| | | | | | ᠴᠢ ᠯᠢᠨ | | ᠤᠲᠤ ᠶᠢᠨ ᠤᠷᠴᠢᠭᠤᠯᠵᠦ ᠨᠠᠶᠢᠷᠠᠭᠤᠯᠬᠤ᠂ ᠮᠠᠲ᠋ᠧᠷᠢᠶᠠᠯ ᠪᠢᠴᠢᠬᠦ ᠠᠵᠢᠯ ᠲᠤᠮᠲᠠ ︽百分点᠂ 增 | 长点᠂ 试点᠂ 蒙语授课︾ ᠶᠢ ᠤᠷᠴᠢᠭᠤᠯᠵᠦ ᠨᠠᠶᠢᠷᠠᠭᠤᠯᠵᠦ ᠪᠢᠴᠢᠬᠦ ᠳᠡᠭᠡᠨ ᠴᠡᠭ᠂ ᠴᠢᠭ | ᠂ ᠴᠢᠭ᠂ ᠴᠤᠯ᠂ ᠴᠤᠯᠤ᠂ ᠴᠤᠯᠠ ᠶᠢᠨ ᠤᠳᠬ᠎ᠠ ᠶᠢ ᠢᠯᠭᠠᠬᠤ ᠦᠭᠡᠢ ᠲᠤᠷᠡᠪᠡᠷ ᠪᠢᠴᠢᠵᠦ ᠪᠠᠶᠢᠬᠤ ᠦᠵᠡᠭᠲᠡᠯ | ᠨᠡᠶᠢᠲᠠᠮ ᠤᠷᠤᠰᠢᠵᠦ ᠪᠠᠶᠢᠨ᠎ᠠ᠃ | ᠵᠢᠱᠢᠶᠡᠯᠡᠪᠡᠯ᠄ ︽比去年同期增长十五个百分点︾ ᠨᠢᠲᠤᠨᠤᠨ ᠤ | ᠠᠲᠠᠯᠢ ᠬᠤᠭᠤᠴᠠᠭᠠᠨ ᠤ ᠬᠢ ᠠᠴᠠ 15% ᠴᠡᠭ ᠨᠡᠮᠡᠭᠲᠠᠪᠠ ᠭᠡᠬᠦ ᠳᠤ᠂ ᠨᠢᠲᠤᠨᠤᠨ ᠤ ᠠᠲᠠᠯᠢ | ᠬᠤᠭᠤᠴᠠᠭᠠᠨ ᠤ ᠬᠢ ᠠᠴᠠ 15 % ᠴᠢᠭ ᠨᠡᠮᠡᠭᠲᠠᠪᠠ ᠭᠡᠵᠦ᠂ ︽抓好新牧区试点工作︾ | ᠰᠢᠨ᠎ᠠ ᠮᠠᠯᠵᠢᠬᠤ ᠤᠷᠤᠨ ᠤ ᠲᠤᠷᠰᠢᠯᠲᠠ ᠶᠢᠨ ᠴᠢᠭ᠋ ᠤᠨ ᠠᠵᠢᠯ ᠢ ᠰᠠᠶᠢᠲᠤᠷ ᠠᠳᠬᠤᠬᠤ ᠬᠡᠷᠡᠭᠲᠡᠢ ᠬᠡᠭᠦ ᠳᠤ᠂ | ᠰᠢᠨ᠎ᠠ ᠮᠠᠯᠵᠢᠬᠤ ᠤᠷᠤᠨ ᠤ ᠲᠤᠷᠰᠢᠯᠲᠠ ᠶᠢᠨ ᠴᠢᠭ ᠤᠨ ᠠᠵᠢᠯ ᠢ ᠰᠠᠶᠢᠲᠤᠷ ᠠᠳᠬᠤᠬᠤ ᠬᠡᠷᠡᠭᠲᠠᠢ ᠭᠡᠵᠦ᠂ ︽蹲 | 点在基层抓黄牛 改良工作︾ ᠦᠨᠲᠦᠰᠦᠨ ᠱᠠᠲᠤᠨ ᠳᠤ ᠴᠢᠬ ᠲᠤ ᠰᠠᠭᠤᠵᠦ | ᠦᠭᠡᠷ ᠤᠨ ᠡᠭᠦᠯᠲᠡᠷ ᠰᠠᠶᠢᠵᠢᠷᠠᠭᠤᠯᠬᠤ ᠠᠵᠢᠯ ᠢ ᠠᠳᠬᠤᠵᠦ ᠪᠠᠶᠢᠨ᠎ᠠ ᠬᠡᠭᠦ ᠳᠤ᠂ ᠦᠨᠳᠦᠰᠦᠨ ᠱᠠᠲᠤᠨ ᠳᠤ ᠴᠡᠭ | ᠰᠠᠭᠤᠵᠦ ᠦᠭᠡᠷ ᠤᠨ ᠡᠭᠦᠯᠲᠡᠷ ᠰᠠᠶᠢᠵᠢᠷᠠᠭᠤᠯᠬᠤ ᠠᠵᠢᠯ ᠢ ᠠᠳᠬᠤᠵᠦ ᠪᠠᠶᠢᠨ᠎ᠠ ᠭᠡᠵᠦ᠂ ᠦᠪᠦᠷ ᠮᠤᠩᠭᠤᠯ ᠤᠨ | ᠲᠧᠯᠸᠢᠰ ᠬᠤᠷᠢᠶ᠎ᠠ 2012 ᠤᠨ ᠤ 2 ᠰᠠᠷ᠎ᠠ ᠶᠢᠨ 28 ᠤ ᠦᠲᠡᠰᠢ ᠶᠢᠨ ᠠᠵᠦ ᠠᠬᠤᠢ ᠶᠢᠨ ᠫᠷᠦᠭᠷᠡᠮ ᠳᠤ ᠭᠠᠷ | ᠴᠠᠭᠠᠰᠤᠨ ᠤ ᠲᠤᠬᠠᠢ ᠨᠡᠪᠲᠡᠷᠡᠭᠦᠯᠬᠦ ᠳᠡᠭᠡᠨ ︽不是纯木浆 版纸︾ ᠴᠤᠯ ᠮᠤᠲᠤᠨ | ᠡᠭᠡᠲᠡᠩ ᠢᠶᠠᠷ ᠬᠢᠭᠰᠡᠨ ᠴᠠᠭᠠᠰᠤ ᠪᠢᠰᠢ ᠭᠡᠬᠦ ᠳᠤ᠂ ᠴᠤᠯᠤ ᠮᠤᠲᠤᠨ ᠡᠭᠡᠲᠡᠩ ᠢᠶᠠᠷ ᠬᠢᠭᠰᠡᠨ ᠴᠠᠭᠠᠰᠤ ᠪᠢᠰᠢ ᠭᠡᠵᠦ | ᠤᠷᠴᠢᠭᠤᠯᠤᠨ ᠨᠡᠪᠲᠡᠷᠡᠭᠦᠯᠦᠭᠰᠡᠨ ᠭᠡᠬᠦ ᠮᠡᠲᠦ ᠪᠠᠷ ᠠᠭᠤᠯᠭ᠎ᠠ ᠶᠢ ᠦᠯᠦ ᠠᠩᠬᠠᠷᠤᠨ ᠲᠠᠭᠤᠲᠠᠯᠭ᠎ᠠ ᠨᠢ ᠲᠠᠭᠠᠷᠠᠪᠡᠯ | ᠪᠤᠯᠴᠢᠬᠠᠨ᠎ᠠ ᠭᠡᠵᠦ ︽ᠴᠡᠭ᠂ ᠴᠢᠭ᠂ ᠴᠢᠬ᠂ ᠴᠤᠯ᠂ ᠴᠤᠯᠦ᠂ ᠴᠤᠯᠠ︾ ᠶᠢ ᠬᠠᠮᠢᠶ᠎ᠠ ᠦᠭᠡᠢ ᠲᠤᠷᠠᠪᠡᠷ ᠬᠡᠷᠡᠭᠯᠡᠵᠦ | ᠪᠠᠶᠢᠬᠤ ᠦᠵᠡᠭᠲᠡᠯ ᠨᠡᠶᠢᠲᠡᠮ ᠤᠷᠤᠰᠢᠵᠦ ᠪᠠᠶᠢᠨ᠎ᠠ᠃ | ᠪᠢᠲᠠ ᠬᠢᠲᠠᠳ ᠢ ᠮᠤᠩᠭᠤᠯ ᠢᠶᠠᠷ ᠤᠷᠴᠢᠭᠤᠯᠬᠤ ᠳᠠᠭᠠᠨ ᠬᠢᠲᠡᠳ ᠮᠤᠩᠭᠤᠯ ᠦᠭᠡᠰ ᠤᠨ ᠲᠤᠯᠢ ᠪᠠᠷ | ᠶᠠᠪᠤᠬᠤ ᠶᠢ ᠵᠢᠷᠤᠮᠯᠠᠬᠤ ᠶᠢᠨ ᠲᠠᠭᠠᠤ᠂ ᠲᠤᠯᠢ ᠶᠢ ᠦᠭᠦᠮᠡᠯ ᠢᠶᠠᠷ ᠪᠠᠷᠢᠮᠲᠠᠯᠠᠵᠦ ᠪᠤᠯᠬᠤ ᠦᠭᠡᠢ᠂ ᠤᠷᠴᠢᠭᠤᠯᠭ᠎ᠠ ᠪᠣᠯ | ᠲᠡᠬᠢᠨ ᠵᠤᠬᠢᠶᠠᠨ ᠪᠦᠲᠦᠭᠡᠯᠭᠡ ᠪᠤᠯᠬᠤ ᠠᠴᠠ ᠡᠷᠭᠡᠪᠰᠢ ᠦᠪᠡᠷ ᠤᠨ ᠦᠭᠡ ᠬᠡᠯᠡᠨ ᠤ ᠮᠤᠩᠭᠤᠯ ᠬᠡᠯᠡᠨ ᠵᠦᠢ ᠶᠢᠨ | ᠶᠤᠰᠤ ᠭᠤᠷᠢᠮ ᠪᠠ ᠨᠡᠶᠢᠭᠡᠮ ᠨᠡᠶᠢᠲᠠ ᠪᠠᠷ ᠢᠶᠠᠨ ᠤᠶᠢᠯᠠᠭᠠᠵᠦ ᠮᠡᠲᠡᠲᠡᠭ ᠬᠡᠪᠰᠢᠭᠰᠡᠨ ᠦᠭᠡ ᠪᠠᠷ ᠶᠠᠪᠤᠬᠤ ᠨᠢ | ᠵᠦᠢᠲᠡᠢ᠃ ᠡᠶᠢᠮᠦ ᠠᠴᠠ ︽ᠴᠡᠭ︾ ᠪᠣᠯ ᠴᠡᠭ ᠲᠡᠮᠲᠡᠭ ᠤᠨ ᠴᠡᠭ᠂ ᠵᠠᠭᠤᠨ ᠤ ᠬᠡᠲᠦᠨ ᠴᠡᠭ ᠲᠤ ᠬᠡᠷᠡᠭᠯᠡᠬᠦ ᠨᠢ | ᠵᠦᠢᠲᠡᠢ᠃ ︽ᠴᠢᠭ︾ ᠪᠣᠯ ᠵᠦᠭ ᠴᠢᠭ ᠤᠨ ᠲᠠᠭᠠᠪᠦᠷᠢ ᠦᠭᠡ ᠪᠤᠯᠬᠤ ᠠᠴᠠ ᠵᠦᠭ ᠴᠢᠭ ᠲᠤ ᠬᠡᠷᠡᠭᠯᠡᠨ᠂ ︽ | ᠴᠢᠬ︾ ᠪᠣᠯ ᠴᠢᠬ ᠲᠤ ᠰᠠᠭᠤᠬᠤ᠂ ᠲᠤᠷᠰᠢᠯᠲᠠ ᠶᠢᠨ ᠴᠢᠬ ᠢᠶᠠᠷ ᠨᠤᠮ ᠪᠢᠴᠢᠭ ᠲᠤ ᠪᠠᠶᠢᠩᠭᠤ ᠬᠡᠷᠡᠭᠯᠡᠭᠲᠡᠵᠦ | ᠢᠷᠡᠭᠰᠡᠨ ᠢᠶᠠᠷ ᠴᠢᠬ ᠠᠳᠬᠤᠬᠤ᠂ ᠵᠤᠭᠠᠴᠠᠯ ᠤᠨ ᠴᠢᠬ ᠲᠤ ᠬᠡᠷᠡᠭᠯᠡᠬᠦ ᠨᠢ ᠵᠦᠢᠲᠡᠢ᠃ ︽ᠴᠤᠯᠤ︾ ᠪᠣᠯ ᠬᠦᠮᠦᠨ | ᠠᠮᠢᠲᠠᠨ ᠤ ᠲᠡᠪᠦᠨ ᠴᠤᠯᠤ ᠵᠢᠷᠭᠤᠭᠠᠨ ᠰᠠᠪᠠ ᠳᠤ ᠢᠵᠠᠭᠤᠷ ᠠᠴᠠ ᠪᠠᠨ ᠭᠡᠷᠡᠭᠯᠡᠭᠲᠡᠵᠦ ᠢᠷᠡᠭᠰᠡᠨ ᠢᠶᠠᠷ᠂ ᠪᠤᠰᠤᠳ | ᠠᠭᠤᠯᠭ᠎ᠠ ᠳᠤ ᠬᠡᠷᠡᠭᠯᠡᠬᠦ ᠨᠢ ᠲᠠᠭᠠᠷᠠᠭᠤ ᠦᠭᠡᠢ᠃ ᠲᠡᠭᠡᠷ᠎ᠠ ᠲᠤᠷᠠᠲᠤᠭᠰᠠᠨ ᠢ ᠬᠤᠷᠢᠶᠠᠩᠭᠤᠶᠢᠯᠠᠵᠦ ᠶᠠᠷᠢᠪᠠᠯ᠄ ︽百 | 分点 ᠵᠠᠭᠤᠨ ᠤ ᠴᠡᠭ᠂ 增长 点 ᠨᠡᠮᠡᠭᠲᠡᠯᠲᠠ ᠶᠢᠨ ᠴᠡᠭ︾᠂ ︽蹲点 ᠴᠢᠬ ᠲᠤ ᠰᠠᠭᠤᠬᠤ᠂ 试 | 点 ᠲᠤᠷᠰᠢᠯᠲᠠ ᠶᠢᠨ ᠴᠢᠬ᠂ 旅游点 ᠵᠤᠭᠠᠴᠠᠯ ᠤᠨ ᠴᠢᠬ︾᠂ ︽不折不扣 ᠲᠡᠷᠡ | ᠴᠢᠭ ᠢᠶᠠᠷ ᠢᠶᠠᠨ᠂ 迷失方向 ᠵᠦᠭ ᠴᠢᠭ ᠢᠶᠠᠨ ᠠᠯᠲᠠᠬᠤ︾᠂ ︽纯牧业嘎查 ᠴᠤᠯ | ᠮᠠᠯᠵᠢᠬᠤ ᠭᠠᠴᠠᠭ᠎ᠠ᠂ 纯蒙语授课 ᠴᠤᠯ ᠮᠤᠩᠭᠤᠯ ᠢᠶᠠᠷ ᠬᠢᠴᠢᠶᠡᠯᠯᠡᠬᠦ︾᠂ ︽专业技术职 | 称 ᠲᠤᠬᠠᠶᠢᠯᠠᠭᠰᠠᠨ ᠠᠵᠢᠯ ᠤᠨ ᠮᠡᠷᠭᠡᠵᠢᠯ ᠤᠨ ᠴᠤᠯᠠ︾᠂ ︽那达 羊杂饭店 ᠨᠠᠲᠠ ᠶᠢᠨ | ᠬᠤᠨᠢᠨ ᠤ ᠲᠡᠪᠦᠨ ᠴᠤᠯᠤ ᠶᠢᠨ ᠬᠤᠭᠤᠯᠠ ᠭᠡᠷ︾ ᠭᠡᠵᠦ ᠦᠭᠡ ᠶᠢᠨ ᠤᠳᠬ᠎ᠠ ᠶᠢ ᠠᠩᠬᠠᠷᠤᠨ ᠮᠤᠩᠭᠤᠯ ᠬᠡᠯᠡᠨ ᠤ | ᠶᠤᠰᠤ ᠭᠤᠷᠢᠮ ᠢᠶᠠᠷ ᠤᠷᠴᠢᠭᠤᠯᠪᠡᠯ ᠵᠦᠢᠲᠠᠢ᠃ | | ︵ᠵᠤᠬᠢᠶᠠᠬᠴᠢ ᠶᠢᠨ ᠬᠠᠶ᠋ᠢᠬ᠄ ᠰᠢᠯᠢ ᠶᠢᠨ ᠭᠤᠤᠯ ᠤᠨ ᠡᠲᠦᠷ ᠤᠨ ᠰᠤᠨᠢᠨ ᠤ ᠬᠤᠷᠢᠶ᠎ᠠ︶ | | | | |