠭ ᠤᠨ ᠰᠠᠭᠤᠭᠠᠯᠢ ᠲᠤᠶᠠᠭ᠎ᠠ ᠭᠡᠭᠴᠢ ᠪᠦᠰᠡᠭᠦᠢ ᠨᠢᠭᠡᠲᠦᠭᠡᠷ | ᠬᠡᠤᠭᠡᠳ ᠠᠴᠠ ᠪᠠᠨ ᠬᠤᠶᠢᠰᠢ 7 ᠵᠢᠯ ᠳᠤ ᠬᠡᠤᠭᠡᠳ ᠤᠯᠤᠭᠰᠠᠨ ᠦᠬᠡᠢ᠂ ᠲᠤᠷᠤᠨᠠᠭᠤᠪᠢ ᠠᠶᠢᠮᠠᠭ ᠤᠨ ᠬᠠᠩᠳᠠ | ᠭᠡᠳᠡᠭ ᠪᠦᠰᠡᠭᠦᠢ ᠠᠩᠬᠠᠨ ᠤ ᠬᠡᠤᠭᠡᠳ ᠠᠴᠠ ᠪᠠᠨ ᠬᠤᠶᠢᠰᠢ 10 ᠵᠢᠯ ᠬᠡᠤᠭᠡᠳ ᠤᠯᠤᠭᠰᠠᠨ ᠦᠬᠡᠢ ᠡᠶᠢᠮᠦ ᠬᠤᠶᠠᠷ | ᠬᠦᠮᠦᠨ ᠡᠮᠴᠢ ᠲᠤᠩᠭᠠᠯᠠᠭ ᠢ ᠡᠷᠢᠵᠦ ᠢᠷᠡᠪᠡ᠃ ᠲᠤᠩᠭᠠᠯᠠᠭ ᠨᠦᠬᠦᠷ ᠬᠤᠶᠢᠰᠢ ᠲᠦᠯᠭᠢᠭᠰᠡᠨ ᠦᠬᠡᠢ᠃ ᠮᠤᠩᠭᠤᠯ | ᠬᠦᠮᠦᠨ ᠤ ᠬᠤᠵᠢᠮ ᠬᠤᠶᠢᠰᠢ ᠶᠢᠨ ᠦᠷ᠎ᠡ ᠦᠨᠲᠦᠰᠦ ᠳᠡᠭᠡᠨ ᠰᠡᠳᠭᠢᠯ ᠵᠤᠪᠠᠵᠦ ᠪᠠᠶᠢᠭ᠎ᠠ ᠳᠤ ᠦᠪᠡᠷ ᠤᠨ ᠡᠷᠬᠡ | ᠦᠬᠡᠢ ᠤᠶᠠᠷᠠᠵᠦ ᠤᠴᠢᠪᠠ᠃ ᠲᠤᠩᠭᠠᠯᠠᠭ ᠡᠮᠴᠢ ᠳᠤᠰ ᠬᠤᠶᠠᠷ ᠡᠪᠡᠳᠴᠢᠲᠡᠨ ᠳᠤ 21 — 30 ᠬᠤᠨᠤᠭ ᠤᠨ | ᠡᠮ ᠤᠤᠭᠤᠯᠭᠠᠭᠰᠠᠨ ᠠᠴᠠ ᠲᠤᠶᠠᠭ᠎ᠠ ᠬᠡᠤᠭᠡᠨ ᠲᠠᠢ ᠪᠤᠯᠵᠦ᠂ ᠬᠠᠩᠳᠠ ᠬᠦᠦ ᠲᠠᠢ ᠪᠤᠯᠤᠭᠰᠠᠨ ᠪᠠᠶᠠᠷ ᠤᠨ ᠴᠢᠮᠡᠭᠡ | ᠢᠷᠡᠭᠦᠯᠬᠦ ᠪᠠᠷ ᠲᠤᠩᠭᠠᠯᠠᠭ ᠴᠦ ᠲᠡᠳᠡᠨ ᠲᠠᠢ ᠠᠳᠠᠯᠢ ᠰᠡᠳᠬᠢᠯ ᠬᠦᠳᠡᠯᠵᠦ ᠪᠠᠶᠠᠷ ᠤᠨ ᠮᠠᠩᠨᠠᠢ ᠳᠡᠨᠢᠵᠦ ᠪᠠᠶᠢᠭᠰᠠᠨ | ᠶᠤᠮ ᠭᠡᠳᠡᠭ᠃ | ᠲᠤᠩᠭᠠᠯᠠᠭ ᠡᠮᠴᠢ ᠶᠢᠨ ᠲᠦᠴᠢᠨ ᠭᠡᠲᠦᠨ ᠵᠢᠯ ᠤᠨ ᠲᠤᠷᠰᠢᠬᠢ ᠬᠢᠭᠰᠡᠨ ᠠᠵᠢᠯ᠂ ᠤᠯᠤᠭᠰᠠᠨ ᠠᠮᠵᠢᠯᠲᠠ | ᠠᠴᠠ ᠡᠲᠦᠶᠢᠭᠡᠨ ᠢ ᠲᠤᠭᠠᠴᠢᠯᠠ᠃ ᠡᠨᠡ ᠪᠤᠯ ᠬᠡᠲᠦᠨ ᠵᠢᠱᠢᠶ᠎ᠡ ᠳᠡᠲᠦᠢ ᠶᠤᠮ᠃ | ᠵᠢᠷᠭᠤᠭ᠎ᠠ᠂ ᠵᠢᠷ ᠤᠨ ᠨᠢᠭᠡᠨ ᠡᠮᠴᠢ ᠳᠤ ᠲᠤᠬᠢᠶᠠᠯᠲᠤᠭᠰᠠᠨ ᠵᠢᠷ ᠤᠨ ᠪᠤᠰᠦ ᠤᠴᠠᠷᠠᠯ ᠳᠠᠪᠢᠯᠠᠩ | ᠡᠬᠡ ᠪᠠᠷᠢᠭᠴᠢ ᠶᠢᠨ ᠠᠵᠢᠯ ᠬᠡᠭᠴᠢ ᠡᠲᠦᠷ ᠰᠦᠨᠢ᠂ ᠡᠪᠦᠯ ᠵᠤᠨ ᠭᠡᠵᠦ ᠢᠯᠭᠠᠯ ᠦᠬᠡᠢ ᠪᠠᠶᠢᠳᠠᠭ᠃ ᠶᠠᠭ | ᠡᠨᠡᠬᠦ ᠠᠵᠢᠯ ᠤᠨ ᠤᠴᠢᠷ ᠠᠴᠠ ᠪᠤᠯᠵᠦ ᠪᠤᠰᠤᠳ ᠤᠨ ᠲᠦᠯᠦᠭᠡ ᠠᠯᠢᠪᠠ ᠪᠠᠨ ᠵᠤᠷᠢᠭᠤᠯᠳᠠᠭ ᠲᠤᠩᠭᠠᠯᠠᠭ ᠨᠦᠬᠦᠷ | ᠲᠤ ᠰᠤᠨᠤᠰᠤᠭᠰᠠᠨ ᠪᠤᠯᠭᠠᠨ ᠤ ᠵᠢᠷᠦᠭᠡ ᠶᠢ ᠰᠢᠮᠰᠢᠷᠡᠭᠦᠯᠵᠦ᠂ ᠮᠡᠳᠡᠭᠰᠡᠨ ᠪᠦᠭᠦᠳᠡ ᠶᠢ ᠬᠠᠶᠢᠷ᠎ᠠ ᠪᠠᠭᠤᠯᠭᠠᠳᠠᠭ | ᠤᠴᠢᠷ ᠲᠤᠭᠢᠶᠠᠯᠲᠤᠭᠰᠠᠨ ᠪᠠᠶᠢᠨ᠎ᠠ᠃ | ᠲᠤᠩᠭᠠᠯᠠᠭ ᠨᠦᠬᠦᠷ ᠠᠩᠬ᠎ᠠ ᠡᠮᠴᠢ ᠶᠢᠨ ᠠᠵᠢᠯ ᠢ ᠬᠢᠬᠦ ᠦᠶ᠎ᠡ ᠪᠠᠷ ᠭᠤᠷᠪᠠᠨ ᠳᠠᠭᠦᠦ ᠨᠢ ᠨᠠᠰᠦ ᠪᠠᠭ᠎ᠠ | ᠠᠯᠢᠪᠠ ᠪᠦᠬᠦᠨ ᠢ ᠨᠢ ᠠᠷᠭᠠᠴᠠᠭᠠᠬᠤ ᠨᠢ ᠵᠦᠪᠭᠡᠨ ᠳᠡᠭᠦᠨ ᠤ ᠪᠡᠶ᠎ᠡ ᠳᠡᠭᠡᠷ᠎ᠡ ᠳᠠᠯᠪᠢᠭᠳᠠᠵᠦ ᠳᠡᠷᠡ ᠲᠠᠢ ᠲᠡᠷᠡ | ᠦᠬᠡᠢ ᠠᠪᠤ ᠡᠵᠢ ᠪᠠᠨ ᠤᠷᠤᠯᠠᠵᠦ ᠶᠠᠪᠤᠭᠰᠠᠨ ᠭᠡᠷ ᠤᠨ ᠭᠤᠤᠯ ᠳᠤᠯᠭᠠᠭᠤᠷᠢ ᠨᠢ ᠪᠠᠶᠢᠯ᠎ᠠ᠃ ᠵᠠᠷᠢᠮ ᠦᠶᠡᠰ ᠭᠡᠲᠦᠨ | ᠳᠡᠭᠦᠨᠠᠷ ᠲᠠᠢ ᠪᠠᠨ ᠶᠠᠭ ᠰᠠᠶᠢᠬᠠᠨ ᠡᠭᠢᠯᠡᠵᠦ ᠬᠤᠭᠤᠯᠠᠯᠠᠬᠤ ᠶᠢ ᠵᠠᠪᠲᠤᠲᠠᠯᠠ ᠨᠦᠭᠦᠭᠡ ᠳᠠᠭᠤᠳᠠᠯᠭ᠎ᠠ ᠵᠠᠯᠯᠠᠭᠠ | ᠢᠷᠡᠴᠢᠭᠡᠳᠡᠭ ᠪᠠᠶᠢᠨ᠎ᠠ᠃ ᠳᠡᠭᠡᠬᠦ ᠳᠤ ᠲᠤᠩᠭᠠᠯᠠᠭ ᠨᠦᠭᠦᠷ ᠳᠡᠷᠡ ᠪᠤᠯᠭᠠᠨ ᠢᠶᠠᠨ ᠠᠷᠦ ᠳᠠᠭᠠᠨ ᠤᠷᠭᠢᠭᠠᠳ ᠵᠠᠷᠯᠢᠭ | ᠬᠦᠯᠢᠶᠡᠭᠰᠡᠨ ᠪᠠᠶᠢᠯᠲᠤᠭᠴᠢ ᠪᠤᠯᠵᠦ ᠠᠪᠤᠨ ᠲᠤᠤᠷ᠎ᠠ ᠨᠢ ᠬᠦᠳᠡᠯᠴᠢᠬᠡᠳᠡᠭ ᠯᠡ ᠶᠤᠮ ᠪᠠᠶᠢᠨ᠎ᠠ᠃ ᠡᠨᠡ ᠤᠳᠠᠭ᠎ᠠ | ᠭᠤᠷᠪᠠᠨ ᠬᠤᠤᠰ ᠨᠢᠲᠦ ᠵᠡᠷᠭᠡᠪᠡᠷ ᠳᠡᠭᠦᠨ ᠳᠡᠭᠡᠷ᠎ᠡ ᠳᠤᠰᠴᠦ᠄ ︽ᠬᠤᠭᠤᠯᠠ ᠪᠠᠨ ᠬᠠᠮᠲᠦ ᠪᠠᠷ ᠢᠳᠡᠴᠢᠭᠡᠬᠦ ᠳᠤ | ᠪᠤᠯᠬᠤ ᠦᠬᠡᠢ ᠬᠡᠵᠦ ᠤᠤ︖︾ ᠬᠡᠵᠦ ᠬᠦᠭᠡᠷᠦᠭᠦᠶᠢᠯᠡᠯᠲᠠᠢ ᠨᠢ ᠠᠷᠭ᠎ᠠ ᠦᠬᠡᠢ᠃ ᠲᠡᠷᠡ ᠦᠶᠡᠰ ᠤᠨ ᠵᠢᠷᠦᠬᠡ | ᠰᠡᠳᠭᠢᠯ ᠵᠢᠮᠴᠢᠬᠢᠨᠡᠨ ᠳᠠᠳᠠᠯᠳᠤᠵᠦ ᠪᠠᠶᠢᠭᠰᠠᠨ ᠢᠶᠠᠨ ᠤᠲᠤ ᠪᠤᠯᠲᠠᠯ᠎ᠠ ᠮᠠᠷᠳᠠᠵᠦ ᠳᠡᠶᠢᠯᠬᠦ ᠦᠬᠡᠢ ᠭᠡᠳᠡᠭ᠃ ᠬᠡᠪᠡᠴᠦ | ᠦᠨᠦᠴᠢᠨ ᠶᠠᠪᠤᠭ᠎ᠠ ᠭᠤᠷᠪᠠᠨ ᠳᠡᠭᠦᠨᠠᠷ ᠨᠢ ᠲᠡᠷᠡ ᠤᠯᠠᠨ ᠤᠬᠠᠭ᠎ᠠ ᠲᠦᠭᠦᠭᠡ ᠶᠢ ᠡᠷᠳᠡ ᠤᠬᠠᠴᠢᠯᠠᠭᠰᠠᠨ ᠳᠠᠭᠠᠨ | ᠴᠦ ᠪᠢᠯᠢᠦ︖ ᠡᠭᠡᠴᠢ ᠶᠢᠨ ᠰᠠᠨᠠᠭ᠎ᠠ ᠶᠢ ᠦᠴᠦᠭᠡᠨ ᠳᠡᠲᠦᠢ ᠴᠦ ᠵᠦᠷᠢᠴᠡᠳᠡᠭ ᠦᠬᠡᠢ ᠶᠢ ᠲᠤᠩᠭᠠᠯᠠᠭ ᠰᠠᠶᠢᠨ | ᠮᠡᠳᠡᠨ᠎ᠡ᠃ | ᠡᠨᠡ ᠤᠳᠠᠭ᠎ᠠ ᠳᠡᠭᠦᠨ ᠤ ᠨᠠᠰᠦᠨ ᠲᠤᠷᠰᠢᠳᠠ ᠮᠠᠷᠳᠠᠵᠦ ᠴᠢᠳᠠᠬᠤ ᠦᠬᠡᠢ ᠤᠴᠢᠷ ᠭᠠᠷᠤᠭᠰᠠᠨ ᠪᠠᠶᠢᠨ᠎ᠠ᠃ | ᠳᠡᠷᠡ ᠨᠢ ᠳᠡᠭᠡᠷ᠎ᠡ ᠵᠠᠭᠤᠨ ᠤ ᠨᠠᠶᠠᠨ ᠲᠤᠯᠤᠭ᠎ᠠ ᠨᠠᠢᠮᠠᠨ ᠤᠨ ᠳᠤ ᠯᠡ ᠪᠤᠯᠤᠭᠰᠠᠨ ᠪᠠᠶᠢᠨ᠎ᠠ᠃ ᠵᠢᠷᠭᠠᠯᠠᠩᠲᠦ | ᠭᠠᠴᠠᠭᠠᠨ ᠤ ᠲᠦᠮᠡᠠᠦ᠋ᠯᠵᠡᠢ ︵ᠪᠠᠶ᠋ᠬᠠᠠᠭᠤᠯᠠ ᠶᠢᠨ ᠤᠤᠭᠠᠯ︶ ᠶᠢᠨ ᠪᠦᠰᠡᠭᠦᠢ ᠨᠢ ᠬᠦᠩᠭᠡᠵᠢᠬᠦ ᠪᠤᠯᠤᠭᠠᠳ ᠰᠦᠨᠢ | ᠳᠤᠮᠳᠠ ᠶᠢᠨ ᠦᠶ᠎ᠡ ᠳᠤ ᠮᠤᠷᠢᠨ ᠳᠡᠷᠭᠡ ᠪᠠᠷ ᠠᠪᠬᠤ ᠪᠠᠷ ᠢᠷᠡᠪᠡ᠃ ᠬᠠᠩᠭᠠᠢ ᠳᠡᠷᠭᠡᠨ ᠤ ᠢᠯᠡᠦ ᠳᠡᠭᠡᠷ᠎ᠡ ︵ᠠᠳᠠᠷ | ᠴᠦ ᠦᠬᠡᠢ︶ ᠨᠢ ᠨᠢᠭᠡ ᠬᠡᠰᠡᠭ ᠳᠤᠷᠤᠰᠬ᠎ᠠ ᠳᠡᠪᠢᠰᠦᠭᠰᠡᠨ ᠳᠡᠲᠦᠢ᠃ ᠬᠠᠷᠠᠩᠭᠤᠢ ᠰᠦᠨᠢ ᠴᠦ ᠶᠠᠭᠠᠬᠢᠬᠤ ᠪᠤᠢ᠂ | ᠲᠦᠷᠦᠵᠦ ᠨᠢᠷᠠᠶᠢᠯᠠᠬᠤ ᠪᠠᠴᠢᠮ ᠴᠠᠭ ᠪᠤᠯᠴᠢᠬᠠᠭᠰᠠᠨ ᠠᠴᠠ ᠴᠢᠨᠡᠭᠡ ᠮᠡᠳᠡᠨ ᠳᠠᠪᠬᠢᠭᠤᠯᠵᠦ ᠪᠠᠶᠢᠭᠰᠠᠨ ᠬᠦᠳᠡᠭᠡ ᠶᠢᠨ | ᠵᠠᠮ ᠳᠡᠭᠡᠷ᠎ᠡ ᠳᠡᠷᠭᠡ ᠶᠡᠭᠡ ᠰᠠᠵᠢᠯᠠᠨ ᠢᠳᠡᠯᠡᠬᠦ ᠪᠠᠷ ᠲᠡᠷᠡ ᠬᠤᠶᠠᠷ ᠤᠳᠠᠭ᠎ᠠ ᠬᠦᠨᠲᠦ ᠤᠶᠢᠴᠢᠵᠦ ᠮᠦᠨ ᠳᠠᠷᠠᠭ᠎ᠠ | ᠤᠳᠠᠭ᠎ᠠ ᠨᠢ ᠢᠯᠡᠦ ᠪᠠᠷ ᠴᠦᠮᠦᠷᠡᠨ ᠤᠶᠢᠴᠢᠵᠦ ᠵᠤᠯ ᠢᠶᠠᠷ ᠮᠤᠷᠢ ᠪᠠᠨ ᠳᠠᠳᠠᠵᠦ ᠵᠤᠭᠰᠤᠭᠠᠭᠰᠠᠨ ᠢᠶᠠᠷ ᠳᠡᠷᠭᠡᠨ ᠳᠤ | ᠳᠠᠭᠠᠷᠢᠭᠳᠠᠭᠰᠠᠨ ᠦᠬᠡᠢ᠂ ᠡᠨᠡ ᠤᠳᠠᠭ᠎ᠠ ᠳᠤᠩᠭᠠᠯᠠᠭ ᠨᠦᠬᠦᠷ ᠬᠦᠩᠭᠡᠵᠢᠭᠦᠯᠬᠦ ᠡᠭᠦᠷᠭᠡ ᠪᠠᠨ ᠳᠡᠭᠦᠰ ᠠᠮᠵᠢᠯᠲᠠ | ᠲᠠᠢ ᠪᠡᠶᠡᠯᠡᠭᠦᠯᠦᠭᠰᠡᠨ ᠴᠦ ᠦᠪᠡᠷ ᠢᠶᠠᠨ ᠬᠠᠷᠢᠨ ᠴᠢᠰᠦ ᠪᠠᠭᠤᠵᠦ ᠶᠡᠷᠦ ᠵᠤᠭᠰᠤᠬᠤ ᠦᠬᠡᠢ ᠳᠤ ᠤᠳᠠᠪᠠᠯ᠎ᠠ ᠡᠮᠴᠢ | ᠪᠠᠷ ᠦᠵᠡᠭᠦᠯᠵᠦ ᠴᠢᠰᠦ ᠵᠤᠭᠰᠤᠭᠠᠬᠤ ᠡᠮ᠂ ᠬᠡᠤᠭᠡᠳ ᠲᠤᠭᠲᠠᠭᠠᠬᠤ ᠡᠮ ᠬᠡᠷᠡᠭᠯᠡᠭᠰᠡᠨ ᠴᠦ ᠳᠤᠰᠠ ᠪᠤᠯᠤᠭᠰᠠᠨ | ᠦᠬᠡᠢ ᠤᠷᠤᠭ ᠤᠨᠠᠭᠠᠭᠰᠠᠨ ᠬᠠᠷᠠᠰᠠᠯᠲᠦ ᠤᠴᠢᠷ ᠪᠤᠯᠪᠠ᠃ ᠲᠤᠩᠭᠠᠯᠠᠭ ᠡᠮᠴᠢ ᠡᠨᠡ ᠤᠳᠠᠭ᠎ᠠ ᠠᠴᠠ ᠬᠤᠶᠢᠰᠢ | ᠳᠠᠬᠢᠵᠦ ᠵᠢᠷᠮᠦᠰᠦᠯᠡᠭᠰᠡᠨ ᠦᠬᠡᠢ ᠶᠤᠮ᠃ ᠡᠨᠡ ᠨᠢ ᠳᠡᠭᠦᠨ ᠳᠤ ᠨᠠᠰᠦᠨ ᠲᠤᠷᠰᠢᠳᠠ ᠶᠢᠨ ᠬᠠᠷᠠᠮᠰᠠᠯ ᠪᠤᠯᠵᠦ | ᠰᠡᠳᠭᠢᠯ ᠵᠢᠷᠦᠭᠡᠨ ᠳᠤᠨᠢ ᠡᠭᠦᠷᠢᠳᠡ ᠠᠨᠠᠭᠳᠠᠰᠢ ᠦᠬᠡᠢ ᠰᠢᠷᠬ᠎ᠠ ᠰᠤᠷᠪᠢ ᠪᠤᠯᠤᠨ ᠦᠯᠡᠳᠡᠭᠰᠡᠨ ᠶᠤᠮ︕ ᠬᠡᠬᠦ ᠳᠤ | ᠲᠤᠩᠭᠠᠯᠠᠭ ᠨᠦᠭᠦᠷ ᠪᠤᠰᠤᠳ ᠲᠤ ᠭᠤᠮᠤᠳᠠᠵᠦ ᠪᠤᠲᠤᠭ᠎ᠠ ᠦᠬᠡᠢ ᠦᠪᠡᠷ ᠤᠨ ᠬᠤᠪᠢ ᠳᠠᠪᠢᠯᠠᠩ ᠳᠠᠭᠠᠨ ᠯᠡ | ᠢᠳᠡᠭᠡᠵᠦ ᠪᠠᠶᠢᠭᠰᠠᠨ ᠴᠦ ᠡᠭᠦᠨ ᠢᠶᠠᠨ ᠲᠤᠷᠠᠳᠬᠤ ᠪᠦᠷᠢ ᠨᠢᠲᠦᠨ ᠨᠢᠯᠪᠦᠰᠦ ᠨᠢ ᠪᠠᠭᠤᠵᠦ ᠯᠡ ᠪᠠᠶᠢᠳᠠᠭ᠃ | ᠪᠤᠲᠤᠵᠦ ᠦᠵᠡᠪᠡᠯ ᠡᠨᠡ ᠨᠢ ᠭᠡᠴᠢᠨᠡᠨ ᠦᠷᠡᠭᠳᠡᠯ ᠪᠢᠯᠡ︕ ᠡᠭᠦᠨ ᠠᠴᠠ ᠢᠯᠡᠭᠦᠦ ᠦᠷᠡᠭᠳᠡᠯ ᠭᠡᠵᠦ ᠬᠤᠪᠤᠷ | ᠪᠠᠶᠢᠬ᠎ᠠ︕ ᠭᠡᠬᠦ ᠮᠦᠷᠳᠡᠭᠡᠨ ᠡᠴᠢᠨᠡᠨ ᠵᠢᠯ ᠳᠡᠰᠪᠦᠷᠢᠯᠡᠬᠦ ᠪᠠᠷ ᠢᠶᠠᠨ ᠯᠡ ᠪᠤᠯᠤᠭᠰᠠᠨ᠂ ᠵᠠᠷᠢᠮ ᠬᠦᠮᠦᠰ ᠳᠡᠭᠦᠨ ᠤ | ᠡᠨᠡᠬᠦ ᠤᠶᠢᠯᠡ ᠶᠠᠪᠤᠳᠠᠯ ᠢ ᠰᠤᠨᠤᠰᠤᠭᠠᠳ ᠶᠤᠰᠤᠲᠠᠢ ᠪᠤᠷᠬᠠᠨ ᠰᠡᠳᠭᠢᠯᠲᠡᠨ ᠶᠤᠮ ᠪᠠᠶᠢᠨ᠎ᠠ᠂ ᠪᠤᠷᠬᠠᠨ ᠭᠡᠵᠦ | ᠳᠠᠭᠤᠳᠠᠭᠰᠠᠨ ᠴᠦ ᠢᠯᠡᠭᠦᠳᠡᠮᠡᠷ ᠦᠬᠡᠢ ᠬᠡᠯᠴᠢᠯᠡ︕ | ᠦᠪᠡᠷ ᠤᠨ ᠬᠦᠴᠦ ᠬᠦᠯᠦᠰᠦ ᠨᠢᠯᠪᠤᠰᠦ ᠴᠢᠰᠦ ᠪᠠᠷ ᠢᠶᠠᠨ ᠰᠤᠯᠢᠵᠦ ᠢᠷᠡᠭᠰᠡᠨ ᠠᠮᠵᠢᠯᠲᠠ ᠠᠴᠠ ᠬᠦᠴᠦᠲᠠᠢ | ᠶᠠᠭᠤᠮ᠎ᠠ ᠭᠡᠵᠦ ᠶᠠᠭᠤᠨ ᠪᠢᠯᠡ︕ ︽ᠬᠠᠮᠤᠭ ᠤᠨ ᠰᠠᠶᠢᠨ ᠪᠤᠯᠪᠠᠰᠦᠷᠠᠯ ᠭᠡᠳᠡᠭ ᠪᠤᠯ ᠦᠪᠡᠷ ᠢᠶᠠᠨ ᠦᠪᠡᠷ ᠲᠡᠭᠡᠨ | ᠬᠦᠷᠳᠡᠭᠡᠳᠡᠭ ᠪᠤᠯᠪᠠᠰᠦᠷᠠᠯ ᠢ ᠬᠡᠯᠡᠳᠡᠭ︾ ᠬᠡᠵᠦ ᠨᠢᠭᠡᠨ ᠠᠯᠳᠠᠷᠲᠦ ᠡᠷᠳᠡᠮᠳᠡᠨ ᠭᠡᠯᠡᠵᠦ ᠦᠩᠭᠡᠷᠡᠭᠰᠡᠨ ᠨᠢ ᠶᠤᠰᠤᠲᠠᠢ | ᠦᠭᠡ ᠯᠡ ᠳ᠋ᠠ︕ ᠢᠩᠭᠢᠵᠦ ᠮᠡᠳᠡᠵᠦ ᠰᠤᠷᠴᠦ ᠤᠶᠢᠯᠡᠲᠦᠯᠭᠡᠵᠢᠭᠦᠯᠦᠭᠰᠡᠨ ᠰᠢᠨᠳᠠᠷᠠᠰᠢ ᠦᠬᠡᠢ ᠰᠦᠰᠦ ᠵᠤᠷᠢᠭ | ᠲᠠᠢ ᠴᠢᠷᠮᠡᠶᠢᠯᠭ᠎ᠠ ᠪᠠᠷ ᠲᠦᠴᠢᠨ ᠲᠦᠷᠪᠡᠨ ᠤᠨ ᠢ ᠳᠤᠭᠤᠯᠤᠨ᠎ᠠ ᠭᠡᠳᠡᠭ ᠬᠡᠯᠡᠬᠦ ᠳᠤ ᠠᠮᠤᠷ ᠴᠦ ᠬᠡᠨ ᠪᠤᠯᠭᠠᠨ ᠪᠦᠷ | ᠭᠦᠢᠴᠡᠳᠭᠡᠴᠢᠳᠡᠭ ᠤᠴᠢᠷ ᠪᠢᠰᠢ ᠪᠠᠶᠢᠬ᠎ᠠ᠃ ᠲᠤᠩᠭᠠᠯᠠᠭ ᠨᠦᠬᠦᠷ ᠮᠦᠨ ᠯᠡ ᠤᠶᠢᠯᠡᠰ ᠤᠨ ᠬᠠᠷᠭᠤᠢ ᠪᠠᠷ | ᠴᠤᠴᠠᠯᠳᠠ ᠦᠬᠡᠢ ᠳᠡᠮᠡᠤᠯᠡᠭᠰᠡᠭᠡᠷ ᠯᠡ ᠪᠠᠶᠢᠨ᠎ᠠ᠃ | ᠡᠬᠡᠯ ᠵᠢᠷ ᠤᠨ ᠡᠮᠴᠢ ︵ᠬᠦᠯ ᠨᠢᠴᠦᠭᠦᠨ ᠡᠮᠴᠢ︶ ᠶᠢᠨ ᠡᠷᠭᠢᠮ ᠳᠡᠭᠡᠲᠦ ᠤᠶᠢᠯᠡ ᠠᠵᠢᠯᠯᠠᠭ᠎ᠠ ᠭᠡᠵᠦ ᠡᠭᠦᠨ | ᠢ ᠪᠠᠰᠠ ᠪᠠᠭᠳᠠᠭᠠᠵᠦ ᠪᠤᠯᠬᠤ ᠪᠤᠢ ᠳ᠋ᠠ︕ | | | 2018 ᠤᠨ ᠤ ᠡᠪᠦᠯ ᠪᠢᠷᠠᠭᠤ ᠪᠠᠯᠭᠠᠰᠦᠨ ᠳᠤ | ᠪᠠᠶᠠᠩᠭᠤᠤᠯ ᠪᠦᠷᠢᠨ ᠪᠠᠭ᠎ᠠ ᠰᠤᠷᠭᠠᠭᠤᠯᠢ | | | | |