| | —— ᠠᠯᠢᠮ᠎ᠠ | | ᠨᠢᠭᠡ᠂ ᠳᠠᠭᠤᠳᠠᠯᠭ᠎ᠠ ᠢᠵᠢᠯᠢ ᠤᠳᠬ᠎ᠠ ᠦᠭᠡᠷ᠎ᠡ ᠦᠭᠡ ᠶᠢ ᠠᠩᠬᠠᠷᠠᠬᠤ ᠬᠡᠷᠡᠭᠲᠡᠢ | ᠬᠢᠲᠠᠳ ᠬᠡᠯᠡᠨ ᠳᠤ ᠠᠳᠠᠯᠢ ᠳᠠᠭᠤᠳᠠᠯᠭ᠎ᠠ ᠲᠠᠢ ᠤᠨᠳᠤᠤ ᠤᠳᠬ᠎ᠠ ᠲᠠᠢ ᠦᠭᠡ ᠵᠦᠩᠳᠡᠭᠡᠨ ᠪᠠᠶᠢᠳᠠᠭ᠃ | ᠲᠤᠬᠠᠶᠢᠯᠠᠪᠠᠯ᠄ 专 制 ᠭᠡᠰᠡᠨ ᠢ 专职 ᠭᠡᠰᠡᠨ ᠲᠠᠢ ᠠᠳᠡᠭᠦᠷᠡᠬᠦ ᠪᠠ ︽归还失主︾ ᠭᠡᠰᠡᠨ | ᠢ ︽ᠭᠡᠭᠡᠭᠰᠡᠨ ᠡᠵᠡᠨ ᠳᠤᠨᠢ ᠰᠤᠯᠢᠨ ᠦᠭᠬᠦ︾᠂ ︽加强法制︾ ᠭᠡᠰᠡᠨ ᠢ ︽ᠬᠠᠤᠯᠢ ᠪᠠᠷ ᠵᠠᠰᠠᠬᠤ ᠶᠢ | ᠴᠢᠩᠭᠠᠳᠬᠠᠬᠤ︾ ᠭᠡᠵᠤ ᠤᠷᠴᠢᠭᠤᠯᠤᠭᠰᠠᠨ ᠪᠠᠶᠢᠨ᠎ᠠ᠃ ᠡᠭᠦᠨ ᠤ ᠵᠢᠱᠢᠶᠡᠨ ᠳᠤ ᠬᠢᠳᠠᠳ ᠦᠭᠡ ᠶᠢᠨ ᠪᠤᠴᠠᠭᠠᠬᠤ | ᠭᠡᠰᠡᠨ ᠤᠳᠬ᠎ᠠ ᠪᠠᠷ ᠬᠡᠷᠡᠭᠯᠡᠭᠳᠡᠭᠰᠡᠨ ︽还︾ ᠪᠤᠯᠤᠨ ᠰᠤᠯᠢᠬᠤ ᠭᠡᠰᠡᠨ ᠤᠳᠬ᠎ᠠ ᠲᠠᠢ ︽换︾ ᠬᠤᠶᠠᠷ ᠢ | ᠬᠤᠳᠬᠤᠯᠳᠤᠬᠤᠯᠤᠭᠰᠠᠨ ᠠᠴᠠ ᠭᠡᠭᠡᠭᠰᠡᠨ ᠶᠠᠭᠤᠮ᠎ᠠ ᠶᠢ ᠤᠯᠤᠭᠠᠳ ᠡᠵᠡᠨ ᠳᠤᠨᠢ ᠪᠤᠴᠠᠭᠠᠭᠰᠠᠨ ᠰᠠᠶᠢᠨ ᠰᠤᠷᠲᠠᠯ | ᠬᠠᠷᠠᠭᠳᠠᠬᠤ ᠦᠭᠡᠢ᠂ ᠬᠠᠷᠢᠨ ᠬᠦᠮᠦᠨ ᠤ ᠬᠢᠭᠡᠭᠰᠡᠨ ᠰᠠᠶᠢᠨ ᠶᠠᠭᠤᠮ᠎ᠠ ᠶᠢ ᠤᠯᠵᠤ ᠠᠪᠤᠭᠠᠳ ᠦᠪᠡᠷ ᠤᠨ ᠮᠠᠭᠤ | ᠶᠠᠭᠤᠮ᠎ᠠ ᠪᠠᠨ ᠤᠷᠤᠨ ᠳᠤᠨᠢ ᠰᠤᠯᠢᠵᠤ ᠦᠭᠦᠭᠰᠡᠨ ᠮᠡᠳᠦ ᠰᠡᠵᠢᠭ ᠲᠦᠷᠦᠬᠦᠯᠮᠡᠷ ᠦᠭᠡ ᠪᠤᠯᠭᠠᠵᠡᠢ᠃ ᠳᠠᠷᠠᠭᠠᠬᠢ | ᠵᠢᠱᠢᠶᠡᠨ ᠳᠤ ᠬᠢᠲᠠᠳ ᠦᠰᠦᠭ ᠤᠨ ᠳᠦᠷᠡᠮ ᠭᠡᠰᠡᠨ ᠤᠳᠬ᠎ᠠ ᠪᠠᠷ ᠬᠡᠷᠡᠭᠯᠡᠭᠳᠡᠭᠰᠡᠨ ︽制︾ ᠪᠤᠯᠤᠨ ᠵᠠᠰᠠᠬᠤ | ᠭᠡᠰᠡᠨ ᠤᠳᠬ᠎ᠠ ᠲᠠᠢ ︽治︾ ᠬᠤᠶᠠᠷ ᠢ ᠬᠤᠳᠬᠤᠭᠠᠳ ᠠᠳᠠᠯᠢ ᠪᠤᠰᠤ ᠬᠤᠶᠠᠷ ᠤᠬᠠᠭᠳᠠᠬᠤᠨ ᠢ | ᠪᠠᠯᠠᠷᠠᠭᠤᠯᠵᠡᠢ᠃ | ᠬᠤᠶᠠᠷ᠂ ᠬᠠᠷ᠎ᠠ ᠮᠤᠬᠤᠷ ᠢᠶᠠᠷ ᠮᠦᠷᠳᠡᠵᠦ ᠤᠷᠴᠢᠭᠤᠯᠵᠤ ᠪᠤᠯᠬᠤ ᠦᠭᠡᠢ | ᠬᠢᠲᠠᠳ ᠮᠤᠩᠭᠤᠯ ᠬᠤᠶᠠᠷ ᠬᠡᠯᠡᠨ ᠤ ᠬᠡᠯᠯᠡᠭᠡ ᠶᠢᠨ ᠵᠠᠩᠰᠢᠯ ᠪᠠ ᠦᠭᠡ ᠬᠡᠷᠡᠭᠯᠡᠬᠦ ᠤᠨᠴᠠᠯᠢᠭ ᠨᠢ ᠠᠳᠠᠯᠢ | ᠪᠤᠰᠤ ᠪᠠᠶᠢᠳᠠᠭ᠃ ᠢᠩᠭᠡᠬᠦᠯᠡᠷ ᠬᠢᠲᠠᠳ ᠬᠡᠯᠡᠨ ᠤ ᠦᠭᠡ ᠦᠭᠦᠯᠡᠪᠦᠷᠢ ᠳᠤ ᠦᠩᠭᠡᠷᠡᠤ ᠪᠠᠷᠢᠭᠳᠠᠭᠠᠨ ᠦᠰᠦᠭ ᠤᠨ | ᠲᠤᠭ᠎ᠠ ᠶᠢ ᠬᠦᠷᠲᠡᠯ᠎ᠡ ᠲᠠᠭᠠᠷᠠᠭᠤᠯᠬᠤ ᠭᠡᠪᠡᠯ ᠤᠷᠴᠢᠭᠤᠯᠭ᠎ᠠ ᠬᠦᠰᠢᠭᠦᠨ ᠪᠤᠯᠤᠨ᠎ᠠ᠃ ︽四处联系︾ | ᠭᠡᠰᠡᠨ ᠢ ︽ᠳᠦᠷᠪᠡᠨ ᠭᠠᠵᠠᠷ ᠲᠠᠢ ᠬᠠᠷᠢᠯᠴᠠᠬᠤ︾ ᠭᠡᠵᠤ ᠤᠷᠴᠢᠭᠤᠯᠤᠭᠰᠠᠨ ᠨᠢ ᠨᠢᠭᠡᠨ ᠢᠯᠡ ᠪᠤᠲᠠᠲᠠᠢ ᠵᠢᠱᠢᠶ᠎ᠡ . | ᠮᠦᠨ᠃ ᠦᠨᠡᠨᠳᠡᠭᠡᠨ ᠪᠦᠬᠦ ᠦᠭᠦᠯᠡᠪᠦᠷᠢ ᠶᠢᠨ ᠤᠳᠬ᠎ᠠ ᠠᠴᠠ ᠦᠵᠡᠪᠡᠯ ︽四处︾ ᠭᠡᠰᠡᠨ ᠨᠢ ᠵᠦᠪᠬᠡᠨ | ᠳᠦᠷᠪᠡᠨ ᠭᠠᠵᠠᠷ ᠢ ᠯᠠ ᠵᠢᠭᠠᠭᠰᠠᠨ ᠪᠢᠰᠢ᠂ ᠬᠠᠷᠢᠨ ᠭᠠᠵᠠᠷ ᠪᠤᠯᠭᠠᠨ ᠳᠤ ᠭᠡᠰᠡᠨ ᠳᠡᠯᠭᠡᠷᠡᠩᠭᠦᠢ ᠤᠳᠬ᠎ᠠ ᠪᠠᠷ | ᠬᠡᠷᠡᠭᠯᠡᠭᠳᠡᠭᠰᠡᠨ ᠪᠤᠯᠬᠤᠷ ᠳᠠᠪᠠᠭᠤᠯᠬᠤ ᠠᠷᠭ᠎ᠠ ᠪᠠᠷ ᠤᠷᠴᠢᠭᠤᠯᠪᠠᠯ ᠵᠤᠬᠢᠰᠲᠠᠢ ᠪᠤᠯᠤᠨ᠎ᠠ᠃ | ᠭᠤᠷᠪᠠ᠂ ᠰᠠᠯᠪᠦᠷᠢ ᠤᠳᠬ᠎ᠠ ᠶᠢ ᠨᠢ ᠪᠤᠳᠤᠯᠬᠢᠯᠠᠬᠤ ᠬᠡᠷᠡᠭᠲᠡᠢ | ᠬᠢᠲᠠᠳ ᠦᠭᠡᠨ ᠤ ᠵᠠᠷᠢᠮ ᠳᠠᠩ ᠦᠭᠡ ᠪᠤᠰᠤᠳ ᠳᠠᠩ ᠦᠭᠡ ᠲᠠᠢ ᠨᠡᠶᠢᠯᠡᠵᠤ ᠦᠭᠡ ᠪᠦᠲᠦᠭᠦ ᠳᠡᠭᠡᠨ | ᠤᠳᠬ᠎ᠠ ᠨᠢ ᠬᠤᠪᠢᠷᠠᠳᠠᠭ᠃ ᠡᠶᠢᠮᠦ ᠠᠴᠠ ᠨᠡᠶᠢᠯᠡᠮᠡᠯ ᠦᠭᠡ ᠪᠠᠷ ᠬᠡᠷᠡᠭᠯᠡᠭᠳᠡᠬᠦ ᠦᠶ᠎ᠡ ᠶᠢᠨ ᠤᠳᠬ᠎ᠠ | ᠪᠤᠳᠤᠯᠬᠢᠯᠠᠭᠠᠳ ᠳᠠᠩ ᠦᠭᠡ ᠶᠢᠨ ᠤᠳᠬ᠎ᠠ ᠶᠢ ᠬᠠᠶᠢᠬᠤᠷᠠᠬᠤ ᠦᠭᠡᠢ ᠪᠤᠯ ᠠᠮᠠᠷᠬᠠᠨ ᠪᠤᠷᠤᠭᠤᠳᠠᠨ᠎ᠠ᠃ | ᠵᠢᠱᠢᠶᠠᠯᠡᠪᠡᠯ᠄ ︽粮糖均破十吨关︾ ᠭᠡᠰᠡᠨ ᠢ ︽ᠠᠮᠦ ᠪᠤᠳᠠᠭ᠎ᠠ᠂ ᠰᠢᠬᠡᠷ ᠯᠤᠤᠪᠠᠩ ᠨᠢ | ᠳᠤᠮᠳᠠᠴᠢ ᠪᠠᠷ ᠠᠷᠪᠠᠨ ᠲᠤᠨ ᠤ ᠪᠤᠭᠤᠮᠳᠠ ᠶᠢ ᠲᠤᠭᠤᠯᠪᠠ︾ ᠭᠡᠵᠤ ᠤᠷᠴᠢᠭᠤᠯᠤᠭᠰᠠᠨ ᠨᠢ ᠬᠢᠲᠠᠳ ᠦᠰᠦᠭ ᠤᠨ | ︽均︾ ᠪᠤᠯ ᠳᠠᠩ ᠢᠶᠠᠷ ᠢᠶᠠᠨ ︽全部︾ ᠭᠡᠰᠡᠨ ᠤᠳᠬ᠎ᠠ ᠲᠠᠢ᠂ ᠭᠡᠲᠠᠯᠡ ︽人均︾᠂ ︽平均 | ︾ ᠭᠡᠰᠡᠨ ᠨᠡᠶᠢᠯᠡᠮᠡᠯ ᠦᠭᠡ ︽ᠲᠤᠮᠳᠠᠴᠢ︾ ᠭᠡᠰᠡᠨ ᠤᠳᠬ᠎ᠠ ᠲᠠᠢ ᠪᠠᠶᠢᠳᠠᠭ ᠢᠶᠠᠷ ᠨᠢ ᠲᠠᠭᠠᠮᠠᠭᠯᠠᠭᠠᠳ | ᠪᠤᠷᠤᠭᠤᠳᠠᠵᠠᠢ᠃ | ᠳᠦᠷᠪᠠ᠂ ᠤᠯᠠᠨ ᠤᠳᠬ᠎ᠠ ᠲᠠᠢ ᠦᠭᠡ ᠶᠢ ᠠᠩᠬᠠᠷᠠᠬᠤ ᠬᠡᠷᠡᠭᠲᠡᠢ | ᠬᠢᠲᠠᠳ ᠬᠡᠯᠡᠨ ᠤ ᠵᠠᠷᠢᠮ ᠦᠭᠡ ᠨᠢ ᠮᠤᠩᠭᠤᠯ ᠦᠭᠡ ᠲᠠᠢ ᠠᠳᠠᠯᠢ ᠪᠠᠷ ᠬᠡᠳᠤ ᠬᠡᠳᠤᠨ ᠤᠳᠬ᠎ᠠ ᠲᠠᠢ | ᠪᠤᠯᠬᠤᠷ ᠠᠩᠬᠠᠷᠠᠬᠤ ᠦᠭᠡᠢ ᠪᠤᠯ ᠪᠠᠰᠠ ᠠᠮᠠᠷᠬᠠᠨ ᠪᠤᠷᠤᠭᠤᠳᠠᠨ᠎ᠠ᠃ ᠵᠢᠱᠢᠶᠡᠯᠡᠪᠡᠯ ᠬᠢᠳᠠᠳ ᠬᠡᠯᠡᠨ ᠤ ︽经济 | ︾ ᠭᠡᠳᠡᠭ ᠦᠭᠡ ᠨᠠᠭᠠᠳᠤ ᠵᠠᠬ᠎ᠠ ᠳᠠᠭᠠᠨ ᠲᠠᠪᠤᠨ ᠵᠤᠶᠢᠯ ᠤᠨ ᠤᠳᠬ᠎ᠠ ᠠᠭᠤᠯᠵᠤ ᠪᠤᠢ᠃ ᠠᠵᠤ ᠠᠬᠤᠢ ᠶᠢᠨ | ᠤᠬᠠᠭᠠᠨ ᠤ ᠲᠠᠯ᠎ᠠ ᠠᠴᠠ ᠬᠡᠯᠡᠪᠡᠯ ᠲᠡᠷᠡ ᠨᠢ ᠨᠡᠶᠢᠬᠡᠮ ᠤᠨ ᠪᠤᠳᠠᠰ ᠤᠨ ᠦᠢᠯᠡᠳᠪᠦᠷᠢᠯᠡᠯ ᠪᠠ ᠨᠦᠬᠦᠨ | ᠦᠢᠯᠡᠳᠪᠦᠷᠢᠯᠡᠬᠦ ᠠᠵᠢᠯᠯᠠᠭ᠎ᠠ ᠶᠢ ᠵᠢᠭᠠᠳᠠᠭ᠃ ᠵᠠᠷᠢᠮ ᠦᠶ᠎ᠡ ᠪᠠᠰᠠ ᠠᠷᠪᠢᠲᠠᠢ ᠭᠠᠮᠲᠠᠢ ᠭᠡᠵᠤ ᠤᠷᠴᠢᠭᠤᠯᠵᠤ | ᠪᠤᠯᠤᠨ᠎ᠠ᠃ ᠪᠠᠰᠠ ᠵᠠᠷᠢᠮ ᠳᠠᠭᠠᠨ ᠦᠨ᠎ᠡ ᠨᠢ ᠬᠢᠮᠳᠠ ᠪᠤᠶᠤ ᠤᠳᠠᠭᠠᠨ ᠡᠳ᠋ᠯᠡᠭᠡᠲᠠᠢ ᠭᠡᠵᠤ ᠴᠤ ᠪᠤᠯᠤᠨ᠎ᠠ᠃ | ᠲᠠᠪᠤ᠂ ᠢᠯᠡᠭᠦᠴᠡ ᠦᠭᠡ ᠶᠢ ᠲᠡᠪᠴᠢᠬᠦ ᠬᠡᠷᠡᠭᠲᠠᠢ᠃ | ᠬᠢᠲᠠᠳ ᠦᠭᠡᠨ ᠳᠤ ᠪᠠᠶᠢᠬᠤ ᠦᠭᠡᠢ ᠪᠤᠯ ᠪᠤᠯᠬᠤ ᠦᠭᠡᠢ ᠪᠤᠯᠪᠠᠴᠤ ᠮᠤᠩᠭᠤᠯ ᠢᠶᠠᠷ ᠤᠳᠬ᠎ᠠ ᠨᠢ | ᠢᠯᠡᠷᠡᠳᠡᠭ ᠦᠭᠡ ᠶᠢ ᠵᠠᠪᠠᠯ ᠬᠡᠷᠡᠭᠯᠡᠨ᠎ᠡ ᠭᠡᠬᠦ ᠴᠢᠬᠤᠯᠠ ᠦᠭᠡᠢ᠃ ᠵᠢᠱᠢᠶᠡᠯᠡᠪᠡᠯ᠄ ︽把坚持深入了 | 解情况,解决 问 题,当做改变工作作风的主要方法 | ︾ ᠭᠡᠰᠡᠨ ᠢ ︽ᠪᠠᠶᠢᠳᠠᠯ ᠢ ᠭᠦᠨᠵᠡᠭᠡᠢ ᠤᠶᠢᠯᠠᠭᠠᠵᠤ᠂ ᠠᠰᠠᠭᠤᠳᠠᠯ ᠢ ᠰᠢᠢᠳᠪᠦᠷᠢᠯᠡᠬᠦ ᠶᠢ ᠪᠠᠷᠢᠮᠲᠠᠯᠠᠬᠤ ᠶᠢ | ᠠᠵᠢᠯᠯᠠᠬᠤ ᠰᠤᠷᠲᠠᠯ ᠢ ᠦᠭᠡᠷᠡᠴᠢᠯᠡᠬᠦ ᠭᠤᠤᠯ ᠠᠷᠭ᠎ᠠ ᠪᠤᠯᠭᠠᠪᠠ︾ ᠭᠡᠵᠤ ᠤᠷᠴᠢᠭᠤᠯᠬᠤ ᠨᠢ ᠳᠠᠩᠴᠤ ᠶᠠᠷᠰᠢᠭᠲᠠᠢ | ᠪᠤᠯᠤᠭᠰᠠᠨ ᠪᠠᠶᠢᠨ᠎ᠠ᠃ ᠬᠠᠷᠢᠨ ︽ᠪᠠᠶᠢᠳᠠᠯ ᠢ ᠭᠦᠨᠵᠡᠭᠡᠢ ᠤᠶᠢᠯᠠᠭᠠᠨ ᠠᠰᠠᠭᠤᠳᠠᠯ ᠰᠢᠢᠳᠪᠦᠷᠢᠯᠡᠬᠦ ᠶᠢ ᠠᠵᠢᠯᠯᠠᠬᠤ | ᠰᠤᠷᠳᠠᠯ ᠢᠶᠠᠨ ᠦᠭᠡᠷᠡᠴᠢᠯᠡᠬᠦ ᠭᠤᠤᠯ ᠠᠷᠭ᠎ᠠ ᠪᠤᠯᠭᠠᠪᠠ᠃︾ ᠭᠡᠪᠡᠯ ᠠᠪᠰᠠᠷᠬᠠᠨ ᠮᠥᠷᠲᠡᠭᠡᠨ ᠰᠢᠯᠤᠭᠤᠬᠠᠨ ᠪᠤᠯᠤᠨ᠎ᠠ | ᠃ | ᠵᠢᠷᠭᠤᠭ᠎ᠠ᠂ ︽ᠪᠠᠶᠢᠵᠤ᠂ ᠳᠠᠷᠤᠢ︾ ᠶᠢ ᠤᠯᠠᠨ ᠨᠤᠷᠰᠤᠵᠤ ᠪᠤᠯᠬᠤ ᠦᠭᠡᠢ᠃ | ᠬᠢᠲᠠᠳ ᠦᠭᠦᠯᠡᠪᠦᠷᠢ ᠶᠢ ᠵᠠᠷᠢᠮ ᠳᠠᠭᠠᠨ ᠦᠭᠡ ᠨᠡᠮᠡᠵᠤ ᠦᠷᠴᠢᠭᠤᠯᠬᠤ ᠶᠠᠪᠤᠳᠠᠯ ᠱᠠᠭᠠᠷᠳᠠᠭᠳᠠᠳᠠᠭ᠃ ᠡᠨᠡ | ᠦᠶ᠎ᠡ ᠳᠤ ᠵᠤᠬᠢᠰᠲᠠᠢ ᠦᠭᠡ ᠡᠷᠢᠬᠦ ᠦᠭᠡᠢ ᠪᠠᠷ ᠵᠠᠯᠬᠤᠷᠠᠬᠤ ᠳᠤ ᠬᠦᠷᠪᠡᠯ ︽ᠪᠠᠶᠢᠵᠤ᠂ ᠳᠠᠷᠤᠢ︾ ᠪᠠᠨ ᠳᠠᠬᠢᠨ | ᠳᠠᠪᠲᠠᠨ ᠨᠤᠷᠱᠤᠬᠤ ᠶᠠᠪᠤᠳᠠᠯ ᠭᠠᠷᠤᠨ᠎ᠠ᠃ ︽强调今后发展党员要有领导,有 | 计划, 有重点,切 实保证质量︾ ᠭᠡᠰᠡᠨ ᠢ ︽ᠬᠤᠶᠢᠰᠢᠳᠠ ᠨᠠᠮ ᠤᠨ | ᠭᠡᠰᠢᠭᠦᠳ ᠡᠯᠡᠰᠬᠦ ᠳᠡᠭᠡᠨ ᠤᠳᠤᠷᠢᠳᠤᠯᠭ᠎ᠠ ᠲᠠᠢ ᠪᠠᠶᠢᠵᠤ᠂ ᠲᠥᠯᠥᠪᠯᠡᠯᠭᠡ ᠲᠠᠢ ᠪᠠᠶᠢᠵᠤ᠂ ᠭᠤᠤᠯᠳᠠᠯᠭ᠎ᠠ ᠲᠠᠢ | ᠪᠠᠶᠢᠵᠤ᠂ ᠴᠢᠨᠠᠷ ᠢ ᠦᠨᠡᠨᠬᠦ ᠪᠠᠲᠤᠯᠠᠬᠤ ᠶᠢ ᠴᠢᠬᠤᠯᠠᠴᠢᠯᠠᠪᠠ᠃︾ ᠭᠡᠵᠤ ᠤᠷᠴᠢᠭᠤᠯᠤᠭᠰᠠᠨ ᠪᠠᠶᠢᠨ᠎ᠠ᠃ ᠮᠢᠨᠤ | ᠦᠵᠡᠬᠦ ᠪᠠᠷ ︽ᠬᠤᠶᠢᠰᠢᠳᠠ ᠨᠠᠮ ᠤᠨ ᠭᠡᠰᠢᠬᠦᠨ ᠡᠯᠡᠰᠬᠦ ᠳᠡᠭᠡᠨ ᠤᠳᠤᠷᠢᠳᠤᠯᠭ᠎ᠠ ᠲᠠᠢ᠂ ᠲᠥᠯᠥᠪᠯᠡᠯᠭᠡ ᠲᠠᠢ᠂ | ᠭᠤᠤᠯᠳᠠᠯᠭ᠎ᠠ ᠲᠠᠢ ᠮᠥᠷᠲᠡᠭᠡᠨ ᠴᠢᠨᠠᠷ ᠢ ᠦᠨᠡᠨᠬᠦ ᠪᠠᠲᠤᠯᠰᠤᠭᠠᠢ ᠭᠡᠵᠤ ᠴᠢᠬᠤᠯᠠᠴᠢᠯᠠᠪᠠ︾ ᠭᠡᠪᠡᠯ ᠡᠪᠲᠡᠶᠢᠬᠡᠨ | ᠪᠤᠯᠤᠨ᠎ᠠ᠃ | ᠳᠤᠯᠤᠭ᠎ᠠ᠂ ᠦᠭᠦᠯᠡᠪᠦᠷᠢ ᠶᠢᠨ ᠢᠶᠠᠨ ᠪᠦᠬᠦᠯᠢ ᠴᠤᠭᠴᠠ ᠶᠢ ᠠᠩᠬᠠᠷᠠᠬᠤ ᠬᠡᠷᠡᠭᠲᠡᠢ | ᠴᠠᠭ ᠪᠠᠴᠢᠮ ᠦᠭᠦᠯᠡᠪᠦᠷᠢ ᠤᠷᠲᠤ ᠪᠤᠯᠪᠠᠯ ᠵᠠᠷᠢᠮ ᠨᠦᠬᠦᠳ ᠰᠠᠨᠳᠤᠷᠴᠤ ᠰᠠᠮᠭᠠᠷᠳᠠᠭᠠᠳ ᠦᠭᠦᠯᠡᠪᠦᠷᠢ ᠶᠢᠨ | ᠡᠮᠤᠨᠡᠬᠢ ᠬᠡᠰᠡᠭ ᠢᠶᠠᠨ ᠳᠤᠬᠢᠲᠠᠢ ᠪᠠᠶᠢᠷᠢᠰᠢᠭᠤᠯᠵᠤ ᠵᠠᠪᠳᠤᠭᠠᠳᠤᠢ ᠪᠠᠷ ᠬᠤᠶᠢᠨᠠᠬᠢ ᠬᠡᠰᠡᠭ ᠢᠶᠠᠨ ᠤᠷᠴᠢᠭᠤᠯᠵᠤ᠂ | ᠡᠮᠤᠨ᠎ᠡ ᠬᠤᠶᠢᠨᠠᠬᠢ ᠨᠢ ᠵᠤᠯᠭᠤᠭᠰᠠᠨ ᠡᠰᠡᠬᠦ ᠶᠢ ᠬᠠᠶᠢᠬᠤᠷᠠᠯ ᠦᠭᠡᠢ ᠪᠠᠷ ᠳᠠᠷᠠᠭᠠᠴᠢ ᠶᠢᠨ ᠦᠭᠦᠯᠡᠪᠦᠷᠢ ᠳᠡᠭᠡᠨ | ᠶᠠᠭᠠᠷᠠᠨ ᠤᠷᠤᠳᠠᠭ᠃ ᠵᠢᠱᠢᠶ᠎ᠡ ᠨᠢ ︽两个多月来尽管机构改革的任务很 | 重牵涉面很大 ,但它没 有引起任何纷扰或者业务的 | 停顿,政府的各项 实际工作都一 直在有序的进行。 | ︾ ᠡᠨᠡᠬᠦ ᠦᠭᠦᠯᠡᠪᠦᠷᠢ ᠶᠢ ︽ᠬᠤᠶᠠᠷ ᠰᠠᠷ᠎ᠠ ᠭᠠᠷᠦᠢ ᠶᠢᠨ ᠲᠤᠷᠰᠢ᠂ ᠪᠠᠶᠢᠭᠤᠯᠤᠮᠵᠢ ᠶᠢ ᠦᠭᠡᠷᠡᠴᠢᠯᠡᠬᠦ ᠡᠭᠦᠷᠭᠡ | ᠬᠡᠳᠦᠶᠢᠪᠡᠷ ᠲᠤᠩ ᠬᠦᠨᠳᠦ᠂ ᠬᠤᠯᠪᠤᠭᠳᠠᠬᠤ ᠲᠠᠯ᠎ᠠ ᠮᠠᠰᠢ ᠤᠯᠠᠨ ᠪᠠᠶᠢᠭᠰᠠᠨ ᠪᠤᠯᠪᠠᠴᠤ᠂ ᠲᠡᠷᠡ ᠨᠢ ᠶᠠᠮᠠᠷᠪᠠ | ᠵᠢᠭᠤᠷᠠᠯᠳᠤᠭᠠᠨ ᠪᠠ ᠲᠤᠬᠠᠶᠢᠯᠠᠭᠰᠠᠨ ᠠᠵᠢᠯ ᠢ ᠵᠤᠭᠰᠤᠩᠭᠤᠶᠢᠷᠠᠭᠤᠯᠤᠭᠰᠠᠨ ᠦᠭᠡᠢ᠂ ᠵᠠᠰᠠᠭ ᠤᠨ ᠤᠷᠳᠤᠨ ᠤ ᠡᠯ᠎ᠡ | ᠵᠤᠶᠢᠯ ᠤᠨ ᠪᠤᠳᠠᠲᠤ ᠠᠵᠢᠯ ᠴᠦᠮ ᠢᠮᠠᠭᠲᠠ ᠤᠳᠤᠷᠢᠳᠤᠯᠭ᠎ᠠ ᠲᠠᠢ᠂ ᠡᠮᠬᠢ ᠵᠢᠷᠤᠮ ᠲᠠᠢ ᠶᠠᠪᠤᠭᠳᠠᠭᠰᠠᠭᠠᠷ ᠢᠷᠡᠯ᠎ᠡ︾ | ᠭᠡᠵᠤ ᠤᠷᠴᠢᠭᠤᠯᠤᠭᠰᠠᠨ ᠪᠠᠶᠢᠨ᠎ᠠ᠃ ᠡᠬᠦᠨ ᠳᠤ ︽ᠪᠠᠶᠢᠭᠤᠯᠤᠮᠵᠢ ᠶᠢ ᠦᠭᠡᠷᠡᠴᠢᠯᠡᠬᠦ ᠡᠭᠦᠷᠭᠡ︾ ᠨᠢ ᠬᠠᠷᠢᠨ ︽ | ᠵᠢᠭᠤᠷᠠᠯᠳᠤᠭᠠᠨ︾ ᠢ ︽ᠵᠤᠭᠰᠤᠩᠬᠢᠷᠠᠭᠤᠯᠤᠭᠰᠠᠨ ᠦᠭᠡᠢ︾ ᠭᠡᠰᠡᠨ ᠤᠳᠬ᠎ᠠ ᠢᠯᠡᠷᠡᠵᠤ ᠪᠠᠶᠢᠨ᠎ᠠ᠃ ᠵᠠ᠂ | ᠲᠡᠭᠡᠷ᠎ᠡ ᠳᠤᠷᠠᠳᠤᠭᠰᠠᠨ ᠶᠡᠷᠤ ᠶᠢᠨ ᠵᠥᠬᠢᠶᠠᠯ ᠦᠭᠦᠯᠡᠯ ᠢ ᠤᠷᠴᠢᠭᠤᠯᠬᠤ ᠳᠠᠭᠠᠨ ᠠᠩᠬᠠᠷᠤᠮᠵᠢ ᠮᠠᠭᠤᠳᠠᠪᠠᠯ ᠠᠮᠠᠷᠬᠠᠨ | ᠪᠤᠷᠤᠭᠤᠳᠠᠳᠠᠭ ᠳᠤᠯᠤᠭᠠᠨ ᠵᠤᠶᠢᠯ ᠪᠤᠯᠤᠨ᠎ᠠ᠃ ᠭᠡᠪᠡᠴᠤ ᠡᠨᠡ ᠨᠢ ᠲᠡᠷᠡ ᠪᠦᠬᠦᠨ ᠢ ᠪᠠᠭᠲᠠᠭᠠᠭᠰᠠᠨ ᠪᠢᠰᠢ᠂ ᠡᠭᠦᠨ | ᠠᠴᠠ ᠭᠠᠳᠠᠨ᠎ᠠ᠂ ᠡᠷᠲᠡᠨ ᠤ ᠬᠡᠯᠡ᠂ ᠲᠤᠰᠬᠠᠢ ᠮᠡᠷᠭᠡᠵᠢᠯ ᠤᠨ ᠨᠡᠷ᠎ᠡ ᠲᠤᠮᠢᠶ᠎ᠠ᠂ ᠪᠤᠳᠤᠯᠢᠶᠠᠨᠲᠠᠢ ᠦᠭᠦᠯᠡᠪᠦᠷᠢ᠂ | ᠦᠭᠡ ᠶᠢᠨ ᠦᠩᠭᠡ ᠤᠷᠠᠨ ᠨᠠᠶᠢᠷᠠᠯᠭ᠎ᠠ ᠵᠡᠷᠭᠡ ᠶᠢᠨ ᠤᠷᠴᠢᠭᠤᠯᠭ᠎ᠠ ᠳᠤ ᠠᠮᠠᠷᠬᠠᠨ ᠭᠠᠷᠳᠠᠭ ᠭᠡᠮ ᠢ ᠠᠳᠡ | ᠳᠤᠷᠳᠤᠭᠰᠠᠨ ᠦᠭᠡᠢ᠃ ᠶᠡᠷᠦᠩᠬᠡᠶᠢᠯᠡᠪᠡᠯ᠂ ᠨᠠᠷᠢᠨ ᠬᠢᠨᠠᠮᠠᠭᠠᠢ ᠤᠪᠤᠷ ᠰᠤᠷᠲᠠᠯ᠂ ᠳᠠᠷᠤᠤ ᠬᠢᠴᠢᠶᠡᠩᠭᠦᠢ ᠵᠠᠩ | ᠵᠠᠩᠰᠢᠯ ᠲᠠᠢ ᠪᠠᠶᠢᠵᠤ ᠲᠤᠷᠰᠢᠯᠭ᠎ᠠ ᠰᠤᠷᠭᠠᠮᠵᠢ ᠪᠠᠨ ᠳ᠋ᠦᠩᠨᠡᠭᠡᠳ ᠪᠠᠶᠢᠪᠠᠯ ᠯᠠᠪᠲᠠᠢ ᠰᠢᠨ᠎ᠡ ᠲᠡᠭᠡᠭᠰᠢᠯᠡᠯᠲᠠ ᠪᠦᠲᠦᠭᠡᠯ | ᠪᠤᠯᠵᠤ ᠴᠢᠳᠠᠨ᠎ᠠ᠃ | | ᠡᠵᠡᠨ᠎ᠡ ᠬᠤᠰᠢᠭᠤᠨ ᠤ ᠴᠡᠭᠡ ᠪᠤᠭᠤᠮᠲᠠ ᠶᠢᠨ ᠠᠵᠤ ᠠᠬᠤᠢ ᠶᠢᠨ | ᠨᠡᠭᠡᠭᠡᠯᠳᠠ ᠶᠢᠨ ᠤᠷᠤᠨ ᠤ ᠬᠠᠮᠢᠶᠠᠷᠤᠯᠲᠠ ᠶᠢᠨ ᠵᠦᠪᠯᠡᠯ | | | | |