ᠣᠷᠴᠢᠭᠤᠯᠭ᠎ᠠ ᠶᠢᠨ ᠴᠢᠬᠤᠯᠠ ᠴᠢᠨᠠᠷ ᠤᠨ ᠲᠤᠬᠠᠢ ᠤᠴᠢᠷᠯᠠᠬᠤᠢ
ᠨᠡᠶᠢᠲᠡᠯᠡᠭᠰᠡᠨ ᠴᠠᠭ᠄
2019/6/12
                                  —— ᠳᠤ᠋ · ᠰᠤᠳᠤᠰᠡᠴᠡᠨ         ᠪᠢ ᠦᠪᠡᠷ ᠢᠶᠠᠨ ᠰᠤᠷᠭᠠᠭᠤᠯᠢ ᠰᠤᠶᠤᠯ ᠤᠨ ᠵᠠᠮ ᠳᠠᠭᠠᠨ ᠮᠤᠩᠭᠤᠯ ᠬᠢᠳᠡᠳ ᠣᠷᠴᠢᠭᠤᠯᠭ᠎ᠠ ᠰᠤᠷᠤᠭᠰᠠᠨ ᠬᠦᠮᠦᠨ ᠪᠤᠯᠬᠤᠷ ᠣᠷᠴᠢᠭᠤᠯᠭ᠎ᠠ ᠭᠡᠪᠡᠯ ᠠᠮᠠᠷᠬᠠᠨ ᠰᠡᠤᠡᠬᠢᠯ ᠬᠠᠯᠠᠭᠤᠷᠠᠳᠠᠭ ᠬᠦᠮᠦᠨ᠃ ᠬᠠᠷᠢᠨ ᠨᠢᠭᠡᠨ ᠤᠳᠠᠭᠠᠨ ᠤ ᠤᠴᠠᠷᠠᠯ ᠲᠤᠬᠢᠶᠠᠯᠳᠤᠯ ᠠᠴᠠ ᠪᠢᠳᠡ ᠣᠷᠴᠢᠭᠤᠯᠭ᠎ᠠ ᠶᠢᠨ ᠬᠦᠨᠳᠦ ᠴᠢᠬᠤᠯᠠ ᠴᠢᠨᠠᠷ ᠢ ᠬᠦᠢᠴᠡᠳ ᠲᠠᠨᠢᠬᠤ ᠪᠠᠷ ᠬᠠᠰᠢᠯᠠ ᠳᠤᠳᠠᠮᠠᠭ ᠪᠠᠶᠢᠨ᠎ᠠ ᠭᠡᠳᠡᠭ ᠢᠶᠠᠨ ᠦᠨᠡᠨᠬᠦ ᠮᠡᠳᠡᠷᠡᠯ᠎ᠠ᠃                ᠪᠡᠭᠡᠵᠢᠩ ᠤᠨ ᠨᠢᠭᠡᠨ ᠡᠮᠨᠡᠯᠭᠡ ᠶᠢᠨ ᠬᠤᠷᠢᠶᠠᠨ ᠳᠤ ᠡᠪᠡᠤᠡᠴᠢᠨ ᠢᠶᠠᠨ ᠦᠵᠡᠬᠦᠯᠬᠦ ᠪᠠᠷ ᠬᠦᠯᠢᠶᠡᠵᠦ ᠪᠠᠶᠢᠬᠤ ᠳᠤ ᠳᠡᠷᠬᠡᠳᠡᠬᠢ ᠬᠦᠮᠦᠨ ᠮᠤᠩᠭᠤᠯ ᠢᠶᠠᠷ ᠬᠡᠯᠡᠯᠴᠡᠵᠦ ᠪᠠᠶᠢᠬᠤ ᠶᠢ ᠰᠤᠨᠤᠰᠤᠭᠠᠳ ᠳᠤᠩ ᠳᠤᠳᠤᠨᠦ ᠰᠠᠨᠠᠭᠳᠠᠬᠰᠠᠨ ᠠᠴᠠ ᠨᠡᠷ᠎ᠡ ᠣᠪᠤᠭ ᠨᠤᠳᠤᠭ ᠣᠰᠦ ᠪᠠᠨ ᠠᠰᠠᠭᠤᠯᠴᠠᠨ ᠵᠤᠭᠤᠬᠳᠠᠬᠤ ᠲᠤᠮᠳᠠ ᠪᠠᠨ ᠲᠡᠬᠦᠨ ᠢ ᠲᠦᠡᠭᠯᠢᠶᠤᠤ ᠬᠤᠳᠠ ᠶᠢᠨ ᠭᠠᠨᠵᠤᠭ᠎ᠠ ᠪᠠᠷ ᠨᠤᠳᠤᠭ ᠲᠠᠢ ᠭᠡᠳᠡᠭ ᠢ ᠮᠡᠳᠡᠭᠰᠡᠨ ᠶᠤᠮ᠃ ᠲᠡᠷᠡ ᠵᠢᠯ ᠬᠤᠷᠠᠯ ᠳᠤ ᠣᠷᠣᠯᠴᠠᠬᠤ ᠪᠠᠷ ᠲᠡᠬᠦᠨ ᠤ ᠨᠤᠳᠤᠭ ᠢᠶᠠᠷ ᠬᠦᠷᠬᠦ ᠳᠡᠭᠡᠨ ᠵᠠᠷᠢᠮ ᠭᠠᠵᠠᠷ ᠣᠰᠣᠨ ᠤ ᠨᠡᠷ᠎ᠡ ᠶᠢ ᠬᠡᠯᠡᠬᠦ ᠪᠠ ᠪᠢᠴᠢᠬᠦ ᠳᠠᠯ᠎ᠠ ᠪᠠᠷ ᠶᠡᠬᠡᠯ᠎ᠡ ᠵᠥᠷᠢᠶ᠎ᠡ ᠲᠠᠢ ᠪᠠᠶᠢᠵᠦ ᠡᠬᠢᠯᠡᠭᠡᠳ ᠣᠶᠢᠯᠠᠭᠠᠵᠦ ᠶᠠᠳᠠᠭᠰᠠᠨ ᠢᠶᠠᠨ ᠱᠤᠭ ᠪᠤᠯᠭᠠᠨ ᠶᠠᠷᠢᠬᠤ ᠳᠤ ᠴᠠᠭᠠᠳᠤᠬᠢ ᠮᠠᠨᠢ ᠬᠠᠷᠢᠨ ︽ᠮᠠᠨ ᠤ ᠮᠤᠩᠭᠤᠯ ᠦᠬᠡ ᠴᠢᠨᠢ ᠶᠡᠭᠡ ᠯᠤᠭᠰᠤᠭᠤ ᠲᠠᠢ ᠰᠢᠦ᠂ ᠬᠢᠳᠡᠳ ᠢᠶᠠᠷ ᠬᠡᠯᠡᠬᠦ ᠳᠤ ᠪᠤᠯᠵᠦ ᠦᠭᠬᠦ ᠦᠬᠡᠢ ᠶᠤᠮ︾ ᠬᠡᠬᠦ ᠶᠤᠮ᠃ ᠲᠡᠬᠦᠨ ᠤ ᠢᠩᠬᠢᠵᠦ ᠬᠡᠯᠡᠬᠦ ᠶᠢ ᠰᠤᠨᠤᠰᠤᠭᠠᠳ ᠮᠤᠩᠭᠤᠯ ᠠᠬ᠎ᠠ ᠳᠡᠬᠦᠦ ᠲᠠᠢ ᠪᠠᠨ ᠵᠤᠭᠤᠭᠳᠠᠬᠤ ᠬᠡᠰᠡᠨ ᠣᠷᠮ᠎ᠠ ᠮᠢᠨᠢ ᠪᠠᠭᠤᠷᠠᠭᠠᠳ ᠶᠠᠪᠤᠴᠢᠬᠠᠯ᠎ᠠ᠃               ᠣᠷᠴᠢᠭᠤᠯᠭ᠎ᠠ ᠶᠢᠨ ᠵᠠᠷᠴᠢᠮ ᠢᠶᠠᠷ ᠪᠤᠯ ᠤᠤᠯ ᠵᠤᠬᠢᠶᠠᠯ ᠪᠠ ᠦᠬᠡ ᠶᠢᠨ ᠤᠤᠠᠬ᠎ᠠ ᠪᠤᠯᠤᠨ ᠬᠡᠯᠡᠯᠭᠡ ᠳᠤᠨᠢ ᠦᠨᠡᠨᠴᠢ ᠪᠠᠶᠢᠬᠤ ᠶᠢ ᠪᠠᠷᠢᠮᠳᠠᠯᠠᠬᠤ ᠶᠠᠪᠤᠳᠠᠯ ᠪᠤᠯ ᠭᠤᠤᠯ ᠪᠤᠯᠳᠠᠭ᠃ ᠬᠡᠳᠦ᠋ᠢᠪᠡᠷ ᠡᠶᠢᠮᠦ ᠪᠤᠯᠪᠠᠴᠦ ᠮᠤᠩᠭᠤᠯ ᠦᠬᠡ ᠶᠢ ᠬᠢᠳᠡᠳ ᠢᠶᠠᠷ ᠣᠷᠴᠢᠭᠤᠯᠬᠤ ᠪᠤᠶᠦ ᠠᠪᠢᠶᠠᠯᠠᠬᠤ ᠳᠤᠮᠳᠠ ᠪᠤᠷᠤᠭᠤ ᠬᠠᠵᠠᠭᠠᠢ᠂ ᠣᠨᠣᠪᠴᠢᠳᠠᠢ ᠪᠤᠰᠤ ᠪᠤᠶᠦ ᠲᠡᠷᠡᠴᠢᠯᠡᠨ ᠪᠦᠷ ᠢᠨᠢᠶᠡᠳᠦ ᠬᠦᠷᠬᠡᠮᠡᠷ ᠬᠡᠯᠡᠯᠬᠡ ᠴᠦ ᠠᠷᠪᠢᠨ ᠪᠠᠶᠢᠳᠠᠭ ᠳ᠋ᠠ᠃ ᠲᠡᠷᠡ ᠨᠢ ᠣᠳᠦ ᠯᠡ ᠭᠠᠷᠴᠦ ᠪᠠᠶᠢᠭ᠎ᠠ ᠣᠨᠴᠠᠭᠠᠢ ᠶᠠᠪᠤᠳᠠᠯ ᠪᠢᠰᠢ ᠤᠵᠤᠭᠤᠷ ᠠᠴᠠ ᠪᠠᠨ ᠦᠷᠬᠦᠯᠵᠢᠯᠡᠵᠦ ᠢᠷᠡᠭᠰᠡᠨ ᠦᠵᠡᠭᠳᠡᠯ ᠬᠡᠬᠦ ᠳᠤ ᠬᠤᠳᠠᠯ ᠪᠢᠰᠢ᠃ ᠬᠡᠳᠡᠯ᠎ᠡ ᠡᠶᠢᠮᠦᠷᠬᠦ ᠪᠠᠶᠢᠳᠠᠯ ᠤᠨ ᠣᠷᠣᠰᠢᠭᠰᠠᠭᠠᠷ ᠪᠠᠶᠢᠳᠠᠭ ᠤᠨ ᠰᠢᠯᠳᠠᠭᠠᠨ ᠨᠢ ︽ᠮᠤᠩᠭᠤᠯ ᠦᠬᠡ ᠯᠤᠭᠰᠤᠭᠤ ᠲᠠᠢ︾᠎ ᠳᠠᠭᠠᠨ ᠪᠢᠰᠢ᠂ ᠬᠢᠳᠡᠳ ᠬᠡᠯᠡ ᠨᠢ ᠬᠦᠰᠢᠬᠦᠨ ᠳᠡᠭᠡᠨ ᠴᠦ ᠪᠢᠰᠢ᠂ ᠭᠤᠤᠯ ᠨᠢ ᠬᠠᠰᠢᠯᠠ ᠳᠤᠬᠠᠢ ᠶᠢᠨ ᠦᠶ᠎ᠡ ᠶᠢᠨ ᠮᠤᠩᠭᠤᠯ ᠣᠷᠴᠢᠭᠤᠯᠤᠭᠴᠢ ᠶᠢᠨ ᠲᠤᠬᠠᠢᠢᠯᠠᠬᠰᠠᠨ ᠠᠵᠢᠯ ᠤᠨ ᠬᠢᠷᠢ ᠲᠦᠪᠰᠢᠨ ᠤ ᠤᠴᠢᠷ ᠪᠤᠶᠤ ᠮᠤᠩᠭᠤᠯ ᠬᠡᠯᠡ ᠪᠠᠨ ᠵᠥᠪ ᠬᠡᠷᠡᠭᠯᠡᠨ᠎ᠡ ᠬᠡᠰᠡᠨ ᠣᠬᠠᠮᠰᠠᠷ ᠪᠤᠯᠤᠨ ᠬᠠᠷᠢᠭᠤᠴᠠᠯᠭ᠎ᠠ ᠳᠤᠳᠠᠮᠠᠭ ᠠᠴᠠ ᠪᠤᠯᠤᠭᠰᠠᠨ ︽ᠠᠯᠳᠠᠰᠢ︾ ᠪᠠᠶᠢᠭ᠎ᠠ ᠭᠡᠵᠦ ᠬᠡᠯᠡᠬᠦ ᠳᠤ ᠪᠤᠷᠤᠭᠤᠳᠠᠬᠤ ᠪᠠᠷ ᠦᠬᠡᠢ᠃ ᠡᠬᠦᠨ ᠠᠴᠠ ᠪᠢᠳᠠ ᠣᠷᠴᠢᠭᠤᠯᠭ᠎ᠠ ᠶᠢᠨ ᠠᠵᠢᠯ ᠬᠡᠴᠢᠨᠡᠨ ᠴᠢᠬᠤᠯᠠ ᠪᠠᠶᠢᠳᠠᠭ ᠢ ᠨᠡᠩ ᠬᠦᠨ ᠣᠶᠢᠯᠠᠭᠠᠵᠦ ᠪᠤᠯᠬᠤ ᠶᠤᠮ᠃ ᠣᠷᠴᠢᠭᠤᠯᠤᠭᠴᠢ ᠪᠤᠯᠤᠭᠰᠠᠨ ᠬᠦᠮᠦᠨ ᠡᠬᠡ ᠮᠤᠩᠭᠤᠯ ᠬᠡᠯᠡ ᠪᠠᠨ ᠦᠬᠡᠷ᠎ᠡ ᠬᠡᠯᠡ ᠳᠡᠭᠡᠷ᠎ᠡ ᠢᠯᠡᠤᠡᠭᠡᠬᠦ ᠳᠡᠭᠡᠨ ᠵᠥᠪ ᠣᠨᠣᠪᠴᠢᠳᠠᠢ ᠪᠠᠷ ᠣᠷᠴᠢᠭᠤᠯᠬᠤ᠂ ᠵᠥᠪ ᠠᠪᠢᠶᠠᠯᠢᠭ ᠢᠶᠠᠷ ᠢᠯᠡᠤᠡᠬᠡᠭᠦ ᠨᠢ ᠠᠪᠤᠨ ᠬᠦᠢᠴᠠᠤᠡᠭᠡᠬᠦ ᠠᠵᠢᠯ ᠤᠨ ᠴᠢᠳᠠᠪᠤᠷᠢ ᠪᠤᠯᠬᠤ ᠮᠥᠷᠳᠡᠬᠡᠨ ᠠᠬᠤᠢ ᠨᠡᠶᠢᠬᠡᠮ ᠠᠯᠤᠰ ᠢᠷᠡᠬᠡᠳᠦᠢ ᠳᠤ ᠬᠠᠷᠢᠭᠤᠴᠠᠬᠤ ᠡᠭᠦᠷᠭᠡ ᠪᠠᠶᠢᠵᠦ ᠳᠠᠭᠠᠷᠠᠨ᠎ᠠ ᠃ ᠬᠡᠷᠪᠡ ᠢᠩᠬᠢᠵᠦ ᠬᠦᠢᠴᠡᠤᠡᠬᠡᠬᠦ ᠦᠬᠡᠢ ᠶᠤᠮ ᠪᠤᠯ ᠦᠰᠦᠭ ᠪᠢᠴᠢᠭ ᠤᠨ ᠳᠡᠮᠳᠡᠭᠯᠡᠯ᠂ ᠦᠬᠡ ᠬᠡᠯᠡᠨ ᠤ ᠰᠢᠩᠬᠡᠬᠡᠯᠳᠡ ᠪᠠᠷ ᠦᠯᠡᠳᠡᠭᠰᠡᠨ ︽ᠪᠥᠳᠦᠬᠡᠯ︾ ᠴᠢᠨᠢ ᠡᠨᠡ ᠦᠶ᠎ᠡ ᠶᠢᠨ ᠬᠦᠮᠦᠨ ᠢ ᠨᠥᠯᠦᠬᠡᠯᠡᠬᠦ ᠪᠠᠷ ᠪᠠᠷᠠᠬᠤ ᠦᠬᠡᠢ ᠣᠨ ᠣᠳᠠᠭᠠᠨ ᠤ ᠲᠡᠤᠬᠡᠨ ᠳᠤ ᠣᠴᠢᠷ ᠪᠤᠯᠤᠨ ᠦᠯᠡᠳᠡᠳᠡᠭ ᠶᠤᠰᠤᠳᠠᠢ ᠶᠤᠮ ᠪᠠᠶᠢᠨ᠎ᠠ᠃ ᠡᠶᠢᠮᠦ ᠠᠴᠠ ᠣᠷᠴᠢᠭᠤᠯᠭ᠎ᠠ ᠶᠢᠨ ᠠᠵᠢᠯ ᠬᠢᠵᠦ ᠪᠠᠶᠢᠭ᠎ᠠ ᠬᠦᠮᠦᠰ ᠡᠷᠳᠡᠮ ᠢᠶᠠᠨ ᠭᠠᠷᠭᠠᠬᠤ ᠳᠠᠭᠠᠨ ᠡᠬᠡ ᠬᠡᠯᠡ ᠪᠠᠨ ᠳᠡᠬᠡᠳᠦᠯᠡᠳᠡᠭ ᠡᠷᠬᠢᠮ ᠴᠢᠨᠠᠷ ᠢᠶᠠᠨ ᠠᠯᠳᠠᠯ ᠦᠬᠡᠢ ᠪᠠᠷ ᠮᠡᠳᠡᠬᠦ ᠪᠠᠨ ᠪᠤᠦ ᠬᠠᠷᠠᠮᠯᠠ᠂ ᠮᠡᠳᠡᠬᠦ ᠦᠬᠡᠢ ᠪᠠᠨ ᠪᠤᠦ ᠮᠡᠷᠬᠡᠯᠡ᠂ ᠴᠢᠳᠠᠬᠤ ᠦᠬᠡᠢ ᠪᠠᠨ ᠴᠠᠭᠠᠳᠤᠬᠢ ᠳᠠᠭᠠᠨ ᠨᠠᠶᠢᠳᠠ᠃ ᠬᠠᠷᠢᠨ ᠲᠡᠭᠡᠵᠦ ᠬᠠᠰᠢ ᠶᠠᠰᠢ ᠬᠠᠨᠳᠤᠵᠦ ᠪᠠᠶᠢᠭᠠᠳ ᠡᠬᠡ ᠬᠡᠯᠡᠨ ᠤ ᠪᠠᠨ ᠲᠡᠤᠬᠡᠨ ᠳᠤ ︽ᠯᠤᠭᠰᠤᠭᠤ︾᠎ ᠲᠠᠢ ᠭᠡᠮ ᠪᠤᠦ ᠦᠯᠡᠳᠡᠭᠡᠴᠢᠭᠡ︕                ᠡᠬᠡ ᠮᠤᠩᠭᠤᠯ ᠬᠡᠯᠡ ᠳᠡᠭᠡᠨ ᠬᠦᠢᠴᠡᠤᠡᠬᠡᠬᠦ ᠬᠠᠷᠢᠭᠤᠴᠠᠯᠭ᠎ᠠ ᠪᠤᠯ ᠶᠠᠭ ︽ᠡᠬᠡ ᠬᠡᠯᠡ︾ ᠬᠡᠰᠡᠨ ᠦᠰᠦᠭ ᠢᠶᠠᠨ ᠠᠴᠤᠭ ᠠᠷᠠᠭ᠎ᠠ᠂ ᠰᠡᠬᠦᠯ ᠴᠠᠴᠤᠯᠭ᠎ᠠ ᠲᠠᠢ ᠨᠢ ᠴᠥᠮ ᠪᠥᠷᠢᠨ ᠵᠥᠪ ᠪᠢᠴᠢᠵᠦ ᠳᠡᠮᠳᠡᠭᠯᠡᠬᠦ ᠲᠠᠢ ᠠᠳᠠᠯᠢ ᠬᠦᠨᠳᠦ ᠬᠠᠷᠢᠭᠤᠴᠠᠯᠭ᠎ᠠ ᠪᠠᠶᠢᠭ᠎ᠠ ᠶᠤᠮ᠃ ᠣᠷᠴᠢᠭᠤᠯᠭ᠎ᠠ ᠶᠢᠨ ᠠᠯᠮᠠᠶᠢᠷᠠᠯ ᠠᠴᠠ ᠪᠤᠯᠵᠦ ᠡᠬᠡ ᠬᠡᠯᠡ ᠪᠠᠨ ᠪᠤᠷᠤᠭᠤ ᠣᠷᠴᠢᠭᠤᠯᠵᠦ ᠬᠠᠵᠠᠭᠠᠢ ᠠᠪᠢᠶᠠᠯᠠᠳᠠᠭ ᠪᠠᠶᠢᠳᠠᠯ ᠢ ᠵᠤᠭᠰᠤᠭᠠᠨ᠂ ᠵᠥᠪ ᠵᠠᠮ ᠳᠤᠨᠢ ᠣᠷᠣᠭᠤᠯᠬᠤ ᠪᠤᠯ ᠨᠢᠭᠡ ᠦᠶ᠎ᠡ ᠶᠢᠨ ᠬᠦᠮᠦᠨ ᠤ ᠣᠬᠠᠮᠰᠠᠷ ᠪᠤᠯᠤᠨ ᠬᠠᠷᠢᠭᠤᠴᠠᠯᠭ᠎ᠠ ᠪᠤᠯᠵᠦ ᠪᠠᠶᠢᠬᠤ ᠶᠢ ᠦᠨᠡᠨᠬᠦ ᠲᠠᠨᠢᠵᠦ ᠠᠪᠤᠭᠤᠰᠢᠳᠠᠢ ᠪᠠᠶᠢᠨ᠎ᠠ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号