| | | — ᠦᠢᠰᠠᠩᠭᠤᠳ ᠴᠤ᠋᠂ ᠨᠠᠰᠤᠨᠵᠠᠶᠠᠭ᠎ᠠ | | | ᠬᠤᠨ ᠭᠠᠯᠠᠭᠤ — ᠰᠡᠳᠬᠢᠯ ᠤᠨ ᠵᠢᠭᠦᠷ | ᠬᠤᠨ ᠭᠠᠯᠠᠭᠤ — ᠢᠳᠡᠭᠡᠯ ᠤᠨ ᠬᠦᠴᠦᠨ | ᠮᠤᠩᠭᠤᠯ ᠨᠤᠳᠤᠭ ᠤᠨ ᠮᠢᠨᠢ ᠠᠭᠠᠷ ᠤᠰᠤᠨ ᠳᠤ ᠬᠤᠨ ᠭᠠᠯᠠᠭᠤ ᠨᠢᠰᠦᠨ ᠲᠡᠪᠳᠡᠷᠢᠵᠤ᠂ ᠨᠦᠷᠬᠢᠨ | ᠲᠤᠩᠭᠤᠳᠤᠳᠠᠭ ᠠᠴᠠ ᠤᠰᠤ ᠨᠢ ᠴᠡᠩᠬᠡᠷ᠂ ᠠᠭᠤᠯᠠ ᠨᠢ ᠬᠦᠬᠡᠮᠳᠦᠭ᠂ ᠠᠭᠠᠷ ᠨᠢ ᠠᠷᠢᠭᠤᠨ ᠃ ᠮᠤᠷᠢᠳᠡᠨ | ᠤᠭᠰᠠᠭᠠᠨ ᠤ ᠬᠢᠨᠢ ᠬᠤᠨ ᠭᠠᠯᠠᠭᠤ ᠳᠠᠭᠠᠨ ᠬᠠᠶᠢᠷᠠᠳᠠᠢ ᠪᠤᠯᠬᠤᠷ᠂ ᠡᠨᠡᠬᠦ ᠲᠡᠭᠷᠢ ᠶᠢᠨ ᠡᠯᠴᠢ ᠮᠢᠨᠢ ᠬᠦᠮᠦᠨ ᠠᠷᠠᠳ | ᠲᠠᠭᠠᠨ ᠡᠯᠢᠭᠡᠰᠡᠭ᠂ ᠬᠦᠷᠡᠩ ᠪᠠᠶᠢᠭᠠᠯᠢ ᠳᠠᠭᠠᠨ ᠲᠤᠳᠤᠨᠤᠰᠤᠭ᠃ | ᠬᠤᠨ ᠲᠠᠢ ᠨᠤᠳᠤᠭ ᠲᠤ ᠲᠠᠭᠤᠤ ᠲᠠᠰᠤᠷᠠᠬᠤ ᠦᠭᠡᠢ | ᠲᠠᠭᠤᠤ ᠲᠠᠢ ᠨᠤᠳᠤᠭ ᠠᠴᠠ ᠬᠤᠨ ᠪᠤᠴᠠᠬᠤ ᠦᠭᠡᠢ᠃ | ︿︿ᠬᠤᠨ ᠶᠤ᠋ ᠴᠠᠭᠠᠨ ᠭᠠᠯᠠᠭᠤ ᠰᠢᠪᠠᠭᠤ ᠨᠢ᠂ ᠬᠤᠯᠤᠰᠤᠳᠠᠢ ᠨᠠᠭᠤᠷ ᠲᠠᠭᠠᠨ ᠱᠤᠩᠪᠠᠨ ᠰᠠᠭᠤᠨ᠎ᠠ᠂ | ᠬᠤᠯᠠ ᠠᠴᠠ ᠢᠷᠡᠭᠰᠡᠨ ᠠᠬ᠎ᠠ ᠲᠡᠭᠦᠤ ᠨᠠᠷ ᠲᠠᠢ ᠪᠠᠨ᠂ ᠬᠤᠨᠵᠢᠭᠤᠳᠠ ᠦᠨᠵᠢᠭᠦᠳᠡ ᠨᠠᠶᠢᠷᠠᠯᠠᠨ ᠰᠠᠭᠤᠶ᠎ᠠ﹀﹀ | ᠠᠷᠠᠳ ᠤᠨ ᠮᠢᠨᠢ ᠰᠠᠶᠢᠬᠠᠨ ᠠᠶ᠎ᠠ ᠲᠠᠭᠤᠤ᠂ ᠠᠯᠳᠠᠨ ᠲᠠᠯᠡᠭᠡᠢ ᠶᠢᠨ ᠰᠤᠨᠤᠷ ᠢ ᠪᠠᠶᠠᠰᠬᠠᠵᠤ᠂ ᠮᠤᠩᠭᠤᠯ ᠨᠤᠳᠤᠭ | ᠤᠨ ᠪᠠᠨ ᠠᠭᠠᠷ ᠤᠰᠤ ᠪᠠᠷ ᠴᠤᠤᠷᠢᠶᠠᠯᠠᠨ᠂ ᠮᠢᠩᠭᠠᠨ ᠤ ᠲᠡᠷᠳᠡᠭᠡᠬᠢ ᠬᠠᠷᠢᠴᠤᠤᠯ ᠤᠨ ᠰᠡᠳᠬᠢᠯ ᠢ ᠬᠦᠭᠵᠢᠮᠳᠡᠨ᠎ᠡ᠃ | | ᠬᠤᠨ ᠭᠠᠯᠠᠭᠤ — ᠲᠤᠷᠠᠯᠠᠯ ᠤᠨ ᠲᠠᠬᠢᠨᠢ | ᠬᠤᠨ ᠭᠠᠯᠠᠭᠤ — ᠤᠷᠠᠯᠢᠭ ᠤᠨ ᠡᠯᠴᠢ᠃ | ︿︿ᠬᠤᠨ ᠭᠠᠯᠠᠭᠤ﹀﹀ ᠶᠢᠨ ᠪᠠᠨ ᠰᠡᠳᠬᠢᠯ ᠢ ᠪᠢ ᠬᠤᠬᠡᠳ ᠨᠠᠰᠤᠨ ᠠᠴᠠ ᠪᠠᠨ ᠤᠬᠠᠭᠠᠷᠠᠭᠰᠡᠨ᠂ | ᠴᠡᠴᠡᠭᠡᠰ ᠭᠠᠨᠭ᠍ᠬᠤᠵᠤ᠂ ᠴᠢᠭᠢᠭ ᠦᠨᠦᠷᠳᠦᠭᠰᠡᠨ ᠭᠠᠨᠭ᠍ᠭᠠᠡᠭ ᠵᠤᠨ ᠠᠴᠠ᠂ ᠨᠠᠷᠠ ᠬᠤᠯᠠᠳᠠᠨᠨᠠᠮᠤᠷ ᠤᠨ ᠰᠡᠷᠢᠭᠦᠤ | ᠤᠨᠠᠵᠤ᠂ ᠡᠪᠡᠰᠦᠨ ᠲᠤᠯᠤᠭᠠᠢ ᠬᠤᠨᠭ᠍ᠭᠤᠷᠳᠡᠳᠡᠯᠡ ᠨᠤᠳᠤᠭ ᠤᠨ ᠮᠢᠨᠢ ᠨᠤᠮᠢᠨ ᠴᠡᠩᠬᠡᠷ ᠮᠡᠯᠮᠡᠢ ᠲᠠᠯᠤ ᠨᠠᠭᠤᠷ ᠲᠤ᠂ | ᠬᠤᠨ ᠭᠠᠯᠠᠭᠤ ᠰᠦᠷᠦᠭᠯᠡᠨ ᠪᠠᠭᠤᠵᠤ᠂ ᠨᠠᠷᠠᠨ ᠤ ᠭᠡᠷᠡᠯ ᠲᠤ ᠴᠠᠰᠤ ᠰᠢᠭ ᠴᠠᠶᠢᠯᠵᠠᠨ ᠬᠠᠷᠠᠭᠳᠠᠵᠤ᠂ ᠰᠠᠷᠠᠨ ᠤ | ᠲᠤᠶᠠᠭᠠᠨ ᠳᠤ ᠰᠦ ᠰᠢᠭ᠋ ᠮᠦᠡᠭᠭᠦᠷᠡᠨ ᠭᠢᠯᠠᠰᠴᠦ᠂ ᠰᠦᠨᠢᠵᠢᠨ ᠨᠦᠷᠬᠢᠯᠳᠤᠬᠤ ᠨᠢ᠂ ᠤᠨᠠᠭᠠᠨ ᠪᠠᠭ᠎ᠠ ᠶᠢᠨ ᠤᠢ | ᠤᠬᠠᠭᠠᠨ ᠳᠤ᠂ ᠦᠨᠢ ᠮᠦᠡᠭᠬᠡ ᠶᠢᠨ ᠭᠡᠭᠡᠨ ᠲᠤᠷᠠᠰᠤᠯ ᠪᠤᠯᠤᠨ ᠬᠤᠴᠤᠷᠠᠵᠤ᠂ ᠤᠬᠢᠯᠠᠵᠤ ᠲᠠᠭᠤᠯᠠᠬᠤ ᠬᠦᠮᠦᠨ ᠤ | ᠤᠷᠴᠢᠯᠠᠩ ᠲᠤ ᠰᠠᠶᠢᠨ ᠰᠠᠶᠢᠬᠠᠨ ᠤ ᠬᠦᠰᠡᠯ ᠮᠦᠷᠦᠭᠡᠳᠦᠯ ᠤᠨ ᠵᠦᠭ ᠴᠢᠭ ᠢ ᠵᠢᠭᠠᠭᠰᠡᠨ᠃ | ︿︿ᠬᠤᠨ ᠭᠠᠯᠠᠭᠤ﹀﹀ ᠰᠡᠳᠬᠦᠯ ᠢᠶᠠᠨ ᠪᠠᠨ ᠪᠢ ᠰᠤᠷᠤᠭᠴᠢ ᠠᠬᠤᠢ ᠠᠴᠠ ᠪᠠᠨ ᠱᠤᠬᠤᠭᠠᠷᠬᠠᠭᠰᠡᠨ᠂ | ᠲᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠠᠨ᠂ ︿︿ᠦᠰᠬᠦ ᠠᠴᠠ ᠰᠤᠷᠤᠭᠰᠡᠨ ᠦᠨᠳᠦᠰᠦᠨ ᠬᠡᠯᠡ | ᠮᠠᠷᠳᠠᠵᠤ ᠪᠤᠯᠤᠰᠢ ᠦᠭᠡᠢ ᠰᠤᠶᠤᠯ᠂ ᠦᠬᠦᠳᠡᠯ᠎ᠡ ᠤᠷᠤᠰᠢᠬᠤ ᠲᠦᠷᠦᠯᠬᠢ ᠨᠤᠳᠤᠭ ᠰᠠᠯᠵᠤ ᠪᠤᠯᠤᠰᠢ ᠦᠭᠡᠢ ᠤᠷᠤᠨ | ﹀﹀ ᠭᠡᠵᠤ ᠮᠤᠩᠭᠤᠯ ᠬᠡᠯᠡ ᠪᠢᠴᠢᠭ ᠤᠨ ᠬᠡᠴᠢᠶᠡᠯ ᠭᠡᠪᠡᠯ᠂ ᠮᠡᠷᠡᠶᠢᠭᠡᠳ ᠪᠠᠶᠢᠳᠠᠭ ᠤᠨ ᠨᠢᠭᠡᠨ ᠪᠢ ᠪᠢᠯᠡ᠂ ᠪᠠᠭᠰᠢ | ᠨᠠᠷ ᠤᠨ ᠪᠠᠨ ᠵᠠᠬᠢᠶᠠᠯᠠᠭᠰᠡᠨ ᠰᠡᠳᠬᠦᠯ ᠢ ᠪᠤᠰᠤᠳ ᠨᠦᠭᠦᠳ ᠲᠠᠢ ᠪᠠᠨᠪᠤᠯᠢᠶᠠᠯᠳᠤᠨ ᠤᠡᠭᠰᠢᠬᠤ ᠳᠤ ᠤᠢ | ᠤᠬᠠᠭᠠᠨ ᠢ ᠮᠢᠨᠢ ᠤᠭᠵᠢᠭᠰᠠᠨ ᠬᠠᠶᠢᠷ᠎ᠠ ᠶᠢᠨ ᠬᠠᠯᠠᠭᠤᠨ ᠰᠦ ︿︿ᠬᠤᠨ ᠭᠠᠯᠠᠭᠤ﹀﹀ ᠮᠢᠨᠢ ᠪᠠᠶᠢᠭᠰᠡᠨ᠃ | | ᠬᠤᠨ ᠭᠠᠯᠠᠭᠤ — ᠮᠢᠨᠤ ᠤᠷᠠᠨ ᠪᠦᠳᠦᠭᠡᠯ ᠤᠨ ᠠᠩᠬᠠᠨ ᠤ ᠪᠠᠭᠰᠢ | ᠬᠤᠨ ᠭᠠᠯᠠᠭᠤ — ᠮᠢᠨᠤ ᠤᠬᠠᠭ᠎ᠠ ᠰᠤᠷᠢᠭᠰᠡᠨ ᠠᠯᠠᠭ ᠲᠡᠯᠡᠬᠡᠢ | 1989 ᠤᠨ ᠤ 9 ᠳ᠋ᠤᠭᠠᠷ ᠬᠤᠭᠤᠴᠠᠭᠠᠨ ᠤ ︿︿ᠬᠤᠨ ᠭᠠᠯᠠᠭᠤ﹀﹀ ᠳᠤ ︿︿ᠶᠠᠭᠠᠷᠠᠭᠰᠠᠭᠠᠷ᠂᠂᠂﹀﹀ | ᠭᠡᠬᠦ ᠤᠤᠭᠠᠨ ᠦᠭᠦᠯᠡᠯᠭᠡ ᠮᠢᠨᠢ ᠨᠡᠶᠢᠳᠡᠯᠡᠭᠳᠡᠵᠤ᠂ ᠤᠷᠠᠨ ᠪᠦᠳᠦᠭᠡᠯ ᠤᠨ ᠬᠠᠷᠭᠤᠢ ᠪᠠᠷ ᠲᠠᠨᠳᠦᠷ ᠮᠦᠨᠳᠦᠷ | ᠠᠯᠬᠤᠯᠠᠬᠤ ᠳᠤ᠂ ᠠᠶᠠᠨ ᠤ ᠲᠦᠷᠦᠭᠡᠨ ᠲᠤ ᠮᠤᠷᠳᠠᠭᠤᠯᠤᠭᠰᠡᠨ ᠠᠪᠤ ᠬᠦᠮᠦᠨ ᠤ ᠬᠠᠶᠢᠷ᠎ᠠ ︿︿ᠬᠤᠨ ᠭᠠᠯᠠᠭᠤ﹀﹀ | ᠮᠢᠨᠢ ᠪᠠᠶᠢᠯ᠎ᠠ᠃ ᠠᠩᠬᠠᠨ ᠤ ᠪᠦᠳᠦᠭᠡᠯ ᠵᠶ᠋ᠡᠨᠨᠠᠶᠢᠳᠡᠯᠡᠭᠦᠯᠦᠭᠰᠡᠨ ᠬᠦᠮᠦᠨ᠂ ᠬᠢᠷᠢ ᠵᠡᠷᠭᠡ ᠪᠠᠶᠠᠷᠯᠠᠳᠠᠭ ᠢ᠂ ᠪᠡᠶ᠎ᠡ ᠪᠠᠷ | ᠢᠶᠠᠨ ᠦᠡᠭᠭᠡᠷᠡᠭᠦᠯᠦᠭᠰᠡᠨ ᠬᠦᠮᠦᠨ ᠯᠡ ᠮᠡᠳᠡᠬᠦ ᠤᠴᠢᠷᠳᠠᠢ᠃ ᠲᠠᠷᠠ ᠦᠶ᠎ᠡ ᠳᠤ ᠪᠢ ᠤᠯᠠᠭᠠᠨᠬᠠᠳᠠ ᠶᠢᠨ ᠮᠠᠯ | ᠲᠠᠷᠢᠶᠠᠯᠠᠩ ᠤᠨ ᠰᠤᠷᠭᠠᠭᠤᠯᠢ ᠳᠤ ᠭᠤᠷᠪᠠᠳᠤᠭᠠᠷ ᠠᠩᠬᠢ ᠳᠤ ᠰᠤᠷᠴᠤ ᠪᠠᠶᠢᠯ᠎ᠠ᠃ ᠵᠤᠬᠢᠶᠠᠯ ᠨᠡᠶᠢᠳᠡᠯᠡᠭᠦᠯᠦᠭᠰᠡᠨ ︿︿ | ᠬᠤᠨ ᠭᠠᠯᠠᠭᠤ﹀﹀ ᠪᠠᠨ ᠠᠳᠬᠤᠵᠤ᠂ ᠪᠠᠭᠰᠢ ᠨᠠᠷ ᠲᠠᠭᠠᠨ᠂ ᠠᠩᠬᠢ ᠳᠠᠭᠠᠨ᠂ ᠪᠠᠶᠢᠷᠢ ᠳᠠᠭᠠᠨ ᠵᠢᠯᠤᠭᠤ ᠵᠤᠳᠤᠭ | ᠦᠭᠡᠢ ᠭᠦᠭᠡᠷᠴᠤ ᠶᠠᠪᠤᠯ᠎ᠠ᠂ ᠵᠤᠭᠰᠤᠭ᠎ᠠ ᠮᠤᠳᠤ᠂ ᠪᠤᠰᠤᠭ᠎ᠠ ᠬᠡᠷᠡᠮ ᠲᠡᠭᠡᠷ᠎ᠡ ᠪᠢᠴᠢᠵᠤ ᠲᠡᠮᠳᠡᠭᠯᠡᠮᠡᠷ ᠰᠠᠨᠠᠭ᠎ᠠ | ᠰᠡᠳᠬᠢᠯ ᠮᠢᠨᠢ ᠰᠠᠭᠠᠵᠤ ᠪᠠᠶᠢᠯ᠎ᠠ᠂ ︿︿ᠴᠠᠰᠤᠨ ᠲᠡᠭᠡᠷ᠎ᠡ ᠮᠦᠷ ᠲᠠᠢ᠂ ᠴᠠᠭᠠᠰᠤᠨ ᠲᠡᠭᠡᠷ᠎ᠡ ᠨᠡᠷ᠎ᠡ ᠲᠠᠢ﹀﹀ | ᠪᠤᠯᠴᠢᠬᠠᠯ᠎ᠠ ᠬᠡᠮᠡᠨ ᠨᠤᠶᠢᠷ ᠬᠤᠭᠤᠯᠠ ᠪᠠᠨ ᠨᠢᠭᠡᠮᠤᠰᠤᠨ ᠮᠠᠷᠳᠠᠵᠤ ᠶᠠᠭᠤᠮ᠎ᠠ ᠪᠢᠴᠢᠬᠦ ᠶᠢᠨ ᠬᠢᠵᠠᠭᠠᠷ ᠦᠭᠡᠢ ᠶᠡᠭᠡ | ᠠᠵᠠ ᠵᠢᠷᠭᠠᠯ ᠳᠤ ᠨᠢᠭᠡᠮᠦᠰᠦᠨᠠᠪᠳᠠᠴᠢᠬᠠᠭᠰᠡᠨ ᠶᠠᠪᠤᠯ᠎ᠠ᠃ 1989 ᠤᠨ ᠤ 10 ᠳ᠋ᠤᠭᠠᠷ ︿︿ᠬᠤᠨ ᠭᠠᠯᠠᠭᠤ﹀﹀ | ᠮᠢᠨᠢ ᠦᠢᠯᠡ ᠲᠠᠢ ᠮᠦᠷᠳᠡᠭᠡᠨ ᠠᠵᠠ ᠵᠢᠷᠭᠠᠯᠳᠠᠢ ᠤᠷᠠᠨ ᠪᠦᠳᠦᠭᠡᠯ ᠤᠨ ᠵᠠᠮ ᠤᠷᠤᠭᠤ ᠨᠠᠮ᠎ᠠ ᠶᠢ ᠬᠦᠳᠦᠯᠦᠭᠰᠡᠨ | ᠶᠤᠮ ᠳ᠋ᠠ᠂ ᠡᠨᠡᠬᠦ ᠬᠤᠭᠤᠴᠠᠭᠠᠨ ᠤ ︿︿ᠬᠤᠨ ᠭᠠᠯᠠᠭᠤ﹀﹀ ᠰᠡᠳᠭᠦᠯ ᠢ ᠪᠢ ᠦᠪᠡᠷᠳᠡᠭᠡᠨᠬᠡᠴᠢᠨᠡᠨ ᠤᠳᠠᠭ᠎ᠠ | ᠤᠡᠭᠰᠢᠭ᠌ᠰᠡᠨ ᠢ ᠨᠢᠭᠡᠨᠳᠡᠮᠡᠳᠡᠬᠦ ᠪᠠᠨ ᠪᠤᠯᠢᠪᠠ᠂ ᠠᠨᠳᠠ ᠨᠠᠶᠢᠵᠢᠰ᠂ ᠠᠬ᠎ᠠ ᠲᠡᠭᠦᠦ ᠰᠠᠳᠤᠨ ᠮᠢᠨᠢ ᠠᠯᠠᠭ᠎ᠠ | ᠲᠠᠮᠵᠢᠭᠤᠯᠤᠨ ᠱᠤᠭᠤᠷᠬᠠᠵᠤ ᠯᠠ ᠪᠠᠶᠢᠯ᠎ᠠ᠃ ᠢᠡᠭᠬᠢᠵᠤ ᠯᠠ ᠪᠢ ︿︿ᠬᠤᠨ ᠭᠠᠯᠠᠭᠤ﹀﹀ ᠲᠠᠢ ᠪᠠᠨ ᠰᠡᠳᠬᠢᠯ ᠤᠨ | ᠠᠨᠳᠠ᠂ ᠢᠳᠡᠭᠡᠯ ᠤᠨ ᠬᠤᠯᠪᠤᠭ᠎ᠠ ᠲᠠᠢ ᠪᠤᠯᠵᠤ ᠪᠢᠯᠡ᠃ | ︿︿ᠬᠤᠨ ᠭᠠᠯᠠᠭᠤ﹀﹀ ᠰᠡᠳᠭᠦᠯ ᠮᠢᠨᠢ᠂ ᠠᠷᠠᠳ ᠲᠠᠢ ᠪᠠᠨ ᠤᠶᠢᠷᠠᠬᠠᠨ᠂ ᠮᠠᠯᠴᠢᠳ ᠲᠠᠢ ᠪᠠᠨ ᠲᠦᠳᠡ | ᠪᠠᠶᠢᠳᠠᠭ᠃ ᠱᠤᠭ ᠶᠠᠷᠢᠶ᠎ᠠ᠂ ᠰᠢᠯᠦᠭ ᠬᠤᠯᠪᠤᠭ᠎ᠠ᠂ ᠲᠠᠭᠤᠤ ᠬᠦᠭᠵᠢᠮ ᠭᠡᠳ ᠯᠠ ᠦᠭᠡᠷ᠎ᠡ ᠪᠤᠰᠤᠳ ᠮᠤᠩᠭᠤᠯ | ᠰᠡᠳᠭᠦᠯ ᠪᠠᠷ ᠪᠠᠶᠢᠳᠠᠭ ᠦᠭᠡᠢ᠂ ᠤᠯᠠᠨ ᠰᠠᠶᠢᠬᠠᠨ ᠪᠤᠯᠤᠩ ᠤᠳ ᠢ ᠡᠷᠬᠢᠯᠡᠵᠤ ᠬᠠᠶᠢᠷ᠎ᠠ ᠶᠢᠨ ᠲᠤᠯᠠᠭᠠᠨ ᠭᠠᠷ ᠢᠶᠠᠨ | ᠬᠦᠳᠡᠭᠡ ᠵᠦᠭ ᠢᠶᠠᠨ ᠰᠤᠩᠭᠠᠵᠤ ᠪᠠᠶᠢᠳᠠᠭ ᠠᠴᠠ᠂ ᠨᠢᠭᠡ ︿︿ᠬᠤᠨ ᠭᠠᠯᠠᠭᠤ﹀﹀ ᠤᠯᠳᠠᠪᠠᠯ ᠠᠶᠢᠯ ᠠᠴᠠ ᠠᠶᠢᠯ᠂ | ᠭᠠᠷ ᠠᠴᠠ ᠭᠠᠷ ᠲᠠᠮᠵᠢᠵᠤ ᠠᠮᠳᠠᠷᠬᠠᠨ ᠤᠡᠭᠰᠢᠭ᠌ᠳᠠᠳᠠᠭ ᠰᠠᠶᠢᠬᠠᠨ ᠨᠤᠮ ᠤᠨ ᠨᠢᠭᠡᠨ ᠪᠢᠯᠡ᠃ ︿︿ᠬᠤᠨ ᠭᠠᠯᠠᠭᠤ | ﹀﹀ ᠲᠠᠢ ᠪᠠᠨ ᠲᠠᠨᠢᠯᠴᠠᠵᠤ ᠲᠠᠰᠦᠯᠴᠠᠭᠰᠡᠨ ᠠᠴᠠ ᠮᠠᠨᠠᠶᠢᠬᠢᠨ ᠬᠡᠰᠢᠭᠳᠡᠨ ᠬᠤᠰᠢᠭᠤᠨ ᠤ ᠤᠷᠠᠨ ᠵᠤᠬᠢᠶᠠᠯ ᠤᠨ | ᠲᠤᠰᠬᠠᠢ ᠳ᠋ᠤᠭᠠᠷ ᠢᠶᠠᠨ ︿︿ᠬᠤᠨ ᠭᠠᠯᠠᠭᠤ﹀﹀ ᠲᠡᠭᠡᠷ᠎ᠡ ᠨᠡᠶᠢᠳᠡᠯᠡᠵᠤ᠂ ᠬᠡᠰᠢᠭᠳᠡᠨ ᠬᠤᠰᠢᠭᠤᠨ ᠤ ᠲᠠᠷᠬᠠᠨ ᠠᠭᠤᠯᠠ | ᠲᠤᠮᠳᠠᠳᠤ ᠰᠤᠷᠭᠠᠭᠤᠯᠢ ᠶᠢᠨ ᠵᠢᠷᠠᠨ ᠵᠢᠯ ᠤᠨ ᠤᠢ ᠶᠢ ᠶᠢ ᠲᠤᠷᠠᠰᠬᠠᠨ ᠲᠡᠮᠳᠡᠭᠯᠡᠬᠦ ᠤᠷᠠᠨ ᠵᠤᠬᠢᠶᠠᠯ ᠤᠨ ᠲᠤᠰᠬᠠᠢ | ᠳ᠋ᠤᠭᠠᠷ ᠢᠶᠠᠨ 1992 ᠤᠨ ᠤ7 ᠳ᠋ᠤᠭᠠᠷ ᠬᠤᠭᠤᠴᠠᠭᠠᠨ ᠤ ︿︿ᠬᠤᠨ ᠭᠠᠯᠠᠭᠤ﹀﹀ ᠲᠡᠭᠡᠷ᠎ᠡ ᠨᠡᠶᠢᠳᠡᠯᠡᠭᠰᠡᠨ ᠶᠤᠮ ᠡ | ᠃ ᠡᠨᠡᠬᠦ ᠲᠤᠰᠬᠠᠢ ᠳ᠋ᠤᠭᠠᠷ ᠲᠠᠭᠠᠨ ᠪᠢᠳᠡ ᠬᠡᠰᠢᠭᠳᠡᠨ ᠵᠠᠰᠠᠭ᠂ ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ | ᠭᠠᠷᠮᠠᠭᠠᠢ ᠵᠢᠳᠬᠦᠯᠳᠡᠨ᠂ ᠰᠤᠶᠤᠨ ᠭᠡᠭᠡᠷᠡᠭᠦᠯᠦᠭᠴᠢ ᠷᠤᠯᠭᠠᠷᠵᠠᠪ ᠤᠨ ︿︿ᠠᠭᠤᠯᠠᠨ ᠪᠠᠷᠰ﹀﹀ ᠭᠡᠰᠡᠨ ᠵᠤᠬᠢᠶᠠᠯ ᠪᠠ | ᠠᠬᠠᠮᠠᠳ ᠬᠤᠪᠢᠰᠬᠠᠯᠴᠢ᠂ ᠰᠤᠷᠭᠠᠨ ᠬᠦᠮᠦᠵᠢᠭᠦᠯᠳᠡᠨ᠂ ᠴᠢᠯᠦᠭᠡᠯᠡᠭᠳᠡᠬᠦ ᠠᠴᠠ ᠡᠮᠦᠨ᠎ᠡ ᠲᠤᠰ ᠰᠤᠷᠭᠠᠭᠤᠯᠢ ᠠᠴᠠ | ᠭᠠᠳᠠᠭᠠᠳᠤ ᠳᠤ ᠰᠤᠷᠤᠯᠴᠠᠭᠰᠡᠨ ᠭᠤᠷᠪᠠᠨ ᠤᠶᠤᠳᠡᠨ ᠤ ᠨᠢᠭᠡ᠂ ᠲᠠᠷᠬᠠᠨ ᠠᠭᠤᠯᠠ ᠰᠤᠷᠭᠠᠭᠤᠯᠢ ᠶᠢᠨ ᠲᠠᠷᠤᠭ᠎ᠠ | ᠠᠭᠰᠠᠨ ᠪᠤᠶᠠᠨᠳᠡᠯᠭᠡᠷ ︵ᠸᠠᠩ ᠢᠡᠭ ᠵᠸᠤ᠂ ᠰᠠᠶᠢᠨᠪᠤᠶᠠᠨ︶ ᠠᠪᠤᠭᠠᠢ ᠶᠢᠨ ︿︿ᠮᠤᠩᠭᠤᠯ ᠬᠦᠮᠦᠨ ᠪᠤᠶᠠᠨ ᠢᠶᠠᠷ﹀﹀ | ᠭᠡᠬᠦ ᠵᠤᠬᠢᠶᠠᠯ ᠪᠠ᠂ ᠲᠤᠰ ᠰᠤᠷᠭᠠᠭᠤᠯᠢ ᠳᠤ ᠡᠷᠳᠡᠮ ᠨᠤᠮ ᠬᠦᠷᠳᠡᠵᠤ ᠶᠠᠪᠤᠭᠰᠡᠨ ᠦᠪᠦᠷ ᠮᠤᠩᠭᠤᠯ ᠤᠨ ᠨᠡᠷᠡᠳᠤ | ᠪᠦᠰᠡᠭᠦᠢ ᠨᠠᠶᠢᠷᠠᠭᠴᠢ ᠹ᠊᠂ ᠴᠢᠮᠡᠭ ᠤᠨ ︿︿ᠡᠬᠡ ᠰᠤᠷᠭᠠᠭᠤᠯᠢ ᠳᠠᠭᠠᠨ ᠡᠷᠭᠦᠬᠦ ᠲᠠᠭᠤᠤ﹀﹀ ᠵᠡᠷᠭᠡ ᠰᠤᠳᠤᠨ | ᠪᠦᠳᠦᠭᠡᠯ ᠢ ᠨᠡᠶᠢᠳᠡᠯᠡᠭᠰᠡᠨ ᠠᠴᠠ ᠲᠤᠰ ᠳ᠋ᠤᠭᠠᠷ ᠨᠢ ᠤᠯᠠᠨ ᠳᠠᠭᠠᠨ ᠲᠤᠰᠬᠠᠯ ᠰᠠᠶᠢᠳᠠᠢ᠂ ᠤᠡᠭᠰᠢᠭ᠌ᠴᠢᠳ ᠲᠠᠭᠠᠨ | ᠬᠦᠷᠢᠶᠡᠯᠡᠯ ᠶᠡᠬᠡᠳᠠᠢ ᠨᠤᠮ ᠡᠷᠳᠡᠨᠢ ᠪᠤᠯᠤᠭᠰᠡᠨ ᠪᠠᠶᠢᠳᠠᠭ᠃ | 1990 ᠤᠨ ᠤ ᠴᠠᠭᠠᠨ ᠰᠠᠷ᠎ᠠ ᠶᠢᠨ ᠦᠶᠡᠰ ᠰᠢᠭ ᠶᠤᠮ ᠡ᠂ ᠲᠤᠬᠠᠢ ᠶᠢᠨ ᠦᠶ᠎ᠡ ᠳᠤ ᠲᠠᠷᠬᠠᠨ ᠠᠭᠤᠯᠠ | ᠲᠤᠮᠳᠠᠳᠤ ᠰᠤᠷᠭᠠᠭᠤᠯᠢ ᠳᠤ ᠠᠵᠢᠯᠯᠠᠵᠤ ᠪᠠᠶᠢᠭᠰᠡᠨ ᠠᠬᠠᠮᠠᠳ ᠪᠠᠭᠰᠢ ᠰᠸᠧᠡᠭ ᠤᠨ ᠤᠯᠠᠭᠠᠨᠴᠤᠭ ᠨᠠᠳᠠ ᠲᠠᠢ | ᠬᠠᠷᠭᠤᠭᠠᠳ᠄ | — ︿︿ᠬᠦᠢ᠂ ᠴᠤ᠋᠂ ᠨᠠ ᠡ ᠲᠠᠨ ᠤ ︿︿ᠬᠤᠨ ᠭᠠᠯᠠᠭᠤ﹀﹀ ᠲᠡᠭᠡᠷ᠎ᠡ ᠨᠡᠶᠢᠳᠡᠯᠡᠭᠰᠡᠨ ︿︿ | ᠶᠠᠭᠠᠷᠠᠭᠰᠠᠭᠠᠷ﹀﹀ ᠭᠡᠳᠡᠭ ᠦᠭᠦᠯᠡᠯᠭᠡ ᠪᠠ ᠭᠠᠨᠭ᠍ᠰᠦᠬᠡ ᠪᠠᠭᠰᠢ ᠶᠢᠨ ︿︿ᠲᠡᠮᠡᠢ ᠤᠴᠢᠷ﹀﹀ ᠭᠡᠳᠡᠭ ᠦᠭᠦᠯᠡᠯᠭᠡ | ᠳᠤ ᠰᠢᠭᠦᠮᠵᠢ ᠭᠠᠷᠴᠠᠢ ᠭᠡᠪᠡ᠃ ᠪᠢ ᠶᠡᠬᠡᠳᠡ ᠰᠠᠨᠳᠤᠷᠴᠤ ᠶᠠᠭᠠᠬᠢᠭᠠᠳ ᠰᠢᠭᠦᠮᠵᠢᠯᠡᠭᠦᠯᠴᠢᠬᠡᠪᠡ ᠬᠡᠮᠡᠨ ᠴᠢᠷᠠᠢ | ᠨᠢᠯᠴᠢᠭᠡᠨᠡᠭᠦᠯᠦᠨ ᠠᠰᠠᠭᠤᠬᠤ ᠳᠤ ᠤᠯᠠᠭᠠᠨᠴᠤᠭ ᠭᠤᠸᠠᠢ᠄ | — ᠮᠠᠨ ᠤ ᠳᠤ ︿︿ᠬᠤᠨ ᠭᠠᠯᠠᠭᠤ﹀﹀ ᠪᠤᠢ᠂ ᠦᠪᠡᠷᠳᠡᠭᠡᠨ ᠠᠪᠤᠭᠠᠳ ᠨᠠᠷᠢᠯᠢᠭ ᠤᠡᠭᠰᠢᠭᠠᠷᠠᠢ︕ | ᠭᠡᠰᠡᠨ ᠳᠤ ᠬᠠᠮᠤᠭ ᠪᠡᠶ᠎ᠠ ᠡᠪᠭᠦᠶᠢᠷᠬᠡᠵᠤ ᠲᠡᠳᠡᠨ ᠤ ᠳᠤ ᠭᠦᠷᠴᠤ ︿︿ᠬᠤᠨ ᠭᠠᠯᠠᠭᠤ﹀﹀ ᠰᠡᠳᠬᠦᠯ ᠢ ᠡᠷᠢᠨ | ᠤᠯᠵᠤ ᠤᠡᠭᠰᠢᠯᠡ᠃ ᠴᠤᠭᠳᠦᠭᠡᠷᠡᠯ ᠭᠡᠰᠡᠨ ᠬᠦᠮᠦᠨ ᠤ ᠪᠢᠴᠢᠭᠰᠡᠨ ︿︿ᠲᠡᠮᠡᠢ ᠤᠴᠢᠷ﹀﹀ ︿︿ᠶᠠᠭᠠᠷᠠᠭᠰᠠᠭᠠᠷ﹀﹀ | ᠭᠡᠬᠦ ᠬᠤᠶᠠᠷ ᠵᠤᠬᠢᠶᠠᠯ ᠢ ᠤᠡᠭᠰᠢᠭᠠᠳ᠂ ᠭᠡᠰᠡᠨ ᠰᠢᠭᠦᠮᠵᠢ ᠪᠠᠶᠢᠪᠠ᠃ ᠠᠡᠩᠬᠠᠨ ᠤ ᠪᠦᠳᠦᠭᠡᠯ ᠢᠶᠠᠨ ᠠᠶᠢᠬᠤᠪᠳᠤᠷ | ᠮᠠᠭᠤᠬᠠᠢ ᠰᠢᠭᠦᠮᠵᠢᠯᠡᠭᠦᠯᠴᠢᠬᠡᠬᠦ ᠠᠴᠠ ᠠᠶᠤᠭᠰᠡᠨ ᠪᠢ ᠶᠠᠭᠠᠷᠠᠤ ᠰᠠᠨᠳᠤᠷᠠᠤ ᠡᠬᠢᠯᠡᠨ ᠤᠡᠭᠰᠢᠬᠤ ᠳᠤ ︿︿ᠲᠤᠰ | ᠬᠤᠶᠠᠷ ᠵᠤᠬᠢᠶᠠᠯ ᠳᠤ ᠮᠠᠨ ᠤ ᠦᠨᠦᠳᠦᠷ ᠤᠨ ᠠᠮᠢᠳᠦᠷᠠᠯ ᠲᠤᠮᠳᠠ ᠤᠷᠤᠰᠢᠵᠤ ᠪᠠᠶᠢᠬᠤ ᠵᠤᠬᠢᠰ ᠦᠭᠡᠢ ᠶᠠᠪᠤᠳᠠᠯ ᠢ | ᠢᠯᠡᠴᠢᠯᠡᠨ ᠰᠢᠭᠦᠮᠵᠢᠯᠡᠵᠤ᠂ ᠰᠠᠶᠢᠨ ᠰᠠᠶᠢᠬᠠᠨ ᠰᠤᠷᠳᠠᠯ ᠢ ᠦᠨᠡᠯᠡᠨ ᠨᠤᠳᠠᠯᠠᠵᠦ ᠮᠠᠭᠳᠡᠨ ᠲᠠᠭᠤᠯᠠᠵᠠᠢ﹀﹀ ᠬᠡᠮᠡᠨ | ᠪᠢᠴᠢᠭᠰᠡᠨ ᠪᠠᠶᠢᠯ᠎ᠠ᠃ ᠶᠠ ᠶᠠ᠂᠂᠂ ᠶᠤᠰᠤᠳᠠᠢ ᠪᠠᠶᠠᠷᠯᠠᠭᠰᠡᠨ ᠳ᠋ᠠ︕ ᠠᠩᠬᠠᠨ ᠤ ᠪᠦᠳᠦᠭᠡᠯ ᠮᠢᠨᠢ ᠤᠡᠭᠰᠢᠭ᠌ᠴᠢ | ᠤᠯᠠᠨ ᠤ ᠪᠠᠨ ᠲᠤᠮᠳᠠᠤᠪᠤᠭᠠ ᠵᠦᠭᠡᠷᠬᠡᠨ ᠲᠤᠰᠬᠠᠯ ᠭᠠᠷᠤᠭᠰᠡᠨ ᠳᠤ ᠤᠷᠤᠨ ᠭᠠᠷᠤᠨ ᠲᠤᠭᠳᠠᠪᠦᠷᠢ ᠠᠯᠳᠠᠵᠤ ᠪᠢ | ᠦᠨᠡᠬᠡᠷ ᠪᠠᠶᠠᠷᠯᠠᠭᠰᠡᠨ ᠳ᠋ᠠ᠂ ᠶᠠᠭ ᠲᠠᠨᠢᠬᠤ ᠦᠭᠡᠢ ᠨᠢᠭᠡᠨ ᠨᠦᠬᠦᠷ᠂ ᠶᠠᠭᠠᠬᠢᠬᠤ ᠶᠢᠨ ᠠᠷᠭ᠎ᠠ ᠦᠭᠡᠢ ᠰᠠᠶᠢᠨ | ᠦᠨᠡᠯᠡᠯᠳᠡ ᠦᠭᠴᠠᠢ᠃ ᠴᠤᠭᠳᠦᠭᠡᠷᠡᠯ ᠭᠡᠰᠡᠨ ᠪᠠᠭᠰᠢ ᠴᠤᠬᠤᠮ ᠬᠠᠮᠢᠭ᠎ᠠ ᠶᠠᠭᠤ ᠬᠢᠳᠡᠭ ᠢ ᠨᠢ ᠬᠡᠰᠢᠭᠳᠡᠨ ᠤ ᠪᠠᠨ | ᠬᠡᠳᠦᠨ ᠶᠠᠭᠤᠮ᠎ᠠ ᠪᠢᠴᠢᠳᠡᠭ ᠠᠴᠠ ᠠᠰᠠᠭᠤᠭᠠᠳ ᠶᠠᠭ ᠲᠠᠭ᠂ ᠬᠠᠪᠤᠷ ᠨᠢ ᠰᠤᠷᠭᠠᠭᠤᠯᠢ ᠳᠠᠭᠠᠨ ᠶᠠᠪᠤᠬᠤ ᠳᠠᠭᠠᠨ ᠪᠤ᠂ | ᠦᠯᠵᠡᠶᠢᠳᠤ ᠭᠤᠸᠠᠢ ᠲᠠᠢ ᠤᠴᠠᠷᠠᠵᠤ ᠰᠤᠷᠠᠭ ᠲᠠᠯᠪᠢᠬᠤ ᠳᠤ ᠮᠠᠨ ᠤ ᠬᠦᠮᠦᠨ ︿︿ᠤᠯᠠᠭᠠᠨᠴᠠᠪ ᠤᠨ ᠨᠠᠮ ᠤᠨ | ᠰᠤᠷᠭᠠᠭᠤᠯᠢ ᠳᠤ ᠪᠠᠭᠰᠢᠯᠠᠵᠤ ᠪᠠᠶᠢᠭ᠎ᠠ ᠵᠤᠬᠢᠶᠠᠯᠴᠢ ᠴᠤᠭᠳᠦᠭᠡᠷᠡᠯ ᠪᠠᠶᠢᠬ᠎ᠠ﹀﹀ ᠬᠡᠮᠡᠨ ᠬᠡᠯᠡᠵᠤ ᠦᠭᠭᠦᠪᠡ᠂ | ᠲᠤᠬᠠᠢ ᠶᠢᠨ ᠦᠶ᠎ᠡ ᠳᠤ ᠬᠤᠯᠪᠤᠭ᠎ᠠ ᠪᠠᠷᠢᠬᠤ ᠳᠤ ᠲᠤᠶᠢᠯ ᠤᠨ ᠲᠦᠭᠦᠮ ᠦᠭᠡᠢ ᠪᠠᠶᠢᠭᠰᠡᠨ ᠪᠠ ᠪᠢ ᠨᠢᠭᠡᠨ | ᠰᠤᠷᠤᠭᠴᠢ ᠪᠠᠶᠢᠭᠰᠡᠨ ᠠᠴᠠ ᠴᠤᠭᠳᠤᠭᠡᠷᠡᠯ ᠪᠠᠭᠰᠢ ᠲᠠᠢ ᠬᠠᠷᠢᠴᠠᠵᠤ ᠴᠢᠳᠠᠭ᠎ᠠ ᠦᠭᠡᠢ ᠶᠠᠪᠤᠯ᠎ᠠ᠂ ᠠᠯᠢ ᠰᠡᠭᠦᠯ ᠳᠤ | ᠨᠢ ᠠᠷᠪᠠᠭᠠᠳ ᠵᠢᠯ ᠦᠡᠭᠭᠡᠷᠡᠭᠡᠳ ᠪᠤ᠂ ᠦᠯᠵᠡᠶᠢᠳᠤ ᠶᠢᠨ ᠨᠤᠮ ᠤᠨ ᠨᠠᠶᠢᠷ ᠲᠤ ᠤᠯᠠᠭᠠᠨᠴᠠᠪ ᠠᠶᠢᠮᠠᠭ ᠠᠴᠠ | ᠵᠤᠬᠢᠶᠠᠯᠴᠢ ᠮᠠᠨᠳᠤᠮᠤᠢ ᠪᠠᠭᠰᠢ᠂ ᠴᠤᠭᠳᠤᠭᠡᠷᠡᠯ ᠭᠤᠸᠠᠢ ᠬᠤᠶᠠᠭᠤᠯᠠ ᠢᠷᠡᠬᠦ ᠪᠠᠷ ᠨᠢ ᠰᠠᠶ᠋ᠢ ᠰᠠᠶᠢᠬᠠᠨ ᠲᠠᠨᠢᠯᠴᠠᠵᠤ᠂ | ᠰᠡᠳᠬᠢᠯ ᠵᠢᠷᠦᠬᠡ ᠪᠠᠨ ᠠᠭᠤᠳᠠᠯᠴᠠᠵᠤ᠂ ᠰᠠᠷᠬᠤᠳ ᠬᠡᠮᠨᠠᠵᠤ ᠶᠤᠰᠤᠯᠠᠭᠰᠡᠨ ᠶᠤᠮ ᠳ᠋ᠠ᠂ ᠬᠦᠨᠳᠤᠳᠤ ᠴᠤᠭᠳᠤᠭᠡᠷᠡᠯ | ᠪᠠᠭᠰᠢ ᠮᠢᠨᠢ᠂ ᠪᠢᠳᠡᠨ ᠬᠤᠶᠠᠷ ᠢ ᠰᠡᠳᠬᠢᠯ ᠢᠶᠠᠷ ᠬᠤᠯᠪᠤᠭᠰᠡᠨ ᠨᠢ︿︿ᠬᠤᠨ ᠭᠠᠯᠠᠭᠤ﹀﹀ ᠶᠤᠮ ᠡ᠂ ᠪᠠᠳᠤ | ᠢᠳᠡᠭᠡᠯ᠂ ᠨᠠᠶᠢᠷ ᠵᠢᠷᠦᠮ ᠢ ᠪᠠᠷᠢᠯᠳᠤᠭᠤᠯᠤᠭᠰᠡᠨ ᠨᠢ ᠪᠠᠰᠠᠯᠠ ᠮᠤᠩᠭᠤᠯ ᠰᠤᠶᠤᠯ ᠤᠨ︿︿ᠬᠤᠨ ᠭᠠᠯᠠᠭᠤ﹀﹀ ᠶᠤᠮ | ᠡ︕ | 1992 ᠤᠨ ᠤ 7 ᠳ᠋ᠤᠭᠠᠷ ᠬᠤᠭᠤᠴᠠᠭ᠎ᠠ ᠶᠢᠨ ︿︿ᠬᠤᠨ ᠭᠠᠯᠠᠭᠤ﹀﹀ ᠰᠡᠳᠬᠦᠯ ᠳᠤ ᠨᠡᠶᠢᠳᠡᠯᠡᠭᠰᠡᠨ | ᠮᠢᠨᠤ ︿︿ᠬᠠᠶᠢᠷ᠎ᠠ ᠮᠦᠡᠭᠬᠡᠷᠡᠬᠦ ᠠᠳᠤᠭᠤᠨ ᠴᠢᠯᠠᠭᠤᠳᠤ﹀﹀ ᠭᠡᠰᠡᠨ ᠤᠶᠠᠩᠭ᠎ᠠ ᠦᠭᠦᠯᠡᠯᠭᠡ ᠮᠢᠨᠢ ᠬᠤᠷᠢᠨ ᠵᠢᠯ ᠤᠨ | ᠲᠠᠷᠠᠭ᠎ᠠ 2012 ᠤᠨ ᠳᠤ ᠤᠯᠠᠭᠠᠨᠬᠠᠳᠠ ᠶᠢᠨ ᠷᠠᠳᠢᠤ᠋ ᠶᠢᠨ ︿︿ ᠤᠶᠠᠩᠭ᠎ᠠ ᠪᠠᠷ ᠰᠦᠯᠡᠭᠰᠡᠨ ᠦᠷᠯᠦᠭᠡ ᠶᠢᠨ ᠴᠠᠢ﹀ | ﹀ ᠲᠡᠭᠡᠷ᠎ᠡ ᠨᠡᠪᠳᠡᠷᠡᠭᠦᠯᠦᠭᠴᠢ ᠶᠢᠨ ᠤᠶᠠᠬᠠᠨ ᠲᠤᠩᠭᠠᠯᠠᠭ ᠬᠤᠭᠤᠯᠠᠢ ᠪᠠᠷ᠂ ᠠᠭᠠᠷ ᠤᠨ ᠴᠡᠩᠭᠡᠷ ᠲᠤᠯᠬᠢᠶᠠᠨ ᠢᠶᠠᠷ | ᠰᠠᠴᠤᠭᠳᠡᠵᠤ᠂ ᠠᠷᠠᠳ ᠤᠯᠠᠨ ᠤ ᠠᠯᠳᠠᠨ ᠰᠤᠨᠤᠷ ᠲᠤ ᠬᠦᠷᠦᠭᠰᠡᠨ ᠶᠤᠮ᠃ | ︿︿ᠬᠤᠨ ᠭᠠᠯᠠᠭᠤ﹀﹀ ᠮᠢᠨᠢ᠂ ᠲᠡᠭᠷᠢ ᠶᠢᠨ ᠴᠡᠭᠡᠯ ᠢᠶᠠᠷ ᠲᠡᠪᠳᠡᠷᠡᠩᠬᠡᠨ ᠨᠢᠰᠦᠭᠡᠷᠡᠢ᠃ | ᠬᠤᠤᠰ ᠦᠭᠡᠢ ᠠᠷᠢᠭᠤᠨ ᠮᠤᠩᠭᠤᠯ ᠰᠤᠶᠤᠯ ᠢᠶᠠᠨ | ᠬᠤᠷᠸ᠎ᠠ ᠶᠢᠨ ᠦᠷᠦᠴᠡᠨᠡ ᠬᠠᠨᠭ᠍ᠬᠢᠨᠠᠭᠤᠯᠵᠤ ᠶᠠᠪᠤᠭᠠᠷᠠᠢ᠂ | ᠬᠠᠨ ᠲᠡᠭᠷᠢ ᠳᠤ ᠲᠠᠭᠤᠷᠢᠰᠬᠠᠭᠤᠯᠵᠤ ᠪᠠᠶᠢᠭᠠᠷᠠᠢ᠃ | ︿︿ᠬᠤᠨ ᠭᠠᠯᠠᠭᠤ﹀﹀ ᠳᠠᠭᠠᠨ ᠪᠢ ᠬᠠᠶᠢᠷᠠᠳᠠᠢ᠃ | | | | |