ᠡᠷᠳᠡᠨᠢᠳᠤᠭᠳᠠᠬᠤ ᠶᠢᠨ ᠰᠢᠯᠦᠭ
ᠨᠡᠶᠢᠲᠡᠯᠡᠭᠰᠡᠨ ᠴᠠᠭ᠄
2019/3/28
                                                                          ᠬᠦᠬᠡ ᠮᠤᠩᠭᠤᠯ ᠤᠨ ᠬᠦᠳᠡᠭᠡ ᠶᠢᠨ ᠵᠠᠯᠠᠭᠤᠰ         ᠢᠰᠡᠬᠡᠢ ᠬᠡᠷ ᠲᠡᠭᠡᠨ ᠰᠠᠭᠤᠪᠠᠴᠤ ᠡᠬᠦᠨ ᠢ ᠤᠭᠳᠤ ᠵᠢᠭᠰᠢᠬᠦ ᠦᠬᠡᠢ     ᠡᠷᠬᠡᠪᠰᠢ ᠬᠠᠯᠠᠨ ᠰᠠᠶᠢᠵᠢᠷᠠᠭᠤᠯᠰᠤᠭᠠᠢ ᠬᠡᠮᠡᠨ ᠡᠳᠦᠷ ᠰᠦᠨᠢ ᠦᠬᠡᠢ ᠨᠢᠭᠳᠠᠯᠠᠮᠤᠢ     ᠡᠯᠳᠡᠪ ᠵᠦᠢᠯ ᠤᠨ ᠬᠠᠷᠰᠢᠯᠠᠯ ᠢ ᠴᠤ ᠡᠪᠳᠡᠨ ᠬᠡᠳᠦᠯᠵᠦ ᠭᠠᠷᠤᠭᠠᠳ     ᠡᠬᠦᠷᠢᠳᠡ ᠮᠢᠳᠠᠷᠠᠯ ᠦᠬᠡᠢ ᠪᠠᠷ ᠡᠷᠡᠮᠡᠯᠵᠡᠯ ᠳᠡᠭᠡᠨ ᠬᠦᠷᠦᠬᠦᠯᠦᠶ᠎ᠡ ᠬᠡᠮᠡᠨ ᠵᠤᠷᠢᠭᠯᠠᠮᠤᠢ᠃          ᠴᠠᠭᠠᠨ ᠬᠡᠷ ᠢᠶᠠᠨ ᠬᠦᠬᠡ ᠠᠭᠤᠯᠠ ᠨᠤᠭᠤᠭᠠᠨ ᠤᠰᠤᠨ ᠤ ᠤᠶᠢᠷ᠎ᠠ ᠪᠤᠰᠬᠠᠵᠤ     ᠴᠠᠶᠢᠪᠤᠷ ᠬᠦᠢᠯᠡᠰᠦ ᠤᠯᠠᠪᠢᠷ ᠤᠯᠠᠬᠢ ᠶᠢ ᠤᠷᠳᠤᠭᠤᠷ ᠬᠤᠶᠢᠭᠤᠷ ᠢᠶᠠᠨ ᠲᠠᠷᠢᠭᠠᠳ     ᠴᠠᠰᠢ ᠨᠠᠰᠢ ᠢᠷᠡᠵᠦ ᠡᠴᠢᠬᠦ ᠢᠨᠤ ᠴᠦᠮ ᠬᠠᠮᠳᠤ ᠵᠤᠷᠢᠭᠳᠠᠨ ᠡ     ᠴᠠᠭ ᠢ ᠵᠠᠪᠰᠢᠵᠦ ᠴᠢᠨᠠᠳᠤᠰ ᠢ ᠨᠤᠮᠨᠠᠬᠤᠨ ᠪᠦᠬᠦᠨ ᠢ ᠳᠤᠰᠠᠯᠠᠬᠤ ᠶᠢ ᠪᠤᠳᠤᠯᠬᠢᠯᠠᠮᠤᠢ᠃         ᠡᠬᠦᠯᠡ ᠰᠡᠬᠦᠶᠢᠵᠤ ᠮᠠᠨᠠᠨ ᠳᠠᠳᠠᠬᠤᠶ᠎ᠠ ᠵᠦᠯᠬᠡ ᠶᠢᠨ ᠴᠢᠮᠡᠭ ᠦᠵᠡᠰᠬᠦᠯᠡᠩ     ᠡᠷᠳᠡᠮ ᠰᠤᠷᠴᠤ ᠵᠤᠷᠢᠭ ᠢ ᠪᠤᠯᠪᠠᠰᠤᠷᠭᠤᠯᠬᠤᠶ᠎ᠠ ᠨᠡᠩ ᠵᠤᠬᠢᠰ ᠲᠠᠢ ᠨᠤᠳᠤᠭ ᠡ     ᠡᠷᠳᠡ ᠪᠤᠰᠴᠤ ᠤᠷᠤᠢ ᠤᠮᠳᠠᠬᠤᠶ᠎ᠠ ᠬᠤᠨᠢ ᠢᠮᠠᠭ᠎ᠠ ᠮᠠᠶᠢᠯᠠᠯᠴᠠᠵᠤ     ᠡᠨᠡᠬᠦ ᠤᠷᠤᠨ ᠤ ᠭᠠᠶᠢᠬᠠᠮᠰᠢᠭ ᠢ ᠡᠷᠳᠡᠨᠢ ᠪᠠᠷ ᠦᠯᠦ ᠰᠤᠯᠢᠮᠤᠢ᠃         ᠠᠯᠳᠠᠨ ᠨᠠᠷᠠᠨ ᠠᠰᠤᠷᠤ ᠤᠶᠢᠷᠠᠬᠢ ᠪᠤᠳᠠᠰ ᠲᠠᠭᠠᠨ ᠠᠯᠢ ᠬᠠᠯᠠᠭᠤᠨ ᠢᠯᠴᠢ ᠪᠠᠨ ᠬᠦᠷᠬᠡᠮᠤᠢ     ᠠᠯᠳᠠᠢ ᠠᠭᠤᠯᠠ ᠶᠢ ᠠᠪᠠᠷᠢᠬᠤᠢ ᠳᠤᠷ ᠠᠯᠬᠤᠮ ᠢᠶᠠᠨ ᠢᠷᠤᠭᠠᠷ ᠠᠴᠠ ᠡᠬᠢᠯᠡᠮᠤᠢ     ᠠᠰᠢᠭ ᠢ ᠬᠦᠩᠬᠡᠯᠡᠨ ᠵᠡᠷᠬᠡ ᠶᠢ ᠳᠡᠪᠴᠢᠵᠦ ᠠᠮᠢᠳᠤᠷᠠᠵᠤ ᠴᠢᠳᠠᠪᠠᠰᠤ ᠳᠠᠷᠤᠢ ᠪᠠᠶᠠᠰᠤᠮᠤᠢ     ᠠᠷᠠᠳ ᠢ ᠰᠡᠩᠬᠡᠷᠡᠬᠦᠯᠵᠦ ᠤᠭᠰᠠᠭ᠎ᠠ ᠪᠠᠨ ᠮᠠᠨᠳᠤᠭᠤᠯᠬᠤ ᠶᠢᠨ ᠳᠦᠯᠦᠬᠡ ᠠᠮᠢ ᠪᠠᠨ ᠴᠦᠯᠡᠵᠦ ᠴᠢᠷᠮᠠᠶᠢᠮᠤᠢ᠃                   ᠬᠠᠨᠤᠯ ᠢ ᠦᠯᠦ ᠮᠡᠳᠡᠭᠴᠢᠳ         ᠡᠳᠦᠷ ᠳᠠᠭᠤᠰᠤᠨ ᠵᠤᠪᠠᠨ ᠵᠦᠳᠡᠵᠤ ᠠᠮᠢᠳᠤᠷᠠᠬᠤᠢ ᠶᠢᠨ ᠳᠦᠯᠦᠬᠡ ᠠᠵᠢᠯᠯᠠᠮᠤᠢ     ᠡᠮᠦᠰᠬᠦ ᠢᠳᠡᠬᠦ ᠡᠯᠪᠡᠭ ᠪᠤᠯᠬᠤᠯ᠎ᠠ ᠡᠷᠬᠢᠮ ᠵᠡᠷᠬᠡ ᠳᠤᠷ ᠰᠢᠨᠤᠬᠠᠶᠢᠷᠠᠮᠤᠢ     ᠡᠷᠬᠡ ᠬᠦᠴᠦᠨ ᠤᠯᠤᠭᠰᠠᠨ ᠴᠠᠭ ᠲᠤᠷ ᠪᠠᠭ᠎ᠠ ᠬᠡᠮᠡᠨ ᠭᠤᠯᠤᠮᠤᠢ     ᠡᠷᠬᠡᠪᠰᠢ ᠡᠵᠡᠨ ᠳᠦᠷᠦ ᠳᠤᠷ ᠡᠵᠡᠷᠬᠡᠨ ᠶᠠᠪᠤᠶ᠎ᠠ ᠬᠡᠮᠡᠨ ᠬᠤᠪᠳᠤᠭᠯᠠᠮᠤᠢ᠃           2016 ᠤᠨ ᠪᠤᠯᠪᠠᠰᠤ ᠮᠤᠩᠭᠤᠯ ᠰᠤᠶᠤᠯ ᠤᠨ ᠭᠠᠷᠮᠠᠭᠠᠢ ᠵᠢᠳᠬᠦᠯᠳᠠᠨ᠂ ᠮᠤᠩᠭᠤᠯ ᠬᠡᠯᠡ ᠪᠢᠴᠢᠭ ᠤᠨ ᠠᠯᠳᠠᠷᠳᠦ ᠡᠷᠳᠡᠮᠳᠡᠨ᠂ ᠮᠤᠩᠭᠤᠯ ᠦᠨᠳᠦᠰᠦᠳᠡᠨ ᠤ ᠤᠷᠴᠢᠨ ᠦᠶ᠎ᠡ ᠶᠢᠨ ᠨᠡᠷᠡᠳᠦ ᠵᠤᠬᠢᠶᠠᠯᠴᠢ᠂ ᠠᠯᠳᠠᠷᠳᠤ ᠤᠳᠬ᠎ᠠ ᠵᠤᠬᠢᠶᠠᠯ ᠰᠤᠳᠤᠯᠤᠭᠠᠴᠢ᠂ ᠢᠨᠵᠠᠨᠨᠠᠰᠢ ᠰᠤᠳᠤᠯᠤᠯ ᠤᠨ ᠰᠠᠭᠤᠷᠢᠯᠠᠭᠴᠢ᠂ ᠳᠤᠮᠳᠠᠳᠤ ᠤᠯᠤᠰ ᠤᠨ ᠮᠤᠩᠭᠤᠯ ᠬᠡᠯᠡ ᠪᠢᠴᠢᠭ ᠤᠨ ᠠᠵᠢᠯ ᠢ ᠵᠦᠪ ᠵᠠᠮ ᠢᠶᠠᠷ ᠬᠦᠳᠦᠯᠦᠭᠰᠡᠨ ᠭᠠᠷᠮᠠᠭᠠᠢ ᠳᠠᠭᠠᠭᠤᠯᠤᠭᠴᠢ᠂ ᠲᠡᠦᠬᠡᠴᠢᠨ᠂ ᠤᠷᠴᠢᠭᠤᠯᠤᠭᠴᠢ᠂ ᠫᠡᠷᠤᠹᠰᠰᠤᠷ ᠡᠷᠳᠡᠨᠢᠳᠤᠭᠳᠠᠬᠤ ᠶᠢᠨ ᠮᠡᠨᠳᠦᠯᠡᠭᠰᠡᠨ ᠵᠠᠭᠤᠨ ᠵᠢᠯ ᠤᠨ ᠤᠢ ᠪᠤᠯᠤᠨ᠎ᠠ᠃ ᠲᠡᠷᠡ ᠎ ᠪᠠᠷ ᠤᠳᠤᠮᠳᠤ ᠮᠤᠩᠭᠤᠯ ᠢᠶᠠᠨ ᠬᠡᠵᠦ ᠨᠠᠰᠤᠨ ᠳᠤᠷᠰᠢ ᠵᠢᠷᠦᠬᠡᠨ ᠴᠢᠰᠤ ᠪᠠᠨ ᠪᠤᠴᠠᠯᠭᠠᠵᠤ᠂ ᠪᠤᠯᠠᠩᠬᠢᠷ ᠨᠢ ᠡᠷᠬᠢᠭᠰᠡᠨ ᠴᠦᠪ ᠤᠨ ᠴᠠᠭ ᠤᠨ ᠪᠤᠷᠳᠠᠭ ᠢ ᠠᠷᠢᠯᠭᠠᠬᠤ ᠬᠡᠮᠡᠨ ᠠᠮᠢ ᠨᠠᠰᠤᠨ ᠤ ᠪᠠᠨ ᠳᠦᠭᠰᠢᠬᠦᠷᠢ ᠶᠢ ᠬᠦᠷᠳᠡᠯ᠎ᠡ ᠰᠦᠷᠴᠦ ᠲᠡᠮᠡᠴᠡᠵᠤ ᠶᠠᠪᠤᠭᠰᠠᠨ ᠠᠭᠤᠤ ᠶᠡᠭᠡ  ᠪᠢᠴᠢᠭ ᠤᠨ ᠬᠦᠮᠦᠨ ᠪᠦᠯᠦᠬᠡ᠃ ᠲᠡᠬᠦᠨ ᠤ ᠳᠦᠷᠦᠭᠰᠡᠨ ᠨᠤᠳᠤᠭ ᠪᠤᠯᠪᠠᠯ ᠦᠪᠦᠷ ᠮᠤᠩᠭᠤᠯ ᠤᠨ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤ ᠶᠢᠨ ᠵᠢᠷᠢ ᠭᠠᠴᠠᠭ᠎ᠠ᠃             ᠡᠷᠳᠡᠨᠢᠳᠤᠭᠳᠠᠬᠤ ᠪᠠᠷ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠤᠭᠠᠨ ᠳᠠᠷᠤᠭ᠎ᠠ᠃ ︽ᠢᠨᠵᠠᠨᠨᠠᠰᠢ︾ ︽ᠬᠦᠯᠡᠷᠠᠨᠰᠠ᠂ ᠲᠠᠨᠽᠠᠨᠸᠠᠩᠵᠢᠯ᠂ ᠬᠡᠰᠢᠭᠪᠡᠳᠤ︾ ︽ᠤᠷᠴᠢᠨ ᠦᠶ᠎ᠡ ᠎ ᠶᠢᠨ ᠮᠤᠩᠭᠤᠯ ᠤᠨ ᠠᠯᠳᠠᠷᠳᠤ ᠤᠷᠠᠨ ᠵᠤᠬᠢᠶᠠᠯᠴᠢᠳ︾ ︽ᠢᠨᠵᠠᠨᠨᠠᠰᠢ ᠪᠠ ᠲᠡᠬᠦᠨ ᠤ ᠬᠡᠷ ᠤᠨ ᠳᠠᠪᠤᠨ ᠵᠤᠬᠢᠶᠠᠯᠴᠢ ︾ ︽ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ ᠪᠢᠴᠢᠭ ᠪᠠᠷᠢᠮᠳᠠ ᠶᠢᠨ ᠡᠮᠬᠢᠳᠬᠡᠯ︾ ︽ᠡᠷᠳᠡᠨᠢᠳᠤᠭᠳᠠᠬᠤ ᠶᠢᠨ ᠵᠤᠬᠢᠶᠠᠯ ᠤᠨ ᠲᠡᠬᠦᠪᠤᠷᠢ︾ ᠵᠡᠷᠬᠡ ᠰᠤᠳᠤᠯᠭᠠᠨ ᠤ ᠨᠤᠮ ᠤᠳ ᠬᠡᠪᠯᠡᠬᠦᠯᠵᠠᠢ᠃ ᠠᠳᠡ ᠲᠡᠬᠦᠨ ᠤ ᠪᠢᠴᠢᠭᠰᠡᠨ ᠨᠠᠶᠢᠷᠠᠭ ᠢ ᠡᠷᠬᠢᠮ ᠤᠩᠰᠢᠭᠴᠢ ᠲᠠᠨ᠎ᠠ ᠳᠤᠯᠢᠯᠠᠭᠤᠯᠤᠨ ᠨᠡᠶᠢᠳᠡᠯᠡᠵᠦ᠂ ᠴᠠᠭᠯᠠᠰᠢ ᠪᠢᠯᠢᠭ ᠠᠪᠢᠶᠠᠰ ᠢᠶᠠᠷ ᠢᠶᠠᠨ ᠦᠨᠡᠨ ᠤ ᠲᠡᠦᠬᠡ ᠶᠢ ᠦᠶ᠎ᠡ ᠶᠢᠨ ᠦᠶ᠎ᠡ ᠳᠤ ᠠᠯᠳᠠᠨ ᠨᠠᠷᠠᠨ ᠤ ᠳᠤᠶᠠᠭ᠎ᠠ ᠮᠡᠳᠦ ᠦᠯᠡᠳᠡᠬᠡᠭᠰᠡᠨ ᠠᠤᠭ᠎ᠠ ᠵᠢᠳᠬᠦᠯ ᠢ ᠨᠢ ᠳᠤᠷᠠᠰᠤᠨ ᠰᠠᠨᠠᠭᠠᠯᠵᠠᠵᠤ ᠪᠠᠶᠢᠬᠤ ᠪᠠᠨ ᠵᠠᠯᠪᠠᠷᠢᠨ ᠪᠠᠶᠢᠵᠦ ᠢᠯᠡᠳᠬᠡᠮᠦ᠃ ᠪᠠᠶᠠᠰᠬᠤᠯᠠᠩ ᠬᠡᠷᠡᠯᠳᠦ ᠨᠤᠮ ᠤᠨ ᠵᠤᠯᠠ ᠮᠦᠩᠬᠡ ᠠᠰᠠᠬᠤ ᠪᠤᠯᠳᠤᠭᠠᠢ᠃    
 
ᠢᠷᠡᠯᠲᠡ᠄ ᠮ᠊᠂ ᠰᠡᠴᠡᠨᠪᠠᠭᠠᠳᠣᠷ ᠤᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号