ᠵᠣᠬᠢᠰᠳᠣ ᠠᠶᠠᠯᠭᠤᠨ ᠤ ᠭᠡᠮ ᠤᠨ ᠣᠨᠣᠯ
ᠨᠡᠶᠢᠲᠡᠯᠡᠭᠰᠡᠨ ᠴᠠᠭ᠄
2019/5/5
᠎             — — ᠮᠤᠩᠭᠤᠯ ᠡᠷᠳᠡᠮᠳᠡᠳ ᠤᠨ ᠵᠣᠬᠢᠰᠳᠣ ᠠᠶᠠᠯᠭᠤᠨ ᠤ ᠭᠡᠮ ᠤᠨ                      ᠲᠣᠬᠠᠢ ᠪᠦᠳᠦᠭᠡᠯᠴᠢ ᠣᠨᠣᠯ ᠦᠵᠡᠯᠳᠡ ᠶᠢ ᠦᠬᠦᠯᠡᠬᠦ ᠨᠢ    【 ᠠᠭᠤᠯᠭ᠎ᠠ ᠶᠢᠨ ᠲᠣᠪᠴᠢ 】 ᠵᠣᠬᠢᠰᠳᠣ ᠠᠶᠠᠯᠭᠤᠨ ᠤ ᠭᠡᠮ ᠤᠨ ᠣᠨᠣᠯ ᠪᠣᠯ ᠡᠨᠡᠳᠭᠡᠭ ᠤᠨ ᠡᠷᠳᠡᠨ ᠤ ᠣᠳᠬ᠎ᠠ ᠵᠣᠬᠢᠶᠠᠯ ᠤᠨ ᠣᠨᠣᠯᠴᠢ ᠲᠠᠨᠳᠢᠨ ᠤ ᠣᠨᠣᠯ ᠤᠨ ᠲᠣᠭᠳᠠᠭᠠᠯᠴᠠᠭᠠᠨ ᠤ ᠴᠢᠬᠤᠯᠠ ᠪᠦᠷᠢᠯᠳᠣᠭᠦᠨ ᠬᠡᠰᠡᠭ ᠨᠢ ᠪᠣᠯᠣᠨ᠎ᠡ᠃ ᠮᠣᠩᠭᠤᠯ ᠤᠨ ᠯᠠᠮᠠ ᠡᠷᠳᠡᠮᠳᠡᠳ ᠠᠴᠠ ︽ᠵᠣᠬᠢᠰᠳᠣ ᠠᠶᠠᠯᠭᠤ ᠶᠢᠨ ᠲᠣᠯᠢ︾᠎ ᠶᠢ ᠰᠣᠳᠣᠯᠣᠨ ᠲᠠᠶᠢᠯᠪᠣᠷᠢᠯᠠᠬᠤ ᠶᠠᠪᠣᠴᠠ ᠳᠤ ᠲᠣᠰ ᠭᠡᠮ ᠤᠨ ᠣᠨᠣᠯ ᠢ ᠣᠯᠠᠮ ᠢᠶᠠᠷ ᠪᠠᠶᠠᠯᠢᠭᠵᠢᠭᠤᠯᠣᠨ ᠬᠦᠭᠵᠢᠬᠦᠯᠵᠦ ᠦᠪᠡᠷ ᠤᠨ ᠣᠨᠴᠠᠯᠢᠭᠳᠣ ᠵᠣᠬᠢᠰᠳᠣ ᠠᠶᠠᠯᠭᠤᠨ ᠤ ᠭᠡᠮ ᠤᠨ ᠣᠨᠣᠯ ᠢᠶᠠᠨ ᠴᠤᠭᠴᠠᠯᠠᠭᠰᠠᠨ ᠶᠣᠮ᠃ ᠲᠣᠰ ᠦᠬᠦᠯᠡᠯ ᠳᠤ ᠮᠣᠩᠭᠤᠯᠴᠣᠳ ᠤᠨ ᠵᠣᠬᠢᠰᠳᠣ ᠠᠶᠠᠯᠭᠤᠨ ᠤ ᠭᠡᠮ ᠤᠨ ᠣᠨᠣᠯ ᠳᠤ ᠠᠵᠢᠭᠯᠠᠯᠳᠠ ᠬᠢᠬᠦ ᠪᠠᠷ ᠲᠠᠮᠵᠢᠨ ᠲᠡᠳᠡᠨ ᠤ ᠪᠦᠳᠦᠭᠡᠯᠴᠢ ᠣᠨᠣᠯ ᠦᠵᠡᠯᠳᠡ ᠶᠢ ᠵᠣᠬᠢᠰᠳᠣ ᠠᠶᠠᠯᠭᠤᠨ ᠤ ᠭᠡᠮ ᠤᠨ ᠲᠣᠬᠠᠢ ᠰᠢᠨ᠎ᠡ ᠣᠨᠣᠯ ᠲᠣᠮᠢᠶᠠᠯᠠᠯ ᠭᠠᠷᠭᠠᠭᠰᠠᠨ᠂ ᠵᠣᠬᠢᠰᠳᠣ ᠠᠶᠠᠯᠭᠤᠨ ᠤ ᠭᠡᠮ ᠤᠨ ᠲᠣᠬᠠᠢ ᠦᠪᠡᠷᠮᠢᠴᠡ ᠪᠦᠳᠦᠭᠡᠯᠴᠢ ᠦᠵᠡᠯᠳᠡ ᠲᠣᠷᠠᠳᠣᠭᠰᠠᠨ᠂ ᠪᠦᠵᠢᠭ ᠤᠨ ᠶᠢᠰᠣᠨ ᠲᠦᠷᠢ ᠶᠢᠨ ᠣᠨᠣᠯ ᠦᠵᠡᠯᠳᠡ ᠴᠤᠭᠴᠠᠯᠠᠭᠰᠠᠨ ᠵᠡᠷᠭᠡ ᠭᠤᠷᠪᠠᠨ ᠲᠠᠯ᠎ᠠ ᠪᠠᠷ ᠬᠤᠷᠢᠶᠠᠩᠭᠤᠶᠢᠯᠠᠵᠦ᠂ ᠡᠨᠡ ᠬᠦ ᠣᠨᠣᠯ ᠨᠢ ᠮᠣᠩᠭᠤᠯᠴᠣᠳ ᠤᠨ ᠣᠳᠬ᠎ᠠ ᠵᠣᠬᠢᠶᠠᠯ ᠤᠨ ᠣᠨᠣᠯ ᠤᠨ ᠦᠪ ᠢ ᠪᠠᠶᠠᠯᠢᠭᠵᠢᠭᠤᠯᠣᠭᠰᠠᠨ ᠢᠶᠠᠷ ᠦᠯᠦ ᠪᠠᠷᠠᠮ ᠲᠣᠷᠣᠨᠠᠳᠡᠬᠢᠨ ᠤ ᠣᠳᠬ᠎ᠠ ᠵᠣᠬᠢᠶᠠᠯ ᠤᠨ ᠣᠨᠣᠯ ᠤᠨ ᠪᠠᠶᠠᠯᠢᠭᠵᠢᠯ ᠬᠦᠭᠵᠢᠯ ᠳᠤ ᠬᠤᠪᠢ ᠨᠡᠮᠡᠷᠢ ᠪᠠᠨ ᠦᠵᠡᠬᠦᠯᠪᠡ ᠭᠡᠰᠡᠨ ᠦᠵᠡᠯᠳᠡ ᠲᠡᠪᠰᠢᠬᠦᠯᠪᠡ᠃    【 ᠵᠠᠩᠭᠢᠯᠠᠭ᠎ᠠ ᠶᠢᠨ ᠦᠭᠡ 】 ᠮᠣᠩᠭᠤᠯ ᠡᠷᠳᠡᠮᠳᠡᠳ︔ ᠵᠣᠬᠢᠰᠳᠣ ᠠᠶᠠᠯᠭᠤᠨ ᠤ ᠭᠡᠮ︔ ᠣᠨᠣᠯ ᠦᠵᠡᠯᠳᠡ︔ ᠰᠢᠨ᠎ᠡ ᠲᠣᠮᠢᠶᠠᠯᠠᠯ      ᠣᠳᠬ᠎ᠠ ᠵᠣᠬᠢᠶᠠᠯ ᠤᠨ ᠣᠨᠣᠯ ᠤᠨ ᠰᠠᠭᠤᠷᠢ ᠨᠢᠮᠭᠡᠨ ᠪᠠᠶᠢᠭᠰᠠᠨ ᠮᠣᠩᠭᠤᠯᠴᠣᠳ ᠲᠤ ᠠᠪᠴᠣ ᠬᠡᠯᠡᠪᠡᠯ ᠵᠣᠬᠢᠰᠳᠣ ᠠᠶᠠᠯᠭᠤ ᠶᠢᠨ ᠲᠣᠯᠢ ᠶᠢᠨ ᠰᠣᠳᠣᠯᠭᠠᠨ ᠪᠣᠢ ᠪᠣᠯᠣᠭᠰᠠᠨ ᠨᠢ ᠦᠪᠡᠷ ᠤᠨ ᠣᠨᠣᠯ ᠤᠨ ᠦᠪ ᠢᠶᠠᠨ ᠵᠣᠵᠠᠭᠠᠳᠬᠠᠬᠤ ᠲᠣᠩ ᠠᠵᠠᠳᠠᠢ ᠶᠠᠪᠣᠳᠠᠯ ᠪᠣᠯᠵᠠᠢ᠃ ︽ᠵᠤᠬᠢᠰᠳᠣ ᠠᠶᠠᠯᠭᠤ ᠶᠢᠨ ᠲᠣᠯᠢ︾᠎ ᠨᠢ ᠮᠣᠩᠭᠤᠯ ᠤᠨ ᠣᠯᠠᠨ ᠮᠡᠷᠭᠡᠳ ᠲᠤ ︽ᠢᠷᠠᠭᠤ ᠦᠭᠡᠨ ᠳᠤ ᠡᠰᠡ ᠮᠣᠩᠬᠠᠷᠠᠬᠤ ᠶᠢᠨ ᠰᠢᠳᠢᠳᠣ ᠲᠣᠬᠢᠭᠤᠷ᠂ ᠮᠣᠩᠬᠠᠭ ᠤᠨ ᠵᠣᠵᠠᠭᠠᠨ ᠨᠣᠶᠢᠷ ᠠᠴᠠ ᠰᠡᠷᠢᠭᠡᠬᠦ ᠬᠡᠩᠭᠡᠷᠭᠡ ᠶᠢᠨ ᠢᠷᠠᠭᠤ ᠲᠠᠭᠤᠨ ᠪᠣᠯᠣᠨ ᠲᠠᠭᠤᠷᠢᠰᠴᠤ᠂ ᠪᠠᠳᠠᠷ ᠣᠭᠠᠯᠵᠠ ᠮᠡᠳᠦ ᠪᠠᠴᠢᠯᠠᠭᠳᠠᠭᠰᠠᠨ ᠠᠳᠬᠠᠭ ᠮᠠᠭᠤ ᠰᠡᠳᠬᠢᠯ ᠤᠨ ᠬᠠᠷᠠᠩᠭᠤᠢ ᠳᠤ ᠭᠡᠭᠡ ᠨᠡᠮᠡᠵᠦ᠂ ᠪᠠᠳᠠᠷᠠᠨ ᠭᠡᠶᠢᠬᠦ ᠣᠶᠣᠨ ᠤ ᠵᠣᠯᠠᠨ ᠳᠤ ᠲᠣᠰᠣ ᠨᠡᠮᠡᠭᠰᠡᠨ︾ ﹇1﹈ ︵p.282︶ ᠭᠡᠵᠦ ᠲᠠᠭᠠᠯᠠᠭᠳᠠᠨ ᠰᠢᠳᠦᠭᠳᠡᠵᠦ ᠲᠡᠭᠦᠨ ᠤ ᠲᠣᠳᠣᠷᠠᠬᠢ ᠭᠡᠮ ᠢ ᠠᠷᠢᠯᠭᠠᠭᠴᠢ ᠶᠢᠨ ᠣᠨᠣᠯ ᠪᠠᠰᠠ ᠴᠢᠬᠤᠯᠠᠴᠢᠯᠠᠭᠳᠠᠨ᠂ ᠰᠣᠳᠣᠯᠣᠭᠳᠠᠨ ᠰᠢᠨᠵᠢᠯᠡᠭᠳᠡᠬᠦ ᠪᠣᠯᠪᠠ᠃ ᠲᠠᠨᠳᠢᠨ ᠤ ᠲᠣᠷᠠᠳᠣᠭᠰᠠᠨ ᠭᠡᠮ ᠢ ᠠᠷᠢᠯᠭᠠᠭᠴᠢ ᠶᠢᠨ ᠣᠨᠣᠯ ᠭᠡᠳᠡᠭ ᠨᠢ ᠢᠷᠠᠭᠤ ᠨᠠᠶᠢᠷᠠᠭ ᠪᠣᠶᠣ ᠣᠳᠬ᠎ᠠ ᠵᠣᠬᠢᠶᠠᠯ ᠲᠣᠭᠤᠷᠪᠢᠬᠤ ᠳᠤ ᠶᠡᠷᠤᠳᠡ ᠴᠡᠭᠡᠷᠯᠡᠬᠦ ᠴᠢᠬᠤᠯᠠᠳᠠᠢ ᠠᠷᠪᠠᠨ ᠵᠦᠢᠯ ᠤᠨ ᠭᠡᠮ ᠢ ᠬᠡᠯᠡᠨ᠎ᠡ᠃ ᠲᠣᠬᠠᠶᠢᠯᠠᠪᠠᠯ᠂ ᠣᠳᠬ᠎ᠠ ᠲᠣᠷᠣᠢ᠂ ᠬᠠᠷᠰᠢ ᠣᠳᠬᠠᠳᠣ᠂ ᠨᠢᠭᠡᠨ ᠣᠳᠬᠠᠳᠣ᠂ ᠡᠷᠡᠬᠡᠯᠵᠠᠬᠡᠳᠤ ︵ᠲᠡᠬᠦᠳᠠᠷᠠᠯᠳᠤ︶ ᠣᠳᠬᠠᠳᠣ᠂ ᠲᠡᠷᠠᠭᠠᠯᠠᠯ ᠪᠠᠭᠤᠷᠠᠭᠰᠠᠠ᠂ ᠠᠶᠠᠯᠭᠤ ᠪᠠᠭᠤᠷᠠᠭᠰᠠᠠ᠂ ᠲᠠᠰᠤᠯᠪᠤᠷᠢ ᠵᠠᠪᠰᠠᠷ ᠪᠠᠭᠤᠷᠠᠭᠰᠠᠠ ︵ᠵᠤᠭᠰᠤᠴᠠ ᠲᠤᠷᠤᠢ︶᠂ ᠬᠤᠯᠪᠤᠠ ᠨᠠᠶᠢᠷᠠᠭᠤᠯᠬᠤᠢ ᠪᠠᠭᠤᠷᠠᠭᠰᠠᠠ᠂ ᠵᠠᠪᠰᠠᠷ ᠤᠨ ᠪᠠᠷᠢᠯᠳᠤᠯᠭ᠎ᠠ ᠠᠴᠠ ᠠᠩᠬᠢᠵᠢᠷᠠᠭᠰᠠᠠ᠂ ᠤᠷᠤᠠ ᠴᠠᠭ ᠢᠳᠠ ᠵᠠᠯᠢ ᠶᠢᠷᠳᠢᠡᠴᠤ ᠡᠰᠢ ᠤᠬᠠᠭᠠᠠ ᠯᠤᠭ᠎ᠠ ᠬᠠᠷᠰᠢᠯᠠᠬᠤᠢ ᠵᠡᠷᠭᠡ ᠪᠣᠯᠣᠨ᠎ᠠ᠃ ᠡᠨᠡ ᠨᠢ ᠣᠳᠬ᠎ᠠ ᠵᠣᠬᠢᠶᠠᠯ ᠲᠣᠭᠤᠷᠪᠢᠭᠴᠢ ᠎ ᠳᠤ ᠬᠠᠨᠳᠣᠭᠤᠯᠣᠭᠰᠠᠨ ᠱᠠᠭᠠᠷᠳᠠᠯᠭ᠎ᠠ ᠪᠣᠯᠬᠤ ᠪᠠᠷ ᠪᠠᠷᠠᠬᠤ ᠦᠭᠡᠢ ᠪᠠᠰᠠ ᠣᠳᠬ᠎ᠠ ᠵᠣᠬᠢᠶᠠᠯ ᠤᠨ ᠠᠳᠡᠬᠦᠦ ᠭᠡᠮ ᠣᠯᠵᠦ ᠠᠯᠳᠠᠭᠰᠠᠨ ᠢ ᠰᠢᠬᠦᠮᠵᠢᠯᠡᠨ ᠦᠨᠡᠯᠡᠬᠦ‍ ᠨᠢᠭᠡ ᠵᠦᠢᠯ ᠤᠨ ᠣᠨᠣᠯ ᠤᠨ ᠦᠨᠳᠣᠰᠣᠯᠡᠯ ᠪᠣᠯᠣᠭᠰᠠᠨ ᠪᠠᠶᠢᠳᠠᠭ᠃ ᠲᠣᠰ ᠦᠬᠦᠯᠡᠯ ᠳᠤ ᠮᠣᠩᠭᠤᠯ ᠯᠠᠮᠠ ᠡᠷᠳᠡᠮᠳᠡᠳ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠣᠨᠣᠯ ᠦᠬᠦᠯᠡᠯᠳᠡ ᠶᠢ ᠰᠦᠪᠡᠭᠴᠢᠯᠡᠨ ᠰᠢᠨᠵᠢᠯᠡᠵᠦ᠂ ᠲᠡᠳᠡᠨ ᠤ ᠪᠦᠳᠦᠭᠡᠯᠴᠢ ᠣᠨᠣᠯ ᠦᠵᠡᠯᠳᠡ ᠶᠢ ᠲᠣᠳᠣᠷᠠᠭᠤᠯᠣᠨ ᠢᠯᠭᠠᠷᠠᠭᠤᠯᠣᠭᠠᠳ᠂ ᠲᠡᠳᠡᠨ ᠤ ᠵᠣᠬᠢᠰᠳᠣ ᠠᠶᠠᠯᠭᠤᠨ ᠤ ᠭᠡᠮ ᠤᠨ ᠣᠨᠣᠯ ᠤᠨ ᠮᠣᠩᠭᠤᠯ ᠣᠨᠣᠯ ᠦᠬᠦᠯᠡᠬᠦᠢ ᠳᠠᠬᠢ ᠪᠠᠶᠢᠷᠢ ᠰᠠᠭᠤᠷᠢ ᠶᠢ ᠨᠤᠳᠠᠯᠠᠨ ᠦᠬᠦᠯᠡᠬᠦ ᠶᠢ ᠵᠣᠷᠢᠪᠠ᠃             ᠨᠢᠭᠡ᠂ ᠮᠣᠩᠭᠤᠯ ᠡᠷᠳᠡᠮᠳᠡᠳ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠰᠣᠳᠣᠯᠣᠯ        ᠮᠣᠩᠭᠤᠯ ᠦᠨᠳᠣᠰᠣᠳᠡᠨ ᠤ ᠣᠳᠬ᠎ᠠ ᠵᠣᠬᠢᠶᠠᠯ ᠤᠨ ᠣᠨᠣᠯᠴᠢ᠂ ᠯᠠᠮᠠ ᠡᠷᠳᠡᠮᠳᠡᠨ ᠢᠰᠢᠪᠠᠯᠵᠣᠷ᠂ ᠠᠭᠸᠠᠩᠳᠦ᠋ᠪᠳᠠᠨ᠂ ᠵᠠᠮᠢᠶᠠᠩᠭᠠᠷᠪᠤ ᠨᠠᠷ ᠦᠪᠡᠷᠰᠡᠳ ᠤᠨ ᠲᠦᠪᠡᠳ ᠬᠡᠯᠡ ᠪᠠᠷ ᠵᠣᠬᠢᠶᠠᠭᠰᠠᠨ ︽ᠵᠣᠬᠢᠰᠳᠣ ᠠᠶᠠᠯᠭᠤ ᠎ ᠶᠢᠨ ᠲᠣᠯᠢ︾᠎ ᠶᠢᠨ ᠲᠣᠬᠠᠢ ᠰᠣᠳᠣᠯᠭᠠᠨ ᠤ ᠪᠦᠳᠦᠭᠡᠯ ᠳᠡᠭᠡᠨ ᠵᠣᠬᠢᠰᠳᠣ ᠠᠶᠠᠯᠭᠤᠨ ᠤ ᠭᠡᠮ ᠢ ᠰᠣᠳᠣᠯᠣᠨ ᠰᠢᠨᠵᠢᠯᠡᠵᠦ᠂ ᠪᠦᠳᠦᠭᠡᠯᠴᠢ ᠪᠠᠷ ᠬᠦᠭᠵᠢᠭᠦᠯᠵᠦ᠂ ᠦᠪᠡᠷ ᠤᠨ ᠦᠨᠳᠣᠰᠣᠳᠡᠨ ᠤ ᠣᠨᠣᠯ ᠤᠨ ᠦᠪ ᠪᠣᠯᠭᠠᠭᠰᠠᠨ ᠪᠢᠯᠡ᠃ ᠰᠦᠮᠪᠠ ᠬᠠᠮᠪᠤ ᠢᠰᠢᠪᠠᠯᠵᠣᠷ ᠠᠴᠠ ᠲᠡᠬᠦᠠ ᠤ ︽ᠵᠤᠬᠢᠰᠳᠤ ᠠᠶᠠᠯᠭᠤᠠ ᠤ ᠲᠤᠯᠢ ᠠᠴᠠ ᠨᠤᠮᠯᠠᠭᠰᠠᠠ ᠴᠢᠮᠡᠭ ᠤᠳ ᠤᠨ ᠦᠯᠢᠬᠡᠷ ᠦᠬᠦᠯᠠᠬᠦᠢ ᠤᠳᠤᠠ ᠮᠠᠴᠢᠳ ᠤᠨ ᠦᠵᠠᠰᠬᠦᠯᠠᠩᠳᠤ ᠡᠷᠢᠬᠡᠰ ᠪᠠ ᠢᠯᠠᠳᠳᠠ ᠦᠬᠦᠯᠠᠬᠦᠢ ᠨᠠᠷ᠎ᠠ ᠶᠢᠨ ᠲᠤᠪᠴᠢ ᠬᠤᠷᠢᠶᠠᠩᠭᠤᠢ ᠴᠢᠡᠳᠠᠮᠤᠨᠢ ᠶᠢᠨ ᠤᠡᠵᠢᠯᠭ᠎ᠠ ᠬᠡᠮᠡᠭᠳᠠᠬᠦ ᠤᠷᠤᠰᠢᠪᠠᠢ︾ ᠬᠡᠬᠦ ᠰᠢᠯᠦᠭ ᠵᠦᠢ ᠶᠢᠨ ᠣᠨᠣᠯ ᠤᠨ ᠨᠤᠮ ᠳᠠᠭᠠᠨ ᠲᠠᠡᠳᠢᠠ ᠤ ︽ᠵᠤᠬᠢᠰᠳᠤ ᠠᠶᠠᠯᠭᠤ ᠶᠢᠨ ᠲᠤᠯᠢ︾᠎ ᠶᠢᠨ ᠠᠷᠪᠠᠠ ᠭᠡᠮ ᠢ ᠲᠡᠯᠭᠡᠷᠡᠬᠦᠯᠦᠨ ᠦᠭᠦᠯᠡᠵᠦ᠂ ᠡᠨᠡ ᠠᠷᠪᠠᠨ ᠭᠡᠮ ᠢ ᠲᠡᠪᠴᠢᠬᠦ ᠶᠢᠨ ᠠᠴᠢ ᠬᠤᠯᠪᠣᠭᠳᠠᠯ ᠢ ︽ᠵᠤᠬᠢᠰᠳᠣ ᠠᠶᠠᠯᠭᠤ ᠶᠢᠨ ᠡᠳᠡᠭᠡᠷ ᠠᠷᠪᠠᠨ ᠭᠡᠮ ᠢ ᠵᠤᠬᠢᠶᠠᠨ ᠲᠤᠭᠤᠷᠪᠢᠭᠴᠢᠳ ᠡᠰᠡ ᠣᠭᠤᠷᠪᠠᠰᠣ ᠲᠡᠷᠡ ᠵᠣᠬᠢᠶᠠᠯ ᠠᠨᠣ ᠦᠯᠦ ᠦᠵᠡᠰᠭᠦᠯᠡᠩ ᠪᠦᠭᠡᠳ ᠭᠡᠮᠳᠣ ᠪᠣᠯᠣᠭᠠᠳ ᠦᠯᠢᠭᠡᠷᠯᠡᠪᠡᠰᠣ᠂ ᠮᠠᠰᠢ ᠦᠵᠡᠰᠭᠦᠯᠡᠩ ᠰᠠᠶᠢᠬᠠᠨ ᠨᠢᠭᠡᠨ ᠬᠦᠮᠦᠨ ᠤ ᠪᠡᠶ᠎ᠡ ᠳᠤᠷ ᠪᠡᠶ᠎ᠡ ᠶᠢᠨ ᠨᠢᠭᠡᠨ ᠬᠤᠪᠢ ᠭᠡᠰᠡᠭ ᠲᠡᠳᠦᠢ ᠦᠴᠦᠬᠡᠨ ᠭᠡᠮ ᠢᠶᠠᠷ ᠴᠤ ᠬᠤᠪᠴᠠᠰᠣᠨ ᠳᠤᠷ ᠭᠡᠮᠳᠣ ︵ᠴᠤᠭᠤᠷᠬᠠᠢ ᠭᠠᠷᠣᠭᠰᠠᠨ ᠮᠡᠳᠣ︶ ᠪᠣᠯᠣᠭᠰᠠᠨ ᠮᠡᠳᠣ ᠪᠣᠯᠠᠢ︾ ﹇2﹈ ︵p.444︶ ᠭᠡᠵᠦ ᠦᠭᠦᠯᠡᠭᠰᠡᠨ ᠪᠠᠶᠢᠳᠠᠭ᠃ ᠭᠡᠬᠦ ᠳᠤ ᠢᠰᠢᠪᠠᠯᠵᠣᠷ ᠠᠴᠠ ᠵᠣᠬᠢᠰᠳᠣ ᠠᠶᠠᠯᠭᠤᠨ ᠤ ᠭᠡᠮ ᠤᠨ ᠲᠣᠬᠠᠢ ᠦᠬᠦᠯᠡᠬᠦ ᠳᠡᠭᠡᠨ ᠵᠢᠱᠢᠶ᠎ᠡ ᠰᠢᠯᠦᠭ ᠪᠢᠴᠢᠭᠰᠡᠨ ᠦᠭᠡᠢ᠂ ᠡᠨᠡ ᠠᠷᠪᠠᠨ ᠭᠡᠮ ᠤᠨ ᠲᠣᠬᠠᠢ ᠦᠪᠡᠷ ᠤᠨ ᠦᠵᠡᠯᠳᠡ ᠣᠶᠢᠯᠠᠭᠠᠯᠳᠠ ᠪᠣᠶᠣ ᠲᠣᠮᠢᠶᠠᠯᠠᠯ ᠢᠶᠠᠨ ᠯᠡ ᠲᠣᠷᠠᠳᠴᠠᠢ᠃ ᠵᠢᠱᠢᠶᠡᠯᠡᠪᠡᠯ ᠵᠣᠬᠢᠰᠳᠣ ᠠᠶᠠᠯᠭᠤᠨ ᠤ ︽ᠭᠡᠮ ᠢ ᠠᠷᠢᠯᠭᠠᠭᠴᠢ︾᠎ ᠶᠢᠨ ᠨᠢᠭᠡᠳᠦᠭᠡᠷ ᠭᠡᠮ ᠪᠣᠯᠬᠤ ᠣᠳᠬ᠎ᠠ ᠪᠠᠭᠤᠷᠠᠭᠰᠠᠨ ︵ᠣᠳᠬ᠎ᠠ ᠲᠣᠷᠣᠢ︶ ᠭᠡᠮ ᠤᠨ ᠪᠡᠯᠭᠡ ᠴᠢᠨᠠᠷ ᠢ ︽ᠦᠭᠦᠯᠡᠨ ᠦᠢᠯᠡᠳᠦᠭᠴᠢ ᠦᠭᠡᠰ ᠴᠣᠭᠯᠠᠷᠠᠭᠰᠠᠨ ᠪᠣᠯᠪᠠᠴᠤ ᠦᠭᠦᠯᠡᠭᠳᠡᠭᠦᠨ ᠣᠳᠬ᠎ᠠ ᠠᠨᠤ ᠬᠤᠭᠤᠰᠣᠨ︾ ﹇2﹈ ︵p.444︶ ᠭᠡᠵᠦ ᠦᠬᠦᠯᠡᠭᠰᠡᠨ ᠪᠠ ᠬᠤᠶᠠᠳᠣᠭᠠᠷ ᠭᠡᠮ ᠪᠣᠯᠬᠤ ᠬᠠᠷᠰᠢ ᠣᠳᠬᠠᠳᠣ ᠶᠢᠨ ᠭᠡᠮ ᠤᠨ ᠪᠡᠯᠭᠡ ᠴᠢᠨᠠᠷ ᠢ ︽ᠨᠢᠭᠡᠨ ᠭᠤᠣᠯ ᠶᠣᠰᠣᠨ ᠤ ᠡᠮᠦᠨ᠎ᠡ ᠬᠤᠶᠢᠨᠠᠬᠢ ᠣᠳᠬ᠎ᠠ ᠬᠠᠷᠰᠢᠭᠰᠠᠨ︾ ﹇2﹈ ︵p.444︶ ᠭᠡᠵᠦ ᠲᠣᠪᠴᠢ ᠬᠤᠷᠢᠶᠠᠩᠭᠤᠢ ᠎ ᠪᠠᠷ ᠣᠨᠣᠭᠠᠵᠦ ᠦᠬᠦᠯᠡᠭᠰᠡᠨ ᠪᠠᠶᠢᠳᠠᠭ᠃ ᠮᠦᠨ ᠲᠣᠰ ᠵᠣᠬᠢᠶᠠᠯ ᠳᠠᠭᠠᠨ ᠢᠰᠢᠪᠠᠯᠵᠣᠷ ᠠᠴᠠ ᠠᠷᠪᠠᠨ ᠭᠡᠮ ᠠᠴᠠ ᠭᠠᠳᠠᠨᠠᠬᠢ ᠵᠦᠢᠷᠯᠡᠯ ᠤᠨ ᠭᠡᠮ ᠢ ᠦᠬᠦᠯᠡᠪᠡ᠃ ᠲᠡᠷᠡ ᠣᠳᠬ᠎ᠠ ᠶᠢᠨ ᠭᠤᠴᠢᠨ ᠲᠠᠪᠣᠨ ᠴᠢᠮᠡᠭ ᠤᠨ ᠬᠤᠶᠠᠳᠣᠭᠠᠷ ᠴᠢᠮᠡᠭ ᠪᠣᠯᠬᠤ ᠠᠳᠠᠯᠢᠳᠬᠠᠯ ᠤᠨ ᠴᠢᠮᠡᠭ ᠢ ᠦᠬᠦᠯᠡᠬᠦ ᠳᠡᠭᠡᠨ ᠠᠳᠠᠯᠢᠳᠬᠠᠯ ᠤᠨ ᠴᠢᠮᠡᠭ ᠤᠨ ᠭᠡᠮ ᠢ ᠣᠨᠴᠠᠯᠠᠨ ᠦᠬᠦᠯᠡᠵᠦ᠂ ︽ᠵᠠᠷᠣᠴᠠ ᠬᠡᠣᠬᠡᠨ ᠤ ᠭᠢᠩᠰᠢᠬᠦ ᠲᠠᠭᠤᠨ ᠪᠣᠷᠬᠠᠨ ᠤ ᠠᠶᠢᠯᠠᠳᠣᠯ ᠮᠠᠳᠣ᠂ ᠵᠠᠪᠰᠠᠷ ᠤᠨ ᠴᠠᠭᠠᠨ ᠬᠢᠷᠠᠭᠤ ᠴᠠᠰᠣᠳᠠᠨ ᠶᠡᠭᠡ ᠠᠭᠤᠯᠠ ᠰᠢᠭ᠋᠂ ᠵᠣᠯᠪᠢᠩᠳᠣᠨ ᠬᠦᠶᠦᠬᠦ ᠦᠨᠡᠭᠡ ᠵᠢᠪᠬᠤᠭ᠎ᠠ ᠶᠡᠬᠡᠳᠣ ᠠᠷᠰᠯᠠᠨ ᠮᠡᠳᠣ᠂ ᠵᠣᠳᠠᠷᠠᠨ ᠨᠢᠰᠬᠦ ᠬᠡᠷᠢᠶ᠎ᠡ ᠣᠭᠳᠠᠷᠭᠤᠢ ᠶᠢᠨ ᠭᠠᠷᠣᠳᠢ ᠰᠢᠭ᠋᠃ ᠬᠡᠮᠡᠬᠦ ᠮᠡᠳᠣ ᠪᠡᠯᠭᠡ ᠶᠢᠨ ᠦᠭᠡᠰ ᠤᠨ ᠦᠯᠢᠭᠡᠷ ᠮᠡᠬᠦᠰ ᠲᠣᠣᠷᠠᠳᠣ ᠪᠣᠯᠣᠭᠰᠠᠨ ᠲᠡᠷᠢᠬᠦᠳᠡᠨ ᠬᠡᠵᠢᠶᠡᠳᠡ ᠦᠯᠦ ᠨᠡᠶᠢᠯᠡᠬᠦ ᠨᠦᠭᠦᠳ ᠢ ᠣᠭᠤᠷᠬᠤ ᠬᠡᠷᠡᠭ ᠲᠠᠢ ᠪᠦᠯᠦᠭᠡ ︾ ﹇2﹈ ︵p.94︶ ᠭᠡᠵᠡᠢ᠃ ᠠᠳᠡ ᠵᠠᠷᠣᠴᠠ ᠬᠡᠣᠬᠡᠨ ᠤ ᠬᠢᠩᠰᠢᠬᠦ ᠲᠠᠭᠤᠨ ᠢ ᠪᠣᠷᠬᠠᠨ ᠤ ᠠᠶᠢᠯᠠᠳᠣᠯ ᠲᠠᠢ᠂ ᠵᠠᠪᠰᠠᠷ ᠤᠨ ᠴᠠᠭᠠᠨ ᠬᠢᠷᠠᠭᠤ ᠶᠢ ᠴᠠᠰᠣᠳᠠᠨ ᠠᠭᠤᠯᠠ ᠰᠢᠭ᠋ ᠭᠡᠬᠦ ᠮᠡᠳᠣ ᠪᠠᠷ ᠠᠳᠠᠯᠢᠳᠬᠠᠨ ᠵᠦᠢᠷᠯᠡᠭᠰᠡᠨ ᠨᠢ ᠵᠣᠬᠢᠰ ᠦᠭᠡᠢ ᠪᠣᠯᠵᠦ᠂ ᠲᠣᠬᠠᠶᠢᠯᠠᠪᠠᠯ ᠦᠯᠢᠭᠡᠷ ᠪᠠ ᠦᠯᠢᠭᠡᠷᠳᠡᠨ ︵ᠵᠦᠢᠷᠯᠡᠬᠦᠨ ᠪᠠ ᠵᠦᠢᠷᠯᠡᠭᠳᠡᠬᠦᠨ︶᠎ ᠤ ᠦᠯᠢᠭᠡᠷ ᠨᠢ ᠮᠡᠭᠦᠰ ᠲᠣᠣᠷᠠᠳᠣ ᠪᠣᠯᠣᠭᠰᠠᠨ ᠠᠴᠠ ᠭᠡᠮ ᠪᠣᠯᠵᠦ᠂ ᠲᠡᠶᠢᠮᠤᠷᠬᠦᠦ ᠭᠡᠮ ᠢ ᠲᠡᠪᠴᠢᠬᠦ ᠬᠡᠷᠡᠭᠳᠡᠢ ᠭᠡᠵᠡᠢ᠃ ᠢᠰᠢᠪᠠᠯᠵᠤᠷ ᠤᠨ ᠣᠨᠣᠯ ᠦᠬᠦᠯᠡᠯᠳᠡ ᠪᠣᠯ ᠶᠠᠷᠣᠩᠬᠡᠢ ᠳᠡᠭᠡᠨ ᠣᠬᠤᠷ ᠠᠪᠰᠠᠷᠬᠠᠨ᠂ ᠲᠡᠭᠡᠳᠦ ᠬᠡᠮᠵᠢᠶ᠎ᠡ ᠪᠠᠷ ᠬᠤᠷᠢᠶᠠᠩᠭᠤᠶᠢᠯᠠᠭᠰᠠᠨ ᠣᠨᠴᠠᠯᠢᠭ ᠲᠠᠢ᠃        ᠷᠠᠪᠵᠠᠮᠪᠠ ᠠᠭᠸᠠᠩᠳᠦ᠋ᠪᠳᠡᠨ ᠠᠴᠠ ︽ᠵᠤᠬᠢᠰᠳᠤ ᠠᠶᠠᠯᠭᠤᠠ ᠤ ᠲᠣᠯᠢ ᠶᠢᠨ ᠲᠤᠭᠳᠠᠭᠠᠭᠰᠠᠠ ᠤ ᠲᠡᠮᠳᠡᠭᠯᠠᠯ ᠲᠤᠷᠠᠳᠤᠯ ᠤᠨ ᠲᠤᠳᠤᠷᠠᠭᠤᠯᠤᠭᠴᠢ︾ ᠬᠡᠬᠦ ᠪᠦᠳᠤᠬᠡᠯ ᠳᠡᠭᠡᠨ ᠵᠤᠬᠢᠰᠳᠤ ᠠᠶᠠᠯᠭᠤᠠ ᠤ ᠠᠷᠪᠠᠨ ᠬᠡᠮ ᠤᠨ ᠲᠤᠬᠠᠢ ᠨᠠᠷᠢᠨ ᠲᠠᠶᠢᠯᠪᠣᠷᠢᠯᠠᠨ᠂ ᠦᠪᠡᠷᠮᠢᠴᠡ ᠦᠵᠡᠯᠳᠡ ᠲᠣᠷᠠᠳᠣᠭᠰᠠᠨ ᠶᠣᠮ᠃ ᠲᠡᠷᠡ ᠢᠷᠠᠭᠤ ᠨᠠᠶᠢᠷᠠᠭ ᠲᠤ ᠭᠡᠮ ᠦᠭᠡᠢ ᠪᠠᠶᠢᠬᠤ ᠶᠢᠨ ᠠᠴᠢ ᠬᠤᠯᠪᠣᠭᠳᠠᠯ ᠢ ︽ᠵᠣᠬᠢᠰᠳᠣ ᠠᠶᠠᠯᠭᠤᠨ ᠤ ᠭᠡᠮ ᠡᠷᠳᠡᠮ ᠢ ᠰᠠᠶᠢᠳᠣᠷ ᠢᠯᠭᠠᠵᠦ᠂ ᠭᠡᠮ ᠦᠭᠡᠢ ᠵᠣᠬᠢᠰᠳᠣ ᠠᠶᠠᠯᠭᠤ ᠯᠤᠭ᠎ᠠ ᠨᠦᠬᠦᠷᠯᠡᠬᠦ ᠢᠨᠣ ᠵᠠᠯᠠᠭᠤ ᠦᠵᠡᠰᠭᠦᠯᠡᠩᠳᠣ ᠪᠦᠰᠡᠭᠦᠢ ᠯᠦᠭᠡ ᠨᠦᠬᠦᠷᠯᠡᠭᠰᠡᠨ ᠢᠳᠡᠷ ᠨᠠᠰᠣᠨ ᠤ ᠬᠦᠮᠦᠨ ᠮᠡᠳᠣ ᠠᠬᠤᠢ ᠦᠶᠡᠰ ᠲᠤ ᠰᠡᠳᠬᠢᠯ ᠳᠤᠷ ᠪᠠᠶᠠᠰᠬᠤᠯᠠᠩ ᠪᠠ ᠪᠡᠶ᠎ᠡ ᠳᠤᠷ ᠵᠢᠷᠭᠠᠯ ᠢ ᠣᠯᠭᠤᠵᠣ᠂ ᠨᠢᠳᠣᠨ ᠡᠮᠦᠨᠡᠬᠢ ᠪᠠ ᠠᠯᠣᠰ ᠬᠤᠯᠠ ᠪᠦᠬᠦᠨ ᠳᠤᠷ ᠪᠣᠶᠠᠨ ᠤ ᠠᠯᠳᠠᠷ ᠲᠦᠭᠡᠭᠡᠬᠦ ᠪᠠ ᠡᠴᠣᠰ ᠤᠨ ᠡᠴᠣᠰ ᠲᠤ ᠶᠠᠭᠤ ᠪᠦᠬᠦᠨ ᠪᠦᠷᠢᠳᠴᠤ᠂ ᠣᠶᠢᠯᠠᠭᠠᠬᠤ ᠶᠢᠨ ᠪᠦᠬᠦᠨ ᠢ ᠤᠶᠢᠯᠠᠭᠠᠬᠤ ᠪᠢᠯᠢᠭ ᠤᠨ ᠰᠢᠯᠳᠠᠭᠠᠨ ᠪᠣᠯᠣᠭᠰᠠᠨ ᠪᠦᠭᠡᠳ ᠬᠠᠮᠤᠭ ᠤᠨ ᠲᠡᠭᠡᠳᠣ ᠪᠣᠳᠢ ᠬᠤᠳᠤᠭ ᠢ ᠣᠯᠵᠤ ᠡᠷᠳᠡᠮ ᠯᠤᠭ᠎ᠠ ᠢᠷᠠᠭᠤ ᠵᠣᠬᠢᠰᠳᠠᠢ ᠠᠯᠳᠠᠷᠰᠢᠬᠤ ᠶᠢᠨ ᠣᠷᠣᠨ ᠳᠤᠷ ᠣᠷᠣᠰᠢᠮᠣᠢ︾ ﹇3﹈ ︵p.304︶ ᠭᠡᠵᠦ ᠦᠭᠦᠯᠡᠭᠰᠡᠨ ᠶᠤᠮ᠃ ᠲᠠᠷᠡ ᠬᠡᠳᠦᠶᠢᠪᠡᠷ ᠵᠣᠬᠢᠰᠳᠣ ᠠᠶᠠᠯᠭᠤᠨ ᠤ ᠭᠡᠮ ᠢ ᠬᠠᠷᠠᠭᠤᠯᠣᠭᠰᠠᠨ ᠵᠢᠱᠢᠶ᠎ᠡ ᠰᠢᠯᠦᠭ ᠪᠢᠴᠢᠭᠰᠡᠨ ᠦᠭᠡᠢ ᠪᠣᠯᠪᠠᠴᠤ᠂ ᠲᠠᠨᠳᠢᠨ ᠤ ᠵᠢᠱᠢᠶ᠎ᠡ ᠰᠢᠯᠦᠭ ᠢ ᠰᠢᠨᠵᠢᠯᠡᠵᠦ᠂ ᠪᠣᠰᠣᠳ ᠡᠷᠳᠡᠮᠳᠡᠳ ᠤᠨ ᠦᠵᠡᠯᠳᠡ ᠶᠢ ᠡᠰᠢᠯᠡᠨ ᠬᠡᠷᠡᠭᠯᠡᠭᠰᠡᠨ ᠠᠴᠠ ᠲᠠᠶᠢᠯᠪᠣᠷᠢ ᠨᠠᠷᠢᠯᠢᠭ᠂ ᠬᠢᠯᠪᠠᠷ ᠣᠶᠢᠯᠠᠭᠠᠮᠵᠢᠳᠡᠢ᠂ ᠣᠨᠣᠯ ᠦᠬᠦᠯᠡᠯᠳᠡ ᠲᠡᠯᠭᠡᠷᠡᠩᠬᠦᠢ ᠬᠦᠨᠵᠡᠭᠡᠢ ᠪᠣᠯᠵᠠᠢ᠃ ᠲᠡᠷᠡ ᠲᠣᠯᠢ ᠶᠢᠨ ᠦᠨᠳᠣᠰᠣᠨ ᠳᠠᠬᠢ ᠣᠳᠬ᠎ᠠ ᠪᠠᠭᠤᠷᠠᠭᠰᠠᠨ ᠭᠡᠮ ᠤᠨ ᠵᠢᠱᠢᠶ᠎ᠡ ᠶᠢ ︽ᠡᠨᠡ ᠬᠦᠮᠦᠨ ᠪᠠᠷ ᠲᠠᠯᠠᠢ ᠶᠢ ᠣᠣᠭᠤᠭᠰᠠᠨ ᠪᠣᠯᠠᠢ᠂ ᠨᠢᠯᠬᠠᠰ ᠪᠢ ᠡᠨᠡ ᠡᠳᠦᠷ ᠦᠳᠡᠯᠦᠭᠰᠡᠨ ᠪᠣᠯᠠᠢ᠂ ᠡᠭᠦᠯᠡᠨ ᠪᠠᠷ ᠠᠶᠤᠩᠭ᠎ᠠ ᠶᠢᠨ ᠲᠠᠭᠤᠨ ᠢᠶᠠᠷ ᠲᠠᠭᠤᠷᠢᠰᠣᠭᠰᠠᠨ ᠪᠣᠯᠠᠢ᠂ ᠪᠣᠯᠢᠶᠠᠭᠴᠢ ᠠᠨᠤ ᠡᠷᠬᠡ ᠴᠤᠭᠳᠣ ᠶᠡᠭᠡ ᠵᠠᠭᠠᠨ ᠳᠤᠷ ᠪᠠᠶᠠᠰᠣᠮᠣᠢ ᠭᠡᠬᠦ ᠮᠡᠳᠣ ᠪᠦᠭᠡᠳ᠂ ᠲᠡᠳᠡᠭᠡᠷ ᠦᠭᠡᠰ ᠢᠨᠤ ᠪᠠᠷᠤᠭ ᠪᠦᠷ ᠴᠣᠭᠯᠠᠷᠠᠵᠦ ᠬᠤᠷᠠᠭᠰᠠᠨ ᠴᠤ ᠪᠠᠷᠢᠯᠳᠣᠯᠭ᠎ᠠ ᠲᠡᠭᠦᠰ ᠡᠰᠡ ᠪᠣᠯᠵᠣ ᠦᠭᠦᠯᠡᠭᠰᠡᠨ ᠤᠳᠬ᠎ᠠ ᠪᠠᠨ ᠡᠰᠡ ᠦᠵᠡᠭᠦᠯᠦᠭᠰᠡᠨ ᠪᠣᠯᠬᠤᠷ᠂ ᠶᠡᠷᠣᠳᠡ ᠢᠷᠠᠭᠤ ᠨᠠᠶᠢᠷᠠᠭ ᠤᠨ ᠭᠡᠮ ᠪᠣᠯᠬᠤ ᠪᠣᠯᠠᠢ︾ ﹇3﹈ ︵p.274︶ ᠭᠡᠵᠦ ᠵᠢᠱᠢᠶ᠎ᠡ ᠰᠢᠯᠦᠭ ᠢ ᠣᠶᠢᠯᠠᠭᠠᠮᠵᠢᠳᠠᠢ ᠬᠢᠯᠪᠠᠷ ᠪᠣᠯᠭᠠᠨ ᠦᠵᠡᠭᠦᠯᠦᠭᠡᠳ ᠡᠳᠡᠭᠡᠷ ᠦᠭᠡᠰ ᠨᠢ ᠴᠤᠭᠯᠠᠷᠠᠵᠤ ᠬᠤᠷᠠᠭᠰᠠᠨ ᠴᠤ ᠰᠠᠶᠢᠳᠣᠷ ᠪᠠᠷᠢᠯᠳᠣᠭᠰᠠᠨ ᠦᠭᠡᠢ ᠠᠴᠠ ᠪᠣᠯᠵᠣ ᠦᠭᠦᠯᠡᠭᠦ ᠭᠡᠰᠡᠨ ᠰᠠᠨᠠᠭ᠎ᠠ ᠪᠠᠨ ᠦᠵᠡᠭᠦᠯᠵᠦ ᠴᠢᠳᠠᠭᠰᠠᠨ ᠦᠭᠡᠢ᠂ ᠭᠡᠮ ᠪᠣᠯᠵᠠᠢ ᠭᠡᠵᠦ ᠲᠠᠶᠢᠯᠪᠣᠷᠢᠯᠠᠪᠠ᠃ ᠪᠠᠰᠠ ︽ᠴᠢ ᠪᠠᠷ ᠲᠠᠶᠢᠰᠤᠨ ᠢᠵᠠᠭᠤᠷᠳᠠᠨ ᠢ ᠲᠠᠷᠣᠵᠦ᠂ ᠠᠯᠢᠮᠠᠳ ᠡᠭᠦᠨ ᠠᠴᠠ ᠢᠯᠠᠬᠤ ᠪᠣᠯᠳᠣᠭᠠᠢ᠂ ᠡᠨᠡᠷᠢᠯᠳᠡᠨ ᠴᠢᠮ᠎ᠠ ᠳᠤᠷ ᠡᠰᠡᠷᠭᠦᠴᠡᠬᠦ ᠲᠠᠶᠢᠰᠣᠨ ᠦᠭᠡᠢ ᠪᠣᠯᠠᠢ᠃ ᠬᠡᠮᠡᠭᠰᠡᠨ ᠮᠡᠳᠣ ᠭᠡᠮ ᠪᠣᠯᠪᠠᠰᠣ᠂ ᠲᠠᠶᠢᠰᠣᠨ ᠢᠵᠠᠭᠤᠷᠳᠠᠨ ᠬᠡᠮᠡᠬᠦ ᠪᠠ ᠲᠠᠶᠢᠰᠣᠨ ᠦᠭᠡᠢ ᠬᠡᠮᠡᠬᠦᠢ ᠢᠨᠤ ᠬᠠᠷᠰᠢᠯᠠᠵᠦ᠂ ᠲᠠᠷᠣᠩᠭᠤᠶᠢᠯᠠᠬᠤᠢ ᠬᠡᠮᠡᠬᠦᠢ ᠢᠨᠣ ᠡᠨᠡᠷᠢᠭᠦᠢ ᠯᠦᠭᠡ ᠬᠠᠷᠰᠢᠭᠠᠳ᠂ ᠲᠡᠷᠡ ᠮᠡᠳᠣ ᠨᠠᠶᠢᠷᠠᠭᠤᠯᠪᠠᠰᠣ ᠶᠡᠷᠣᠳᠡ ᠭᠡᠮ ᠪᠣᠯᠬᠤ ᠪᠣᠯᠠᠢ︾ ﹇3﹈ ︵p.275︶ ᠭᠡᠵᠦ ᠲᠠᠨᠳᠢᠨ ᠤ ︽ᠲᠠᠶᠢᠰᠣᠨ ᠢᠵᠠᠬᠤᠷ ᠲᠠᠨ ᠪᠦᠬᠦᠢ ᠶᠢ ᠲᠠᠷᠣᠬᠤᠢ ᠪᠠ᠃ ᠡᠯᠳᠡᠪ ᠦᠭᠦᠷᠭᠡ ᠡᠭᠦᠨ ᠠᠴᠠ ᠢᠯᠬᠠᠬᠤ ᠪᠤᠯᠳᠣᠬᠠᠢ᠃ ᠬᠠᠮᠤᠭ ᠪᠣᠳᠢᠡᠡᠷ᠎ᠠ ᠠᠡᠷᠢᠯ ᠲᠤ᠃ ᠴᠢᠮᠠᠳᠣᠷ ᠲᠠᠶᠢᠰᠣᠨ ᠬᠡᠨ ᠪᠠᠷ ᠴᠤ ᠦᠭᠡᠢ ᠪᠣᠶᠣ︾ ﹇4﹈ ︵pp62–63︶ ᠭᠡᠭᠦ ᠵᠢᠱᠢᠶ᠎ᠠ ᠰᠢᠯᠦᠭ ᠢ ᠬᠢᠯᠪᠠᠷᠴᠢᠯᠠᠨ ᠦᠬᠦᠯᠡᠭᠡᠳ᠂ ᠣᠯᠠᠮ ᠣᠶᠢᠯᠠᠭᠠᠮᠵᠢᠳᠠᠢ ᠪᠣᠯᠭᠠᠭᠰᠠᠨ ᠪᠠᠶᠢᠨ᠎ᠠ᠃ ᠢᠳᠡ ᠵᠠᠯᠢ ᠯᠤᠭ᠎ᠠ ᠬᠠᠷᠰᠢᠯᠠᠭᠴᠢ ᠶᠢᠨ ᠭᠡᠮ ᠢ ᠲᠡᠷᠡ ︽ᠶᠢᠷᠳᠢᠨᠴᠤ ᠶᠢᠨ ᠬᠦᠰᠡᠯ ᠤᠨ ᠲᠠᠪᠣᠨ ᠡᠷᠳᠡᠮ ᠤᠨ ᠣᠳᠬ᠎ᠠ ᠳᠤᠷ ᠰᠢᠳᠦᠭᠰᠡᠨ᠂ ᠪᠦᠵᠢᠭ ᠤᠨ ᠲᠡᠭᠰᠢ ᠭᠤᠩᠬᠠᠯᠵᠠᠬᠤ ᠲᠡᠷᠢᠭᠦᠳᠡᠨ ᠪᠡᠶ᠎ᠡ ᠶᠢᠨ ᠬᠤᠪᠢᠷᠠᠯ ᠤᠨ ᠡᠯᠳᠡᠪ ᠵᠦᠢᠯ ᠪᠠ ᠲᠠᠭᠤᠨ ᠠᠪᠢᠶ᠎ᠠ ᠢᠷᠠᠭᠤ ᠵᠣᠬᠢᠰᠳᠣ ᠭᠠᠷᠬᠤ ᠪᠠ ᠫᠢᠫᠠ ᠶᠢᠨ ᠬᠦᠪᠴᠢᠨ ᠠᠴᠠ ᠭᠠᠷᠬᠤ ᠡᠭᠡᠰᠢᠭ ᠠᠶᠠᠯᠭᠤ ᠪᠠ ᠬᠦᠭᠵᠢᠮ ᠤᠨ ᠵᠦᠢᠯ ︵ᠬᠡᠷᠡᠭᠰᠡᠯ︶ ᠲᠣᠰ ᠲᠣᠰ ᠤᠨ ᠱᠠᠰᠳᠢᠷ ᠠᠴᠠ ᠭᠠᠷᠣᠭᠰᠠᠨ ᠲᠡᠷᠢᠭᠦᠳᠡᠨ ᠢᠳᠡ ᠵᠠᠯᠢ ᠶᠢᠨ ᠢᠵᠠᠭᠤᠷ ᠤᠨ ᠪᠠᠶᠢᠳᠠᠯ ᠡᠯᠳᠡᠪ ᠵᠦᠢᠯ ᠨᠤᠭᠤᠳ ᠢᠨᠣ ᠢᠳᠡ ᠵᠠᠯᠢ ᠪᠦᠯᠦᠭᠡ᠃ ᠲᠡᠭᠦᠨ ᠯᠦᠭᠡ ᠬᠠᠷᠰᠢᠯᠠᠭᠴᠢ ᠢᠨᠤ ︾ ﹇3﹈ ︵p.292︶ ᠲᠠᠷᠣᠢ ᠢᠳᠡ ᠵᠠᠯᠢ ᠯᠤᠭ᠎ᠠ ᠬᠠᠷᠰᠢᠯᠠᠭᠴᠢ ᠮᠦᠨ ᠭᠡᠵᠦ ᠦᠭᠦᠯᠡᠪᠡ᠃ ᠡᠨᠡ ᠢᠳᠡ ᠵᠠᠯᠢ ᠎ ᠶᠢᠨ ᠲᠣᠬᠠᠢ ᠦᠬᠦᠯᠡᠯᠳᠡ ᠨᠢ ᠲᠣᠯᠢ ᠶᠢᠨ ᠦᠨᠳᠣᠰᠣ ᠪᠠ ᠲᠠᠪᠣᠳᠣᠭᠠᠷ ᠲᠠᠯᠠᠢ ᠯᠠᠮᠠ ᠶᠢᠨ ᠬᠢ ᠠᠴᠠ ᠪᠦᠷ ᠲᠡᠯᠭᠡᠷᠡᠩᠭᠦᠢ ᠪᠣᠯᠪᠠ᠃ ᠠᠭᠸᠠᠩᠳᠦ᠋ᠪᠳᠠᠨ ᠤ ᠣᠨᠣᠯ ᠦᠬᠦᠯᠡᠯᠳᠡ ᠪᠣᠯ ᠶᠡᠷᠣᠩᠬᠡᠢ ᠳᠡᠭᠡᠨ ᠲᠡᠯᠭᠡᠷᠡᠩᠭᠦᠢ ᠨᠠᠷᠢᠯᠢᠭ ᠣᠨᠴᠠᠯᠢᠭ ᠲᠠᠢ᠃        ᠬᠠᠨᠴᠢᠨ ᠬᠠᠮᠪᠤ ᠵᠠᠮᠢᠶᠠᠩᠭᠠᠷᠪᠤ ᠠᠴᠠ ︽ᠵᠤᠬᠢᠰᠳᠤ ᠠᠶᠠᠯᠭᠤᠠ ᠤ ᠦᠡᠳᠤᠰᠤ ᠬᠢᠬᠡᠳ ᠲᠠᠶᠢᠯᠪᠤᠷᠢ ᠶᠢᠨ ᠶᠠᠷᠤ ᠤᠳᠬ᠎ᠠ ᠶᠢ ᠰᠠᠶᠢᠳᠤᠷ ᠠᠭᠤᠯᠤᠭᠰᠠᠠ ᠡᠰᠠᠷᠸ᠎ᠠ ᠶᠢᠨ ᠡᠬᠡᠰᠢᠭ ᠲᠠᠭᠤᠠ︾ ᠬᠡᠬᠦ ᠨᠤᠮ ᠳᠠᠭᠠᠨ ᠪᠠᠰᠠ ᠵᠣᠬᠢᠰᠳᠣ ᠠᠶᠠᠯᠭᠤᠨ ᠤ ᠭᠡᠮ ᠤᠨ ᠲᠣᠬᠠᠢ ᠦᠪᠡᠷᠮᠢᠴᠡ ᠰᠢᠨᠵᠢᠯᠠᠯ ᠬᠢᠭᠰᠡᠨ ᠶᠣᠮ᠃ ᠲᠡᠬᠦᠨ ᠤ ᠡᠨᠡ ᠪᠦᠳᠦᠭᠡᠯ ᠪᠣᠯ ︽ᠴᠤᠶᠢᠷᠸ᠎ᠠ ︵ᠤᠨᠤᠯ︶᠎ ᠶᠢᠨ ᠤᠬᠠᠭᠠᠠ ᠤ ᠲᠠᠭᠠᠤ ᠲᠠᠭᠰᠠᠯ ᠬᠠᠶᠠᠯᠴᠠᠬᠤ ᠤᠬᠠᠭᠠᠠ᠂ ᠤᠴᠢᠷ ᠰᠢᠯᠳᠠᠭᠠᠠ ᠤ ᠤᠬᠠᠭᠠᠠ ︵ᠯᠤᠬᠢᠭ︶᠎ ᠳᠤ ᠲᠤᠯᠭᠠᠭᠤᠷᠢᠯᠠᠠ ᠵᠤᠬᠢᠶᠠᠭᠰᠠᠠ︾ ﹇5﹈ ︵p.1209︶ ᠵᠤᠬᠢᠶᠠᠯ ᠪᠠᠶᠢᠵᠦ᠂ ᠲᠠᠨᠳᠢᠨ ᠤ ᠵᠣᠬᠢᠰᠳᠣ ᠠᠶᠠᠯᠭᠤᠨ ᠤ ᠭᠡᠮ ᠤᠨ ᠣᠨᠣᠯ ᠢ ᠦᠭᠦᠮᠡᠯ ᠢᠶᠠᠷ ᠰᠢᠨᠵᠢᠯᠡᠭᠰᠡᠨ ᠪᠢᠰᠢ᠂ ᠬᠠᠷᠢᠨ ᠲᠠᠭᠤᠨ ᠣᠳᠬ᠎ᠠ ᠶᠢᠨ ᠬᠤᠪᠢᠰᠣᠩᠭᠤᠢ ᠬᠠᠷᠢᠴᠠᠭᠠᠨ ᠠᠴᠠ ᠠᠵᠢᠭᠯᠠᠨ ᠰᠢᠨᠵᠢᠯᠡᠵᠦ᠂ ᠠᠷᠪᠠᠨ ᠭᠡᠮ ᠢ ᠬᠤᠭᠤᠷᠣᠨᠳᠣ ᠨᠢ ᠬᠠᠷᠭᠤᠭᠤᠯᠣᠨ᠂ ᠬᠠᠷᠢᠴᠠᠩᠭᠤᠢ ᠣᠬᠠᠭᠳᠠᠬᠤᠨ ᠲᠡᠭᠡᠷ᠎ᠡ ᠠᠴᠠ ᠭᠡᠮ ᠪᠣᠯᠬᠤ ᠡᠰᠡᠬᠦ ᠲᠣᠬᠠᠢ ᠰᠢᠨᠵᠢᠯᠡᠭᠰᠡᠨ ᠪᠠᠶᠢᠳᠠᠭ᠃ ᠲᠡᠭᠦᠨ ᠤ ︽ᠦᠪᠡᠷ ᠤᠨ ᠦᠭᠦᠯᠡᠭᠰᠡᠨ ᠣᠳᠬ᠎ᠠ ᠨᠢ ᠣᠷᠣᠨ ᠲᠡᠷᠢᠭᠦᠳᠡᠨ ᠵᠢᠷᠭᠤᠭᠠᠨ ᠵᠦᠢᠯ ᠤᠨ ᠠᠯᠢ ᠨᠢᠭᠡᠨ ᠎ ᠯᠦᠭᠡ ᠬᠠᠷᠰᠢᠯᠠᠪᠠᠴᠤ ᠣᠳᠬ᠎ᠠ ᠨᠢ ᠰᠠᠶᠢᠨ ᠪᠣᠯᠬᠤ ᠲᠤᠬᠢᠶᠠᠯᠳᠣᠯ ᠪᠠᠰᠠ ᠴᠤ ᠪᠣᠢ ᠪᠦᠭᠡᠳ ᠲᠡᠳᠡᠭᠡᠷ ᠢ ᠲᠣᠰᠬᠠᠢ ᠳᠤ ᠨᠢ ᠣᠨᠴᠠᠯᠠᠨ ᠢᠯᠭᠠᠵᠤ᠂ ᠭᠡᠮ ᠦᠭᠡᠢ ᠪᠣᠯᠣᠭᠰᠠᠨ ᠵᠣᠬᠢᠰᠳᠣ ᠠᠶᠠᠯᠭᠤᠨ ᠤ ᠪᠡᠯᠭᠡ ᠴᠢᠨᠠᠷ ᠪᠣᠯᠭᠠᠨ ᠲᠣᠳᠣᠷᠬᠠᠶᠢᠯᠠᠭᠰᠠᠨ ᠴᠤ ᠪᠣᠢ ᠶᠢᠨ ᠲᠣᠯᠠ᠂ ᠲᠡᠷᠡ ᠲᠡᠷᠡ ᠮᠡᠳᠣ ᠪᠠᠷ ᠪᠣᠰᠣᠳ ᠢ ᠰᠢᠨᠵᠢᠵᠦ ᠮᠡᠳᠡᠬᠦ ᠬᠡᠷᠡᠭᠳᠡᠢ᠃ ᠬᠡᠷᠪᠡ ᠦᠪᠡᠷ ᠤᠨ ᠦᠭᠦᠯᠡᠭᠰᠡᠨ ᠣᠳᠬ᠎ᠠ ᠡᠷᠡᠭᠡᠯᠵᠡᠭᠡᠳᠡᠢ᠂ ᠦᠪᠡᠷ ᠤᠨ ᠦᠭᠦᠯᠡᠭᠳᠡᠭᠦᠨ ᠤ ᠨᠠᠶᠢᠷᠠᠭᠤᠯᠭ᠎ᠠ ᠲᠣᠷᠣᠢ ᠬᠡᠮᠡᠬᠦ ᠲᠡᠷᠢᠭᠦᠳᠡᠨ ᠢ ᠵᠣᠬᠢᠰᠳᠣ ᠠᠶᠠᠯᠭᠤᠨ ᠤ ᠭᠤᠣᠮᠠᠢ ᠪᠣᠯᠣᠭᠰᠠᠨ ᠤ ᠪᠡᠯᠭᠡ ᠴᠢᠨᠠᠷ ᠭᠡᠵᠦ ᠦᠵᠡᠪᠡᠯ᠂ ᠲᠡᠳᠡᠭᠡᠷ ᠴᠤ ︿ᠣᠨᠴᠠᠯᠠᠨ ᠢᠯᠭᠠᠪᠣᠷᠢᠲᠠᠢ ᠪᠠᠷ ᠭᠡᠮ ᠦᠭᠡᠢ ᠪᠣᠯᠭᠠᠵᠣ ᠦᠵᠡᠭᠰᠡᠨ ᠵᠦᠢᠯ ᠨᠢᠵᠡᠭᠡᠳ ᠨᠢᠵᠡᠭᠡᠳ ᠢ ᠦᠭᠦᠯᠡᠵᠦ ᠪᠣᠯᠬᠤ ᠲᠣᠯᠠ﹀ ᠣᠭ ᠲᠣᠳᠣᠷᠬᠠᠶᠢᠯᠠᠯᠳᠠ ᠮᠦᠨ ᠯᠠ ᠵᠦᠷᠢᠬᠦ ᠪᠣᠯᠣᠨ᠎ᠠ︾ ﹇6﹈ ︵p.365︶ ᠭᠡᠰᠡᠨ ᠦᠭᠦᠯᠡᠯᠳᠡ ᠳᠤ ︽ᠣᠳᠬ᠎ᠠ ᠨᠢ ᠰᠠᠶᠢᠨ ᠪᠣᠯᠬᠤ ᠲᠤᠬᠢᠶᠠᠯᠳᠣᠯ︾ ᠪᠠ ︽ᠣᠨᠴᠠᠯᠠᠨ ᠢᠯᠭᠠᠪᠣᠷᠢᠲᠠᠢ ᠪᠠᠷ ᠭᠡᠮ ᠦᠭᠡᠢ ᠪᠣᠯᠭᠠᠵᠣ ᠦᠵᠡᠭᠰᠡᠨ ᠵᠦᠢᠯ︾ ᠭᠡᠳᠡᠭ ᠨᠢ ᠪᠦᠷ ᠵᠣᠬᠢᠰᠳᠣ ᠠᠶᠠᠯᠭᠤᠨ ᠤ ᠭᠡᠮ ᠤᠨ ᠣᠨᠴᠠᠭᠠᠢ ᠪᠠᠶᠢᠳᠠᠯ ᠤᠨ ᠣᠨᠣᠯ ᠦᠭᠦᠯᠡᠯᠳᠡ ᠶᠢ ᠵᠢᠭᠠᠵᠣ᠂ ᠶᠠᠮᠠᠷ ᠨᠢᠭᠡᠨ ᠰᠢᠯᠦᠭ ᠵᠣᠬᠢᠶᠠᠯ ᠢ ᠭᠠᠭᠴᠠ ᠲᠠᠯ᠎ᠠ ᠠᠴᠠ ᠦᠵᠡᠵᠦ ᠭᠡᠮ ᠲᠠᠢ ᠭᠡᠵᠦ ᠲᠠᠰᠣ ᠮᠠᠭᠠᠳᠯᠠᠵᠦ ᠪᠣᠯᠬᠤ ᠦᠭᠡᠢ᠂ ᠲᠡᠭᠦᠨ ᠤ ︽ᠣᠳᠬ᠎ᠠ ᠨᠢ ᠰᠠᠶᠢᠨ ᠪᠣᠯᠬᠤ ᠲᠤᠬᠢᠶᠠᠯᠳᠣᠯ︾ ︵ᠭᠡᠮ ᠪᠣᠯᠬᠤ ᠦᠭᠡᠢ ᠮᠦᠷᠳᠡᠭᠡᠨ ᠡᠷᠳᠡᠮ ᠪᠣᠯᠬᠤ︶ ᠵᠡᠷᠭᠡ ᠪᠠᠶᠢᠳᠠᠯ ᠢ ᠴᠤ ᠰᠢᠨᠵᠢᠬᠦ ᠬᠡᠷᠡᠭᠳᠡᠢ ᠭᠡᠵᠦ ᠣᠳᠬ᠎ᠠ ᠵᠣᠬᠢᠶᠠᠯ ᠢ ᠠᠮᠢᠳᠣᠯᠢᠭ ᠬᠤᠪᠢᠰᠣᠩᠭᠤᠢ ᠪᠠᠷ ᠦᠨᠡᠯᠡᠵᠦ ᠰᠢᠭᠦᠮᠵᠢᠯᠡᠭᠦ ᠠᠷᠭ᠎ᠠ ᠣᠨᠣᠯ ᠢ ᠴᠢᠬᠤᠯᠠᠴᠢᠯᠠᠵᠦ ᠲᠣᠷᠠᠳᠣᠭᠰᠠᠨ ᠪᠠᠶᠢᠨ᠎ᠠ᠃ ᠵᠠᠮᠢᠶᠠᠩᠭᠠᠷᠪᠤ ᠪᠠᠰᠠ ᠲᠠᠭᠤᠨ ᠣᠳᠬ᠎ᠠ ᠶᠢ ᠵᠣᠬᠢᠰᠳᠠᠢ ᠨᠠᠶᠢᠷᠠᠭᠤᠯᠬᠤ ᠳᠤ ᠵᠤᠬᠢᠮᠵᠢ ᠦᠭᠡᠢ ᠰᠠᠨᠠᠭ᠎ᠠ ᠲᠦᠷᠦᠬᠦᠯᠬᠦ ᠪᠦᠳᠦᠬᠦᠯᠢᠭ ᠴᠢᠨᠠᠷᠳᠣ ᠦᠭᠡ ᠶᠢ ᠲᠡᠪᠴᠢᠬᠦ ᠬᠡᠷᠡᠭᠳᠡᠢ ᠭᠡᠵᠦ ᠲᠣᠷᠠᠳᠣᠭᠠᠳ ᠦᠪᠡᠷ ᠢᠶᠠᠨ ᠪᠣᠷᠣᠭᠤ ᠵᠦᠪ ᠬᠤᠶᠠᠷ ᠵᠦᠢᠯ ᠤᠨ ᠵᠢᠱᠢᠶ᠎ᠡ ᠰᠢᠯᠦᠭ ᠵᠤᠬᠢᠶᠠᠵᠦ ᠬᠠᠷᠢᠴᠠᠭᠤᠯᠣᠨ ᠲᠠᠶᠢᠯᠪᠣᠷᠢᠯᠠᠵᠠᠢ᠃ ᠬᠡᠷᠪᠡ ︽ᠠᠷᠪᠠᠨ ᠵᠢᠷᠭᠤᠭᠠᠳᠣ ᠶᠢᠨ ᠢᠳᠡᠷ ᠲᠡᠯᠭᠡᠷ ᠦᠬᠢᠨ ᠴᠢ᠂ ᠠᠶ᠎ᠠ᠂ ᠮᠢᠨᠤ ᠡᠪᠦᠷ ᠲᠤ ᠲᠦᠷᠭᠡᠨ᠎ᠡ ᠨᠠᠰᠢ ᠢᠷᠡᠭᠡᠴᠢ︕᠂ ᠬᠤᠣᠰ ᠦᠭᠡᠢ ᠵᠦᠭᠡᠯᠡᠨ ᠦᠵᠡᠰᠭᠦᠯᠡᠩᠳᠣ ᠪᠡᠶ᠎ᠡ ᠪᠠᠷ ᠰᠠᠶᠢᠳᠣᠷ ᠡᠪᠣᠴᠡᠯᠳᠣᠭᠡᠳ᠂ ᠬᠤᠶᠠᠷ ᠡᠷᠭᠡᠳᠡᠨ ᠤ ᠨᠠᠭᠠᠳᠣᠮ ᠎ ᠢᠶᠠᠷ ᠵᠢᠷᠭᠠᠨ ᠴᠡᠩᠭᠡᠯᠳᠦᠬᠦ ᠠᠭᠰᠠᠨ︾ ﹇1﹈ ︵pp.316–317︶ ᠭᠡᠪᠡᠯ ᠦᠭᠡ ᠣᠳᠬ᠎ᠠ ᠶᠢᠨ ᠲᠠᠯ᠎ᠠ ᠪᠠᠷ ᠠᠪᠴᠤ ᠬᠡᠯᠡᠪᠡᠯ ᠬᠡᠳᠦᠷᠭᠡᠢ ᠪᠦᠳᠦᠭᠦᠯᠢᠭ ᠴᠦᠯᠢᠰ ᠲᠦᠷᠰᠦᠯᠡᠯ ᠪᠣᠶᠣ ᠢᠯᠡᠷᠡᠬᠦᠯᠦᠯ ᠪᠣᠯᠵᠦ᠂ ᠬᠦᠮᠦᠰ ᠲᠤ ᠵᠣᠬᠢᠮᠵᠢ ᠦᠭᠡᠢ ᠲᠦᠷᠦᠭᠳᠡᠯ ᠦᠭᠬᠦ ᠲᠣᠯᠠ ᠡᠶᠢᠮᠦᠷᠬᠦᠦ ᠢᠯᠡᠷᠡᠬᠦᠯᠦᠯ ᠢ ︽ᠬᠤᠪᠢ ᠬᠦᠷᠦᠭᠡ ᠣᠭᠤᠭᠠᠳᠠ ᠲᠡᠭᠦᠰᠦᠭᠰᠡᠨ ᠵᠠᠯᠠᠭᠤ ᠰᠠᠷᠠᠨ ᠦᠬᠢᠨ ᠴᠢ᠂ ᠬᠤᠨ ᠭᠠᠯᠠᠭᠤᠨ ᠤ ᠶᠠᠪᠣᠳᠠᠯ ᠢᠶᠠᠷ ᠰᠡᠳᠬᠢᠯ ᠤᠨ ᠴᠦᠬᠦᠷᠦᠮ ᠳᠤ ᠬᠦᠪᠴᠤ᠂ ᠬᠤᠯᠣᠰᠣ ᠵᠡᠭᠡᠰᠣᠨ ᠤ ᠨᠠᠶᠢᠭᠤᠯᠵᠠᠬᠤ ᠪᠠᠶᠠᠰᠬᠤᠯᠠᠩ ᠤᠨ ᠴᠡᠴᠡᠷᠯᠢᠭ ᠢ ᠮᠦᠰᠢᠶᠡᠯᠭᠡᠵᠦ᠂ ᠬᠤᠷᠣᠮ ᠭᠱᠠᠨ᠎ᠠ ᠠᠮᠣᠷᠵᠢᠭᠤᠯᠣᠨ ᠵᠢᠷᠭᠠᠬᠤ ᠶᠢᠨ ᠨᠠᠭᠠᠳᠣᠮ ᠢᠶᠠᠷ ᠴᠡᠩᠭᠡᠯᠳᠦ︾ ﹇1﹈ ︵p.316︶ ᠭᠡᠪᠡᠯ ᠢᠷᠠᠭᠤ ᠭᠤᠶᠣᠮᠰᠤᠭ ᠪᠦᠭᠡᠳ ᠣᠷᠠᠯᠢᠭᠵᠢᠭᠤᠨ ᠰᠢᠯᠦᠭ ᠪᠣᠯᠣᠨ᠎ᠠ᠂ ᠠᠳᠡ ᠲᠡᠭᠡᠷᠡᠬᠢ ᠲᠣᠷᠠᠳᠣᠭᠰᠠᠨ ᠪᠦᠳᠦᠬᠦᠯᠢᠭ ᠴᠢᠨᠡᠷ ᠲᠡᠪᠴᠢᠭᠳᠡᠵᠡᠢ᠃ ᠲᠡᠭᠦᠨ ᠤ ᠦᠵᠡᠬᠦ ᠪᠠᠷ ᠵᠣᠬᠢᠮᠵᠢ ᠦᠭᠡᠢ ᠰᠠᠨᠠᠭ᠎ᠠ ᠲᠦᠷᠦᠬᠦᠯᠬᠦ ᠲᠠᠭᠤᠨ ᠤ ᠪᠦᠳᠦᠬᠦᠯᠢᠭ ᠴᠢᠨᠠᠷᠳᠣ ᠨᠢ ᠬᠤᠶᠠᠷ ᠵᠦᠢᠯ ᠤᠨ ᠭᠡᠮ ᠠᠴᠠ ᠪᠣᠯᠪᠠ᠂ ᠲᠣᠬᠠᠶᠢᠯᠠᠪᠠᠯ ︽ᠨᠢᠭᠡ ᠳᠤ ︿ᠦᠭᠡ ᠨᠢ ᠨᠢᠭᠡ ᠠᠳᠠᠯ᠎ᠠ ᠣᠬᠠᠭᠳᠠᠬᠤᠨ ᠨᠢ ᠣᠳᠬ᠎ᠠ ᠠᠩᠭᠢᠳᠠ ᠲᠣᠰᠠᠭᠠᠷ ᠣᠷᠣᠰᠢᠭᠰᠠᠨ﹀ ᠦᠭᠡ ᠶᠢᠨ ᠰᠠᠯᠠᠭ᠎ᠠ ᠣᠳᠬ᠎ᠠ ᠠᠴᠠ᠂ ᠬᠤᠶᠠᠷ ᠎ ᠲᠤ ︿ᠦᠭᠡ ᠶᠢ ᠵᠠᠪᠰᠠᠷ ᠪᠠᠷᠢᠯᠳᠣᠭᠤᠯᠣᠨ ᠨᠠᠶᠢᠷᠠᠭᠤᠯᠬᠤ﹀᠎ ᠳᠤ ᠦᠭᠡ᠂ ᠦᠬᠦᠯᠡᠪᠦᠷᠢ ᠶᠢᠨ ᠲᠠᠭᠠᠯᠠᠯ᠂ ᠴᠢᠭᠯᠡᠯ ᠢ ᠪᠣᠷᠣᠭᠤ ᠬᠡᠷᠡᠭᠯᠡᠭᠰᠡᠨ ᠵᠡᠷᠭᠡ ᠠᠴᠠ ᠪᠣᠯᠣᠨ᠎ᠠ︾ ﹇1﹈ ︵p.316︶ ᠭᠡᠵᠦ ᠦᠵᠡᠭᠰᠡᠨ ᠪᠠᠶᠢᠨ᠎ᠠ᠃ ᠠᠳᠡ ᠵᠠᠮᠢᠶᠠᠩᠭᠠᠷᠪᠤ ᠶᠢᠨ ᠭᠡᠮ ᠤᠨ ᠲᠣᠬᠠᠢ ᠰᠢᠨᠵᠢᠯᠡᠯ ᠪᠠ ᠦᠵᠡᠯᠳᠡ ᠨᠢ ᠨᠢᠭᠡᠨᠳᠡ ᠲᠠᠨᠳᠢᠨ ᠤ ᠠᠷᠪᠠᠨ ᠭᠡᠮ ᠠᠴᠠ ᠬᠠᠯᠢᠵᠦ ᠭᠠᠷᠣᠭᠠᠳ ᠨᠡᠩ ᠡᠯᠪᠡᠭ ᠪᠠᠶᠠᠯᠢᠭ ᠠᠭᠤᠯᠭ᠎ᠠ ᠲᠠᠢ ᠪᠣᠯᠵᠠᠢ ᠭᠡᠰᠡᠨ ᠢ ᠬᠠᠷᠠᠭᠤᠯᠵᠦ ᠪᠠᠶᠢᠨ᠎ᠠ᠃ ᠬᠡᠯᠡᠯᠭᠡᠨ ᠦᠭᠡᠢ ᠲᠡᠭᠡᠷᠡᠬᠢ ᠬᠡᠯᠡᠯᠭᠡ ᠳᠤ ᠪᠠᠰᠠ ᠲᠠᠨᠳᠢᠨ ᠤ ᠲᠡᠬᠦᠳᠡᠷᠡᠯᠳᠣ ᠣᠳᠬᠠᠳᠣ ᠪᠠ ᠵᠠᠪᠰᠠᠷ ᠪᠠᠷᠢᠯᠳᠣᠭᠤᠯᠭ᠎ᠠ ᠶᠢᠨ ᠠᠭᠤᠯᠭ᠎ᠠ ᠲᠠᠢ ᠬᠤᠯᠪᠣᠭᠳᠠᠭᠰᠠᠨ ᠵᠦᠢᠯᠡᠰ ᠪᠠᠶᠢᠳᠠᠭ᠂ ᠭᠡᠪᠡᠴᠤ ᠠᠳᠡ ᠲᠣᠰ ᠦᠬᠦᠯᠡᠯᠳᠡ ᠨᠢ ᠨᠢᠭᠡᠮᠣᠰᠣᠨ ᠵᠠᠮᠢᠶᠠᠩᠭᠠᠷᠪᠤ ᠶᠢᠨ ᠬᠤᠪᠢ ᠶᠢᠨ ᠣᠨᠣᠯ ᠦᠵᠡᠯᠳᠡ ᠪᠣᠯᠣᠭᠰᠠᠨ ᠪᠠᠶᠢᠨ᠎ᠠ᠃ ᠵᠠᠮᠢᠶᠠᠩᠭᠠᠷᠪᠤ ᠶᠢᠨ ᠣᠨᠣᠯ ᠦᠬᠦᠯᠡᠯᠳᠡ ᠪᠣᠯ ᠠᠭᠰᠢᠭᠠᠯᠢᠭ ᠮᠦᠷᠳᠡᠭᠡᠨ ᠪᠢᠰᠢᠯᠭᠠᠯ ᠮᠠᠷᠭᠤᠭᠠᠯ ᠤᠨ ᠣᠨᠴᠠᠯᠢᠭ ᠰᠢᠨᠵᠢ ᠲᠠᠢ᠃        ᠠᠯᠡᠱᠠ ᠯᠾᠡᠷᠠᠮᠪᠠ ᠠᠭᠸᠠᠩᠳᠠᠨᠳᠠᠷ ᠤᠨ ᠲᠦᠪᠡᠳ ᠬᠡᠯᠡ ᠪᠠᠷ ᠪᠢᠴᠢᠭᠰᠡᠨ ︽ᠨᠣᠮᠯᠠᠬᠤᠢ ᠲᠡᠮᠡᠴᠡᠬᠦᠢ ᠲᠣᠭᠤᠷᠪᠢᠬᠤᠢ ᠭᠤᠷᠪᠠ ᠶᠢᠨ ᠲᠡᠶᠢᠨ ᠠᠭᠤᠯᠣᠯ · ᠰᠠᠶᠢᠨ ᠨᠣᠮᠯᠠᠯ ᠤᠨ ᠨᠠᠷᠠᠨ ᠤ ᠭᠡᠷᠡᠯ ᠬᠡᠮᠡᠭᠳᠡᠬᠦ ᠣᠷᠣᠰᠢᠪᠠᠢ︾ ᠎ ᠶᠢᠨ ᠭᠤᠷᠪᠠᠳᠣᠭᠠᠷ ᠪᠦᠯᠦᠭ ︽ᠲᠣᠭᠤᠷᠪᠢᠬᠤᠢ ᠶᠢᠨ ᠲᠡᠶᠢᠨ ᠠᠭᠤᠯᠣᠯ︾᠎ ᠳᠤ ᠮᠠᠭᠤ ᠵᠣᠬᠢᠶᠠᠯ ᠤᠨ ᠭᠡᠮ ᠭᠡᠭᠦ ᠵᠢᠵᠢᠭ ᠨᠢᠭᠡᠨ ᠰᠡᠳᠤᠪ ᠢᠶᠠᠷ ᠵᠣᠬᠢᠶᠠᠯ ᠤᠨ ᠭᠡᠮ ᠤᠨ ᠲᠣᠬᠠᠢ ᠦᠭᠦᠯᠡᠵᠠᠢ᠃ ᠠᠳᠡ ᠲᠡᠷᠡ ᠵᠣᠬᠢᠶᠠᠯ ᠤᠨ ᠭᠡᠮ ᠢ ᠦᠪᠡᠷ ᠤᠨ ᠶᠣᠰᠣᠨ ᠪᠠ ᠪᠣᠰᠣᠳ ᠤᠨ ᠶᠣᠰᠣᠨ ᠢ ᠢᠯᠭᠠᠨ ᠡᠰᠡ ᠴᠢᠳᠠᠬᠤ᠂ ᠲᠠᠰᠣᠯᠪᠣᠷᠢ ᠣᠯᠠᠨ᠂ ᠵᠡᠷᠭᠡ ᠲᠠᠷᠠᠭᠠᠯᠠᠯ ᠡᠰᠡ ᠬᠢᠮᠣᠷᠠᠯᠳᠣᠬᠤ᠂ ᠦᠭᠡ ᠶᠢᠨ ᠲᠠᠰᠣᠯᠪᠣᠷᠢ ᠵᠣᠬᠢᠰᠳᠣ ᠪᠣᠰᠣ᠂ ᠬᠤᠳᠠᠯᠠ ᠳᠤᠷ ᠡᠰᠡ ᠠᠯᠳᠠᠷᠰᠢᠭᠰᠠᠨ ᠢᠯᠡᠳᠳᠡ ᠦᠬᠦᠯᠡᠬᠦᠢ᠂ ᠨᠢᠭᠤᠴᠠ ᠦᠭᠡᠰ ᠤᠨ ᠴᠢᠮᠡᠭ ᠢ ᠬᠡᠷᠡᠭᠯᠡᠬᠦ᠂ ᠣᠷᠣᠨ ᠴᠠᠭ ᠪᠠ ᠨᠡᠷ᠎ᠡ ᠲᠡᠷᠢᠭᠦᠳᠡᠨ ᠢ ᠪᠣᠷᠣᠭᠤ ᠪᠢᠴᠢᠬᠦ ᠭᠡᠬᠦ ᠵᠡᠷᠭᠡ ᠳᠤ ᠬᠤᠷᠢᠶᠠᠩᠭᠤᠶᠢᠯᠠᠭᠰᠠᠨ ᠤ ᠲᠣᠳᠣᠷ᠎ᠠ ᠠᠴᠠ ᠵᠣᠬᠢᠰᠳᠣ ᠠᠶᠠᠯᠭᠤᠨ ᠎ ᠤ ᠭᠡᠮ ᠲᠠᠢ ᠬᠤᠯᠪᠣᠭᠳᠠᠬᠤ ᠨᠢ ᠦᠪᠡᠷ ᠤᠨ ᠶᠣᠰᠣᠨ ᠪᠠ ᠪᠣᠰᠣᠳ ᠤᠨ ᠶᠣᠰᠣᠨ ᠢ ᠢᠯᠭᠠᠨ ᠡᠰᠡ ᠴᠢᠳᠠᠬᠤ᠂ ᠵᠡᠷᠭᠡ ᠲᠠᠷᠠᠭᠠᠯᠠᠯ ᠡᠰᠡ ᠬᠢᠮᠣᠷᠠᠯᠳᠣᠬᠤ᠂ ᠦᠭᠡ ᠶᠢᠨ ᠲᠠᠰᠣᠯᠪᠣᠷᠢ ᠵᠣᠬᠢᠰᠳᠣ ᠪᠣᠰᠣ᠂ ᠣᠷᠣᠨ ᠴᠠᠭ ᠢ ᠪᠣᠷᠣᠭᠤ ᠪᠢᠴᠢᠬᠦ ᠵᠡᠷᠭᠡ ᠪᠣᠯᠣᠨ᠎ᠠ᠃ ᠦᠪᠡᠷ ᠤᠨ ᠶᠣᠰᠣᠨ ᠪᠠ ᠪᠣᠰᠣᠳ ᠤᠨ ᠶᠣᠰᠣᠨ ᠢ ᠢᠯᠭᠠᠨ ᠡᠰᠡ ᠴᠢᠳᠠᠬᠤ ᠨᠢ ᠡᠰᠢ ᠎ ᠯᠦᠭᠡ ᠬᠠᠷᠰᠢᠯᠠᠬᠤ ᠶᠢᠨ ᠭᠡᠮ ᠲᠠᠢ ᠬᠤᠯᠪᠣᠭᠳᠠᠵᠦ᠂ ᠦᠭᠡ ᠶᠢᠨ ᠲᠠᠰᠣᠯᠪᠣᠷᠢ ᠵᠣᠬᠢᠰᠳᠣ ᠪᠣᠰᠣ ᠨᠢ ᠲᠠᠰᠣᠯᠪᠣᠷᠢ ᠵᠠᠪᠰᠠᠷ ᠪᠠᠭᠤᠷᠠᠭᠰᠠᠨ ᠭᠡᠮ ᠲᠠᠢ ᠬᠤᠯᠪᠣᠭᠳᠠᠪᠠ᠃ ᠭᠡᠬᠦ ᠳᠡᠭᠡᠨ ᠠᠳᠡ ᠬᠡᠯᠡᠵᠦ ᠪᠠᠶᠢᠭ᠎ᠠ ᠦᠭᠡ ᠶᠢᠨ ᠲᠠᠰᠣᠯᠪᠣᠷᠢ ᠵᠣᠬᠢᠰᠳᠣ ᠪᠣᠰᠣ ᠭᠡᠳᠡᠭ ᠨᠢ ᠰᠠᠨᠰᠺᠷᠢᠲ ᠬᠡᠯᠡᠨ ᠤ ᠲᠠᠰᠣᠯᠪᠣᠷᠢ ᠪᠢᠰᠢ᠂ ᠬᠠᠷᠢᠨ ᠲᠦᠪᠡᠳ ᠬᠡᠯᠡᠨ ᠤ ︽ᠦᠭᠡ ᠶᠢᠨ ᠲᠠᠰᠤᠯᠪᠣᠷᠢ ᠶᠢ ᠱᠠᠳ ᠢᠶᠠᠷ ᠦᠯᠦ ᠲᠠᠰᠤᠯᠤᠭᠰᠠᠨ︾ ﹇7﹈ ︵p.58︶ ᠭᠡᠮ ᠢ ᠬᠡᠯᠡᠵᠦ ᠪᠣᠢ ᠪᠦᠭᠡᠳ ᠲᠦᠪᠡᠳ ᠬᠡᠯᠡᠨ ᠤ ᠰᠢᠯᠦᠭ ᠲᠤ ᠬᠠᠨᠳᠣᠭᠤᠯᠣᠭᠰᠠᠨ ᠦᠭᠦᠯᠡᠯᠳᠡ ᠪᠣᠯᠣᠨ᠎ᠠ᠃ ᠬᠠᠷᠢᠨ ᠲᠡᠭᠦᠨ ᠤ ︽ᠱᠠᠰᠳᠢᠷ ᠤᠨ ᠡᠬᠢᠨ ᠎ ᠳᠤᠷ ᠪᠦᠷᠢᠮᠣᠰᠣᠨ ᠲᠡᠯᠭᠡᠵᠦ᠂ ᠪᠣᠳᠠᠳᠠᠢ ᠰᠢᠳᠦᠭᠡᠨ ᠢ ᠦᠭᠦᠯᠡᠬᠦ ᠦᠶᠡᠰ ᠦᠶ᠎ᠡ ᠵᠡᠷᠭᠡ ᠲᠠᠷᠠᠭᠠᠯᠠᠯ ᠡᠰᠡ ᠬᠢᠮᠣᠷᠠᠯᠳᠣᠬᠤ ᠪᠠᠷ ᠨᠣᠮᠯᠠᠬᠤ ᠠᠨᠤ ᠵᠣᠬᠢᠰᠳᠠᠢ ᠪᠦᠯᠦᠭᠡ︾ ﹇7﹈ ︵pp.57 — 58︶ ᠭᠡᠰᠡᠨ ᠦᠭᠦᠯᠡᠯᠳᠡ ᠎ ᠨᠢ ᠲᠦᠪᠡᠳ ᠵᠣᠬᠢᠶᠠᠯ ᠤᠨ ᠡᠬᠢᠨ ᠳᠤ ᠠᠩᠬᠠᠳᠣᠭᠠᠷ ᠲᠤ ᠬᠤᠶᠠᠷ᠂ ᠬᠤᠶᠠᠳᠣᠭᠠᠷ ᠲᠤ ᠭᠤᠷᠪᠠ ᠭᠡᠬᠦ ᠮᠡᠳᠣ ᠪᠠᠷ ᠲᠣᠷᠠᠳᠣᠭᠰᠠᠨ ᠠᠭᠤᠯᠭ᠎ᠠ ᠪᠠᠨ ᠲᠠᠬᠢᠨ ᠲᠡᠯᠭᠡᠷᠡᠭᠦᠯᠦᠨ ᠶᠠᠷᠢᠬᠤ ᠦᠶᠡᠰ ᠲᠡᠰ ᠲᠠᠷᠠᠭᠠᠯᠠᠯ ᠢ ᠨᠢ ᠬᠤᠳᠬᠤᠬᠤ ᠦᠭᠡᠢ ᠪᠠᠶᠢᠬᠤ ᠶᠢ ᠴᠢᠬᠤᠯᠠᠴᠢᠯᠠᠭᠰᠠᠨ ᠦᠵᠡᠯᠳᠡ ᠪᠣᠯᠬᠤ ᠶᠣᠮ᠃ ᠪᠠᠰᠠ ᠣᠷᠣᠨ ᠵᠡᠷᠭᠡ ᠶᠢ ᠲᠣᠷᠠᠳᠣᠭᠰᠠᠨ ᠨᠢ ᠮᠦᠨ ᠣᠷᠣᠨ ᠯᠤᠭ᠎ᠠ ᠬᠠᠷᠰᠢᠯᠠᠭᠴᠢ ᠲᠠᠢ ᠵᠠᠷᠢᠮ ᠬᠡᠮᠵᠢᠶ᠎ᠡ ᠪᠠᠷ ᠬᠤᠯᠪᠣᠭ᠎ᠠ ᠲᠠᠢ ᠶᠣᠮ᠃        ᠲᠠᠪᠤᠳᠤᠭᠠᠷ ᠲᠦᠷᠢ ᠶᠢᠨ ᠶᠣᠩᠽᠣᠩ ᠭᠡᠭᠡᠨ ᠠᠭᠸᠠᠩᠭᠡᠯᠢᠭᠵᠡᠮᠢᠶᠠᠨᠵᠠᠮᠰᠣ ᠠᠴᠠ ︽ᠢᠷᠠᠭᠤ ᠨᠠᠶᠢᠷᠠᠭ ᠤᠨ ᠲᠤᠬᠠᠢ︾ ︵ᠨᠢᠭᠡ︶ ᠭᠡᠬᠦ ᠵᠤᠬᠢᠶᠠᠯ ᠳᠠᠭᠠᠨ ᠵᠤᠬᠢᠰᠳᠤ ᠠᠶᠠᠯᠭᠤᠨ ᠤ ᠭᠡᠮ ᠤᠨ ᠲᠤᠬᠠᠢ ᠦᠪᠡᠷ ᠤᠨ ᠦᠵᠡᠯᠳᠡ ᠎ ᠪᠠᠨ ᠴᠤᠬᠤᠰ ᠲᠤᠷᠠᠳᠴᠠᠢ᠃ ᠲᠡᠷᠡ ᠵᠤᠬᠢᠰᠳᠤ ᠠᠶᠠᠯᠭᠤᠨ ᠤ ᠲᠤᠯᠢ ᠨᠢ ᠪᠠᠰᠠ ︽ᠴᠠᠭ ᠦᠶ᠎ᠡ ᠨᠢ ᠬᠠᠷᠰᠢᠬᠤ᠂ ᠤᠷᠤᠨ ᠭᠠᠵᠠᠷ ᠨᠢ ᠬᠠᠷᠰᠢᠬᠤ᠂ ᠲᠠᠰᠤᠯᠭ᠎ᠠ ᠨᠢ ᠮᠠᠭᠤᠳᠠᠭᠰᠠᠨ᠂ ᠴᠤᠬᠢᠯᠭ᠎ᠠ ᠨᠢ ᠵᠤᠬᠢᠰ ᠦᠭᠡᠢ ᠪᠤᠯᠬᠤ᠂ ᠦᠶ᠎ᠡ ᠵᠡᠷᠭᠡ ᠨᠢ ᠮᠠᠭᠤᠳᠠᠭᠰᠠᠨ᠂ ᠲᠠᠷᠠᠭ᠎ᠠ ᠨᠢ ᠰᠤᠯᠢᠯᠴᠠᠭᠰᠠᠨ᠂ ᠤᠳᠬ᠎ᠠ ᠨᠢ ᠳᠠᠪᠬᠤᠷᠳᠠᠭᠰᠠᠨ᠂ ᠤᠳᠬ᠎ᠠ ᠨᠢ ᠬᠠᠷᠰᠢᠭᠰᠠᠨ ᠵᠠᠷᠬᠡ ᠵᠤᠬᠢᠶᠠᠯ ᠰᠢᠯᠦᠭ ᠤᠨ ᠬᠡᠮ ᠢ ᠪᠠᠰᠠ ᠤᠯᠠᠨ ᠮᠠᠶ᠋ᠢᠭ ᠢᠶᠠᠷ ᠦᠬᠦᠯᠠᠵᠠᠢ︾ ﹇8﹈ ︵p.244︶ ᠬᠡᠵᠤ ᠵᠤᠬᠢᠰᠳᠤ ᠠᠶᠠᠯᠭᠤᠠ ᠤ ᠬᠡᠮ ᠤᠨ ᠳᠤᠬᠠᠢ ᠳᠤᠪᠴᠢᠯᠠᠨ ᠶᠠᠷᠢᠭᠠᠤᠠ᠂ ᠡᠨᠠ ᠨᠢ ︽ᠤᠷᠠᠨ ᠵᠤᠬᠢᠶᠠᠯ ᠢᠷᠠᠭᠤ ᠨᠠᠶᠢᠷᠠᠭ ᠢ ᠪᠢᠴᠢᠬᠦᠢ ᠳᠡᠭᠡᠨ ᠦᠬᠡ ᠶᠢᠨ ᠠᠯᠢ ᠰᠠᠶᠢᠬᠠᠨ ᠰᠤᠷᠭᠤᠭ ᠤᠷᠠᠯᠢᠭ᠂ ᠪᠢᠳᠠᠬᠦᠯᠢᠭ ᠦᠬᠡᠰ ᠢ ᠡᠰᠠ ᠤᠷᠤᠭᠤᠯᠬᠤ ᠶᠢ ᠬᠢᠴᠢᠶᠠᠳᠡᠭ ᠪᠦᠬᠡᠤᠠ ᠠᠯᠢ ᠠᠮᠳᠠ ᠰᠢᠮᠳᠠ ᠲᠠᠢ ᠵᠤᠬᠢᠰ ᠲᠠᠢ ᠦᠬᠡᠰ ᠢ ᠴᠢᠳᠠᠬᠤ ᠴᠢᠨᠡᠭᠡ ᠪᠠᠷ ᠬᠡᠷᠡᠭᠯᠡᠨ᠎ᠠ︾ ﹇8﹈ ︵p.245︶ ᠬᠡᠵᠤ ᠬᠡᠮ ᠢ ᠠᠷᠢᠯᠭᠠᠵᠤ ᠴᠠᠬᠡᠷᠯᠠᠬᠦ ᠶᠢᠨ ᠤᠷ᠎ᠠ ᠦᠢᠯᠠᠳᠦᠯ ᠪᠠ ᠱᠠᠭᠠᠷᠳᠠᠯᠭ᠎ᠠ ᠶᠢ ᠳᠤᠷᠠᠳᠤᠭᠰᠠᠨ ᠪᠠᠶᠢᠳᠠᠭ᠃ ᠲᠡᠭᠡᠷᠡᠬᠢ ᠠᠴᠠ ᠪᠢᠳᠡ ᠮᠣᠩᠭᠤᠯᠴᠤᠳ ᠵᠣᠬᠢᠰᠳᠣ ᠠᠶᠠᠯᠭᠤᠨ ᠤ ᠭᠡᠮ ᠎ ᠤᠨ ᠣᠨᠣᠯ ᠢ ᠰᠣᠳᠣᠯᠣᠨ ᠰᠢᠨᠵᠢᠯᠡᠬᠦ ᠶᠢᠨ ᠬᠠᠮᠳᠣ ᠪᠦᠳᠦᠭᠡᠯᠴᠢ ᠪᠠᠷ ᠬᠦᠭᠵᠢᠭᠦᠯᠵᠦ ᠪᠠᠶᠢᠭᠰᠠᠨ ᠭᠡᠳᠡᠭ ᠢ ᠮᠡᠳᠡᠵᠦ ᠪᠣᠯᠣᠨ᠎ᠠ᠃        ᠮᠤᠩᠭᠤᠯ ᠡᠷᠳᠡᠮᠳᠡᠳ ᠤᠨ ᠵᠣᠬᠢᠰᠳᠣ ᠠᠶᠠᠯᠭᠤᠨ ᠤ ᠭᠡᠮ ᠤᠨ ᠣᠨᠣᠯ ᠤᠨ ᠲᠣᠬᠠᠢ ᠰᠢᠰᠲ᠋ᠧᠮᠳᠣ ᠰᠢᠨᠵᠢᠯᠡᠯ ᠎ ᠤᠨ ᠦᠷ᠎ᠡ ᠳ᠋ᠦᠩ ᠳᠤ ᠲᠡᠳᠡᠨ ᠤ ᠦᠪᠡᠷ ᠤᠨ ᠣᠨᠴᠠᠯᠢᠭᠳᠣ ᠨᠢᠭᠡᠨ ᠰᠢᠰᠲ᠋ᠧᠮᠳᠣ ᠣᠨᠣᠯ ᠦᠬᠦᠯᠡᠬᠦᠢ ᠴᠣᠭᠴᠠᠯᠠᠭᠳᠠᠭᠰᠠᠨ ᠶᠣᠮ᠂ ᠡᠨᠡ ᠨᠢ ᠬᠡᠳᠦᠶᠢᠪᠡᠷ ᠲᠠᠨᠳᠢᠨ ᠤ ᠭᠡᠮ ᠤᠨ ᠣᠨᠣᠯ ᠢ ᠮᠦᠷᠳᠡᠨ ᠲᠠᠶᠢᠯᠪᠣᠷᠢᠯᠠᠭᠰᠠᠨ ᠵᠠᠭᠪᠣᠷ ᠢᠶᠠᠷ ᠶᠠᠪᠣᠭᠳᠠᠭᠰᠠᠨ ᠴᠤ ᠣᠨᠣᠯ ᠤᠨ ᠬᠡᠯᠡᠬᠦᠢ ᠶᠢᠨ ᠬᠤᠪᠢ ᠳᠤ ᠨᠢᠭᠡᠨ ᠰᠢᠰᠲ᠋ᠧᠮ ᠪᠣᠯᠣᠨ ᠪᠦᠷᠢᠯᠳᠣᠵᠠᠢ ᠭᠡᠵᠦ ᠬᠡᠯᠡᠵᠦ ᠪᠣᠯᠣᠨ᠎ᠠ᠃ ᠡᠶᠢᠮᠦᠷᠬᠦᠦ ᠣᠨᠣᠯ ᠤᠨ ᠦᠬᠦᠯᠡᠯᠳᠡ ᠪᠠ ᠦᠵᠡᠯᠳᠡ ᠨᠢ ᠮᠣᠩᠭᠤᠯ ᠦᠨᠳᠣᠰᠣᠳᠡᠨ ᠤ ᠪᠦᠬᠦᠶᠢᠯᠡ ᠣᠨᠣᠯ ᠦᠬᠦᠯᠡᠬᠦᠢ ᠶᠢᠨ ᠲᠣᠮᠳᠠ ᠠᠪᠴᠤ ᠬᠡᠯᠡᠪᠡᠯ ᠪᠠᠰᠠ ᠦᠪᠡᠷ ᠤᠨ ᠭᠤᠣᠯᠳᠠᠯᠭ᠎ᠠ ᠪᠣᠶᠣ ᠣᠨᠴᠠᠯᠢᠭ ᠎ ᠢᠶᠠᠷ ᠢᠯᠭᠠᠷᠠᠵᠦ ᠵᠤᠬᠢᠬᠤ ᠪᠠᠶᠢᠷᠢ ᠶᠢ ᠡᠵᠡᠯᠡᠬᠦ ᠶᠣᠰᠣᠳᠠᠢ᠃ ᠮᠢᠨᠤ ᠦᠵᠡᠬᠦ ᠪᠠᠷ ᠮᠤᠩᠭᠤᠯ ᠯᠠᠮᠠ ᠡᠷᠳᠡᠮᠳᠡᠳ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠦᠬᠦᠯᠡᠯᠳᠡ ᠨᠢ ᠮᠣᠩᠭᠤᠯᠴᠣᠳ ᠲᠤ ᠨᠢᠭᠡᠨ ᠵᠦᠢᠯ ᠤᠨ ᠰᠢᠰᠲ᠋ᠧᠮᠳᠣ ᠰᠢᠬᠦᠮᠵᠢ ᠶᠢᠨ ᠣᠨᠣᠯ ᠢ ᠪᠣᠢ ᠪᠣᠯᠭᠠᠵᠦ᠂ ᠮᠣᠩᠭᠤᠯ ᠣᠳᠬ᠎ᠠ ᠵᠤᠬᠢᠶᠠᠯ ᠤᠨ ᠰᠢᠬᠦᠮᠵᠢ ᠶᠢᠨ ᠣᠨᠣᠯ ᠢ ᠪᠠᠶᠠᠯᠢᠭᠵᠢᠭᠤᠯᠵᠠᠢ᠃ ᠡᠬᠦᠨ ᠤ ᠵᠡᠷᠭᠡᠪᠡᠷ ᠲᠡᠳᠡᠨ ᠤ ᠦᠬᠦᠯᠡᠯᠳᠡ ᠲᠣᠮᠳᠠ ᠵᠣᠬᠢᠬᠤ ᠬᠡᠮᠵᠢᠶᠡᠨ ᠤ ᠣᠳᠬ᠎ᠠ ᠵᠣᠬᠢᠶᠠᠯ ᠎ ᠤᠨ ᠣᠨᠣᠯ ᠶᠣᠰᠣ ᠪᠣᠶᠣ ᠦᠵᠡᠯᠳᠡ ᠲᠣᠷᠠᠳᠣᠯᠭ᠎ᠠ ᠢ ᠠᠭᠤᠯᠣᠭᠰᠠᠨ ᠠᠴᠠ ᠡᠨᠡ ᠨᠢ ᠠᠶᠠᠨᠳᠠᠭᠠᠨ ᠮᠣᠩᠭᠤᠯ ᠵᠣᠬᠢᠶᠠᠯ ᠎ ᠤᠨ ᠣᠨᠣᠯ ᠦᠬᠦᠯᠡᠬᠦᠢ ᠶᠢᠨ ᠦᠪ ᠢ ᠵᠣᠵᠠᠭᠠᠳᠬᠠᠭᠰᠠᠨ ᠶᠣᠮ᠃ ᠲᠣᠰ ᠦᠬᠦᠯᠡᠯ ᠳᠤ ᠮᠣᠩᠭᠤᠯᠴᠣᠳ ᠤᠨ ᠵᠣᠬᠢᠰᠳᠣ ᠠᠶᠠᠯᠭᠤᠨ ᠤ ᠭᠡᠮ ᠤᠨ ᠣᠨᠣᠯ ᠢ ᠣᠳᠣ ᠦᠶ᠎ᠡ ᠶᠢᠨ ᠣᠳᠬ᠎ᠠ ᠵᠣᠬᠢᠶᠠᠯ ᠤᠨ ᠣᠨᠣᠯ ᠤᠨ ᠬᠠᠷᠠᠭᠠᠨ ᠠᠴᠠ ᠠᠵᠢᠭᠯᠠᠨ ᠰᠢᠨᠵᠢᠯᠡᠭᠡᠳ ᠮᠣᠩᠭᠤᠯᠴᠤᠳ ᠤᠨ ᠡᠨᠡ ᠬᠦ ᠭᠡᠮ ᠤᠨ ᠣᠨᠣᠯ ᠨᠢ ᠶᠠᠮᠠᠷ ᠮᠠᠶ᠋ᠢᠭ ᠤᠨ ᠰᠢᠬᠦᠮᠵᠢ ᠶᠢᠨ ᠣᠨᠣᠯ ᠪᠣᠯᠬᠤ᠂ ᠲᠡᠬᠦᠨ ᠳᠤ ᠪᠠᠰᠠ ᠶᠠᠮᠠᠷ ᠣᠳᠬ᠎ᠠ ᠵᠣᠬᠢᠶᠠᠯ ᠤᠨ ᠣᠨᠣᠯ ᠶᠣᠰᠣ ᠠᠭᠤᠯᠣᠭᠳᠠᠵᠦ ᠪᠠᠶᠢᠬᠤ ᠲᠣᠬᠠᠢ ᠰᠦᠪᠡᠭᠴᠢᠯᠡᠨ ᠦᠬᠦᠯᠡᠬᠦ ᠶᠢ ᠵᠣᠷᠢᠪᠠ᠃        ᠦᠨᠡᠨ ᠳᠡᠭᠡᠨ ᠣᠳᠬ᠎ᠠ ᠵᠤᠬᠢᠶᠠᠯ ᠤᠨ ᠭᠡᠮ ᠤᠨ ᠲᠣᠬᠠᠢ ᠦᠬᠦᠯᠡᠯᠳᠡ ᠵᠦᠪᠬᠡᠨ ᠡᠨᠡᠳᠬᠡᠭ ᠲᠦᠪᠡᠳ ᠮᠣᠩᠭᠤᠯ ᠳᠤ ᠯᠡ ᠪᠠᠶᠢᠬᠤ ᠪᠢᠰᠢ᠂ ᠬᠢᠳᠠᠳ ᠤᠨ ᠡᠷᠳᠡᠨ ᠤ ᠣᠨᠣᠯ ᠦᠬᠦᠯᠡᠬᠦᠢ ᠳᠤ ᠴᠤ ᠣᠯᠠᠨ ᠬᠠᠷᠠᠭᠳᠠᠳᠠᠭ᠂ ᠵᠢᠱᠢᠶᠡᠯᠡᠪᠡᠯ ᠰᠦᠩ ᠣᠯᠣᠰ ᠤᠨ ᠦᠶ᠎ᠡ ᠶᠢᠨ ᠴᠧᠨ ᠺᠦᠢ ︵陈骙︶᠎ ᠠᠴᠠ ᠲᠡᠬᠦᠨ ᠤ ︽ᠵᠤᠬᠢᠶᠠᠯ ᠤᠨ ᠲᠦᠷᠢᠮ︾ ︵︽文则︾︶ ᠭᠡᠬᠦ ᠵᠤᠬᠢᠶᠠᠯ ᠳᠠᠭᠠᠨ ᠵᠤᠬᠢᠶᠠᠯ ᠲᠣᠭᠤᠷᠪᠢᠬᠤ ᠳᠤ ︽ᠣᠳᠬ᠎ᠠ ᠲᠣᠳᠣᠷᠬᠠᠢ ᠶᠢ ᠡᠷᠬᠢᠮᠯᠡᠨ ᠪᠦᠳᠡᠬᠢ ᠪᠠᠯᠠᠷᠬᠠᠢ ᠶᠢ ᠡᠰᠡᠷᠭᠦᠴᠡᠬᠦ ᠶᠢ ᠰᠣᠷᠳᠠᠯᠴᠢᠯᠠᠵᠦ᠂ ᠪᠠᠰᠠ ︿ᠭᠡᠮᠳᠣ ᠨᠠᠶᠢᠷᠠᠭᠤᠯᠭ᠎ᠠ﹀᠂ ︿ᠡᠷᠡᠭᠡᠯᠵᠡᠭᠡᠳᠣ ᠨᠠᠶᠢᠷᠠᠭᠤᠯᠭ᠎ᠠ﹀᠎ ᠶᠢᠨ ᠣᠨᠣᠯᠳᠡ ᠶᠢ ᠲᠣᠷᠠᠳᠪᠠ᠂ ᠡᠬᠦᠨ ᠳᠤ ︿ᠭᠡᠮᠳᠣ ᠨᠠᠶᠢᠷᠠᠭᠤᠯᠭ᠎ᠠ﹀ ᠭᠡᠳᠡᠭ ᠨᠢ ᠦᠭᠡ ᠬᠡᠯᠡᠨ ᠤ ᠲᠣᠬᠢᠷᠠᠭᠤᠯᠭ᠎ᠠ ᠨᠢ ᠵᠤᠬᠢᠰ ᠦᠭᠡᠢ ᠪᠠᠶᠢᠬᠤ ᠶᠢ ᠬᠡᠯᠡᠵᠦ᠂ ︿ᠡᠷᠡᠭᠡᠯᠵᠡᠭᠡᠳᠣ ᠨᠠᠶᠢᠷᠠᠭᠤᠯᠭ᠎ᠠ﹀ ᠭᠡᠳᠡᠭ ᠨᠢ ᠬᠡᠯᠡ ᠨᠠᠶᠢᠷᠠᠭᠤᠯᠭ᠎ᠠ ᠨᠢ ᠲᠣᠳᠣᠷᠬᠠᠢ ᠪᠣᠰᠣ ᠶᠢ ᠬᠡᠯᠡᠨ᠎ᠡ︾ ﹇1﹈ ︵p.355︶ ᠭᠡᠵᠦ ᠦᠬᠦᠯᠡᠵᠡᠢ᠃ ᠠᠳᠡᠬᠢ ︿ᠭᠡᠮᠳᠣ ᠨᠠᠶᠢᠷᠠᠭᠤᠯᠭ᠎ᠠ﹀ ᠪᠠ ︿ᠡᠷᠡᠭᠡᠯᠵᠡᠭᠡᠳᠣ ᠨᠠᠶᠢᠷᠠᠭᠤᠯᠭ᠎ᠠ﹀᠎ ᠨᠢ ᠵᠤᠬᠢᠰᠳᠣ ᠠᠶᠠᠯᠭᠤᠨ ᠤ ᠠᠷᠪᠠᠨ ᠭᠡᠮ ᠳᠠᠬᠢ ᠠᠶᠠᠯᠭᠤ ᠪᠠᠭᠤᠷᠠᠭᠰᠠᠨ ᠪᠠ ᠡᠷᠡᠭᠡᠯᠵᠡᠭᠡᠳᠤ ᠣᠳᠬᠠᠳᠣ ᠶᠢᠨ ᠭᠡᠮ ᠲᠠᠢ ᠠᠳᠠᠯᠢᠪᠳᠣᠷ᠃ ︽ᠠᠯᠳᠠᠨ ᠣᠯᠣᠰ ᠤᠨ ︵金︶ ᠦᠶ᠎ᠡ ᠶᠢᠨ ᠬᠦᠮᠦᠨ ᠸᠠᠩ ᠷᠦᠸᠧ ᠰᠢᠣᠢ ᠠᠴᠠ ︿ᠰᠣᠳᠣᠷ ᠲᠡᠮᠳᠡᠭᠯᠡᠯ﹀᠂ ︿ᠰᠢᠨ᠎ᠡ ᠲᠠᠩ ᠤᠨ ᠪᠢᠴᠢᠭ﹀ ᠲᠣᠳᠣᠷ᠎ᠠ ᠢᠯᠡᠷᠡᠭᠰᠡᠨ ᠨᠠᠶᠢᠷᠠᠭᠤᠯᠭ᠎ᠠ ᠶᠢᠨ ᠠᠷᠭ᠎ᠠ ᠵᠤᠬᠢᠰ ᠦᠭᠡᠢ ᠦᠵᠡᠭᠳᠡᠯ᠂ ᠵᠢᠱᠢᠶᠡᠯᠡᠪᠡᠯ ᠦᠭᠡ ᠬᠡᠷᠡᠭᠯᠡᠭᠰᠡᠨ ᠨᠢ ᠵᠤᠬᠢᠰ ᠦᠭᠡᠢ᠂ ᠦᠭᠡ ᠦᠭᠡᠰ ᠨᠢ ᠰᠣᠨᠵᠣᠷᠠᠵᠦ ᠲᠠᠪᠳᠠᠬᠤ᠂ ᠬᠡᠪᠰᠢᠮᠡᠯ ᠦᠭᠡ ᠶᠢ ᠲᠣᠷᠠᠪᠠᠷ ᠦᠭᠡᠷᠡᠴᠢᠯᠡᠬᠦ᠂ ᠵᠣᠬᠢᠶᠠᠯ ᠤᠨ ᠬᠤᠶᠢᠨ᠎ᠠ ᠡᠮᠦᠨ᠎ᠡ ᠨᠢ ᠵᠠᠯᠭᠠᠯᠳᠣᠬᠤ ᠦᠭᠡᠢ ᠭᠡᠬᠦ ᠮᠡᠳᠣ ᠦᠵᠡᠭᠳᠡᠯ ᠢ ᠵᠠᠳᠠᠯᠣᠭᠰᠠᠨ ᠪᠠᠶᠢᠳᠠᠭ︾ ﹇1﹈ ︵p.355︶᠃ ᠡᠬᠦᠨ ᠳᠤ ︽ᠦᠭᠡ ᠬᠡᠷᠡᠭᠯᠡᠭᠰᠡᠨ ᠵᠤᠬᠢᠰ ᠦᠭᠡᠢ︾᠎ ᠨᠢ ᠵᠤᠬᠢᠰᠳᠣ ᠠᠶᠠᠯᠭᠤᠨ ᠤ ᠠᠷᠪᠠᠨ ᠭᠡᠮ ᠤᠨ ᠠᠶᠠᠯᠭᠤ ᠪᠠᠭᠤᠷᠠᠭᠰᠠᠨ ᠭᠡᠮ ᠲᠠᠢ ᠠᠳᠠᠯᠢᠪᠳᠣᠷ ᠪᠦᠭᠡᠳ ︽ᠦᠭᠡ ᠦᠭᠡᠰ ᠢ ᠲᠠᠪᠳᠠᠬᠤ︾᠎ ᠨᠢ ᠨᠢᠭᠡᠨ ᠣᠳᠬᠠᠳᠣ ᠶᠢᠨ ᠭᠡᠮ ᠲᠠᠢ ᠠᠳᠠᠯᠢᠪᠳᠣᠷ ᠪᠣᠯᠵᠠᠢ᠃ ᠭᠡᠪᠡᠴᠤ ᠬᠢᠳᠠᠳ ᠣᠨᠣᠯ ᠦᠬᠦᠯᠡᠬᠦᠢ ᠳᠤ ᠣᠳᠬ᠎ᠠ ᠵᠣᠬᠢᠶᠠᠯ ᠤᠨ ᠭᠡᠮ ᠤᠨ ᠲᠣᠬᠠᠢ ᠲᠡᠶᠢᠮᠦ ᠰᠢᠰᠲ᠋ᠧᠮ ᠲᠠᠢ ᠣᠨᠣᠯ ᠦᠬᠦᠯᠡᠯᠳᠡ ᠪᠠᠶᠢᠬᠤ ᠦᠭᠡᠢ᠃ ᠬᠠᠷᠢᠨ ᠮᠣᠩᠭᠤᠯᠴᠣᠳ ᠨᠢ ᠡᠨᠡᠳᠭᠡᠭ ᠠᠴᠠ ᠢᠷᠡᠯᠳᠡᠳᠡᠢ ᠭᠡᠮ ᠤᠨ ᠲᠣᠬᠠᠢ ᠣᠨᠣᠯ ᠢ ᠰᠢᠰᠲ᠋ᠧᠮ ᠲᠠᠢ ᠰᠣᠳᠣᠯᠵᠦ ᠬᠦᠭᠵᠢᠬᠦᠯᠦᠭᠰᠡᠨ ᠢᠶᠠᠷ ᠦᠪᠡᠷ ᠤᠨ ᠭᠡᠬᠦ ᠭᠡᠮ ᠤᠨ ᠣᠨᠣᠯ ᠲᠠᠢ ᠪᠣᠯᠵᠦ ᠣᠳᠬ᠎ᠠ ᠵᠣᠬᠢᠶᠠᠯ ᠢ ᠦᠨᠡᠯᠡᠨ ᠰᠢᠬᠦᠮᠵᠢᠯᠡᠬᠦ ᠣᠨᠣᠯ ᠤᠨ ᠦᠨᠳᠣᠰᠣᠯᠡᠯ ᠪᠠ ᠪᠠᠷᠢᠮᠵᠢᠶ᠎ᠡ ᠲᠠᠢ ᠪᠣᠯᠪᠠ᠃ ᠶᠠᠭ ᠫᠦᠱᠺᠢᠨ ᠤ ︽ᠰᠢᠬᠦᠮᠵᠢ ᠪᠣᠯ ᠨᠢᠭᠡ ᠲᠦᠷᠦᠯ ᠤᠨ ᠰᠢᠨᠵᠢᠯᠡᠬᠦ ᠣᠬᠠᠭᠠᠨ ᠮᠦᠨ᠂ ᠰᠢᠬᠦᠮᠵᠢ ᠪᠣᠯ ᠣᠳᠬ᠎ᠠ ᠣᠷᠠᠯᠢᠭ ᠤᠨ ᠪᠦᠳᠦᠭᠡᠯ ᠤᠨ ᠰᠠᠶᠢᠬᠠᠨ ᠪᠠ ᠲᠣᠳᠠᠭᠳᠠᠯ ᠢ ᠢᠯᠡᠴᠢᠯᠡᠬᠦ ᠰᠢᠨᠵᠢᠯᠡᠬᠦ ᠣᠬᠠᠭᠠᠨ ᠮᠦᠨ︾ ﹇2﹈ ︵p.150︶ ᠭᠡᠵᠦ ᠬᠡᠯᠡᠭᠰᠡᠨᠴᠢᠯᠡᠨ᠂ ᠣᠳᠬ᠎ᠠ ᠵᠣᠬᠢᠶᠠᠯ ᠤᠨ ᠰᠢᠬᠦᠮᠵᠢ ᠶᠢᠨ ᠴᠢᠬᠤᠯᠠ ᠨᠢᠭᠡ ᠡᠬᠦᠷᠭᠡ ᠪᠣᠯ ᠲᠠᠷᠣᠢ ᠣᠳᠬ᠎ᠠ ᠣᠷᠠᠯᠢᠭ ᠤᠨ ᠰᠠᠶᠢᠬᠠᠨ ᠪᠠ ᠲᠣᠳᠠᠭᠳᠠᠯ ᠢ ᠢᠯᠭᠠᠷᠠᠭᠤᠯᠬᠤ ᠶᠠᠪᠣᠳᠠᠯ ᠪᠣᠯᠬᠤ ᠠᠵᠢ᠃ ᠡᠶᠢᠮᠦ ᠳᠤ ᠲᠣᠰᠬᠠᠶᠢᠯᠠᠨ ᠣᠳᠬ᠎ᠠ ᠵᠣᠬᠢᠶᠠᠯ ᠤᠨ ᠲᠣᠳᠠᠭᠳᠠᠯ ᠭᠡᠮ ᠢ ᠰᠢᠬᠦᠮᠵᠢᠯᠡᠵᠦ ᠢᠯᠡᠴᠢᠯᠡᠬᠦ ᠵᠤᠬᠢᠰᠳᠣ ᠠᠶᠠᠯᠭᠤᠨ ᠤ ᠭᠡᠮ ᠤᠨ ᠣᠨᠣᠯ ᠨᠢ ᠦᠪᠡᠷ ᠤᠨ ᠣᠨᠴᠠᠯᠢᠭ ᠲᠠᠢ ᠣᠳᠬ᠎ᠠ ᠵᠣᠬᠢᠶᠠᠯ ᠤᠨ ᠰᠢᠬᠦᠮᠵᠢ ᠶᠢᠨ ᠣᠨᠣᠯ ᠪᠣᠯᠣᠭᠰᠠᠨ ᠭᠡᠵᠦ ᠬᠡᠯᠡᠬᠦ ᠳᠤ ᠬᠡᠳᠦᠷᠡᠬᠦ ᠦᠭᠡᠢ ᠪᠠᠶᠢᠬ᠎ᠠ᠃ ᠮᠦᠨ ᠴᠤ ᠮᠣᠩᠭᠤᠯ ᠯᠠᠮᠠ ᠡᠷᠳᠡᠮᠳᠡᠳ ᠤᠨ ᠴᠤᠭᠴᠠᠯᠠᠭᠰᠠᠨ ᠡᠨᠡ ᠬᠦ ᠭᠡᠮ ᠤᠨ ᠲᠣᠬᠠᠢ ᠰᠢᠰᠲ᠋ᠧᠮᠳᠣ ᠣᠨᠣᠯ ᠦᠬᠦᠯᠡᠬᠦᠢ ᠨᠢ ᠦᠪᠡᠷ ᠤᠨ ᠰᠢᠬᠦᠮᠵᠢ ᠶᠢᠨ ᠣᠨᠣᠯ ᠢᠶᠠᠨ ᠪᠦᠷᠢᠯᠳᠦᠬᠦᠯᠦᠭᠰᠡᠨ ᠨᠢ ᠭᠠᠷᠴᠠᠭ᠎ᠠ ᠦᠭᠡᠢ᠃ ︽ᠣᠳᠬ᠎ᠠ ᠣᠷᠠᠯᠢᠭ ᠤᠨ ᠬᠦᠷᠢᠶᠡᠯᠡᠩ ᠲᠣᠳᠣᠷ᠎ᠠ ᠠᠩᠭᠢᠯᠣᠮ᠎ᠠ ᠴᠡᠴᠡᠭ ᠴᠤ ᠪᠣᠢ᠂ ᠬᠤᠣᠷᠳᠣ ᠡᠪᠡᠰᠣ ᠪᠠᠰᠠ ᠵᠠᠶᠢᠯᠠᠰᠢ ᠦᠭᠡᠢ ᠪᠣᠢ᠃ ᠬᠡᠷᠪᠡ ᠬᠤᠣᠷᠳᠣ ᠡᠪᠡᠰᠣ ᠶᠢ ᠠᠷᠢᠯᠭᠠᠬᠤ ᠦᠭᠡᠢ ᠶᠤᠮ ᠪᠣᠯ ᠠᠩᠭᠢᠯᠤᠮ᠎ᠠ ᠴᠡᠴᠡᠭ ᠴᠤ ᠰᠠᠶᠢᠨ ᠣᠷᠭᠤᠵᠦ ᠴᠢᠳᠠᠬᠤ ᠦᠭᠡᠢ᠂ ᠡᠶᠢᠮᠦ ᠠᠴᠠ ᠬᠤᠣᠷᠳᠣ ᠡᠪᠡᠰᠣ ᠶᠢ ᠠᠷᠢᠯᠭᠠᠬᠤ ᠪᠣᠯ ᠪᠠᠰᠠᠴᠤ ᠣᠳᠬ᠎ᠠ ᠣᠷᠠᠯᠢᠭ ᠤᠨ ᠰᠢᠬᠦᠮᠵᠢ ᠶᠢᠨ ᠲᠣᠳᠠᠭᠳᠠᠵᠦ ᠪᠣᠯᠣᠰᠢ ᠦᠭᠡᠢ ᠠᠵᠢᠯ ᠪᠣᠯᠬᠤ ᠶᠤᠮ︾ ﹇3﹈ ︵p.234︶᠃ ᠶᠠᠭ ᠡᠶᠢᠮᠦᠷᠬᠦᠦ ᠣᠳᠬ᠎ᠠ ᠣᠷᠠᠯᠢᠭ ᠤᠨ ᠬᠤᠤᠷᠳᠣ ᠡᠪᠡᠰᠣ ᠪᠣᠯᠬᠤ ᠭᠡᠮ ᠠᠷᠬᠠᠭ ᠢ ᠠᠷᠢᠯᠭᠠᠬᠤ ᠪᠠᠷ ᠡᠬᠦᠷᠭᠡ ᠪᠠᠨ ᠪᠣᠯᠭᠠᠭᠰᠠᠨ ᠮᠣᠩᠭᠤᠯᠴᠣᠳ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠣᠨᠣᠯ ᠦᠬᠦᠯᠡᠬᠦᠢ ᠨᠢ ᠲᠣᠩ ᠶᠡᠭᠡ ᠦᠨ᠎ᠡ ᠦᠷᠳᠡᠭ ᠲᠠᠢ ᠭᠡᠵᠦ ᠠᠶᠠᠨᠳᠠᠭᠠᠨ ᠮᠡᠳᠡᠷᠡᠭᠳᠡᠬᠦ ᠶᠣᠰᠣᠳᠠᠢ᠃ ᠲᠡᠭᠡᠪᠡᠯ ᠮᠣᠩᠭᠤᠯᠴᠣᠳ ᠤᠨ ᠭᠡᠮ ᠤᠨ ᠣᠨᠣᠯ ᠤᠨ ᠰᠣᠳᠣᠯᠣᠯ ᠦᠬᠦᠯᠡᠯᠳᠡ ᠨᠢ ᠶᠠᠭᠠᠬᠢᠭᠠᠳ ᠮᠣᠩᠭᠤᠯᠴᠣᠳ ᠤᠨ ᠣᠳᠬ᠎ᠠ ᠵᠤᠬᠢᠶᠠᠯ ᠤᠨ ᠰᠢᠭᠦᠮᠵᠢ ᠶᠢᠨ ᠣᠨᠣᠯ ᠢ ᠪᠠᠶᠠᠯᠢᠭᠵᠢᠭᠤᠯᠪᠠ ᠭᠡᠪᠡᠯ ᠭᠤᠣᠯᠳᠠᠭᠤ ᠲᠣᠣᠷᠠᠬᠢ ᠬᠡᠳᠣᠨ ᠲᠠᠯ᠎ᠠ ᠲᠡᠭᠡᠷ᠎ᠡ ᠢᠯᠡᠷᠡᠵᠦ ᠪᠣᠢ᠃              ᠬᠤᠶᠠᠷ᠂ ᠨᠢᠭᠡᠨ ᠢᠵᠢ ᠰᠢᠰᠲ᠋ᠧᠮᠳᠣ ᠰᠢᠬᠦᠮᠵᠢ ᠶᠢᠨ ᠣᠨᠣᠯ ᠪᠣᠢ ᠪᠣᠯᠣᠭᠰᠠᠨ        ᠮᠣᠩᠭᠤᠯ ᠡᠷᠳᠡᠮᠳᠡᠳ ᠤᠨ ᠵᠤᠬᠢᠰᠳᠣ ᠠᠶᠠᠯᠭᠤᠨ ᠤ ᠭᠡᠮ ᠤᠨ ᠲᠣᠬᠠᠢ ᠣᠨᠣᠯ ᠦᠬᠦᠯᠡᠬᠦᠢ ᠨᠢ ᠣᠳᠬ᠎ᠠ ᠵᠣᠬᠢᠶᠠᠯ ᠢ ᠰᠢᠬᠦᠮᠵᠢᠯᠡᠬᠦ ᠨᠢᠭᠡᠨ ᠴᠤ᠋ ᠰᠢᠨ᠎ᠡ ᠰᠢᠬᠦᠮᠵᠢᠯᠡᠬᠦ ᠠᠷᠭ᠎ᠠ ᠪᠣᠶᠣ ᠰᠢᠰᠲ᠋ᠧᠮᠳᠣ ᠰᠢᠬᠦᠮᠵᠢᠯᠡᠯ ᠤᠨ ᠣᠨᠣᠯ ᠢ ᠪᠣᠢ ᠪᠣᠯᠭᠠᠪᠠ᠃ ᠲᠣᠰ ᠣᠨᠣᠯ ᠣᠷᠣᠵᠦ ᠢᠷᠡᠬᠦ ᠠᠴᠠ ᠡᠮᠦᠨ᠎ᠡ ᠪᠤᠶᠤ ᠣᠷᠣᠵᠦ ᠢᠷᠡᠭᠰᠡᠨ ᠤ ᠲᠠᠷᠠᠭᠠᠬᠢ ᠴᠠᠭ ᠦᠶ᠎ᠡ ᠳᠤ ᠮᠣᠩᠭᠤᠯᠴᠣᠳ ᠤᠨ ᠲᠣᠮᠳᠠ ᠰᠢᠯᠦᠭ ᠢᠶᠠᠷ ᠰᠢᠯᠦᠭ ᠢ ᠰᠢᠬᠦᠮᠵᠢᠯᠡᠬᠦ ᠠᠷᠭ᠎ᠠ᠂ ᠰᠢᠯᠦᠭ ᠨᠠᠶᠢᠷᠠᠭ ᠵᠠᠳᠠᠯᠣᠨ ᠦᠨᠡᠯᠡᠬᠦ ᠪᠠᠷ ᠲᠠᠮᠵᠢᠨ ᠰᠢᠬᠦᠮᠵᠢᠯᠡᠬᠦ ᠠᠷᠭ᠎ᠠ᠂ ᠲᠠᠶᠢᠯᠣᠯ ᠦᠯᠢᠭᠡᠷ ᠪᠢᠴᠢᠬᠦ ᠬᠦᠷᠳᠡᠭᠡᠯ ᠰᠢᠬᠦᠮᠵᠢ ᠶᠢᠨ ᠠᠷᠭ᠎ᠠ᠂ ᠬᠠᠷᠢᠯᠴᠠᠨ ᠮᠠᠷᠭᠤᠵᠦ ᠶᠠᠷᠢᠯᠴᠠᠬᠤ ᠠᠷᠭ᠎ᠠ ᠪᠠᠷ ᠰᠢᠬᠦᠮᠵᠢ ᠦᠬᠦᠯᠡᠯ ᠪᠢᠴᠢᠬᠦ᠂ ᠣᠷᠣᠰᠢᠯ ᠭᠠᠷᠭᠠᠯᠭ᠎ᠠ ᠪᠢᠴᠢᠬᠦ᠂ ᠴᠣᠬᠤᠯᠠᠪᠣᠷᠢᠯᠠᠨ ᠰᠢᠬᠦᠮᠵᠢᠯᠡᠬᠦ᠂ ᠰᠢᠯᠦᠭᠯᠡᠨ ᠰᠢᠬᠦᠮᠵᠢᠯᠡᠬᠦ᠂ ᠬᠦᠣᠷᠨᠢᠨ ᠰᠢᠬᠦᠮᠵᠢᠯᠡᠬᠦ ᠵᠡᠷᠭᠡ ᠣᠳᠬ᠎ᠠ ᠵᠣᠬᠢᠶᠠᠯ ᠤᠨ ᠰᠢᠬᠦᠮᠵᠢ ᠶᠢᠨ ᠠᠷᠭ᠎ᠠ ᠨᠤᠭᠤᠳ ᠬᠡᠷᠡᠭᠯᠡᠭᠳᠡᠵᠦ ᠪᠠᠶᠢᠭᠰᠠᠨ ᠶᠣᠮ᠃ ᠭᠡᠬᠦ ᠳᠡᠭᠡᠨ ᠡᠳᠡᠭᠡᠷ ᠤᠨ ᠣᠯᠠᠩᠬᠢ ᠦᠬᠦᠯᠡᠯ ᠰᠢᠬᠦᠮᠵᠢ ᠨᠢ ︽ᠰᠡᠷᠡᠯ ᠤᠨ᠂ ᠲᠦᠷᠦᠭᠳᠡᠯ ᠤᠨ ᠰᠢᠨᠵᠢ ᠶᠡᠬᠡᠳᠡᠢ᠂ ᠲᠠᠰᠣᠯᠳᠠᠩᠭᠤᠢ ᠪᠣᠳᠠᠷᠠᠩᠭᠤᠢ ᠴᠢᠨᠠᠷ ᠢᠶᠠᠷ ᠦᠯᠡᠮᠵᠢ ᠶᠣᠮ᠂ ᠶᠡᠷᠣᠩᠭᠡᠢ ᠬᠡᠶᠢᠰᠪᠣᠷᠢ ᠬᠤᠷᠸᠠᠴᠢᠯᠠᠭᠰᠠᠨ ᠰᠣᠳᠣᠯᠣᠯᠭ᠎ᠠ ᠲᠣᠳᠠᠮᠠᠭ︾ ﹇4﹈ ︵p.285︶ ᠪᠠᠶᠢᠵᠦ᠂ ᠬᠡᠷᠡᠭᠯᠡᠵᠦ ᠪᠠᠷᠢᠮᠳᠠᠯᠠᠮᠠᠷ ᠰᠢᠰᠲ᠋ᠧᠮ ᠲᠠᠢ ᠣᠨᠣᠯ ᠦᠬᠦᠯᠡᠬᠦᠢ ᠲᠣᠳᠠᠭᠳᠠᠵᠦ᠂ ᠨᠡᠩ ᠴᠤ ᠣᠳᠬ᠎ᠠ ᠵᠣᠬᠢᠶᠠᠯ ᠤᠨ ᠭᠡᠮ ᠪᠣᠷᠣᠭᠤ ᠶᠢ ᠵᠠᠯᠠᠷᠠᠭᠤᠯᠵᠦ ᠰᠢᠬᠦᠮᠵᠢᠯᠡᠬᠦ ᠲᠣᠰᠬᠠᠢ ᠰᠢᠰᠲ᠋ᠧᠮᠳᠣ ᠣᠨᠣᠯ ᠦᠬᠦᠯᠡᠬᠦᠢ ᠪᠠᠶᠢᠬᠤ ᠦᠭᠡᠢ ᠪᠠᠶᠢᠪᠠ᠃ ᠬᠠᠷᠢᠨ ᠲᠠᠨᠳᠢᠨ ᠤ ᠵᠤᠬᠢᠰᠳᠣ ᠠᠶᠠᠯᠭᠤᠨ ᠤ ᠭᠡᠮ ᠤᠨ ᠲᠣᠬᠠᠢ ᠰᠢᠰᠲ᠋ᠧᠮᠳᠣ ᠣᠨᠣᠯ ᠤᠨ ᠮᠣᠩᠭᠤᠯ ᠳᠤ ᠣᠯᠠᠮᠵᠢᠯᠠᠭᠳᠠᠨ ᠬᠦᠭᠵᠢᠬᠦᠯᠦᠭᠳᠡᠬᠦ ᠶᠠᠪᠣᠴᠠ ᠳᠤ ᠨᠢᠭᠡ ᠵᠦᠢᠯ ᠤᠨ ᠰᠢᠰᠲ᠋ᠧᠮᠳᠣ ᠣᠳᠬ᠎ᠠ ᠵᠣᠬᠢᠶᠠᠯ ᠤᠨ ᠰᠢᠬᠦᠮᠵᠢᠯᠡᠬᠦ ᠠᠷᠭ᠎ᠠ ᠪᠠ ᠣᠨᠣᠯ ᠪᠣᠢ ᠪᠣᠯᠣᠭᠰᠠᠨ ᠶᠣᠮ᠃ ᠡᠨᠡ ᠨᠢ ᠪᠣᠰᠣᠳ ᠣᠨᠣᠯ ᠠᠷᠭ᠎ᠠ ᠨᠢ ᠰᠢᠰᠲ᠋ᠧᠮ ᠦᠭᠡᠢ ᠪᠣᠶᠣ ᠲᠣᠯᠢᠮᠠᠭ ᠭᠡᠰᠡᠨ ᠦᠵᠡᠯᠳᠡ ᠪᠢᠰᠢ᠂ ᠵᠦᠪᠬᠡᠨ ᠲᠣᠰ ᠣᠨᠣᠯ ᠢ ᠦᠪᠡᠷ ᠤᠨ ᠣᠨᠴᠠᠯᠢᠭᠳᠣ ᠰᠢᠰᠲ᠋ᠧᠮᠳᠣ ᠰᠢᠬᠦᠮᠵᠢᠯᠡᠯ ᠤᠨ ᠣᠨᠣᠯ ᠭᠡᠵᠦ ᠦᠵᠡᠭᠰᠡᠨ ᠳᠤ ᠪᠠᠶᠢᠬᠤ ᠶᠣᠮ᠃ ᠣᠳᠬ᠎ᠠ ᠵᠤᠬᠢᠶᠠᠯ ᠰᠢᠬᠦᠮᠵᠢᠯᠡᠬᠦ ᠳᠤ ᠨᠢᠭᠡ ᠵᠦᠢᠯ ᠤᠨ ᠰᠢᠬᠦᠮᠵᠢᠯᠡᠬᠦ ᠪᠠᠷᠢᠮᠵᠢᠶ᠎ᠡ ᠬᠡᠷᠡᠭᠳᠡᠢ᠂ ︽ᠪᠠᠷᠢᠮᠵᠢᠶ᠎ᠡ ᠦᠭᠡᠢ ᠶᠠᠮᠠᠷ ᠨᠢᠭᠡᠨ ᠵᠦᠢᠯ ᠤᠨ ᠰᠢᠬᠦᠮᠵᠢ ᠭᠡᠵᠦ ᠪᠠᠶᠢᠬᠤ ᠦᠭᠡᠢ᠂ ᠪᠠᠷᠢᠮᠵᠢᠶ᠎ᠡ ᠪᠠᠶᠢᠬᠤ ᠦᠭᠡᠢ ᠪᠣᠯ ᠵᠤᠬᠢᠶᠠᠯ ᠪᠦᠳᠦᠭᠡᠯ ᠢ ᠰᠢᠬᠦᠮᠵᠢᠯᠡᠬᠦ ᠶᠢᠨ ᠠᠷᠭ᠎ᠠ ᠦᠭᠡᠢ ᠪᠣᠯᠳᠠᠭ ᠲᠣᠯᠠ᠂ ᠰᠢᠬᠦᠮᠵᠢᠯᠡᠯ ᠨᠢ ᠦᠨᠡᠨ ᠳᠡᠭᠡᠨ ᠣᠷᠣᠰᠢᠬᠤ ᠦᠭᠡᠢ ᠪᠣᠯᠳᠠᠭ︾ ﹇5﹈ ︵p.222︶᠃ ᠮᠣᠩᠭᠤᠯᠴᠣᠳ ᠤᠨ ᠵᠤᠬᠢᠰᠳᠣ ᠠᠶᠠᠯᠭᠤᠨ ᠤ ᠭᠡᠮ ᠤᠨ ᠲᠣᠬᠠᠢ ᠣᠨᠣᠯ ᠦᠬᠦᠯᠡᠯᠳᠡ ᠨᠢ ᠶᠠᠭ ᠨᠢᠭᠡ ᠵᠦᠢᠯ ᠤᠨ ᠣᠳᠬ᠎ᠠ ᠵᠤᠬᠢᠶᠠᠯ ᠤᠨ ᠠᠯᠳᠠᠭ᠎ᠠ ᠪᠣᠷᠣᠭᠤ ᠣᠯᠵᠦ ᠠᠯᠳᠠᠭᠰᠠᠨ ᠢ ᠰᠢᠬᠦᠮᠵᠢᠯᠡᠬᠦ ᠪᠠᠷᠢᠮᠵᠢᠶ᠎ᠡ ᠶᠢ ᠬᠠᠩᠭᠠᠭᠰᠠᠨ ᠶᠣᠮ᠃ ᠡᠶᠢᠮᠦ ᠣᠴᠢᠷ ᠠᠴᠠ ᠮᠣᠩᠭᠤᠯᠴᠣᠳ ᠤᠨ ᠵᠣᠬᠢᠰᠳᠣ ᠠᠶᠠᠯᠭᠤᠨ ᠤ ᠭᠡᠮ ᠤᠨ ᠣᠨᠣᠯ ᠦᠬᠦᠯᠡᠯᠳᠡ ᠨᠢ ᠨᠢᠭᠡ ᠲᠠᠯ᠎ᠠ ᠎ ᠪᠠᠷ ᠣᠳᠬ᠎ᠠ ᠵᠤᠬᠢᠶᠠᠯ ᠤᠨ ᠰᠢᠬᠦᠮᠵᠢ ᠶᠢᠨ ᠣᠨᠣᠯ ᠬᠠᠩᠭᠠᠵᠦ᠂ ᠨᠦᠬᠦᠭᠡ ᠲᠠᠯ᠎ᠠ ᠪᠠᠷ ᠪᠠᠰᠠ ᠣᠳᠬ᠎ᠠ ᠵᠤᠬᠢᠶᠠᠯ ᠰᠢᠬᠦᠮᠵᠢᠯᠡᠬᠦ ᠪᠠᠷᠢᠮᠵᠢᠶ᠎ᠠ ᠶᠢ ᠴᠣᠭᠴᠠᠯᠠᠵᠠᠢ᠃        ᠵᠣᠬᠢᠰᠳᠣ ᠠᠶᠠᠯᠭᠤᠨ ᠤ ᠭᠡᠮ ᠤᠨ ᠣᠨᠣᠯ ᠢ ᠰᠢᠨᠵᠢᠯᠡᠬᠦ ᠳᠤ ᠡᠩ ᠲᠡᠷᠢᠬᠦᠨ ᠳᠤ ᠣᠳᠬ᠎ᠠ ᠶᠢᠨ ᠲᠦᠷᠪᠡᠨ ᠭᠡᠮ ᠢ ᠲᠣᠷᠠᠳᠬᠤ ᠴᠢᠬᠤᠯᠠᠳᠠᠢ᠂ ᠣᠳᠬ᠎ᠠ ᠪᠠᠭᠤᠷᠠᠭᠰᠠᠨ᠂ ᠬᠠᠷᠰᠢ ᠣᠳᠬᠠᠳᠣ᠂ ᠨᠢᠭᠡᠨ ᠣᠳᠬᠠᠳᠣ᠂ ᠲᠡᠭᠦᠳᠡᠷᠡᠯᠳᠣ ᠣᠳᠬᠠᠳᠣ ᠶᠢᠨ ᠭᠡᠮ ᠵᠡᠷᠭᠡ ᠨᠢ ᠣᠷᠠᠨ ᠪᠦᠳᠦᠭᠡᠯ ᠤᠨ ᠣᠳᠬ᠎ᠠ ᠨᠢ ᠨᠢᠭᠳᠠ ᠪᠠᠷᠢᠯᠳᠣᠵᠦ ᠪᠦᠷᠢᠨ ᠪᠦᠳᠦᠨ ᠣᠳᠬ᠎ᠠ ᠢᠯᠡᠳᠭᠡᠵᠦ ᠴᠢᠳᠠᠭᠰᠠᠨ ᠡᠰᠡᠬᠦ᠂ ᠵᠣᠬᠢᠶᠠᠯ ᠲᠣᠳᠣᠷᠠᠬᠢ ᠬᠤᠶᠢᠨ᠎ᠠ ᠡᠮᠦᠨ᠎ᠡ ᠣᠳᠬ᠎ᠠ ᠨᠢ ᠠᠪᠣᠴᠠᠯᠳᠣᠭᠰᠠ ᠡᠰᠡᠬᠦ᠂ ᠨᠢᠭᠡ ᠦᠭᠡ ᠶᠢ ᠬᠡᠷᠡᠭᠴᠡᠭᠡ ᠦᠭᠡᠢ ᠪᠠᠷ ᠲᠠᠬᠢᠨ ᠲᠠᠪᠳᠠᠭᠰᠠᠨ ᠡᠰᠡᠬᠦ᠂ ᠡᠷᠡᠭᠡᠯᠵᠡᠭᠡ ᠮᠠᠳᠠᠭᠳᠣ ᠦᠭᠡ ᠬᠡᠷᠡᠭᠯᠡᠭᠰᠡᠨ ᠠᠴᠠ ᠵᠣᠬᠢᠶᠠᠯ ᠤᠨ ᠰᠠᠨᠠᠭ᠎ᠠ ᠪᠠᠨ ᠲᠣᠳᠣᠷᠬᠠᠢ ᠢᠯᠡᠳᠭᠡᠵᠦ ᠲᠡᠶᠢᠯᠦᠭᠰᠡᠨ ᠡᠰᠡᠬᠦ ᠵᠡᠷᠭᠡ ᠶᠢ ᠬᠢᠨᠡᠨ ᠪᠠᠶᠢᠴᠠᠭᠠᠵᠦ ᠰᠢᠬᠦᠮᠵᠢᠯᠡᠨ ᠦᠨᠡᠯᠡᠳᠡᠭ᠃ ᠵᠢᠱᠢᠶᠡᠯᠡᠪᠡᠯ᠂ ᠬᠠᠷᠰᠢ ᠣᠳᠬᠠᠳᠣ ᠶᠢᠨ ᠭᠡᠮ ᠤᠨ ᠲᠣᠬᠠᠢ ᠮᠣᠩᠭᠤᠯ ᠯᠠᠮᠠ ᠡᠷᠳᠡᠮᠳᠡᠳ ᠤᠨ ᠦᠬᠦᠯᠡᠭᠰᠡᠨ ︽ᠨᠢᠭᠡᠨ ᠭᠤᠣᠯ ᠶᠣᠰᠣᠨ ᠤ ᠡᠮᠦᠨ᠎ᠡ ᠬᠤᠶᠢᠨᠠᠬᠢ ᠣᠳᠬ᠎ᠠ ᠬᠠᠷᠰᠢᠭᠰᠠᠨ︾ ︵ᠢᠰᠢᠪᠠᠯᠵᠣᠷ︶ ﹇6﹈ ︵p.444︶︔ ︽ᠠᠶᠠᠯᠭᠤᠨ ᠤ ᠨᠢᠭᠡᠨ ᠬᠦᠪᠴᠢ ᠳᠤᠷ᠂ ᠦᠭᠦᠯᠡᠭᠰᠡᠨ ᠣᠳᠬ᠎ᠠ ᠶᠢᠨ ᠣᠷᠢᠳᠣ ᠬᠤᠶᠢᠳᠣᠬᠢ ᠢᠨᠤ ᠬᠠᠷᠰᠢᠯᠳᠣᠬᠤ︾ ︵ᠠᠭᠸᠠᠩᠳᠦ᠋ᠪᠳᠠᠨ︶ ﹇7﹈ ︵p.275︶︔ ᠵᠤᠬᠢᠶᠠᠯ ᠤᠨ ᠬᠡᠯᠡ ᠨᠠᠶᠢᠷᠠᠭᠤᠯᠭ᠎ᠠ ᠳᠤ ︽ᠣᠷᠢᠳᠣ ᠣᠳᠬ᠎ᠠ ᠶᠢᠨ ᠴᠢᠳᠠᠯ ᠢᠶᠠᠷ ᠬᠤᠶᠢᠳᠣ ᠣᠳᠬ᠎ᠠ ᠎ ᠶᠢ ᠬᠤᠷᠢᠭᠯᠠᠨ ᠵᠣᠬᠢᠶᠠᠭᠰᠠᠨ︾ ︵ᠵᠠᠮᠢᠶᠠᠩᠭᠠᠷᠪᠤ︶ ﹇8﹈ ︵p.369︶ ᠵᠡᠷᠭᠡ ᠣᠨᠣᠯ ᠦᠬᠦᠯᠡᠯᠳᠡ ᠨᠢ ᠨᠢᠭᠡ ᠵᠣᠬᠢᠶᠠᠯ ᠲᠣᠳᠣᠷ᠎ᠠ ᠬᠠᠷᠰᠢ ᠣᠳᠬ᠎ᠠ ᠣᠷᠣᠰᠢᠵᠦ ᠪᠠᠶᠢᠬᠤ ᠡᠰᠡᠬᠦ ᠶᠢ ᠰᠢᠯᠭᠠᠬᠤ ᠶᠢᠨ ᠣᠨᠣᠯ ᠤᠨ ᠡᠰᠢ ᠪᠠᠷᠢᠮᠵᠢᠶ᠎ᠠ ᠪᠣᠯᠵᠦ ᠪᠣᠯᠣᠨ᠎ᠠ᠃ ᠪᠠᠰᠠ ᠵᠢᠱᠢᠶᠡᠯᠡᠪᠡᠯ ᠵᠣᠬᠢᠶᠠᠯ ᠲᠣᠳᠣᠷ᠎ᠠ ᠡᠷᠡᠭᠡᠯᠵᠡᠭᠡ ᠲᠡᠭᠦᠳᠡᠷᠡᠯ ᠲᠠᠢ ᠣᠳᠬ᠎ᠠ ᠪᠠᠶᠢᠬᠤ ᠡᠰᠡᠬᠦ ᠎ ᠶᠢ ᠰᠢᠬᠦᠮᠵᠢᠯᠡᠬᠦ ᠳᠤ ︽ᠬᠡᠷᠡᠭ ᠦᠭᠡᠢ ᠪᠠᠷ ᠶᠠᠮᠠᠷ ᠣᠳᠬ᠎ᠠ ᠶᠢ ᠡᠰᠡ ᠮᠡᠳᠡᠵᠦ ᠨᠠᠶᠢᠷᠠᠭᠤᠯᠣᠭᠰᠠᠨ︾ ︵ᠢᠰᠢᠪᠠᠯᠵᠣᠷ︶ ﹇6﹈ ︵p.444︶︔ ᠨᠠᠶᠢᠷᠠᠭᠤᠯᠣᠭᠰᠠᠨ ︽ᠣᠳᠬ᠎ᠠ ᠨᠢ ᠮᠠᠭᠠᠳ ᠪᠣᠰᠣ ᠶᠢᠨ ᠲᠡᠭᠡᠷ᠎ᠡ ᠬᠡᠷᠡᠭ ᠦᠭᠡᠢ ᠮᠡᠳᠣ ᠪᠠᠷ ᠶᠠᠮᠠᠷ ᠣᠳᠬ᠎ᠠ᠂ ᠶᠠᠭᠤ ᠮᠦᠨ ᠭᠡᠳᠡᠭ ᠢ ᠦᠯᠦ ᠮᠡᠳᠡᠵᠦ ᠲᠡᠭᠦᠳᠡᠷᠡᠯ ᠡᠭᠦᠰᠭᠡᠭᠦ︾ ︵ᠠᠭᠸᠠᠩᠳᠦ᠋ᠪᠳᠠᠨ︶ ﹇7﹈ ︵p.276︶︔ ︽ᠰᠠᠶᠢᠳᠣᠷ ᠨᠠᠶᠢᠷᠠᠭᠤᠯᠣᠭᠰᠠᠨ ᠦᠭᠡᠰ ᠨᠢ ᠮᠦᠨ ᠴᠢᠨᠠᠷ ᠢᠶᠠᠷ ᠎ ᠢᠶᠠᠨ ᠵᠢᠴᠢ ᠡᠷᠡᠭᠡᠯᠵᠡᠳᠣ ᠶᠢ ᠲᠦᠷᠦᠭᠦᠯᠬᠦ ᠪᠠᠷ ᠵᠣᠬᠢᠶᠠᠭᠳᠠᠭᠰᠠᠨ︾ ︵ᠵᠠᠮᠢᠶᠠᠩᠭᠠᠷᠪᠤ︶ ﹇8﹈ ︵p.370︶ ᠵᠡᠷᠭᠡ ᠦᠬᠦᠯᠡᠯᠳᠡ ᠨᠢ ᠣᠨᠣᠯ ᠤᠨ ᠦᠨᠳᠣᠰᠣᠯᠡᠯ ᠪᠣᠯᠵᠦ ᠪᠣᠯᠬᠤ ᠶᠣᠮ᠃ ᠡᠨᠡ ᠨᠢ ᠦᠨᠡᠨ ᠳᠡᠭᠡᠨ ᠣᠳᠬ᠎ᠠ ᠶᠢᠨ ᠢᠯᠡᠳᠭᠡᠯ ᠤᠨ ᠲᠠᠯ᠎ᠠ ᠶᠢᠨ ᠰᠢᠨᠵᠢᠯᠡᠯ ᠪᠠᠶᠢᠵᠦ᠂ ᠶᠠᠭ ᠵᠣᠬᠢᠶᠠᠯ ᠤᠨ ᠠᠭᠤᠯᠭ᠎ᠠ ᠰᠠᠨᠠᠭ᠎ᠠ ᠶᠢ ᠬᠦᠨᠳᠡᠭᠰᠡᠨ ᠦᠭᠡᠢ᠃ ᠠᠳᠡ ᠣᠳᠬ᠎ᠠ ᠶᠢ ᠬᠡᠷᠬᠢᠨ ᠢᠯᠡᠳᠬᠡᠬᠦ᠂ ᠦᠭᠡ ᠬᠡᠯᠡ ᠶᠢ ᠬᠡᠷᠬᠢᠨ ᠵᠣᠬᠢᠰᠳᠠᠢ ᠬᠡᠷᠡᠭᠯᠡᠬᠦ ᠵᠡᠷᠭᠡ ᠪᠠᠷ᠂ ᠵᠠᠷᠢᠮ ᠲᠠᠯ᠎ᠠ ᠎ ᠪᠠᠷ ᠵᠣᠬᠢᠶᠠᠯ ᠤᠨ ᠬᠡᠯᠪᠡᠷᠢ ᠶᠢᠨ ᠠᠰᠠᠭᠤᠳᠠᠯ ᠲᠠᠢ ᠴᠤ ᠬᠤᠯᠪᠣᠭᠠᠳᠠᠢ᠃ ᠬᠠᠷᠢᠨ ᠣᠷᠣᠨ ᠲᠡᠷᠢᠬᠦᠳᠡᠨ ᠵᠢᠷᠭᠤᠭᠠᠨ ᠬᠠᠷᠰᠢᠯᠠᠭᠴᠢ ᠶᠢᠨ ᠭᠡᠮ ᠨᠢ ᠠᠭᠤᠯᠭ᠎ᠠ ᠰᠠᠨᠠᠭᠠᠨ ᠤ ᠠᠰᠠᠭᠤᠳᠠᠯ ᠢ ᠬᠦᠨᠵᠡᠭᠡᠢ ᠬᠦᠨᠳᠡᠵᠦ᠂ ᠠᠭᠤᠯᠭ᠎ᠠ ᠶᠢᠨ ᠵᠦᠪ ᠪᠣᠷᠣᠭᠤ ᠶᠢ ᠦᠨᠡᠯᠡᠨ ᠮᠠᠭᠠᠳᠯᠠᠳᠠᠭ ᠶᠣᠮ᠃ ᠡᠭᠦᠨ ᠢ ᠢᠰᠢᠪᠠᠯᠵᠣᠷ᠂ ᠠᠭᠸᠠᠩᠳᠦ᠋ᠪᠳᠠᠨ᠂ ᠵᠠᠮᠢᠶᠠᠩᠭᠠᠷᠪᠤ ᠨᠠᠷ ᠤᠨ ᠦᠬᠦᠯᠡᠯᠳᠡ ᠲᠠᠶᠢᠯᠪᠣᠷᠢᠯᠠᠯᠳᠠ ᠠᠴᠠ ᠦᠵᠡᠵᠦ ᠮᠡᠳᠡᠵᠦ ᠪᠣᠯᠣᠨ᠎ᠠ᠃ ᠡᠶᠢᠮᠦ ᠠᠴᠠ ᠲᠡᠳᠡᠭᠡᠷ ᠨᠢ ᠣᠳᠬ᠎ᠠ ᠠᠭᠤᠯᠭ᠎ᠠ ᠎ ᠶᠢᠨ ᠰᠢᠬᠦᠮᠵᠢᠯᠡᠯ ᠤᠨ ᠣᠨᠣᠯ ᠢ ᠪᠦᠷᠢᠯᠳᠦᠬᠦᠯᠵᠡᠢ᠃        ᠲᠠᠷᠠᠭᠠᠯᠠᠯ ᠪᠠᠭᠤᠷᠠᠭᠰᠠᠨ ᠭᠡᠮ ᠪᠣᠯ ᠣᠳᠬ᠎ᠠ ᠵᠣᠬᠢᠶᠠᠯ ᠤᠨ ᠪᠦᠳᠦᠴᠡ ᠶᠢᠨ ᠠᠰᠠᠭᠤᠳᠠᠯ ᠢ ᠬᠦᠨᠳᠡᠵᠦ᠂ ᠵᠣᠬᠢᠶᠠᠯ ᠲᠣᠳᠣᠷ᠎ᠠ ᠢᠯᠡᠳᠭᠡᠬᠦ ᠭᠡᠰᠡᠨ ᠣᠯᠠᠨ ᠠᠭᠤᠯᠭ᠎ᠠ ᠰᠠᠨᠠᠭ᠎ᠠ ᠪᠠᠨ ᠡᠮᠦᠨ᠎ᠡ ᠨᠢ ᠲᠣᠪᠴᠢᠯᠠᠨ ᠶᠠᠷᠢᠵᠦ ᠲᠠᠷᠠᠭ᠎ᠠ ᠎ ᠨᠢ ᠲᠡᠯᠭᠡᠷᠡᠬᠦᠯᠦᠨ ᠶᠠᠷᠢᠬᠤ ᠳᠠᠭᠠᠨ ᠲᠡᠷᠡ ᠲᠡᠰ ᠲᠠᠷᠠᠭ᠎ᠠ ᠪᠠᠷ ᠦᠬᠦᠯᠡᠭᠰᠡᠨ ᠦᠭᠡᠢ᠂ ᠬᠤᠳᠬᠤᠯᠳᠣᠭᠤᠯᠣᠭᠰᠠᠨ ᠪᠠᠶᠢᠳᠠᠯ ᠢ ᠰᠢᠬᠦᠨ ᠨᠢᠭᠳᠠᠯᠠᠵᠦ ᠵᠠᠯᠠᠷᠠᠭᠤᠯᠬᠤ ᠰᠢᠬᠦᠮᠵᠢ ᠪᠣᠯᠣᠨ᠎ᠠ᠃ ᠡᠬᠦᠨ ᠳᠤ ᠵᠦᠪᠬᠡᠨ ᠵᠣᠬᠢᠶᠠᠯ ᠤᠨ ᠲᠡᠰ ᠲᠠᠷᠠᠭ᠎ᠠ ᠲᠡᠳᠦᠢ ᠪᠢᠰᠢ᠂ ᠵᠣᠬᠢᠶᠠᠯ ᠤᠨ ᠭᠠᠷᠴᠠᠭ ᠪᠠ ᠬᠤᠶᠢᠨᠠᠬᠢ ᠠᠭᠤᠯᠭ᠎ᠠ ᠲᠠᠢ ᠪᠠᠨ ᠨᠡᠶᠢᠴᠡᠬᠦ ᠡᠰᠡᠬᠦ ᠶᠢ ᠰᠢᠯᠭᠠᠬᠤ ᠠᠭᠤᠯᠭ᠎ᠠ ᠶᠢ ᠴᠤ ᠪᠠᠭᠳᠠᠭᠠᠵᠦ ᠪᠣᠯᠣᠨ᠎ᠠ᠃ ᠠᠶᠠᠯᠭᠤ ᠪᠠᠭᠤᠷᠠᠭᠰᠠᠨ ᠭᠡᠮ ᠨᠢ ᠨᠠᠶᠢᠷᠠᠭᠤᠯᠣᠭᠰᠠᠨ ᠦᠭᠡᠰ ᠬᠡᠯᠡᠨ ᠵᠦᠢ ᠶᠢᠨ ᠲᠦᠷᠢᠮ ᠶᠣᠰᠣ ᠲᠠᠢ ᠨᠡᠶᠢᠴᠡᠭᠰᠡᠨ ᠡᠰᠡᠬᠦ᠂ ᠡᠮᠦᠨᠡᠬᠢ ᠮᠡᠷᠭᠡᠳ ᠤᠨ ᠬᠡᠷᠡᠭᠯᠡᠵᠦ ᠲᠠᠳᠣᠭᠰᠠᠨ ᠰᠣᠩᠭᠤᠳᠠᠭ ᠵᠢᠱᠢᠶ᠎ᠡ ᠲᠠᠢ ᠨᠡᠶᠢᠴᠡᠭᠰᠡᠨ ᠡᠰᠡᠬᠦ ᠵᠡᠷᠭᠡ ᠪᠠᠷ ᠵᠤᠬᠢᠶᠠᠯ ᠲᠣᠳᠣᠷ᠎ᠠ ᠣᠷᠣᠰᠢᠵᠦ ᠪᠠᠶᠢᠭ᠎ᠠ ᠬᠡᠯᠡ ᠨᠠᠶᠢᠷᠠᠭᠤᠯᠭ᠎ᠠ ᠶᠢᠨ ᠭᠡᠮ ᠠᠷᠬᠠᠭ ᠢ ᠰᠢᠬᠦᠮᠵᠢᠯᠡᠨ᠎ᠡ᠂ ᠡᠨᠡ ᠨᠢ ᠬᠡᠯᠡ ᠨᠠᠶᠢᠷᠠᠭᠤᠯᠭ᠎ᠠ ᠶᠢᠨ ᠲᠠᠯ᠎ᠠ ᠶᠢᠨ ᠰᠢᠬᠦᠮᠵᠢᠯᠡᠯ ᠪᠣᠯᠣᠨ᠎ᠠ᠃ ᠲᠠᠰᠣᠯᠪᠣᠷᠢ ᠵᠠᠪᠰᠠᠷ ᠪᠠᠭᠤᠷᠠᠭᠰᠠᠨ᠂ ᠬᠤᠯᠪᠣᠨ ᠨᠠᠶᠢᠷᠠᠭᠤᠯᠬᠤᠢ ᠪᠠᠭᠤᠷᠠᠭᠰᠠᠨ᠂ ᠵᠠᠪᠰᠠᠷ ᠤᠨ ᠪᠠᠷᠢᠯᠳᠣᠭᠤᠯᠭ᠎ᠠ ᠠᠴᠠ ᠠᠩᠭᠢᠵᠢᠷᠠᠭᠰᠠᠨ ᠵᠡᠷᠭᠡ ᠪᠣᠯ ᠰᠠᠨᠰᠺᠷᠢᠲ ᠲᠦᠪᠡᠳ ᠰᠢᠯᠦᠭ ᠤᠨ ᠬᠡᠮ ᠬᠡᠮᠨᠡᠯ᠂ ᠰᠢᠯᠦᠭ ᠤᠨ ᠲᠣᠳᠣᠷᠠᠬᠢ ᠦᠭᠡᠰ ᠤᠨ ᠬᠤᠭᠤᠷᠣᠨᠳᠣᠬᠢ ᠪᠠᠷᠢᠯᠳᠣᠯᠭ᠎ᠠ ᠶᠢᠨ ᠵᠣᠬᠢᠰᠳᠠᠢ ᠪᠣᠯᠣᠭᠰᠠᠨ ᠡᠰᠡᠬᠦ ᠶᠢ ᠪᠠᠶᠢᠴᠠᠭᠠᠨ ᠬᠢᠨᠠᠬᠤ ᠰᠢᠬᠦᠮᠵᠢᠯᠡᠯ ᠮᠦᠨ᠂ ᠡᠨᠡ ᠨᠢ ᠦᠨᠡᠨ ᠳᠡᠭᠡᠨ ᠬᠡᠯᠪᠡᠷᠢ ᠶᠢᠨ ᠲᠣᠬᠠᠢ ᠰᠢᠬᠦᠮᠵᠢᠯᠡᠯ ᠪᠣᠯᠬᠤ ᠶᠤᠮ᠃ ᠢᠷᠠᠭᠤ ᠨᠠᠶᠢᠷᠠᠭ ᠎ ᠲᠤ ᠠᠪᠴᠣ ᠬᠡᠯᠡᠪᠡᠯ ᠰᠣᠨᠣᠰᠪᠣᠷᠢᠳᠠᠢ ᠰᠠᠶᠢᠬᠠᠨ ᠬᠡᠯᠡ ᠬᠡᠯᠡᠯᠭᠡ᠂ ᠠᠶᠢᠵᠡᠮ ᠬᠡᠮᠨᠡᠯ᠂ ᠵᠣᠬᠢᠰᠳᠣ ᠰᠠᠶᠢᠬᠠᠨ ᠬᠤᠯᠪᠣᠴᠠ ᠭᠢᠰᠭᠢᠴᠡ ᠲᠣᠩ ᠴᠢᠬᠤᠯᠠ ᠪᠠᠶᠢᠳᠠᠭ᠂ ᠪᠢᠳᠡ ᠲᠣᠰ ᠰᠢᠬᠦᠮᠵᠢᠯᠡᠯ ᠤᠨ ᠠᠷᠭ᠎ᠠ ᠶᠢ ᠮᠣᠩᠭᠤᠯ ᠰᠢᠯᠦᠭ ᠲᠡᠭᠡᠷ᠎ᠡ ᠬᠡᠷᠡᠭᠯᠡᠬᠦ ᠳᠤ ᠮᠣᠩᠭᠤᠯ ᠰᠢᠯᠦᠭ ᠤᠨ ᠮᠦᠷ ᠤᠨ ᠲᠣᠳᠣᠷᠠᠬᠢ ᠦᠭᠡ ᠶᠢᠨ ᠲᠤᠭ᠎ᠠ᠂ ᠨᠤᠭᠤᠯᠪᠤᠷᠢ ᠵᠡᠷᠭᠡ ᠶᠢ ᠲᠡᠩᠴᠡᠬᠦᠯᠦᠭᠰᠡᠨ ᠡᠰᠡᠬᠦ᠂ ᠲᠡᠷᠡᠴᠢᠯᠡᠨ ᠲᠣᠯᠣᠭᠠᠢ ᠬᠤᠯᠪᠣᠯᠳᠠ᠂ ᠰᠡᠭᠦᠯ ᠬᠤᠯᠪᠣᠴᠠ᠂ ᠪᠦᠰᠡ ᠬᠤᠯᠪᠣᠴᠠ ᠶᠢ ᠶᠠᠮᠠᠷ ᠵᠡᠷᠭᠡ ᠪᠡᠶᠡᠯᠡᠬᠦᠯᠦᠭᠰᠡᠨ ᠵᠡᠷᠭᠡ ᠪᠠᠷ ᠢᠷᠠᠭᠤ ᠬᠦᠭᠵᠢᠮᠯᠢᠭ ᠪᠣᠯᠣᠭᠰᠠᠨ ᠢ ᠪᠠᠶᠢᠴᠠᠭᠠᠨ ᠦᠵᠡᠵᠦ ᠪᠣᠯᠣᠨ᠎ᠠ᠃ ᠵᠢᠱᠢᠶᠠᠯᠡᠪᠡᠯ᠂ ︽ᠬᠦᠬᠡ ᠲᠡᠭᠷᠢ ᠬᠦᠪ ᠬᠦᠬᠡ᠂ ᠬᠦᠷᠣᠰᠣᠳᠣ ᠭᠠᠵᠠᠷ ᠨᠣᠪ ᠨᠣᠭᠤᠭᠠᠨ᠂ ᠬᠦᠮᠦᠨ ᠲᠦᠷᠦᠯᠬᠢᠳᠡᠨ ᠲᠦᠭ ᠲᠦᠮᠡᠨ᠂ ᠬᠦᠨᠳᠡᠢ ᠲᠠᠯ᠎ᠠ ᠴᠡᠪ ᠴᠡᠯ᠎ᠡ᠃︾ ﹇9﹈ ︵p.18︶ ᠭᠡᠬᠦ ᠰᠢᠯᠦᠭ ᠤᠨ ᠦᠭᠡ ᠳᠤ ᠮᠦᠷ ᠪᠦᠷᠢ ᠶᠢᠨ ᠦᠭᠡ ᠶᠢᠨ ᠲᠤᠭ᠎ᠠ ᠲᠡᠩᠴᠡᠬᠦᠥ ᠪᠠᠶᠢᠵᠦ᠂ ᠨᠡᠷ᠎ᠡ ᠦᠭᠡ ᠨᠢ ᠨᠡᠷ᠎ᠡ ᠦᠭᠡ ᠲᠠᠢ ᠪᠠᠨ ᠬᠠᠷᠠᠭᠠᠯᠵᠠᠵᠦ᠂ ᠲᠡᠮᠳᠡᠭ ᠦᠭᠡ ᠨᠢ ᠲᠡᠮᠳᠡᠭ ᠦᠭᠡ ᠲᠠᠢ ᠪᠠᠨ ᠬᠠᠷᠠᠭᠠᠯᠵᠠᠭᠠᠳ ᠲᠣᠩ ᠢᠷᠠᠭᠤ ᠬᠦᠭᠵᠢᠮᠯᠢᠭ ᠪᠣᠯᠣᠭᠰᠠᠨ ᠪᠠᠶᠢᠨ᠎ᠠ᠃ ᠭᠡᠳᠡᠯ᠎ᠡ ᠪᠢᠳᠡ ᠲᠡᠬᠦᠨ ᠤ ᠲᠦᠷᠦᠬᠦᠦ ᠮᠦᠷ ᠲᠤ ︽ᠬᠠᠷᠠᠭᠳᠠᠵᠦ︾ ᠭᠡᠰᠡᠨ ᠨᠢᠭᠡ ᠦᠭᠡ ᠨᠡᠮᠡᠵᠦ ︽ᠬᠦᠬᠡ ᠲᠡᠭᠷᠢ ᠬᠦᠪ ᠬᠦᠬᠡ ᠬᠠᠷᠠᠭᠳᠠᠵᠦ︾ ﹇9﹈ ︵p.19︶ ᠭᠡᠳ ᠨᠦᠬᠦᠭᠡ ᠮᠦᠷ ᠤᠳ ᠲᠤ ᠬᠠᠷᠠᠭᠠᠯᠵᠠᠭᠰᠠᠨ ᠦᠭᠡ ᠨᠡᠮᠡᠬᠦ ᠦᠭᠡᠢ ᠪᠣᠯ ᠲᠣᠰ ᠰᠢᠯᠦᠭ ᠲᠣᠭᠤᠯ ᠪᠣᠯᠵᠦ᠂ ᠬᠤᠯᠪᠣᠨ ᠨᠠᠶᠢᠷᠠᠭᠤᠯᠬᠤᠢ ᠶᠢᠨ ᠭᠡᠮᠳᠣ ᠪᠣᠯᠣᠨ᠎ᠠ᠃ ᠡᠶᠢᠮᠦ ᠳᠤ ᠬᠡᠷᠪᠡ ᠲᠦᠷᠦᠬᠦᠦ ᠮᠦᠷ ᠲᠤ ᠦᠭᠡ ᠨᠡᠮᠡᠭᠰᠡᠨ ᠪᠣᠯ ᠬᠤᠶᠢᠨᠠᠬᠢ ᠮᠦᠷ ᠤᠳ ᠲᠤ ᠪᠦᠷ ᠬᠠᠷᠠᠭᠠᠯᠵᠠᠭᠰᠠᠨ ᠦᠭᠡ ᠨᠡᠮᠡᠵᠦ ︽ᠬᠦᠬᠡ ᠲᠡᠭᠷᠢ ᠬᠦᠪ ᠬᠦᠬᠡ ᠬᠠᠷᠠᠭᠳᠠᠵᠦ᠂ ᠬᠦᠷᠣᠰᠣᠳᠣ ᠭᠠᠵᠠᠷ ᠨᠣᠪ ᠨᠣᠭᠤᠭᠠᠨ ᠦᠵᠡᠭᠳᠡᠨ᠂ ᠬᠦᠮᠦᠨ ᠲᠦᠷᠦᠯᠬᠢᠳᠡᠨ ᠲᠦᠭ ᠲᠦᠮᠡᠨ ᠪᠣᠯᠵᠦ᠂ ᠬᠦᠨᠳᠡᠢ ᠲᠠᠯ᠎ᠠ ᠴᠡᠪ ᠴᠡᠯ᠎ᠡ ᠬᠡᠪ ᠢᠶᠠᠷ︾ ᠭᠡᠪᠡᠯ ᠬᠤᠯᠪᠣᠨ ᠨᠠᠶᠢᠷᠠᠭᠤᠯᠭ᠎ᠠ ᠎ ᠶᠢᠨ ᠬᠤᠪᠢ ᠳᠤ ᠭᠡᠮ ᠦᠭᠡᠢ ᠪᠣᠯᠵᠦ᠂ ᠪᠦᠳᠦᠨ ᠰᠠᠶᠢᠬᠠᠨ ᠬᠡᠯᠪᠡᠷᠢ ᠲᠠᠢ ᠪᠣᠯᠳᠠᠭ᠃        ᠣᠷᠣᠨ ᠴᠠᠭ ᠯᠤᠭ᠎ᠠ ᠬᠠᠷᠰᠢᠯᠠᠭᠴᠢ ᠶᠢᠨ ᠭᠡᠮ ᠪᠣᠯ ᠵᠤᠬᠢᠶᠠᠯ ᠪᠦᠳᠦᠭᠡᠯ ᠤᠨ ᠠᠭᠤᠯᠭ᠎ᠠ ᠪᠣᠶᠣ ᠦᠬᠦᠯᠡᠭᠳᠡᠬᠦᠨ ᠨᠢ ᠪᠣᠳᠠᠳᠠᠢ ᠣᠷᠣᠨ ᠴᠠᠭ ᠤᠨ ᠶᠣᠰᠣᠨ ᠪᠠ ᠠᠬᠤᠢ ᠲᠠᠢ ᠨᠡᠶᠢᠴᠡᠬᠦ ᠡᠰᠡᠬᠦ᠂ ᠵᠣᠬᠢᠶᠠᠯ ᠤᠨ ᠪᠠᠭᠠᠳᠣᠷ ᠤᠨ ᠦᠯᠢᠭᠡᠷ ᠦᠢᠯᠡ ᠶᠠᠪᠣᠳᠠᠯ ᠤᠨ ᠪᠣᠯᠣᠭᠰᠠᠨ ᠣᠷᠣᠨ ᠴᠠᠭ ᠨᠢ ᠵᠣᠬᠢᠰᠳᠠᠢ ᠪᠣᠯᠣᠭᠰᠠᠨ ᠡᠰᠡᠬᠦ ᠶᠢ ᠰᠢᠬᠦᠮᠵᠢᠯᠡᠨ ᠰᠢᠬᠦᠵᠦ᠂ ᠣᠷᠣᠨ ᠴᠠᠭ ᠲᠠᠢ ᠬᠠᠷᠰᠢᠯᠠᠭᠰᠠᠨ ᠪᠠᠶᠢᠳᠠᠯ ᠪᠠᠶᠢᠪᠠᠴᠤ ᠲᠡᠷᠡ ᠨᠢ ᠶᠠᠭᠠᠬᠢᠭᠠᠳ ᠣᠷᠣᠰᠢᠵᠦ ᠪᠣᠯᠬᠤ ᠶᠢ ᠲᠠᠶᠢᠯᠪᠣᠷᠢᠯᠠᠵᠦ ᠦᠭᠬᠦ ᠬᠡᠷᠡᠭᠳᠡᠢ ᠰᠢᠬᠦᠮᠵᠢᠯᠡᠯ ᠪᠣᠯᠣᠨ᠎ᠠ᠃ ᠣᠳᠬ᠎ᠠ ᠵᠣᠬᠢᠶᠠᠯ ᠤᠨ ᠪᠦᠳᠦᠭᠡᠯ ᠢ ︽ᠠᠭᠤᠯᠠ ᠣᠰᠣ᠂ ᠣᠢ ᠰᠢᠭᠤᠢ᠂ ᠣᠷᠴᠢᠨ ᠲᠣᠭᠤᠷᠢᠨ ᠲᠡᠷᠢᠭᠦᠳᠡᠨ ᠣᠷᠣᠨ︾᠎ ᠯᠤᠭ᠎ᠠ ᠬᠠᠷᠰᠢᠯᠳᠣᠭᠰᠠᠨ ᠡᠰᠡᠬᠦ ᠪᠠᠷ ︔ ︽ᠲᠡᠷᠡ ᠨᠢᠭᠡ ᠨᠣᠮ ᠢ᠂ ᠲᠡᠭᠦᠨ ᠤ ᠰᠢᠳᠦᠭᠡᠨ — — ᠣᠷᠣᠨ ᠳᠤ ᠨᠢ ᠲᠤᠬᠢᠷᠠᠬᠤ ᠦᠭᠡᠢ ᠪᠠᠷ ᠵᠣᠬᠢᠶᠠᠭᠰᠠᠨ︾ ﹇8﹈ ︵p.375︶ ᠡᠰᠡᠬᠦ ᠪᠠᠷ᠂ ︽ᠡᠳᠦᠷ ᠰᠦᠨᠢ ᠡᠪᠦᠯ ᠵᠤᠨ ᠲᠡᠷᠢᠭᠦᠳᠡᠨ ᠴᠠᠭ︾᠎ ᠯᠤᠭ᠎ᠠ ᠬᠠᠷᠰᠢᠯᠳᠣᠭᠤᠯᠣᠨ ᠨᠠᠶᠢᠷᠠᠭᠤᠯᠣᠭᠰᠠᠨ ᠡᠰᠡᠬᠦ ᠪᠠᠷ︔ ︽ᠲᠡᠷᠡ ᠨᠢᠭᠡ ᠨᠣᠮ ᠢ᠂ ᠲᠡᠭᠦᠨ ᠤ ᠪᠠᠶᠢᠬᠤ ᠴᠠᠭ ᠲᠤ ᠨᠢ ᠲᠣᠬᠢᠷᠠᠬᠤ ᠦᠭᠡᠢ ᠪᠠᠷ ᠵᠣᠬᠢᠶᠠᠭᠰᠠᠨ︾ ﹇8﹈ ︵p.375︶ ᠡᠰᠡᠬᠦ᠂ ︽ᠡᠳᠦᠷ ᠰᠦᠨᠢ ᠪᠠ ᠵᠣᠨ᠂ ᠨᠠᠮᠤᠷ᠂ ᠡᠪᠦᠯ᠂ ᠡᠪᠦᠯ ᠤᠨ ᠠᠳᠠᠭ᠂ ᠬᠠᠪᠣᠷ᠂ ᠲᠡᠵᠢᠭᠡᠯ ᠤᠨ ᠴᠠᠭ ᠭᠡᠬᠦ ᠵᠢᠷᠭᠤᠭᠠᠨ ᠣᠯᠠᠷᠢᠯ ᠨᠤᠭᠤᠳ ᠴᠠᠭ︾᠎ ᠲᠠᠢ ᠬᠠᠷᠰᠢᠭᠰᠠᠨ ᠡᠰᠡᠬᠦ ᠪᠠᠷ ᠰᠢᠬᠦᠮᠵᠢᠯᠡᠵᠦ ᠪᠣᠯᠳᠠᠭ᠃ ᠢᠳᠡ ᠵᠠᠯᠢ ᠯᠤᠭ᠎ᠠ ᠬᠠᠷᠰᠢᠯᠠᠭᠴᠢ ᠶᠢᠨ ᠭᠡᠮ ᠪᠣᠯ ᠣᠷᠠᠨ ᠪᠦᠳᠦᠭᠡᠯ ᠲᠣᠳᠣᠷᠠᠬᠢ ᠵᠣᠬᠢᠶᠠᠯ ᠤᠨ ᠪᠠᠭᠠᠳᠣᠷ ᠤᠨ ᠰᠡᠳᠬᠢᠯ ᠤᠨ ᠬᠦᠳᠡᠯᠭᠡᠭᠡᠨ ᠵᠡᠷᠭᠡ ᠨᠢ ᠭᠠᠳᠠᠭᠠᠳᠣ ᠲᠦᠷᠰᠣ ᠪᠠᠶᠢᠳᠠᠯ ᠲᠠᠢ ᠵᠣᠬᠢᠴᠠᠬᠤ ᠡᠰᠡᠬᠦ᠂ ᠵᠣᠬᠢᠶᠠᠯ ᠤᠨ ᠪᠠᠭᠠᠳᠣᠷ ᠤᠨ ᠦᠢᠯᠡ ᠬᠦᠳᠡᠯᠦᠯ ᠨᠢ ᠬᠦᠰᠡᠯ ᠤᠨ ᠲᠠᠪᠣᠨ ᠡᠷᠳᠡᠮ ᠎ ᠳᠤ ᠰᠢᠳᠦᠭᠰᠡᠨ ᠵᠢᠷᠠᠨ ᠲᠦᠷᠪᠡᠨ ᠢᠳᠡ ᠵᠠᠯᠢ ᠶᠢᠨ ᠶᠣᠰᠣ ᠲᠠᠢ ᠨᠡᠶᠢᠴᠡᠬᠦ ᠡᠰᠡᠬᠦ᠂ ᠬᠦᠮᠦᠨ ᠤ ᠣᠳᠬ᠎ᠠ ᠤᠷᠠᠯᠢᠭ ᠎ ᠤᠨ ᠪᠦᠳᠦᠭᠡᠯ ᠰᠣᠨᠢᠷᠬᠠᠭᠠᠳ ᠪᠣᠢ ᠪᠣᠯᠬᠤ ᠭᠤᠸ᠎ᠠ ᠲᠠᠭᠠᠰᠢᠶᠠᠬᠤᠢ ᠶᠢᠨ ᠰᠡᠷᠡᠯ ᠰᠡᠳᠬᠢᠯᠭᠡᠨ ᠪᠣᠶᠣ ᠠᠮᠳᠠ ᠨᠢ ᠵᠠᠪᠠᠯ ᠲᠡᠷᠡ ᠣᠷᠠᠨ ᠪᠦᠳᠦᠭᠡᠯ ᠳᠤ ᠢᠯᠡᠷᠡᠭᠰᠡᠨ ᠲᠦᠷᠢ ᠪᠠᠶᠢᠳᠠᠯ ᠪᠣᠶᠣ ᠲᠣᠭᠳᠠᠮᠠᠯ ᠰᠡᠳᠬᠢᠯᠭᠡᠨ ᠲᠠᠢ ᠵᠣᠬᠢᠴᠠᠬᠤ ᠡᠰᠡᠬᠦ ᠵᠡᠷᠭᠡ ᠶᠢ ᠬᠢᠨᠠᠨ ᠰᠢᠬᠦᠮᠵᠢᠯᠡᠬᠦ ᠣᠨᠣᠯ ᠪᠣᠯᠬᠤ ᠶᠣᠮ᠂ ᠡᠨᠡ ᠨᠢ ᠦᠨᠡᠨ ᠳᠡᠭᠡᠨ ᠭᠤᠸ᠎ᠠ ᠲᠠᠭᠠᠰᠢᠶᠠᠬᠤᠢ ᠶᠢᠨ ᠲᠠᠯ᠎ᠠ ᠎ ᠠᠴᠠ ᠰᠢᠬᠦᠮᠵᠢᠯᠡᠬᠦ ᠦᠵᠡᠯᠳᠡ ᠪᠣᠯᠬᠤ ᠶᠣᠮ᠃ ᠡᠬᠦᠨ ᠳᠤ ᠠᠭᠸᠠᠩᠳᠦ᠋ᠪᠳᠠᠨ ᠤ ᠪᠦᠵᠢᠭ ᠤᠨ ᠶᠢᠰᠣᠨ ᠲᠦᠷᠢ ᠶᠢᠨ ᠲᠣᠬᠠᠢ ᠰᠢᠰᠲ᠋ᠧᠮᠳᠣ ᠦᠬᠦᠯᠡᠯ ᠨᠢ ᠨᠡᠩ ᠨᠠᠷᠢᠯᠢᠭ ᠰᠢᠬᠦᠮᠵᠢᠯᠡᠬᠦ ᠪᠠᠷᠢᠮᠵᠢᠶ᠎ᠠ ᠲᠣᠭᠳᠠᠭᠠᠵᠦ ᠦᠭᠬᠦᠭᠰᠡᠨ ᠪᠠᠶᠢᠳᠠᠭ᠃ ᠶᠢᠷᠳᠢᠨᠴᠤ ᠯᠦᠭᠡ ᠬᠠᠷᠰᠢᠯᠠᠭᠴᠢ ᠶᠢᠨ ᠭᠡᠮ ᠪᠣᠯ ᠣᠷᠠᠨ ᠪᠦᠳᠦᠭᠡᠯ ᠲᠣᠳᠣᠷᠠᠬᠢ ᠲᠦᠷᠰᠦᠯᠡᠭᠳᠡᠭᠰᠡᠨ ᠬᠡᠷᠡᠭ ᠣᠴᠢᠷ᠂ ᠦᠢᠯᠡ ᠶᠠᠪᠣᠳᠠᠯ ᠨᠢ ᠶᠢᠷᠳᠢᠨᠴᠤ ᠶᠢᠨ ᠣᠷᠣᠰᠢᠬᠤ ᠶᠡᠷᠣ ᠶᠢᠨ ᠬᠠᠤᠯᠢ ᠶᠣᠰᠣ ᠲᠠᠢ ᠨᠡᠶᠢᠴᠡᠬᠦ ᠡᠰᠡᠬᠦ ᠪᠠᠷ ᠰᠢᠬᠦᠮᠵᠢᠯᠡᠬᠦ᠂ ᠲᠣᠬᠠᠶᠢᠯᠠᠪᠠᠯ ︽ᠶᠢᠷᠳᠢᠨᠴᠤ ᠳᠤᠷ ᠠᠯᠳᠠᠷᠰᠢᠭᠰᠠᠨ︾ ﹇6﹈ ︵p.444︶᠎ ᠠᠴᠠ ᠬᠠᠷᠰᠢᠯᠳᠣᠭᠤᠯᠣᠭᠰᠠᠨ︔ ︽ᠶᠢᠷᠳᠢᠨᠴᠤ ᠶᠢᠨ ᠰᠠᠪᠠ ᠰᠢᠮ᠎ᠡ᠂ ᠰᠡᠳᠬᠢᠯᠳᠡᠨ ᠪᠠ ᠰᠡᠳᠬᠢᠯᠳᠡᠨ ᠪᠣᠰᠣ ᠶᠢᠨ ᠠᠯᠢ ᠨᠢᠭᠡᠨ ᠤ ᠬᠢᠨᠢ ᠣᠷᠣᠰᠢᠨ ᠠᠬᠤᠢ ᠶᠣᠰᠣᠨ ᠯᠤᠭ᠎ᠠ︾ ﹇8﹈ ︵p.375︶ ᠬᠠᠷᠰᠢᠭᠰᠠᠨ ᠡᠰᠡᠬᠦ ᠪᠠᠷ ᠰᠢᠬᠦᠮᠵᠢᠯᠡᠬᠦ ᠠᠷᠭ᠎ᠠ ᠮᠦᠨ᠃ ᠲᠡᠭᠡᠬᠦ ᠳᠡᠭᠡᠨ ᠲᠡᠷᠡ ᠨᠢ ᠶᠢᠷᠳᠢᠨᠴᠤ ᠶᠢᠨ ᠬᠠᠥᠯᠢ ᠵᠦᠢ ᠶᠢᠨ ᠡᠬᠦᠳᠡᠨ ᠠᠴᠠ ᠰᠢᠬᠦᠮᠵᠢᠯᠡᠬᠦ ᠦᠵᠡᠯᠳᠡ ᠪᠠᠶᠢᠯ᠎ᠠ᠃ ᠣᠬᠠᠭᠠᠨ ᠯᠤᠭ᠎ᠠ ᠬᠠᠷᠰᠢᠯᠠᠭᠴᠢ ᠶᠢᠨ ᠭᠡᠮ ᠪᠣᠯ ᠣᠳᠬ᠎ᠠ ᠵᠤᠬᠢᠶᠠᠯ ᠲᠣᠳᠣᠷᠠᠬᠢ ᠠᠭᠤᠯᠭ᠎ᠠ ᠪᠣᠶᠣ ᠦᠵᠡᠯᠳᠡ ᠨᠢ ᠯᠤᠭᠢᠭ ᠵᠦᠢ᠂ ᠰᠡᠳᠬᠢᠴᠡ ᠶᠢᠨ ᠬᠠᠣᠯᠢ ᠵᠦᠢ᠂ ᠬᠦᠨ ᠣᠬᠠᠭᠠᠨ ᠤ ᠦᠵᠡᠯᠳᠡ ᠵᠡᠷᠭᠡ ᠲᠠᠢ ᠬᠠᠷᠰᠢᠯᠳᠣᠭᠰᠠᠨ ᠡᠰᠡᠬᠦ ᠪᠠᠷ ᠰᠢᠬᠦᠮᠵᠢᠯᠡᠬᠦ ᠠᠷᠭ᠎ᠠ ᠪᠣᠯᠣᠨ᠎ᠠ᠂ ᠲᠠᠷᠣᠢ ᠵᠣᠬᠢᠶᠠᠯ ᠤᠨ ᠠᠭᠤᠯᠭ᠎ᠠ᠂ ᠦᠵᠡᠯᠳᠡ ᠵᠡᠷᠭᠡ ᠨᠢ ᠯᠣᠭᠢᠭᠴᠢ ᠴᠢᠨᠠᠷ ᠢᠶᠠᠨ ᠠᠯᠳᠠᠭᠰᠠᠨ ᠡᠰᠡᠬᠦ᠂ ᠰᠡᠳᠬᠢᠴᠡ ᠶᠢᠨ ᠬᠠᠣᠯᠢ ᠵᠢᠮ᠎ᠡ ᠠᠴᠠ ᠲᠡᠷᠰᠯᠡᠭᠰᠡᠨ ᠡᠰᠡᠬᠦ ᠪᠠᠷ ᠰᠢᠬᠦᠮᠵᠢᠯᠡᠬᠦ ᠦᠵᠡᠯᠳᠡ ᠪᠣᠯᠣᠨ᠎ᠠ᠃ ᠡᠰᠢ ᠯᠦᠭᠡ ᠬᠠᠷᠰᠢᠯᠠᠭᠴᠢ ᠶᠢᠨ ᠭᠡᠮ ᠪᠣᠯ ᠣᠳᠬ᠎ᠠ ᠵᠣᠬᠢᠶᠠᠯ ᠲᠣᠳᠣᠷᠠᠬᠢ ᠢᠯᠡᠳᠭᠡᠭᠰᠡᠨ ᠵᠦᠢᠯᠡᠰ ᠪᠠᠷᠢᠮᠳᠠᠯᠠᠬᠤ ᠪᠣᠶᠣ ᠡᠷᠬᠢᠮᠯᠡᠬᠦ ᠣᠨᠣᠯ ᠣᠬᠠᠭᠠᠨ ᠲᠠᠢ ᠪᠠᠨ ᠨᠡᠶᠢᠴᠡᠵᠦ ᠪᠠᠶᠢᠬᠤ ᠡᠰᠡᠬᠦ ᠪᠠᠷ ᠰᠢᠬᠦᠮᠵᠢᠯᠡᠬᠦ ᠰᠢᠬᠦᠮᠵᠢ ᠮᠦᠨ᠂ ᠵᠢᠱᠢᠶᠡᠯᠡᠪᠡᠯ ᠮᠠᠷᠺᠰ ᠤᠨ ᠦᠵᠡᠯ ᠢ ᠡᠰᠢᠯᠡᠨ ᠬᠡᠷᠡᠭᠯᠡᠭᠰᠡᠨ ᠪᠣᠯ ᠲᠡᠷᠡ ᠢᠯᠡᠳᠭᠡᠭᠰᠡᠨ ᠵᠦᠢᠯᠡᠰ ᠵᠠᠪᠠᠯ ᠲᠡᠭᠦᠨ ᠤ ᠣᠨᠣᠯ ᠶᠣᠰᠣ ᠲᠠᠢ ᠬᠠᠷᠰᠢᠯᠳᠠᠬᠤ ᠦᠭᠡᠢ ᠪᠠᠶᠢᠬᠤ ᠬᠡᠷᠡᠭᠳᠡᠢ᠃ ᠡᠰᠢ ᠣᠨᠣᠯ ᠳᠤ ᠰᠣᠳᠣᠷ ᠱᠠᠰᠳᠢᠷ᠂ ᠣᠳᠬ᠎ᠠ ᠵᠣᠬᠢᠶᠠᠯ ᠤᠨ ᠣᠨᠣᠯ᠂ ᠭᠤᠸ᠎ᠠ ᠵᠦᠢ ᠶᠢᠨ ᠣᠨᠣᠯ᠂ ᠲᠣᠳᠣᠭᠠᠳᠤ ᠤᠬᠠᠭᠠᠨ ︽ᠪᠣᠷᠬᠠᠨ ᠤ ᠡᠰᠢ ᠶᠣᠰᠣ︾᠂ ᠭᠠᠳᠠᠭᠠᠳᠤ ᠣᠬᠠᠭᠠᠨ ︽ᠪᠣᠷᠬᠠᠨ ᠤ ᠪᠣᠰᠤ ᠡᠰᠢ ᠶᠣᠰᠣ︾᠂ ᠮᠠᠷᠺᠰ ᠤᠨ ᠦᠵᠡᠯ ᠭᠡᠬᠦ ᠵᠡᠷᠭᠡ ᠪᠦᠷ ᠪᠠᠭᠳᠠᠨ᠎ᠠ᠃ ᠬᠡᠯᠡᠯᠭᠡᠨ ᠦᠭᠡᠢ ᠲᠡᠭᠡᠷ᠎ᠡ ᠦᠬᠦᠯᠡᠭᠰᠡᠨ ᠮᠣᠩᠭᠤᠯ ᠡᠷᠳᠡᠮᠳᠡᠳ ᠎ ᠤᠨ ᠭᠡᠮ ᠤᠨ ᠪᠡᠯᠭᠡ ᠴᠢᠨᠠᠷ ᠤᠨ ᠲᠣᠬᠠᠢ ᠦᠬᠦᠯᠡᠯᠳᠡ ᠨᠢ ᠰᠢᠬᠦᠮᠵᠢᠯᠡᠭᠴᠢ ᠰᠣᠨᠢᠷᠬᠠᠭᠴᠢᠳ ᠤᠨ ᠣᠳᠬ᠎ᠠ ᠵᠤᠬᠢᠶᠠᠯ ᠰᠢᠬᠦᠮᠵᠢᠯᠡᠬᠦ ᠳᠤ ᠪᠠᠷᠢᠮᠳᠠᠯᠠᠬᠤ ᠣᠨᠣᠯ ᠦᠨᠳᠣᠰᠣᠯᠡᠯ ᠪᠠ ᠪᠠᠷᠢᠮᠵᠢᠶ᠎ᠠ ᠪᠣᠯᠣᠭᠰᠠᠨ ᠢᠶᠠᠷ ᠦᠯᠦ ᠪᠠᠷᠠᠮ᠂ ᠲᠡᠬᠦᠨ ᠤ ᠵᠢᠱᠢᠶ᠎ᠡ ᠰᠢᠯᠦᠭ ᠪᠠ ᠣᠨᠴᠠᠭᠠᠢ ᠪᠠᠶᠢᠳᠠᠯ ᠤᠨ ᠲᠣᠬᠠᠢ ᠦᠬᠦᠯᠡᠯᠳᠡ ᠨᠢ ᠪᠠᠰᠠ ᠲᠣᠰ ᠣᠨᠣᠯ ᠤᠨ ᠴᠢᠬᠤᠯᠠ ᠬᠡᠰᠡᠭ ᠎ ᠨᠢ ᠪᠣᠯᠵᠦ ᠪᠠᠰᠠ ᠴᠤ ᠣᠳᠬ᠎ᠠ ᠵᠣᠬᠢᠶᠠᠯ ᠤᠨ ᠭᠡᠮ ᠢ ᠰᠢᠬᠦᠮᠵᠢᠯᠡᠬᠦ ᠪᠠᠷᠢᠮᠵᠢᠶ᠎ᠡ ᠪᠣᠶᠣ ᠦᠯᠢᠭᠡᠷ ᠵᠢᠱᠢᠶ᠎ᠡ ᠪᠣᠯᠵᠦ ᠪᠠᠶᠢᠳᠠᠭ᠃        ᠡᠳᠡᠭᠡᠷ ᠠᠴᠠ ᠭᠠᠳᠠᠨ᠎ᠠ ᠪᠠᠰᠠ ᠵᠠᠮᠢᠶᠠᠩᠭᠠᠷᠪᠤ ᠶᠢᠨ ᠲᠠᠭᠤᠨ ᠣᠳᠬ᠎ᠠ ᠶᠢᠨ ᠵᠣᠬᠢᠰᠳᠣ ᠬᠠᠷᠢᠴᠠᠭᠠᠨ ᠠᠴᠠ ᠵᠣᠬᠢᠰᠳᠣ ᠠᠶᠠᠯᠭᠤ ᠶᠢᠨ ᠭᠡᠮ ᠢ ᠰᠢᠨᠵᠢᠬᠦ ᠦᠵᠡᠯᠳᠡ᠂ ᠣᠳᠬ᠎ᠠ ᠵᠤᠬᠢᠶᠠᠯ ᠨᠠᠶᠢᠷᠠᠭᠤᠯᠬᠤ ᠳᠤ ᠵᠤᠬᠢᠮᠵᠢ ᠦᠭᠡᠢ ᠰᠠᠨᠠᠭ᠎ᠠ ᠲᠦᠷᠦᠬᠦᠯᠬᠦ ᠪᠦᠳᠦᠬᠦᠯᠢᠭ ᠴᠢᠨᠠᠷᠳᠣ ᠦᠭᠡ ᠶᠢ ᠲᠡᠪᠴᠢᠬᠦ ᠦᠵᠡᠯᠳᠡ᠂ ᠠᠭᠸᠠᠩᠳᠠᠨᠳᠠᠷ ᠤᠨ ︽ᠦᠪᠡᠷ ᠤᠨ ᠶᠣᠰᠣᠨ ᠪᠠ ᠪᠣᠰᠣᠳ ᠤᠨ ᠶᠣᠰᠣᠨ ᠢ ᠢᠯᠭᠠᠨ ᠡᠰᠡ ᠴᠢᠳᠠᠬᠤ︾᠂ ︽ᠲᠠᠰᠣᠯᠪᠣᠷᠢ ᠣᠯᠠᠨ︾᠂ ︽ᠬᠤᠳᠠᠯᠠ ᠳᠤᠷ ᠡᠰᠡ ᠠᠯᠳᠠᠷᠰᠢᠭᠰᠠᠨ ᠢᠯᠡᠳᠳᠡ ᠦᠬᠦᠯᠡᠬᠦᠢ᠂ ᠨᠢᠭᠤᠴᠠ ᠦᠭᠡᠰ ᠤᠨ ᠴᠢᠮᠡᠭ ᠢ ᠬᠡᠷᠡᠭᠯᠡᠬᠦ︾᠂ ︽ᠨᠡᠷ᠎ᠡ ᠲᠡᠷᠢᠭᠦᠳᠡᠨ ᠢ ᠪᠣᠷᠣᠭᠤ ᠪᠢᠴᠢᠬᠦ ᠪᠣᠶᠣ ᠡᠰᠡᠬᠦᠯ᠎ᠡ ᠡᠰᠡ ᠪᠢᠴᠢᠬᠦ︾ ﹇10﹈ ︵p.535︶ ᠵᠡᠷᠭᠡ ᠵᠣᠬᠢᠶᠠᠯ ᠤᠨ ᠭᠡᠮ ᠢ ᠠᠷᠢᠯᠭᠠᠨ ᠲᠡᠪᠴᠢᠬᠦ ᠦᠵᠡᠯᠳᠡ ᠣᠨᠣᠯ ᠵᠡᠷᠭᠡ ᠨᠢ ᠪᠦᠷ ᠮᠣᠩᠭᠤᠯᠴᠣᠳ ᠤᠨ ᠣᠳᠬ᠎ᠠ ᠵᠣᠬᠢᠶᠠᠯ ᠤᠨ ᠰᠢᠬᠦᠮᠵᠢ ᠶᠢᠨ ᠣᠨᠣᠯ ᠢ ᠪᠠᠶᠠᠯᠢᠭᠵᠢᠭᠤᠯᠣᠭᠰᠠᠨ ᠶᠣᠮ᠃ ᠪᠠᠭᠴᠠᠯᠠᠭᠠᠳ ᠬᠡᠯᠡᠪᠡᠯ᠂ ᠵᠣᠬᠢᠰᠳᠣ ᠠᠶᠠᠯᠭᠤᠨ ᠤ ᠭᠡᠮ ᠎ ᠤᠨ ᠲᠣᠬᠠᠢ ᠮᠣᠩᠭᠤᠯᠴᠣᠳ ᠤᠨ ᠣᠨᠣᠯ ᠦᠬᠦᠯᠡᠯᠳᠡ ᠨᠢ ᠠᠭᠤᠯᠭ᠎ᠠ ᠪᠠ ᠬᠡᠯᠪᠡᠷᠢ ᠣᠶᠠᠯᠳᠣᠭᠰᠠᠨ᠂ ᠯᠣᠭᠢᠭ ᠵᠦᠢ ᠪᠠ ᠬᠦᠨ ᠣᠬᠠᠭᠠᠨ ᠣᠶᠠᠯᠳᠣᠭᠰᠠᠨ᠂ ᠭᠤᠸ᠎ᠠ ᠵᠦᠢ ᠪᠠ ᠰᠡᠳᠬᠢᠴᠡ ᠵᠦᠢ᠂ ᠡᠰᠢ ᠣᠨᠣᠯ ᠣᠶᠠᠯᠳᠣᠭᠰᠠᠨ ᠣᠷᠭᠠᠨᠢᠭ ᠰᠢᠰᠲ᠋ᠧᠮᠳᠣ ᠰᠢᠬᠦᠮᠵᠢᠯᠡᠯ ᠤᠨ ᠣᠨᠣᠯ ᠪᠣᠯᠬᠤ ᠶᠣᠮ᠃ ᠡᠨᠡ ᠬᠦ ᠰᠢᠬᠦᠮᠵᠢ ᠶᠢᠨ ᠣᠨᠣᠯ ᠤᠨ ᠪᠠᠷᠢᠮᠵᠢᠶ᠎ᠠ ᠎ ᠨᠢ ︽ᠣᠳᠬ᠎ᠠ ᠵᠣᠬᠢᠶᠠᠯ ᠤᠨ ᠣᠣᠯ ᠴᠤᠭᠴᠠ ᠠᠴᠠ ᠡᠬᠦᠰᠴᠤ᠂ ᠭᠤᠸ᠎ᠠ ᠲᠠᠭᠠᠰᠢᠶᠠᠬᠤᠢ᠂ ᠰᠡᠳᠬᠢᠯᠭᠡᠨ᠂ ᠬᠡᠯᠪᠡᠷᠢ ᠂ ᠠᠷᠭ᠎ᠠ ᠮᠡᠷᠭᠡᠵᠢᠯ ᠵᠡᠷᠭᠡ ᠶᠢ ᠴᠢᠬᠤᠯᠠᠴᠢᠯᠠᠭᠰᠠᠨ ᠪᠠᠷᠢᠮᠵᠢᠶ᠎ᠠ︾ ﹇5﹈ ︵p.223︶ ᠪᠣᠯᠬᠤ ᠮᠦᠷᠳᠡᠭᠡᠨ ︽ᠣᠷᠠᠯᠢᠭᠴᠢ ᠴᠢᠨᠠᠷ᠂ ᠬᠢᠴᠢᠶᠡᠯ ᠲᠦᠷᠦᠯ ᠤᠨ ᠴᠢᠨᠠᠷ᠂ ᠦᠵᠡᠯ ᠣᠬᠠᠮᠰᠠᠷ ᠤᠨ ᠬᠡᠯᠪᠡᠷᠢᠴᠢ ᠴᠢᠨᠠᠷ ᠢ ᠪᠠᠭᠳᠠᠭᠠᠭᠰᠠᠨ︾ ﹇11﹈ ︵p.346︶ ᠣᠨᠣᠯ ᠤᠨ ᠬᠡᠯᠪᠡᠷᠢ ᠪᠣᠯᠣᠭᠰᠠᠨ ᠶᠣᠮ᠃ ᠣᠳᠬ᠎ᠠ ᠵᠣᠬᠢᠶᠠᠯ ᠤᠨ ᠰᠢᠬᠦᠮᠵᠢᠯᠡᠯ ᠤᠨ ᠬᠤᠪᠢ ᠳᠤ ᠠᠪᠴᠣ ᠬᠡᠯᠡᠪᠡᠯ ᠨᠢᠭᠡᠨ ᠣᠷᠠᠨ ᠪᠦᠳᠦᠭᠡᠯ ᠢ ᠪᠦᠬᠦ ᠲᠠᠯ᠎ᠠ ᠪᠠᠷ ᠪᠦᠬᠦᠯᠢ ᠴᠤᠭᠴᠠ ᠶᠢᠨ ᠰᠢᠬᠦᠮᠵᠢᠯᠡᠯ ᠬᠢᠬᠦ ᠨᠢ ᠲᠣᠩ ᠴᠢᠬᠤᠯᠠ ᠪᠠᠶᠢᠳᠠᠭ᠂ ᠲᠣᠬᠠᠶᠢᠯᠠᠪᠠᠯ ︽ᠣᠷᠠᠨ ᠪᠦᠳᠦᠭᠡᠯ ᠪᠣᠯ ᠨᠢᠭᠡᠨ ᠰᠡᠷᠡᠯ ᠤᠨ ᠴᠢᠨᠠᠷᠳᠣ ᠪᠦᠬᠦᠯᠢ ᠴᠤᠭᠴᠠᠳᠣ ᠣᠷᠣᠰᠢᠬᠤᠢ ᠪᠣᠯᠬᠤ ᠲᠣᠯᠠ ᠣᠳᠬ᠎ᠠ ᠵᠣᠬᠢᠶᠠᠯ ᠤᠨ ᠰᠢᠬᠦᠮᠵᠢᠯᠡᠯ ᠨᠢ ᠵᠠᠪᠠᠯ ᠪᠦᠬᠦᠯᠢ ᠴᠤᠭᠴᠠ ᠎ ᠶᠢᠨ ᠰᠢᠬᠦᠮᠵᠢᠯᠡᠯ ᠪᠠᠶᠢᠬᠤ ᠶᠢ ᠱᠠᠭᠠᠷᠳᠠᠳᠠᠭ︾ ﹇12﹈ ︵p.285︶ ᠲᠣᠯᠠ᠂ ᠮᠣᠩᠭᠤᠯᠴᠣᠳ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠣᠨᠣᠯ ᠦᠬᠦᠯᠡᠯᠳᠡ ᠨᠢ ᠶᠠᠭ ᠡᠶᠢᠮᠦᠷᠬᠦᠦ ᠱᠠᠭᠠᠷᠳᠠᠯᠭ᠎ᠠ ᠶᠢ ᠬᠠᠩᠭᠠᠬᠤ ᠨᠢᠭᠡ ᠵᠦᠢᠯ ᠤᠨ ᠰᠢᠬᠦᠮᠵᠢᠯᠡᠯ ᠤᠨ ᠣᠨᠣᠯ ᠪᠣᠯᠣᠭᠰᠠᠨ ᠶᠣᠮ᠃ ᠵᠠᠮᠢᠶᠠᠩᠭᠠᠷᠪᠤ ᠶᠢᠨ ︽ᠵᠣᠬᠢᠰᠳᠣ ᠠᠶᠠᠯᠭᠤᠨ ᠤ ᠭᠡᠮ ᠭᠡᠵᠦ ᠶᠠᠭᠤ ᠪᠣᠯᠬᠤ ᠶᠢ ᠦᠭᠦᠯᠡᠭᠳᠡᠭᠦᠨ ᠤ ᠣᠳᠬ᠎ᠠ ᠶᠢᠨ ᠲᠠᠯ᠎ᠠ ᠠᠴᠠ ᠨᠢ᠂ ᠦᠭᠦᠯᠡᠪᠦᠷᠢ ᠶᠢᠨ ᠦᠭᠡ ᠶᠢᠨ ᠲᠠᠯ᠎ᠠ ᠎ ᠠᠴᠠ ᠨᠢ᠂ ᠬᠠᠷᠢᠯᠴᠠᠨ ᠰᠢᠳᠣᠯᠴᠡᠭᠡᠨ ᠳᠤ ᠨᠢ᠂ ᠬᠠᠷᠢᠴᠠᠩᠭᠤᠢ ᠣᠬᠠᠭᠳᠠᠬᠤᠨ ᠳᠤ ᠨᠢ ᠠᠪᠴᠣ ᠰᠢᠨᠵᠢᠯᠡᠭᠡᠳ ᠢᠷᠠᠭᠤ ᠨᠠᠶᠢᠷᠠᠭ ᠲᠤ ᠦᠭᠡ ᠨᠠᠶᠢᠷᠠᠭᠤᠯᠭ᠎ᠠ ᠶᠢᠨ ᠲᠣᠳᠠᠭᠳᠠᠯ ᠲᠠᠢ ᠪᠣᠯᠣᠭᠰᠠᠨ ᠢ ᠶᠠᠭᠤ ᠶᠢ ᠦᠭᠦᠯᠡᠭᠰᠡᠨ ᠢᠶᠠᠷ ᠨᠢ ᠴᠤ ᠪᠣᠰᠣ᠂ ᠶᠠᠭᠠᠬᠢᠵᠤ ᠦᠵᠡᠭᠦᠯᠦᠭᠰᠡᠨ ᠢᠶᠠᠷ ᠨᠢ ᠴᠤ ᠪᠣᠰᠣ᠂ ᠬᠠᠷᠢᠨ ︿ᠲᠠᠭᠤᠨ᠂ ᠣᠳᠬ᠎ᠠ﹀ ᠭᠡᠬᠦ ᠦᠭᠡ ᠣᠳᠬ᠎ᠠ ᠶᠢᠨ ᠵᠣᠬᠢᠰᠳᠣ ᠬᠠᠷᠢᠴᠠᠭ᠎ᠠ ᠶᠢ ᠬᠢᠷᠢ ᠵᠦᠪ ᠣᠯᠵᠣ ᠲᠣᠬᠢᠷᠠᠭᠤᠯᠣᠭᠰᠠᠨ ᠢᠶᠠᠷ ᠨᠢ ᠬᠡᠮᠵᠢᠬᠦ ᠬᠠᠷᠢᠴᠠᠩᠭᠤᠢ ᠣᠬᠠᠭᠳᠠᠬᠤᠨ︾ ﹇8﹈ ︵p.366︶ ᠭᠡᠬᠦ ᠦᠵᠡᠯᠳᠡ ᠨᠢ ᠪᠦᠬᠦᠯᠢ ᠴᠣᠭᠴᠠ ᠶᠢᠨ ᠰᠢᠬᠦᠮᠵᠢᠯᠡᠯ ᠬᠢᠬᠦ ᠦᠵᠡᠯᠳᠡ ᠎ ᠶᠢ ᠬᠠᠷᠠᠭᠤᠯᠣᠭᠰᠠᠨ ᠪᠠᠶᠢᠳᠠᠭ᠃             ᠭᠤᠷᠪᠠ᠂ ᠣᠳᠬ᠎ᠠ ᠵᠣᠬᠢᠶᠠᠯ ᠤᠨ ᠠᠳᠡᠭᠦᠦ ᠭᠡᠮ ᠤᠨ ᠲᠣᠬᠠᠢ ᠰᠢᠷᠬᠡᠭᠴᠢᠯᠡᠭᠰᠡᠨ ᠰᠣᠳᠣᠯᠭᠠᠨ        ᠵᠤᠬᠢᠰᠳᠣ ᠠᠶᠠᠯᠭᠤᠨ ᠤ ᠭᠡᠮ ᠢ ᠠᠷᠢᠯᠭᠠᠭᠴᠢ ᠶᠢᠨ ᠣᠨᠣᠯ ᠮᠣᠩᠭᠤᠯ ᠳᠤ ᠣᠯᠠᠮᠵᠢᠯᠠᠭᠳᠠᠬᠤ ᠠᠴᠠ ᠡᠮᠦᠨ᠎ᠡ᠂ ᠮᠣᠩᠭᠤᠯᠴᠣᠳ ᠤᠨ ᠣᠳᠬ᠎ᠠ ᠵᠣᠬᠢᠶᠠᠯ ᠤᠨ ᠰᠢᠬᠦᠮᠵᠢ ᠰᠣᠳᠣᠯᠣᠯ ᠲᠣᠮᠳᠠ ᠵᠣᠬᠢᠶᠠᠯ ᠪᠦᠳᠦᠭᠡᠯ ᠤᠨ ᠠᠯᠳᠠᠭ᠎ᠠ ᠭᠡᠮ ᠤᠨ ᠲᠣᠬᠠᠢ ᠲᠣᠰᠬᠠᠢ ᠨᠠᠷᠢᠯᠢᠭ ᠰᠣᠳᠣᠯᠭᠠᠨ ᠪᠠᠶᠢᠬᠤ ᠦᠭᠡᠢ ᠪᠠᠶᠢᠵᠠᠢ᠃ ᠰᠢᠯᠦᠭ ᠢ ᠰᠢᠯᠦᠭ ᠢᠶᠠᠷ ᠰᠢᠬᠦᠮᠵᠢᠯᠡᠬᠦ ᠠᠷᠭ᠎ᠠ ᠪᠠᠷ ᠠᠪᠴᠤ ᠦᠵᠡᠭᠰᠡᠨ ᠴᠤ᠂ ᠶᠡᠬᠡᠩᠬᠢ ᠳᠡᠭᠡᠨ ᠲᠡᠷᠡ ᠰᠢᠯᠦᠭ ᠤᠨ ᠠᠭᠤᠯᠭ᠎ᠠ ᠶᠢᠨ ᠲᠣᠬᠠᠢ ᠲᠠᠨᠢᠯᠴᠠᠭᠤᠯᠭ᠎ᠠ ᠦᠨᠡᠯᠡᠯᠳᠡ᠂ ᠵᠤᠬᠢᠶᠠᠭᠴᠢ ᠶᠢᠨ ᠬᠢᠨᠢ ᠲᠣᠬᠠᠢ ᠲᠠᠨᠢᠯᠴᠠᠭᠤᠯᠭ᠎ᠠ᠂ ᠰᠢᠬᠦᠮᠵᠢ ᠦᠨᠡᠯᠡᠯ᠂ ᠵᠣᠬᠢᠶᠠᠯ ᠎ ᠤᠨ ᠪᠢᠴᠢᠭᠳᠡᠭᠰᠡᠨ ᠴᠠᠭ ᠣᠷᠣᠨ ᠢ ᠲᠣᠳᠣᠷᠬᠠᠶᠢᠯᠠᠨ ᠲᠡᠮᠳᠡᠭᠯᠡᠬᠦ ᠵᠡᠷᠭᠡ ᠮᠡᠳᠦᠰ ᠯᠡ ᠪᠠᠶᠢᠳᠠᠭ᠃ ᠬᠤᠵᠢᠮ ᠤᠨ ᠣᠷᠣᠰᠢᠯ ᠭᠠᠷᠭᠠᠯᠭ᠎ᠠ ᠪᠢᠴᠢᠬᠦ᠂ ᠴᠣᠬᠤᠯᠠᠪᠣᠷᠢᠯᠠᠨ ᠪᠢᠨᠳᠣᠯᠠᠬᠦ ᠵᠡᠷᠭᠡ ᠠᠷᠭ᠎ᠠ ᠪᠠᠷᠢᠯ ᠨᠢ ᠴᠤ ᠣᠷᠠᠨ ᠵᠣᠬᠢᠶᠠᠯ ᠰᠢᠬᠦᠮᠵᠢᠯᠡᠬᠦ ᠳᠡᠭᠡᠨ ︽ᠲᠡᠬᠦᠨ ᠤ ᠣᠷᠠᠯᠢᠭ ᠤᠨ ᠪᠦᠳᠦᠮᠵᠢ᠂ ᠬᠡᠯᠪᠡᠷᠢ ᠶᠢᠨ ᠭᠤᠶᠣ᠂ ᠬᠦᠮᠦᠨ ᠤ ᠲᠦᠷᠢ᠂ ᠦᠢᠯᠡ ᠶᠠᠪᠣᠳᠠᠯ ᠤᠨ ᠦᠨᠡᠨ ᠡᠰᠡᠬᠦ᠂ ᠵᠤᠬᠢᠶᠠᠮᠵᠢ ᠪᠦᠳᠦᠴᠡ ᠶᠢᠨ ᠣᠨᠴᠠᠯᠢᠭ ᠰᠢᠨᠵᠢ ᠵᠡᠷᠭᠡ ᠶᠢ ᠦᠬᠦᠯᠡᠵᠦ ᠲᠣᠰᠢᠶᠠᠳᠠᠭ︾ ﹇4﹈ ︵p.285︶ ᠪᠠ ︽ᠵᠤᠬᠢᠶᠠᠯ ᠪᠦᠳᠦᠭᠡᠯ ᠤᠨ ᠨᠡᠶᠢᠭᠡᠮ ᠤᠨ ᠠᠴᠢ ᠬᠤᠯᠪᠣᠭᠳᠠᠯ᠂ ᠦᠢᠯᠡ ᠶᠠᠪᠣᠳᠠᠯ᠂ ᠬᠦᠮᠦᠨ ᠤ ᠲᠦᠷᠢ ᠶᠢᠨ ᠦᠨᠡᠮᠰᠢᠬᠦᠯᠬᠦ ᠡᠰᠡᠬᠦ ᠲᠣᠬᠠᠢ ᠲᠣᠪᠴᠢ ᠲᠣᠳᠣᠷᠠᠭᠤᠨ᠂ ᠣᠬᠤᠷ ᠠᠪᠰᠠᠷᠬᠠᠨ ᠰᠢᠬᠦᠮᠵᠢᠯᠡᠬᠦ︾ ﹇4﹈ ︵p.287︶ ᠰᠢᠨᠵᠢᠳᠡᠢ ᠪᠠᠶᠢᠭᠰᠠᠨ ᠶᠣᠮ᠃ ᠬᠠᠷᠢᠨ ᠵᠣᠬᠢᠰᠳᠣ ᠠᠶᠠᠯᠭᠤᠨ ᠤ ᠭᠡᠮ ᠤᠨ ᠣᠨᠣᠯ ᠮᠣᠩᠭᠤᠯ ᠡᠷᠳᠡᠮᠳᠡᠳ ᠲᠤ ᠰᠣᠳᠣᠯᠣᠭᠳᠠᠭᠰᠠᠨ ᠤ ᠲᠠᠷᠠᠭ᠎ᠠ ᠮᠣᠩᠭᠤᠯᠴᠣᠳ ᠲᠤ ᠣᠳᠬ᠎ᠠ ᠵᠣᠬᠢᠶᠠᠯ ᠤᠨ ᠠᠳᠡᠬᠦᠦ ᠭᠡᠮ ᠤᠨ ᠲᠣᠬᠠᠢ ᠰᠢᠷᠬᠡᠭᠴᠢᠯᠡᠭᠰᠡᠨ ᠰᠣᠳᠣᠯᠭᠠᠨ ᠪᠠ ᠰᠢᠬᠦᠮᠵᠢ ᠪᠣᠢ ᠪᠣᠯᠣᠭᠠᠳ᠂ ᠪᠣᠰᠣᠳ ᠰᠢᠬᠦᠮᠵᠢ ᠶᠢᠨ ᠬᠦᠨᠳᠡᠵᠦ ᠠᠮᠵᠢᠭ᠎ᠠ ᠦᠭᠡᠢ ᠵᠦᠢᠯᠡᠰ ᠢ ᠨᠦᠬᠦᠪᠦᠷᠢᠯᠡᠵᠦ ᠬᠠᠮᠳᠣ ᠪᠠᠷ ᠮᠣᠩᠭᠤᠯ ᠣᠳᠬ᠎ᠠ ᠵᠤᠬᠢᠶᠠᠯ ᠤᠨ ᠰᠢᠬᠦᠮᠵᠢ ᠎ ᠶᠢᠨ ᠣᠨᠣᠯ ᠢ ᠪᠠᠶᠠᠯᠢᠭᠵᠢᠭᠤᠯᠣᠭᠰᠠᠨ ᠶᠣᠮ᠃ ᠶᠠᠭᠤᠨ ᠳᠤ ᠰᠢᠷᠭᠡᠭᠴᠢᠯᠡᠭᠰᠡᠨ ᠰᠣᠳᠣᠯᠭᠠᠨ ᠭᠡᠵᠦ ᠬᠡᠯᠡᠳᠡᠭ ᠪᠣᠢ ᠭᠡᠪᠡᠯ ᠲᠡᠷᠡ ᠨᠢ ᠶᠠᠭ ᠵᠣᠬᠢᠶᠠᠯ ᠪᠦᠳᠦᠭᠡᠯ ᠤᠨ ᠪᠦᠭᠡᠰᠦ ᠶᠢ ᠲᠡᠬᠦᠬᠦ‍ ᠰᠢᠭ ᠦᠭᠡ ᠦᠬᠦᠯᠡᠪᠦᠷᠢ ᠶᠢᠨ ᠭᠡᠮ ᠠᠴᠠ ᠣᠳᠬ᠎ᠠ ᠶᠢᠨ ᠭᠡᠮ᠂ ᠵᠣᠬᠢᠶᠠᠯ ᠤᠨ ᠪᠦᠳᠦᠴᠡ ᠶᠢᠨ ᠭᠡᠮ ᠬᠦᠷᠳᠡᠯ᠎ᠡ᠂ ᠬᠡᠯᠡ ᠵᠦᠢ ᠶᠢᠨ ᠭᠡᠮ ᠠᠴᠠ ᠬᠡᠯᠪᠡᠷᠢ ᠬᠡᠮᠨᠡᠯ ᠤᠨ ᠭᠡᠮ ᠬᠦᠷᠳᠡᠯ᠎ᠡ᠂ ᠯᠣᠬᠢᠭ ᠵᠦᠢ᠂ ᠰᠡᠳᠬᠢᠴᠡ ᠵᠦᠢ ᠶᠢᠨ ᠭᠡᠮ ᠠᠴᠠ ᠭᠤᠸ᠎ᠠ ᠰᠠᠶᠢᠬᠠᠨ ᠤ ᠰᠡᠳᠬᠢᠯᠭᠡᠨ ᠎ ᠤ ᠭᠡᠮ ᠬᠦᠷᠳᠡᠯ᠎ᠡ᠂ ᠠᠭᠤᠯᠭ᠎ᠠ ᠰᠠᠨᠠᠭ᠎ᠠ ᠶᠢᠨ ᠭᠡᠮ ᠠᠴᠠ ᠣᠨᠣᠯ ᠡᠰᠢ᠂ ᠬᠦᠨ ᠣᠬᠠᠭᠠᠨ ᠤ ᠭᠡᠮ ᠬᠦᠷᠳᠡᠯ᠎ᠡ ᠨᠠᠷᠢᠯᠢᠭ ᠪᠦᠭᠡᠳ ᠬᠦᠨᠵᠡᠭᠡᠢ ᠰᠣᠳᠣᠯᠵᠦ ᠰᠢᠨᠵᠢᠯᠡᠭᠰᠡᠨ ᠪᠠᠶᠢᠳᠠᠭ᠂ ᠮᠦᠨ ᠡᠨᠡ ᠬᠦ ᠣᠨᠣᠯ ᠤᠨ ᠪᠠᠷᠢᠮᠵᠢᠶ᠎ᠠ ᠪᠠᠷ ᠪᠣᠰᠣᠳ ᠵᠤᠬᠢᠶᠠᠯ ᠢ ᠰᠢᠬᠦᠮᠵᠢᠯᠡᠨ ᠦᠬᠦᠯᠡᠵᠦ ᠪᠣᠯᠬᠤ ᠶᠣᠮ᠃ ᠭᠡᠬᠦ ᠳᠤ ᠠᠭᠸᠠᠩᠳᠦ᠋ᠪᠳᠠᠨ᠂ ᠵᠠᠮᠢᠶᠠᠩᠭᠠᠷᠪᠤ ᠨᠠᠷ ᠎ ᠤᠨ ᠵᠣᠬᠢᠰᠳᠣ ᠠᠶᠠᠯᠭᠤᠨ ᠤ ᠭᠡᠮ ᠤᠨ ᠲᠣᠬᠠᠢ ᠰᠢᠬᠦᠮᠵᠢ ᠦᠬᠦᠯᠡᠯᠳᠡ ᠨᠢ ᠬᠠᠰᠪᠤ ᠢᠨᠵᠠᠨᠨᠠᠰᠢ ᠨᠠᠷ ᠤᠨ ᠣᠷᠣᠰᠢᠯ ᠭᠠᠷᠭᠠᠯᠭ᠎ᠠ ᠪᠢᠴᠢᠬᠦ ᠪᠣᠶᠣ ᠴᠣᠬᠤᠯᠠᠪᠣᠷᠢᠯᠠᠨ ᠪᠢᠨᠳᠣᠯᠠᠬᠦ ᠠᠷᠭ᠎ᠠ ᠪᠠᠷᠢᠯ ᠲᠠᠢ ᠠᠷᠭ᠎ᠠ ᠶᠢᠨ ᠬᠤᠪᠢ ᠳᠤ ᠠᠳᠠᠯᠢ ᠦᠭᠡᠢ᠃ ᠠᠭᠸᠠᠩᠳᠦ᠋ᠪᠳᠠᠨ ᠨᠠᠷ ᠪᠣᠯ ᠣᠷᠢᠳᠠᠪᠠᠷ ᠣᠨᠣᠯ ᠢ ᠶᠠᠷᠢᠴᠢᠬᠠᠭᠠᠳ ᠬᠤᠶᠢᠨ᠎ᠠ ᠨᠢ ᠵᠢᠱᠢᠶ᠎ᠡ ᠪᠠᠷ ᠨᠣᠳᠠᠯᠠᠳᠠᠭ ᠃ ᠬᠠᠰᠪᠤ ᠢᠨᠵᠠᠨᠨᠠᠰᠢ ᠨᠠᠷ ᠪᠣᠯ ᠣᠷᠢᠳᠠᠪᠠᠷ ᠵᠣᠬᠢᠶᠠᠯ ᠤᠨ ᠲᠧᠺᠰᠲ ᠲᠤ ᠵᠠᠳᠠᠯᠣᠯᠳᠠ ᠬᠢᠭᠰᠡᠨ ᠰᠠᠭᠤᠷᠢᠨ ᠲᠡᠭᠡᠷ᠎ᠡ ᠦᠪᠡᠷ ᠤᠨ ᠦᠵᠡᠯᠳᠡ ᠪᠠᠨ ᠲᠣᠷᠠᠳᠴᠣ ᠰᠢᠬᠦᠮᠵᠢᠯᠡᠳᠡᠭ᠃ ᠡᠨᠡ ᠨᠢ ᠲᠡᠳᠡᠨ ᠤ ᠰᠢᠬᠦᠮᠵᠢᠯᠡᠯ ᠤᠨ ᠣᠨᠣᠯ ᠬᠦᠯᠢᠶᠡᠵᠦ ᠠᠪᠣᠭᠰᠠᠨ ᠠᠷᠭ᠎ᠠ ᠵᠠᠮ ᠠᠳᠠᠯᠢ ᠪᠣᠰᠣ ᠠᠴᠠ ᠪᠣᠯᠣᠭᠰᠠᠨ ᠶᠣᠮ᠂ ᠠᠭᠸᠠᠩᠳᠦ᠋ᠪᠳᠠᠨ᠂ ᠵᠠᠮᠢᠶᠠᠩᠭᠠᠷᠪᠤ ᠨᠠᠷ ᠪᠣᠯ ᠲᠠᠨᠳᠢᠨ ᠤ ︽ᠵᠣᠬᠢᠰᠳᠣ ᠠᠶᠠᠯᠭᠤ ᠶᠢᠨ ᠲᠣᠯᠢ︾᠎ ᠶᠢᠨ ᠣᠯᠠᠮᠵᠢᠯᠡᠯ ᠢ ᠬᠦᠯᠢᠶᠡᠭᠰᠡᠨ ᠲᠣᠯᠠ ᠣᠷᠢᠳᠠᠪᠠᠷ ᠦᠬᠦᠯᠡᠬᠦ ᠵᠦᠢᠯ ᠤᠨ ᠢᠶᠠᠨ ᠣᠨᠣᠯ ᠲᠣᠮᠢᠶᠠᠯᠠᠯ ︵ᠪᠡᠯᠭᠡ ᠴᠢᠨᠠᠷ︶᠎ ᠢ ᠣᠷᠢᠳᠠᠪᠠᠷ ᠦᠬᠦᠯᠡᠭᠡᠳ ᠲᠠᠷᠠᠭ᠎ᠠ ᠨᠢ ᠵᠢᠱᠢᠶ᠎ᠡ ᠰᠢᠯᠦᠭ ᠢᠶᠠᠷ ᠦᠵᠡᠬᠦᠯᠵᠦ ᠨᠣᠳᠠᠯᠠᠳᠠᠭ᠃ ᠬᠠᠷᠢᠨ ᠬᠠᠰᠪᠤ ᠢᠨᠵᠠᠨᠨᠠᠰᠢ ᠨᠠᠷ ᠮᠣᠩᠭᠤᠯ ᠤᠨ ᠣᠯᠠᠮᠵᠢᠯᠠᠯᠳᠣ ᠰᠢᠬᠦᠮᠵᠢᠯᠡᠨ ᠦᠬᠦᠯᠡᠬᠦ ᠠᠷᠭ᠎ᠠ ᠪᠠ ᠬᠢᠳᠠᠳ ᠤᠨ ᠴᠣᠬᠤᠯᠠᠪᠣᠷᠢᠯᠠᠨ ᠰᠢᠬᠦᠮᠵᠢᠯᠡᠬᠦ ᠠᠷᠭ᠎ᠠ ᠣᠨᠣᠯ ᠢ ᠬᠦᠯᠢᠶᠡᠭᠰᠡᠨ ᠲᠣᠯᠠ ᠣᠷᠢᠳᠠᠪᠠᠷ ᠵᠣᠬᠢᠶᠠᠯ ᠢ ᠵᠠᠳᠠᠯᠣᠨ ᠦᠬᠦᠯᠡᠵᠦ ᠬᠤᠶᠢᠨ᠎ᠠ ᠨᠢ ᠣᠨᠣᠯ ᠦᠵᠡᠯᠳᠡ ᠪᠠᠨ ᠲᠡᠪᠰᠢᠬᠦᠯᠳᠡᠭ᠃ ᠭᠡᠪᠡᠴᠦ ᠲᠡᠳᠡᠨ ᠤ ᠣᠨᠣᠯ ᠦᠬᠦᠯᠡᠬᠦᠢ ᠶᠢᠨ ᠠᠯᠢ ᠨᠢ ᠴᠤ ᠣᠳᠬ᠎ᠠ ᠵᠣᠬᠢᠶᠠᠯ ᠤᠨ ᠲᠣᠭᠤᠷᠪᠢᠯ ᠪᠦᠳᠦᠭᠡᠯ ᠤᠨ ᠦᠢᠯᠡᠳᠦᠯᠭᠡ ᠪᠠ ᠣᠳᠬ᠎ᠠ ᠵᠣᠬᠢᠶᠠᠯ ᠤᠨ ᠲᠧᠺᠰᠲ ᠤᠨ ᠰᠣᠳᠣᠯᠣᠯ ᠤᠨ ᠰᠠᠭᠤᠷᠢᠨ ᠲᠡᠭᠡᠷ᠎ᠡ ᠪᠣᠢ ᠪᠣᠯᠣᠭᠰᠠᠨ ᠨᠢ ᠭᠠᠷᠴᠠᠭ᠎ᠠ ᠦᠭᠡᠢ᠃                            ᠵᠤᠬᠢᠶᠠᠭᠴᠢ᠄ ᠪᠤ᠂ ᠰᠢᠭᠤᠢ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号