ᠬᠢᠴᠢᠶᠡᠯ ᠶᠠᠷᠢᠬᠤ ᠶᠢ ᠦᠨᠡᠯᠡᠬᠦ ᠪᠠᠷᠢᠮᠵᠢᠶ᠎ᠠ
ᠨᠡᠶᠢᠲᠡᠯᠡᠭᠰᠡᠨ ᠴᠠᠭ᠄
2019/3/22
                       — ᠭᠠᠯᠴᠣᠳ ᠳ᠋᠊ · ᠲᠠᠪᠰᠢᠯᠳᠤ           ᠨᠢᠭᠡ᠂ ᠵᠢᠭᠠᠬᠤ ᠮᠠᠲ᠋ᠧᠷᠢᠶᠠᠯ ᠢᠶᠠᠨ ᠶᠠᠷᠢᠬᠤ         1. ᠶᠠᠭᠤᠨ ᠤ ᠡᠮᠦᠨ᠎ᠡ ᠪᠦᠬᠦᠯᠢ ᠨᠢᠭᠡᠴᠢ ᠶᠢᠨ ᠭᠤᠤᠯ ᠰᠡᠳᠦᠪ ᠬᠢᠭᠡᠳ ᠲᠤᠰ ᠵᠢᠭᠠᠬᠤ ᠠᠭᠤᠯᠭ᠎ᠠ ᠶᠢᠨ ᠬᠤᠭᠤᠷᠤᠨᠳᠤᠬᠢ ᠬᠤᠯᠪᠤᠭ᠎ᠠ ᠶᠢ ᠵᠠᠳᠠᠯᠵᠤ ᠶᠠᠷᠢᠭᠰᠠᠨ ᠪᠦᠭᠡᠳ ᠵᠠᠳᠠᠯᠤᠯᠲᠠ ᠨᠢ ᠵᠦᠢ ᠵᠤᠬᠢᠰᠳᠠᠢ᠂ ᠬᠦᠨ ᠭᠦᠨᠵᠡᠭᠡᠢ ᠂ ᠨᠠᠶᠢᠷᠠᠭᠤᠯᠤᠭᠴᠢ ᠶᠢᠨ ᠰᠠᠨᠠᠭ᠎ᠠ ᠶᠢ ᠢᠯᠡᠷᠡᠭᠦᠯᠦᠭᠰᠡᠨ ᠪᠠᠶᠢᠬᠤ         2. ᠲᠤᠰ ᠬᠢᠴᠢᠶᠡᠯ ᠬᠢᠭᠡᠳ ᠵᠢᠭᠠᠬᠤ ᠮᠠᠲ᠋ᠧᠷᠢᠶᠠᠯ ᠤᠨ ᠢᠶᠠᠨ ᠲᠤᠬᠠᠢ ᠭᠦᠨᠵᠡᠭᠡᠢ ᠤᠶᠢᠯᠠᠭᠠᠭᠰᠠᠨ ᠢᠶᠠᠷ ᠪᠠᠷᠠᠬᠤ ᠦᠭᠡᠢ ᠬᠠᠩᠭᠠᠮᠵᠢᠳᠠᠢ ᠰᠠᠶᠢᠬᠠᠨ ᠵᠠᠳᠠᠯᠤᠯᠲᠠ ᠨᠢ ᠨᠠᠶᠢᠷᠠᠭᠤᠯᠤᠭᠴᠢ ᠪᠠ ᠵᠤᠬᠢᠶᠠᠭᠴᠢ ᠶᠢᠨ ᠰᠠᠨᠠᠭᠠᠨ ᠳᠤ ᠨᠡᠶᠢᠴᠡᠭᠰᠡᠨ ᠪᠠᠶᠢᠬᠤ         ᠬᠤᠶᠠᠷ᠂ ᠰᠣᠷᠣᠭᠴᠢ ᠶᠢᠨ ᠪᠠᠶᠢᠳᠠᠯ ᠢᠶᠠᠨ ᠶᠠᠷᠢᠬᠤ         1. ᠰᠣᠷᠣᠭᠴᠢᠳ ᠲᠤ᠂ ᠲᠤᠰ ᠰᠣᠷᠬᠤ ᠠᠭᠤᠯᠭ᠎ᠠ ᠳᠤ ᠬᠤᠯᠪᠤᠭᠳᠠᠬᠤ ᠰᠠᠭᠤᠷᠢ ᠮᠡᠳᠡᠯᠭᠡ ᠤᠤᠯ ᠠᠴᠠ ᠬᠢᠷᠢ ᠵᠡᠷᠭᠡ ᠪᠠᠶᠢᠬᠤ ᠶᠢ ᠤᠷᠢᠳ ᠨᠢ ᠠᠯᠢ ᠳᠡᠪᠲᠡᠷ ᠤᠨ ᠠᠯᠢ ᠨᠢᠭᠡᠴᠢ ᠳᠤ ᠰᠣᠷᠴᠤ ᠦᠩᠭᠡᠷᠡᠭᠰᠡᠨ ᠲᠤᠬᠠᠢ ᠳᠤ᠂ ᠡᠰᠡᠭᠦᠯ᠎ᠡ ᠦᠭᠡᠢ ᠪᠤᠯ ᠲᠡᠳᠡᠨ ᠳᠤ ᠬᠡᠷᠬᠢᠨ ᠵᠢᠭᠠᠵᠤ ᠨᠦᠬᠦᠪᠤᠷᠢᠯᠡᠬᠦ ᠪᠠᠨ ᠨᠡᠩ ᠪᠤᠳᠠᠲᠠᠢ ᠶᠠᠷᠢᠭᠰᠠᠨ ᠪᠠᠶᠢᠬᠤ         2. ᠰᠣᠷᠣᠭᠴᠢᠳ ᠲᠤ᠂ ᠲᠤᠰ ᠰᠣᠷᠬᠤ ᠠᠭᠤᠯᠭ᠎ᠠ ᠶᠢᠨ ᠮᠡᠳᠡᠯᠭᠡ ᠳᠤ ᠬᠤᠯᠪᠤᠭᠳᠠᠬᠤ ᠶᠠᠮᠠᠷᠬᠠᠨ ᠠᠮᠢᠳᠤᠷᠠᠯ ᠤᠨ ᠲᠤᠷᠰᠢᠯᠭ᠎ᠠ ᠪᠠ ᠦᠩᠭᠡᠷᠡᠯᠲᠡ ᠤᠤᠯ ᠠᠴᠠ ᠪᠠᠶᠢᠬᠤ ᠲᠤᠬᠠᠢ ᠳᠤ᠂ ᠡᠰᠡᠭᠦᠯ᠎ᠡ ᠦᠭᠡᠢ ᠪᠤᠯ ᠬᠡᠷᠬᠢᠨ ᠵᠢᠭᠠᠵᠤ ᠨᠦᠬᠦᠪᠤᠷᠢᠯᠡᠬᠦ ᠪᠠᠨ ᠶᠠᠷᠢᠭᠰᠠᠨ ᠪᠠᠶᠢᠬᠤ         ᠭᠤᠷᠪᠠ᠂ ᠬᠠᠷᠠᠯᠳᠠ ᠪᠠᠨ ᠶᠠᠷᠢᠬᠤ         1. ᠲᠤᠰ ᠲᠦᠷᠦᠯ ᠤᠨ ᠮᠡᠳᠡᠯᠭᠡ ᠳᠤ ᠴᠢᠭᠯᠡᠭᠳᠡᠭᠰᠡᠨ ᠬᠢᠴᠢᠶᠡᠯ ᠤᠨ ᠪᠠᠷᠢᠮᠵᠢᠶ᠎ᠠ ᠶᠢᠨ ᠪᠤᠳᠠᠲᠠᠢ ᠱᠠᠭᠠᠷᠳᠠᠯᠭ᠎ᠠ ᠶᠠᠮᠠᠷ ᠭᠡᠳᠡᠭ ᠢ ᠶᠠᠷᠢᠭᠰᠠᠨ ᠪᠠᠶᠢᠬᠤ         2. ᠬᠢᠴᠢᠶᠡᠯ ᠤᠨ ᠪᠠᠷᠢᠮᠵᠢᠶᠠᠨ ᠤ ᠱᠠᠭᠠᠷᠳᠠᠯᠭ᠎ᠠ ᠶᠣᠰᠣᠭᠠᠷ ᠲᠤᠰ ᠬᠢᠴᠢᠶᠡᠯ ᠤᠨ ᠰᠣᠷᠬᠤ ᠬᠠᠷᠠᠯᠲᠠ ᠶᠢ ᠲᠠᠶᠢᠯᠪᠤᠷᠢᠯᠠᠭᠰᠠᠨ ᠢᠶᠠᠷ ᠪᠠᠷᠠᠬᠤ ᠦᠭᠡᠢ᠂ ᠬᠠᠷᠠᠯᠲᠠ ᠨᠢ ᠪᠤᠳᠠᠲᠠᠢ᠂ ᠬᠦᠷᠴᠦ ᠴᠢᠳᠠᠬᠤᠢ ᠴᠢᠨᠠᠷ ᠲᠠᠢ ᠪᠦᠭᠡᠳ ᠰᠢᠯᠭᠠᠨ ᠪᠠᠶᠢᠴᠠᠭᠠᠬᠤᠢ ᠴᠢᠨᠠᠷ ᠲᠠᠢ ᠪᠠᠶᠢᠬᠤ         ᠳᠦᠷᠪᠡ᠂ ᠠᠷᠭ᠎ᠠ ᠪᠠᠨ ᠶᠠᠷᠢᠬᠤ         1. ᠲᠤᠰ ᠬᠢᠴᠢᠶᠡᠯ ᠳᠠᠬᠢ ᠪᠠᠭᠰᠢ᠂ ᠶᠠᠭᠤ ᠶᠢ ᠬᠠᠮᠢᠭ᠎ᠠ ᠨᠢ ᠶᠠᠭᠠᠬᠢᠵᠤ ᠶᠠᠷᠢᠬᠤ᠂ ᠶᠠᠭᠠᠬᠢᠵᠤ ᠦᠵᠡᠬᠦᠯᠬᠦ ᠠᠷᠭ᠎ᠠ ᠪᠠᠨ ᠪᠤᠳᠠᠲᠠᠢ ᠶᠠᠷᠢᠭᠰᠠᠨ ᠢᠶᠠᠷ ᠪᠠᠷᠠᠬᠤ ᠦᠭᠡᠢ᠂ ᠶᠠᠭᠤᠨ ᠳᠤ ᠭᠡᠳᠡᠭ ᠢᠶᠠᠨ ᠲᠤᠳᠤᠷᠠᠭᠤᠯᠵᠤ ᠶᠠᠷᠢᠭᠰᠠᠨ ᠪᠠᠶᠢᠬᠤ         2. ᠲᠤᠰ ᠬᠢᠴᠢᠶᠡᠯ ᠳᠠᠬᠢ ᠰᠣᠷᠣᠭᠴᠢ ᠶᠢᠨ ᠰᠣᠷᠣᠯᠴᠠᠬᠤ ᠭᠤᠤᠯ ᠠᠷᠭ᠎ᠠ ᠶᠢ ᠲᠤᠭᠤᠶᠢᠯᠠᠩ ᠢᠶᠠᠷ ᠰᠣᠷᠣᠯᠴᠠᠬᠤ ᠶᠤᠮ ᠤᠤ᠂ ᠪᠢᠨᠳᠦ ᠲᠣᠰᠣᠯ ᠲᠠᠯᠪᠢᠨ ᠴᠤᠬᠤᠯᠠᠬᠤ ᠠᠷᠭ᠎ᠠ ᠶᠤᠮ ᠤᠤ᠂ ᠡᠰᠡᠭᠦᠯ᠎ᠡ ᠡᠳᠡᠭᠡᠷ ᠠᠷᠭ᠎ᠠ ᠶᠢ ᠬᠠᠮᠢᠭ᠎ᠠ ᠨᠢ ᠶᠠᠮᠠᠷ ᠵᠤᠷᠢᠯᠲᠠ ᠠᠴᠠ ᠬᠡᠷᠡᠭᠯᠡᠭᠰᠡᠨ ᠢᠶᠠᠨ ᠲᠤᠳᠤᠷᠠᠭᠤᠯᠵᠤ ᠶᠠᠷᠢᠭᠰᠠᠨ ᠪᠠᠶᠢᠬᠤ         ᠲᠠᠪᠤ᠂ ᠵᠢᠭᠠᠬᠤ ᠲᠦᠰᠦᠪ ᠢᠶᠠᠨ ᠶᠠᠷᠢᠬᠤ         1. ᠳᠡᠭᠡᠷᠡᠬᠢ ᠵᠢᠭᠠᠬᠤ ᠮᠠᠲ᠋ᠧᠷᠢᠶᠠᠯ ᠤᠨ ᠵᠠᠳᠠᠯᠤᠯᠲᠠ᠂ ᠰᠣᠷᠣᠭᠴᠢ ᠶᠢᠨ ᠪᠠᠶᠢᠳᠠᠯ ᠤᠨ ᠵᠠᠳᠠᠯᠤᠯᠲᠠ ᠪᠠ ᠲᠤᠭᠲᠠᠭᠠᠭᠰᠠᠨ ᠬᠠᠷᠠᠯᠲᠠ ᠪᠠᠨ ᠦᠨᠳᠦᠰᠦᠯᠡᠵᠤ᠂ ᠲᠤᠰ ᠬᠢᠴᠢᠶᠡᠯᠯᠡᠭᠡ ᠨᠢ ᠬᠡᠳᠦᠨ ᠪᠤᠳᠠᠲᠤ ᠶᠠᠪᠤᠴᠠ ᠪᠠᠷ ᠶᠠᠪᠤᠭᠳᠠᠬᠤ ᠪᠠᠨ ᠲᠠᠶᠢᠯᠪᠤᠷᠢᠯᠠᠵᠤ᠂ ᠺᠤᠤᠷᠰᠸᠢᠢᠷ ᠢᠶᠠᠷ ᠬᠢᠴᠢᠶᠡᠯᠯᠡᠬᠦ ᠶᠠᠪᠤᠴᠠ ᠪᠦᠬᠦᠨ ᠳᠠᠬᠢ ᠪᠤᠳᠠᠲᠠᠢ ᠠᠷᠭ᠎ᠠ ᠶᠢ ᠤᠶᠠᠯᠳᠤᠭᠤᠯᠵᠤ ᠶᠠᠷᠢᠭᠰᠠᠨ ᠪᠠᠶᠢᠬᠤ         2. ᠬᠢᠴᠢᠶᠡᠯᠯᠡᠭᠡ ᠶᠢᠨ ᠡᠯ᠎ᠡ ᠶᠠᠪᠤᠴᠠ ᠳᠠᠷᠠᠭᠠᠯᠠᠯ ᠢ ᠰᠡᠳᠬᠢᠮᠵᠢᠯᠡᠭᠰᠡᠨ ᠨᠢ ᠪᠠᠭᠰᠢ ᠶᠢᠨ ᠵᠢᠭᠠᠨ ᠰᠣᠷᠭᠠᠬᠤ ᠦᠵᠡᠯ ᠰᠠᠨᠠᠭ᠎ᠠ ᠶᠢ ᠢᠯᠡᠷᠡᠭᠦᠯᠦᠭᠰᠡᠨ ᠪᠠᠶᠢᠬᠤ         ᠵᠢᠷᠭᠤᠭ᠎ᠠ᠂ ᠡᠷᠭᠢᠴᠡᠭᠦᠯᠤᠯ ︵ᠲᠤᠩᠭᠠᠯᠲᠠ︶ ᠢᠶᠠᠨ ᠶᠠᠷᠢᠬᠤ         ᠬᠢᠴᠢᠶᠡᠯ ᠤᠨ ᠳᠠᠷᠠᠭᠠᠬᠢ᠂ ᠪᠠᠭᠰᠢ ᠶᠢᠨ ᠲᠤᠰ ᠬᠢᠴᠢᠶᠡᠯᠯᠡᠭᠡ ᠶᠢᠨ ᠲᠤᠬᠠᠢ ᠡᠷᠭᠢᠴᠡᠭᠦᠯᠤᠯ ᠨᠢ ᠲᠤᠭᠲᠠᠭᠠᠭᠰᠠᠨ ᠬᠠᠷᠠᠯᠲᠠ ᠪᠠ ᠡᠯ᠎ᠡ ᠶᠠᠪᠤᠴᠠ ᠳᠤ ᠰᠡᠳᠬᠢᠮᠵᠢᠯᠡᠭᠰᠡᠨ ᠰᠣᠷᠣᠯᠴᠠᠬᠤ ᠦᠢᠯᠡ ᠠᠵᠢᠯᠯᠠᠭ᠎ᠠ᠂ ᠬᠡᠷᠡᠭᠯᠡᠭᠰᠡᠨ ᠪᠤᠳᠤᠯᠭ᠎ᠠ᠂ ᠦᠨᠡᠯᠡᠯᠲᠡ ᠶᠢᠨ ᠠᠷᠭ᠎ᠠ ᠬᠡᠯᠪᠡᠷᠢ ᠵᠡᠷᠭᠡ ᠳᠤ ᠪᠠᠨ ᠰᠠᠶᠢᠲᠤᠷ ᠵᠠᠳᠠᠯᠤᠯᠲᠠ ᠬᠢᠵᠤ᠂ ᠠᠰᠠᠭᠤᠳᠠᠯ ᠢ ᠳᠠᠷᠤᠢ ᠳᠤ ᠨᠢ ᠢᠯᠡᠷᠡᠭᠦᠯᠵᠤ ᠪᠤᠳᠠᠲᠠᠢ ᠪᠠᠷ ᠳ᠋ᠦᠩᠨᠡᠨ ᠲᠤᠷᠰᠢᠯᠭ᠎ᠠ ᠪᠤᠯᠭᠠᠭᠰᠠᠨ ᠪᠠᠶᠢᠬᠤ    
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号