︽ᠰᠠᠷᠠᠯ︾ ᠬᠢᠭᠡᠳ ︽ᠰᠠᠭᠠᠷᠠᠯ︾ ᠤᠨ ᠳᠣᠬᠠᠢ
ᠨᠡᠶᠢᠲᠡᠯᠡᠭᠰᠡᠨ ᠴᠠᠭ᠄
2019/3/18
                               — ᠪᠤᠷᠵᠢᠬᠢᠨ ᠴᠠᠭᠠᠨᠪᠠᠭᠠᠲᠣᠷ           ᠵᠠᠰᠠᠨ ᠨᠠᠶᠢᠷᠠᠭᠤᠯᠬᠤ ᠭᠡᠵᠣ ᠪᠠᠶᠢᠭ᠎ᠠ ︽ᠮᠣᠩᠭᠤᠯ ᠵᠦᠪ ᠪᠢᠴᠢᠯᠭᠡ ᠶᠢᠨ ᠳᠣᠯᠢ︾ ᠳᠤ ᠬᠡᠳᠦᠨ ᠶᠠᠩᠵᠣ  ᠪᠠᠷ ᠪᠢᠴᠢᠭᠳᠡᠵᠣ ᠪᠠᠶᠢᠭᠰᠠᠨ ᠦᠰᠦᠭ ᠪᠣᠶᠣ ᠣᠣᠯ ᠨᠢ ᠳᠠᠰᠢᠶ᠎ᠠ ᠪᠢᠴᠢᠭᠳᠡᠵᠣ ᠪᠠᠶᠢᠭᠰᠠᠨ ᠦᠰᠦᠭ ᠢ ᠵᠠᠰᠠᠵᠣ ᠳᠦᠷᠢᠮᠵᠢᠬᠦᠯᠬᠦ ᠁ ᠭᠡᠳ ᠬᠤᠶᠠᠷ ᠮᠢᠩᠭ᠎ᠠ ᠣᠷᠴᠢᠮ ᠦᠰᠦᠭ ᠳᠦᠷᠮᠵᠢᠬᠦᠯᠬᠦ ᠬᠠᠷᠢᠶᠠᠨ ᠳᠤ ᠣᠷᠣᠭᠰᠠᠨ ᠪᠠᠶᠢᠨ᠎ᠠ᠃ ᠭᠡᠬᠦ ᠳᠤ ᠪᠠᠨ ᠡᠭᠦᠨ ᠤ ᠪᠠᠨ ᠳᠣᠬᠠᠢ ᠰᠠᠨᠠᠯ ᠵᠦᠪᠯᠡᠯᠭᠡ ᠶᠢ ᠦᠷᠭᠡᠨ ᠢᠶᠠᠷ ᠬᠤᠷᠢᠶᠠᠬᠤ ᠭᠡᠵᠣ ᠮᠣᠩᠭᠤᠯ ᠬᠡᠯᠡ ᠪᠢᠴᠢᠭ ᠤᠨ ᠠᠵᠢᠯ ᠤᠨ ᠬᠠᠮᠢᠶᠠᠳᠠᠨ ᠳᠣᠰᠢᠶᠠᠯᠳᠠᠨ ᠪᠣᠯᠣᠨ ᠡᠷᠳᠡᠮᠳᠡᠨ ᠮᠡᠷᠭᠡᠳ ᠦᠨᠳᠦᠰᠦᠨ ᠱᠠᠳᠣᠨ ᠪᠠᠭᠤᠵᠣ ᠠᠵᠢᠯ ᠢᠶᠠᠨ ᠡᠷᠴᠢᠮᠳᠡᠢ ᠬᠢᠵᠡᠭᠡᠵᠣ ᠪᠣᠢ᠃ ᠡᠭᠦᠨ ᠤ ᠳᠣᠬᠠᠢ ᠮᠠᠨ ᠤ ᠬᠤᠰᠢᠭᠤᠨ ᠳᠤ ᠴᠦ ᠳᠣᠰᠬᠠᠢ ᠬᠤᠷᠠᠯ ᠬᠢᠵᠣ ᠰᠠᠨᠠᠯ ᠬᠤᠷᠢᠶᠠᠪᠠ᠃ ᠳᠣᠰ ᠬᠤᠷᠠᠯ ᠳᠤ ᠪᠢ ︽ᠰᠠᠷᠠᠯ︾ ᠬᠢᠭᠡᠳ ︽ᠰᠠᠭᠠᠷᠠᠯ︾ ᠤᠨ ᠳᠣᠬᠠᠢ ᠰᠠᠨᠠᠯ ᠢᠶᠠᠨ ᠳᠡᠪᠰᠢᠭᠦᠯᠦᠭᠰᠡᠨ ᠶᠣᠮ᠃ ᠡᠬᠦᠨ ᠢᠶᠠᠨ ᠦᠰᠦᠭ ᠪᠢᠴᠢᠭ ᠢᠶᠠᠷ ᠢᠯᠡᠳᠬᠡᠨ ᠮᠡᠳᠡᠭᠦᠯᠬᠦ ᠶᠢ ᠬᠢᠴᠢᠶᠡᠯ᠎ᠡ᠃         ᠮᠣᠩᠭᠤᠯᠴᠣᠳ ᠪᠢᠳᠡ ᠦᠨᠢ ᠡᠷᠳᠡᠨ ᠠᠴᠠ ᠦᠰᠦᠭ ᠪᠢᠴᠢᠭ ᠤᠨ ᠰᠣᠶᠣᠯ ᠲᠠᠢ ᠠᠷᠠᠳ ᠳᠦᠮᠡᠨ ᠪᠢᠯᠡ᠃ ᠨᠣᠮ ᠪᠢᠴᠢᠭ ᠢ ᠳᠡᠭᠡᠳᠦᠯᠡᠵᠣ ᠳᠠᠬᠢᠳᠠᠭ ᠨᠢ ᠨᠣᠮ ᠳᠤ ᠪᠢᠴᠢᠭᠳᠡᠭᠰᠡᠨ ᠳᠡᠷᠡ ᠭᠡᠭᠡᠨ ᠣᠶᠣᠨ ᠣᠬᠠᠭᠠᠨ ᠢ ᠪᠢᠰᠢᠷᠡᠨ ᠰᠢᠳᠦᠳᠡᠭ ᠠᠴᠠ ᠪᠣᠯᠣᠭᠰᠠᠨ ᠪᠠᠶᠢᠭ᠎ᠠ᠃ ᠬᠤᠷᠸ᠎ᠠ ᠶᠢᠷᠳᠢᠨᠴᠣ ᠳᠤ ᠭᠠᠭᠴᠠ ᠣᠶᠣᠨ ᠣᠬᠠᠭᠠᠨ ᠯᠠ ᠮᠦᠩᠬᠡ ᠣᠷᠣᠰᠢᠳᠠᠭ᠃ ᠣᠶᠣᠨ ᠣᠬᠠᠭᠠᠨ ᠨᠢ ᠦᠰᠦᠭ ᠪᠢᠴᠢᠭ ᠢᠶᠠᠷ ᠳᠠᠮᠵᠢᠭᠳᠠᠨ ᠦᠯᠡᠳᠡᠳᠡᠭ ᠪᠠᠶᠢᠨ᠎ᠠ᠃ ᠬᠦᠮᠦᠨ ᠳᠦᠷᠦᠯᠬᠢᠳᠡᠨ ᠤ ᠠᠮᠢᠳᠣᠷᠠᠨ ᠣᠷᠣᠰᠢᠵᠣ ᠪᠠᠶᠢᠭ᠎ᠠ ᠨᠢ ᠡᠮᠦᠨᠡᠬᠢ ᠦᠶ᠎ᠡ ᠶᠢᠨ ᠬᠦᠮᠦᠨ ᠤ ᠦᠯᠡᠳᠡᠭᠡᠭᠰᠡᠨ ᠣᠶᠣᠨ ᠣᠬᠠᠭᠠᠨ ᠤ ᠭᠡᠷᠡᠯ ᠭᠢᠯᠪᠠᠭ᠎ᠠ ᠶᠢ ᠨᠡᠩ ᠢᠯᠡᠭᠦᠦ ᠪᠠᠳᠠᠷᠠᠭᠠᠬᠤ ᠶᠢᠨ ᠳᠦᠯᠦᠭᠡ ᠶᠣᠮ᠃ ᠳᠡᠶᠢᠮᠣ ᠪᠣᠯᠬᠤᠷ ᠦᠰᠦᠭ ᠪᠢᠴᠢᠭ ᠢ ᠵᠦᠪ ᠰᠠᠶᠢᠬᠠᠨ ᠪᠢᠴᠢᠵᠣ ᠣᠯᠠᠮᠵᠢᠯᠠᠬᠤ ᠪᠣᠯ ᠪᠢᠳᠡ ᠪᠦᠬᠦᠨ ᠤ ᠳᠠᠷᠬᠠᠨ ᠡᠭᠦᠷᠭᠡ ᠬᠠᠷᠢᠭᠤᠴᠠᠯᠭ᠎ᠠ ᠶᠣᠮ᠃ ᠦᠭᠡᠨ ᠤ ᠰᠠᠨᠠᠭ᠎ᠠ ᠦᠰᠦᠭ ᠢᠶᠠᠷ ᠢᠯᠡᠷᠡᠳᠡᠭ ᠶᠣᠮ ᠪᠢᠯᠡ᠃ ᠦᠭᠡᠨ ᠳᠤ ᠰᠢᠩᠭᠡᠭᠰᠡᠨ ᠣᠳᠬ᠎ᠠ ᠦᠰᠦᠭ ᠲᠤ ᠰᠢᠩᠭᠡᠳᠡᠭ᠃ ︽ᠦᠭᠡᠨ ᠳᠤ ᠨᠢᠭᠡ ᠣᠳᠬ᠎ᠠ ᠪᠣᠢ᠂ ᠦᠬᠡᠷ ᠲᠤ ᠨᠢᠭᠡ ᠭᠢᠸᠠᠩ ᠪᠣᠢ︾ ᠭᠡᠳᠡᠭ ᠲᠤ ᠳᠡᠷᠡ ᠡᠷᠳᠡᠨᠢᠳᠣ ᠣᠳᠬ᠎ᠠ ᠶᠢ ᠨᠢ ᠭᠡᠯᠡᠭᠡᠳ ᠪᠠᠶᠢᠭᠰᠠᠨ ᠪᠣᠰᠣ ᠦᠦ︖ ᠪᠢᠳᠡᠨ ᠤ ᠠᠷᠠᠳ ᠳᠦᠮᠡᠨ ᠳᠡᠷᠡ ᠦᠰᠦᠭ ᠪᠢᠴᠢᠭ ᠲᠤ ᠪᠠᠨ ᠰᠢᠳᠢ ᠶᠢᠨ ᠣᠳᠬ᠎ᠠ ᠶᠢ ᠦᠯᠡᠳᠡᠭᠡᠬᠦ ᠭᠡᠵᠣ ᠬᠢᠴᠢᠶᠡᠨ ᠵᠢᠳᠬᠦᠭᠰᠡᠨ ᠶᠣᠮ᠃ ᠶᠡᠷᠦ ᠠᠴᠠ ᠮᠠᠭᠤ ᠮᠠᠭᠤᠬᠠᠢ ᠠᠴᠠ ᠵᠠᠶᠢᠯᠠᠭᠤᠯᠣᠨ ᠰᠠᠶᠢᠨ ᠰᠠᠶᠢᠬᠠᠨ ᠳᠤ ᠳᠡᠮᠡᠦᠯᠦᠭᠰᠡᠨ ᠳᠡᠷᠡ ᠣᠴᠢᠷ ᠪᠡᠯᠭᠡ ᠶᠢ ᠦᠰᠦᠭ ᠪᠢᠴᠢᠭ ᠲᠤ  ᠪᠠᠨ ᠰᠢᠩᠭᠡᠭᠡᠭᠰᠡᠨ ᠨᠢ ᠭᠠᠶᠢᠬᠠᠮᠰᠢᠭᠳᠠᠢ ᠶᠣᠮ᠃       ᠠᠳᠡ ᠨᠢᠭᠡ ᠬᠡᠳᠦᠨ ᠵᠢᠱᠢᠶ᠎ᠡ ᠶᠠᠷᠢᠬᠤ ᠳᠤ᠄  ᠠᠷᠤᠭ ᠰᠠᠪᠠᠷ ᠤᠨ ᠠᠷᠤᠭ ᠢ ︽ᠠᠷᠠᠭ︾ ︵ᠠᠷᠠᠭ ᠶᠠᠰᠣ︶ ᠠᠴᠠ ᠵᠠᠶᠢᠯᠠᠭᠤᠯᠵᠣ᠂ ︽ᠠᠷᠭ᠎ᠠ︾ ︵ᠠᠷᠭ᠎ᠠ ᠣᠬᠠᠭᠠᠨ︶ ᠠᠴᠠ ᠢᠯᠭᠠᠵᠣ ᠪᠢᠴᠢᠭᠰᠡᠨ ᠨᠢ ᠠᠷᠣ ᠳᠤ ᠪᠠᠨ ᠡᠭᠦᠷᠳᠡᠭ ᠭᠡᠰᠡᠨ ᠰᠠᠨᠠᠭ᠎ᠠ ᠶᠢ ᠴᠦ ᠠᠯᠳᠠᠭᠤᠯᠣᠯ ᠦᠭᠡᠢ ᠪᠠᠶᠢᠯᠭᠠᠵᠣ ᠴᠢᠳᠠᠭᠰᠠᠨ ᠶᠣᠮ᠃ ᠦᠨᠡᠨ ᠳᠤ ᠪᠠᠨ ︽ᠠᠷᠤᠭ︾ ᠭᠡᠳᠡᠭ ᠴᠢᠨᠢ ︽ᠠᠷᠣ ᠡᠭᠦᠷᠭᠡ︾ ᠭᠡᠳᠡᠭ ᠠᠴᠠ ᠣᠯᠠᠷᠢᠵᠤ ᠢᠷᠡᠭᠰᠡᠨ ᠪᠠᠶᠢᠯᠭᠦᠢ᠃ ︽ᠦᠭ︾ ᠭᠡᠳᠡᠭ ᠦᠭᠡᠨ ᠤ ᠳᠠᠷᠠᠭ᠎ᠠ ︽‍ᠨ᠎ᠡ︾ ᠶᠢ ᠵᠠᠯᠭᠠᠬᠤ ᠳᠤ ︽ᠦᠭᠭᠦᠨ᠎ᠡ︾ ᠭᠡᠵᠣ ᠪᠢᠴᠢᠬᠦ ᠣᠨᠴᠠᠭᠠᠢ ᠳᠦᠷᠢᠮ ᠢ ᠬᠦᠷᠳᠡᠯ᠎ᠡ ᠳᠣᠭᠳᠠᠭᠠᠭᠰᠠᠨ ᠨᠢ ︽ᠦᠬᠦᠨ᠎ᠡ︾ ᠭᠡᠳᠡᠭ ᠮᠠᠭᠤ ᠠᠴᠠ ᠵᠠᠶᠢᠯᠠᠭᠤᠯᠬᠤ ᠶᠢᠨ ᠰᠠᠨᠠᠭ᠎ᠠ ᠠᠴᠠ ᠡᠭᠦᠰᠦᠭᠰᠡᠨ ᠪᠣᠰᠣ ᠦᠦ ᠃ ᠬᠦᠮᠦᠨ ᠤ ᠨᠡᠷ᠎ᠡ ᠶᠢ ᠪᠢᠴᠢᠬᠦ ᠳᠤ ᠡᠨᠡ ᠳᠠᠯ᠎ᠠ ᠪᠠᠷ ᠬᠢᠴᠢᠶᠡᠳᠡᠭ ᠪᠠᠶᠢᠭᠰᠠᠨ᠃ ᠵᠢᠱᠢᠶᠡᠯᠡᠪᠡᠯ᠄ ︽ᠮᠠᠭᠤ ᠨᠣᠬᠠᠢ︾ ᠭᠡᠰᠡᠨ ᠨᠡᠷ᠎ᠡ ᠶᠢ ︽ᠮᠣᠣᠨᠣᠬᠠᠢ︾ ᠭᠡᠬᠦ ᠮᠡᠳᠦ ᠪᠠᠷ ᠪᠢᠴᠢᠳᠡᠭ ᠨᠢ ᠦᠰᠦᠭ ᠪᠢᠴᠢᠭ ᠢᠶᠠᠷ ᠢᠶᠠᠨ ᠳᠡᠷᠡ ᠮᠠᠭᠤ ᠠᠴᠠ ᠵᠠᠶᠢᠯᠠᠭᠤᠯᠵᠣ ᠪᠠᠶᠢᠳᠠᠭ᠃ ᠦᠰᠦᠭ ᠪᠢᠴᠢᠭ ᠤᠨ ᠣᠳᠬ᠎ᠠ ᠨᠢ ᠬᠠᠷ᠎ᠠ ᠪᠣᠷᠣ ᠶᠠᠷᠢᠶᠠᠨ ᠠᠴᠠ ᠪᠠᠨ ᠳᠡᠭᠡᠭᠦᠷ ᠪᠠᠶᠢᠳᠠᠭ  ᠢ ᠡᠷᠬᠢᠮᠯᠡᠳᠡᠭ ᠶᠣᠰᠣᠨ ᠳᠡᠷᠡ ᠪᠢᠯᠡ᠃ ᠳᠡᠭᠡᠪᠡᠯ ᠪᠢ ᠠᠳᠡ ᠭᠤᠣᠯ ᠶᠠᠷᠢᠬᠤ ᠭᠡᠵᠣ ᠪᠠᠶᠢᠭ᠎ᠠ ︽ᠰᠠᠷᠠᠯ︾ ᠬᠢᠭᠡᠳ ︽ᠰᠠᠭᠠᠷᠠᠯ︾ ᠤᠨ ᠳᠣᠬᠠᠢ ᠦᠭᠦᠯᠡᠰᠦ᠃         ᠦᠨᠦᠳᠦᠷ ᠤᠨ ᠳᠦᠷᠢᠮᠵᠢᠬᠦᠯᠵᠣ ᠪᠠᠶᠢᠭ᠎ᠠ ᠦᠰᠦᠭ ᠤᠨ ᠳᠣᠳᠣᠷ᠎ᠠ ︽ᠰᠠᠷᠠᠯ︾ ᠭᠡᠳᠡᠭ ᠦᠰᠦᠭ ᠢ ︽ᠰᠠᠭᠠᠷᠠᠯ︾ ᠭᠡᠵᠣ ᠪᠢᠴᠢᠭᠡᠳ ᠣᠷᠣᠭᠤᠯᠣᠭᠰᠠᠨ ᠢ ᠨᠢ ᠪᠢ ᠶᠡᠬᠡᠳᠡ ᠭᠠᠶᠢᠬᠠᠳᠠᠭ᠃ ᠦᠨᠳᠦᠰᠦᠯᠡᠯ ᠪᠣᠯᠭᠠᠵᠣ ᠪᠠᠶᠢᠭ᠎ᠠ ᠳᠣᠯᠢ ᠪᠢᠴᠢᠭ ᠨᠦᠭᠦᠳ ᠤᠨ ᠳᠣᠳᠣᠷ᠎ᠠ ᠱᠠᠭᠵᠠ ᠨᠠᠷ ᠤᠨ ᠳᠣᠯᠢ ᠪᠢᠴᠢᠭ ᠲᠤ ᠪᠦᠷ ︽ᠰᠠᠷᠠᠯ︾ ᠭᠡᠵᠣ ᠪᠢᠴᠢᠵᠣ ᠪᠠᠶᠢᠭᠰᠠᠨ ᠢ ᠰᠡᠬᠦᠯᠴᠢ ᠶᠢᠨ ᠦᠶ᠎ᠡ ᠶᠢᠨ ᠳᠣᠯᠢ ᠨᠤᠭᠤᠳ ᠲᠤ ︽ᠰᠠᠭᠠᠷᠠᠯ︾ ᠭᠡᠵᠣ ᠪᠢᠴᠢᠬᠦ ᠶᠢ ᠵᠦᠪ ᠪᠣᠯᠭᠠᠨ ᠦᠵᠡᠵᠡᠢ᠃ ᠦᠩᠭᠡᠷᠡᠭᠰᠡᠨ ᠤ ᠣᠯᠠᠩᠬᠢ ᠨᠣᠮ ᠵᠣᠬᠢᠶᠠᠯ ᠳᠤ ︽ᠰᠠᠷᠠᠯ︾ ᠭᠡᠵᠣ ᠪᠢᠴᠢᠭᠳᠡᠭᠰᠡᠭᠡᠷ ᠢᠷᠡᠭᠰᠡᠨ ᠳᠡᠦᠬᠡ ᠲᠠᠢ ᠪᠣᠯᠬᠤᠷ ᠳᠡᠬᠦᠨ ᠳᠤ ᠨᠢ ᠶᠡᠬᠡᠯ᠎ᠡ ᠳᠠᠰᠣᠯ ᠪᠣᠯᠵᠣ ᠳᠡᠭᠦᠨ ᠤ ᠬᠢ ᠨᠢ ᠪᠣᠷᠣᠭᠤ ᠵᠦᠪ ᠤᠨ ᠳᠣᠬᠠᠢ ᠨᠢ ᠪᠢ ᠳᠡᠮᠡᠢ ᠰᠠᠨᠠᠭᠠᠰᠢᠷᠠᠭᠰᠠᠨ ᠦᠭᠡᠢ ᠶᠠᠪᠣᠯ᠎ᠠ᠃ ᠬᠠᠷᠢᠨ ︽ᠰᠠᠭᠠᠷᠠᠯ︾ ᠭᠡᠵᠣ ᠪᠢᠴᠢᠬᠦ ᠪᠣᠯᠣᠭᠰᠠᠨ ᠠᠴᠠ ᠨᠠᠭᠠᠰᠢ ᠰᠡᠳᠬᠢᠯ ᠳᠤ ᠶᠡᠭᠡ ᠡᠪ ᠬᠠᠪᠤ ᠦᠭᠡᠢ ᠪᠣᠯᠣᠭᠠᠳ ᠶᠠᠪᠣᠴᠢᠬᠠᠯ᠎ᠠ᠃ ᠮᠢᠨᠣ ᠬᠤᠪᠢ ᠬᠦᠮᠦᠨ ᠤ ᠣᠶᠢᠯᠠᠭᠠᠬᠤ ᠪᠠᠷ ︽ᠰᠠᠭᠠᠷᠠᠯ ᠮᠣᠷᠢ︾ ᠭᠡᠪᠡᠯ ︽ᠰᠠᠭᠠᠷᠮᠠᠭ ᠮᠣᠷᠢ︾ ᠶᠢ ᠬᠡᠯᠡᠵᠣ ᠪᠠᠶᠢᠨ᠎ᠠ ᠬᠡᠮᠡᠨ ᠪᠣᠳᠣᠬᠤ ᠶᠣᠮ᠃ ᠴᠢᠨᠠᠭᠰᠢᠯᠠᠭᠠᠳ ᠳᠡᠷᠡ ᠨᠢ ᠦᠨᠦ ᠡᠯᠵᠢᠭᠡ ᠮᠣᠷᠢ ᠬᠤᠶᠠᠷ ᠤᠨ ᠳᠣᠮᠳᠠ ᠠᠴᠠ ᠭᠠᠷᠣᠭᠰᠠᠨ ᠯᠠᠭᠤᠰᠠ ᠶᠢ ᠬᠡᠯᠡᠳᠡᠭ ᠪᠠᠶᠢᠬ᠎ᠠ ᠭᠡᠵᠣ ᠴᠦ ᠪᠣᠳᠣᠳᠠᠭ᠃ ᠶᠡᠷᠦ ᠠᠴᠠ ᠪᠠᠨ ᠮᠣᠷᠢᠨ ᠤ ᠵᠢᠰᠣᠮ ᠢᠶᠠᠷ ᠣᠶᠢᠯᠠᠭᠠᠭᠳᠠᠳᠠᠭ ᠦᠭᠡᠢ᠃ ᠬᠦᠯᠦᠭ ᠤᠨ ᠨᠢᠷᠣᠭᠤᠨ ᠳᠡᠭᠡᠷ᠎ᠡ ᠳᠡᠦᠬᠡ ᠶᠢᠨ ᠣᠷᠳᠣ ᠠᠶᠠᠨ ᠢ ᠳᠣᠭᠤᠯᠣᠭᠠᠳ ᠢᠷᠡᠭᠰᠡᠨ ᠡᠨᠡ ᠣᠭᠰᠠᠭ᠎ᠠ ᠦᠨᠳᠦᠰᠦᠳᠡᠨ ᠬᠦᠯᠦᠭ ᠮᠣᠷᠢ  ᠪᠠᠨ ᠮᠠᠰᠢ ᠳᠡᠭᠡᠳᠦᠯᠡᠳᠡᠭ᠃ ᠶᠠᠳᠠᠵᠣ ᠮᠠᠭᠤᠳᠠᠭᠰᠠᠨ ᠶᠠᠰᠣᠨ ᠬᠡᠯᠬᠢᠶ᠎ᠡ ᠪᠣᠯᠣᠭᠰᠠᠨ ᠮᠣᠷᠢ ᠶᠢ ᠴᠦ ᠰᠠᠭᠠᠷᠮᠠᠭ ᠮᠣᠷᠢ  ᠪᠠᠷ ᠦᠵᠡᠳᠡᠭ ᠦᠭᠡᠢ᠃ ᠳᠡᠭᠡᠪᠡᠯ ᠣᠣᠯ ᠤᠨ ᠪᠢᠴᠢᠭᠳᠡᠵᠣ ᠪᠠᠶᠢᠭᠰᠠᠨ ︽ᠰᠠᠷᠠᠯ︾ ᠨᠢ ︽ᠪᠣᠭᠤᠷᠣᠯ︾ ᠭᠡᠳᠡᠭ ᠦᠭᠡ ᠲᠠᠢ ︽ᠪᠣᠭᠤᠷᠣᠯ ᠰᠠᠷᠠᠯ︾ ᠭᠡᠳ ᠬᠤᠯᠪᠣᠭ᠎ᠠ ᠬᠤᠷᠰᠢᠶ᠎ᠠ ᠦᠭᠡ ᠪᠠᠷ ᠵᠠᠷᠣᠭᠳᠠᠳᠠᠭ ᠯᠠ ᠳ᠋ᠠ᠃ ᠳᠡᠭᠡᠪᠡᠯ ᠪᠣᠭᠤᠷᠣᠯ ᠰᠠᠷᠠᠯ ᠦᠩᠭᠡ ᠪᠣᠯ ᠶᠡᠭᠡ ᠣᠶᠢᠷᠠᠯᠴᠠᠭ᠎ᠠ ᠦᠩᠭᠡ ᠪᠠᠶᠢᠨ᠎ᠠ᠃ ᠮᠣᠷᠢᠨ ᠤ ᠵᠢᠰᠣᠮ ᠳᠤ ᠴᠠᠭᠠᠨ ᠰᠠᠷᠠᠯ᠂ ᠪᠣᠷᠣ ᠰᠠᠷᠠᠯ᠂ ᠬᠠᠷ᠎ᠠ ᠰᠠᠷᠠᠯ ᠁ ᠭᠡᠳ ᠵᠠᠷᠣᠭᠳᠠᠳᠠᠭ᠃ ︽ᠪᠣᠭᠤᠷᠣᠯ︾ ᠳᠤ ᠣᠷᠤᠭ ᠪᠣᠭᠤᠷᠣᠯ᠂ ᠣᠯᠠᠭᠠᠨ ᠪᠣᠭᠤᠷᠣᠯ᠂ ᠬᠦᠭᠡ ᠪᠣᠭᠤᠷᠣᠯ ᠁ ᠭᠡᠳ ᠪᠠᠶᠢᠳᠠᠭ ᠪᠢᠯᠡ᠃ ︽ᠭᠡᠵᠢᠭᠡ ᠨᠢ ᠪᠣᠭᠤᠷᠣᠯᠳᠣᠵᠠᠢ︾ ᠭᠡᠪᠡᠯ ᠭᠡᠵᠢᠭᠡ  ᠨᠢ ᠴᠠᠶᠢᠭᠰᠠᠨ ᠪᠣᠶᠣ ᠬᠠᠷ᠎ᠠ ᠴᠠᠭᠠᠨ ᠭᠡᠵᠢᠭᠡ ᠬᠤᠯᠢᠯᠯᠳᠣᠭᠰᠠᠨ ᠪᠠᠶᠢᠳᠠᠯ ᠳᠤ ᠣᠷᠣᠭᠰᠠᠨ ᠢ ᠬᠡᠯᠡᠳᠡᠭ᠃ ︽ᠪᠣᠭᠤᠷᠣᠯ︾ ᠳᠤ ᠮᠦᠨ ᠦᠩᠭᠡ ᠨᠢ ᠪᠠᠭᠤᠷᠠᠵᠣ ᠵᠢᠰᠣ ᠨᠢ ᠪᠠᠭᠤᠷᠠᠵᠣ ᠬᠦᠴᠦ ᠨᠢ ᠪᠠᠭᠤᠷᠠᠵᠣ ᠭᠡᠰᠡᠨ ᠰᠠᠨᠠᠭ᠎ᠠ ᠠᠭᠤᠯᠣᠭᠳᠠᠵᠣ ᠪᠠᠶᠢᠭ᠎ᠠ ᠶᠣᠮ᠃ ᠳᠡᠭᠡᠪᠡᠯ ︽ᠪᠣᠭᠤᠷᠣᠯ︾ ᠭᠡᠳᠡᠭ ᠢ ᠶᠠᠭᠠᠬᠢᠭᠠᠳ ︽ᠪᠠᠭᠤᠷᠠᠯ ᠭᠡᠵᠣ ᠪᠢᠴᠢᠭᠰᠡᠨ ᠦᠭᠡᠢ ᠪᠣᠢ ᠭᠡᠪᠡᠯ ᠳᠡᠭᠡᠷ᠎ᠡ ᠦᠶ᠎ᠡ  ᠶᠢᠨ ᠪᠢᠴᠢᠭ ᠤᠨ ᠮᠡᠷᠭᠡᠳ ᠮᠠᠨᠢ ᠪᠠᠭᠤᠷᠠᠵᠣ ᠰᠠᠭᠠᠷᠠᠵᠣ ᠭᠡᠳᠡᠭ ᠮᠠᠭᠤᠬᠠᠢ ᠠᠴᠠ ᠵᠠᠶᠢᠯᠠᠭᠤᠯᠵᠣ ᠪᠢᠴᠢᠵᠣ ᠳᠣᠭᠳᠠᠭᠠᠭᠰᠠᠨ ᠣᠴᠢᠷᠳᠡᠢ ᠪᠢᠯᠡ ᠦᠦ᠃ ᠳᠡᠷᠡ ᠨᠢ ᠪᠣᠭᠤᠷᠣᠯ ᠨᠠᠰᠣᠳᠠᠨ ᠤ ᠪᠠᠨ ᠪᠣᠷᠬᠠᠨ ᠳᠦᠷᠢ ᠪᠣᠳᠣᠯᠭ᠎ᠠ ᠣᠬᠠᠭᠠᠨ ᠢ ᠳᠡᠭᠡᠳᠦᠯᠡᠭᠰᠡᠨ ᠰᠡᠳᠬᠢᠯᠭᠡ ᠶᠢ ᠰᠢᠩᠭᠡᠭᠡᠭᠰᠡᠨ ᠪᠢᠴᠢᠯᠭᠡ ᠪᠣᠯᠴᠢᠬᠠᠭᠰᠠᠨ ᠪᠠᠶᠢᠬᠤ ᠦᠭᠡᠢ ᠦᠦ᠃         ᠳᠡᠭᠡᠪᠡᠯ ︽ᠰᠠᠷᠠᠯ︾ ᠨᠢ ᠴᠠᠭᠠᠨ ᠦᠩᠭᠡᠨ ᠳᠤ ᠣᠶᠢᠷᠠᠬᠠᠨ ᠦᠩᠭᠡ ᠭᠡᠳᠡᠭ ᠢ ᠳᠡᠷᠡ ᠣᠯᠠᠨ ᠳᠣᠯᠢ ᠪᠢᠴᠢᠭ ᠲᠤ ᠳᠣᠳᠣᠷᠬᠠᠢ ᠳᠠᠶᠢᠯᠪᠣᠷᠢ ᠲᠠᠢ ᠪᠢᠯᠡ᠃ ᠭᠡᠪᠡᠴᠦ ︽ᠰᠠᠷᠠᠯ︾ ᠢ ︽ᠰᠠᠭᠠᠷᠠᠯ︾ ᠭᠡᠵᠣ ᠪᠢᠴᠢᠬᠦ ᠶᠣᠰᠣ ᠵᠦᠢ ᠶᠢᠨ ᠪᠠᠷᠢᠮᠳᠠ ᠶᠢ ᠨᠢ ᠳᠣᠳᠣ ᠦᠬᠦᠯᠡᠭᠰᠡᠨ ᠦᠭᠡᠢ ᠪᠠᠶᠢᠳᠠᠭ᠃ ᠠᠳᠡ ᠪᠢ ︽ᠰᠠᠭᠠᠷᠠᠯ︾ ᠢ ᠦᠭᠡ ᠶᠢᠨ ᠪᠦᠳᠦᠴᠡ ᠪᠠᠷ ᠵᠠᠳᠠᠯᠵᠣ ᠦᠵᠡᠶ᠎ᠡ᠃ ᠰᠠᠭᠠᠷᠠ + ‍ᠯ — ᠰᠠᠭᠠᠷᠠᠯ ᠬᠡᠮᠡᠨ ᠵᠠᠳᠠᠯᠣᠭᠳᠠᠨ᠎ᠠ᠃ ᠶᠠᠭᠠᠷᠠᠵᠣ ᠰᠠᠭᠠᠷᠠᠬᠤ  ᠶᠢᠨ ︽ᠰᠠᠭᠠᠷᠠ︾ ᠪᠣᠯ ᠭᠠᠷᠴᠠᠭ᠎ᠠ ᠦᠭᠡᠢ ᠦᠢᠯᠡ ᠦᠭᠡ ᠶᠣᠮ᠃ ︽ᠰᠠᠭᠠᠷᠠ︾ ᠭᠡᠳᠡᠭ ᠦᠢᠯᠡ ᠦᠭᠡᠨ ᠤ ᠳᠠᠷᠠᠭ᠎ᠠ ︽‍ᠯ︾ ᠳᠠᠭᠠᠪᠣᠷᠢ ᠶᠢ ᠵᠠᠯᠭᠠᠬᠤ ᠳᠤ ︽ᠰᠠᠭᠠᠷᠠᠯ︾ ᠭᠡᠳᠡᠭ ᠵᠢᠩᠬᠢᠨᠢ ᠨᠡᠷ᠎ᠡ ᠦᠭᠡ ᠡᠭᠦᠰᠳᠡᠭ᠃ ᠡᠭᠦᠨ  ᠲᠠᠢ ᠣᠶᠢᠷᠠᠯᠴᠠᠭ᠎ᠠ ᠬᠡᠳᠦᠨ ᠦᠭᠡ ᠪᠣᠢ᠃ ᠳᠠᠷᠣᠢ᠄ ︽ᠴᠠᠭᠠᠷᠠᠯ︾ ᠭᠡᠳᠡᠭ ᠨᠢ ᠴᠠᠭᠠᠨ + ᠷᠠ + ‍ᠯ — ᠴᠠᠭᠠᠷᠠᠯ ᠪᠣᠯᠬᠤ︔ ︽ᠭᠡᠭᠡᠷᠡᠯ︾ ᠭᠡᠳᠡᠭ ᠨᠢ ᠭᠡᠭᠡᠨ + ᠷᠠ + ‍ᠯ — ᠭᠡᠭᠡᠷᠡᠯ ᠪᠣᠯᠬᠤ︔ ︽ᠶᠠᠭᠠᠷᠠᠯ︾ ︵ᠶᠠᠭᠠᠷᠠᠵᠣ ᠰᠠᠨᠳᠣᠷᠬᠤ ᠶᠢᠨ︶ ᠭᠡᠳᠡᠭ ᠨᠢ ᠶᠠᠭᠠᠷᠠ + ‍ᠯ — ᠶᠠᠭᠠᠷᠠᠯ ᠪᠣᠯᠳᠠᠭ ᠨᠢ ᠪᠦᠷ ᠴᠦ ᠵᠢᠩᠬᠢᠨᠢ ᠨᠡᠷ᠎ᠡ ᠦᠭᠡ ᠪᠣᠯᠬᠤ  ᠠᠴᠠ ᠪᠢᠰᠢ ᠳᠡᠮᠳᠡᠭ ᠨᠡᠷ᠎ᠡ ᠪᠣᠯᠬᠤ ᠦᠭᠡᠢ ᠶᠣᠮ᠃ ︽‍ᠯ︾ ᠳᠠᠭᠠᠪᠣᠷᠢ ᠨᠢ ᠳᠡᠮᠳᠡᠭ ᠦᠭᠡ ᠡᠭᠦᠰᠭᠡᠬᠦ ᠳᠣᠬᠢᠶᠠᠯᠳᠣᠯ ᠴᠦ ᠪᠣᠢ᠃ ︽ᠰᠢᠷᠭᠠᠯ︾ ᠭᠡᠳᠡᠭ ᠦᠭᠡ ᠨᠢ ᠰᠢᠷᠭ᠎ᠠ + ‍ᠯ — ᠰᠢᠷᠭᠠᠯ ᠭᠡᠵᠣ ᠳᠡᠮᠳᠡᠭ ᠨᠡᠷ᠎ᠡ ᠦᠭᠡ ᠪᠣᠯᠳᠠᠭ᠃ ᠡᠨᠡ ᠨᠢ ᠳᠡᠮᠳᠡᠭ ᠦᠭᠡ ᠠᠴᠠ ᠳᠡᠮᠳᠡᠭ ᠦᠭᠡ ᠡᠭᠦᠰᠦᠭᠰᠡᠨ ᠳᠡᠳᠦᠢ ᠶᠣᠮ᠃ ᠬᠠᠷᠢᠨ ︽ᠰᠠᠭᠠᠷᠠ︾ ᠭᠡᠳᠡᠭ ᠠᠴᠠ ︽ᠰᠠᠭᠠᠷᠠᠯ︾ ᠭᠡᠳᠡᠭ ᠦᠭᠡ ᠪᠦᠳᠦᠭᠰᠡᠨ ᠲᠠᠢ ᠠᠳᠠᠯᠢ ᠦᠭᠡᠢ ᠶᠣᠮ᠃ ︽ᠰᠠᠷᠠᠯ︾ ᠢ ︽ᠰᠠᠭᠠᠷᠠᠯ︾ ᠭᠡᠵᠣ ᠪᠢᠴᠢᠬᠦ ᠪᠠᠷ ᠳᠣᠭᠳᠠᠭᠠᠪᠠᠯ ᠡᠭᠦᠨ ᠲᠠᠢ ᠬᠤᠷᠰᠢᠵᠣ ᠶᠠᠷᠢᠭᠳᠠᠳᠠᠭ ︽ᠪᠣᠭᠤᠷᠣᠯ︾ ᠢ ᠴᠦ ︽ᠪᠠᠭᠤᠷᠠᠯ︾ ᠭᠡᠵᠣ ᠪᠢᠴᠢᠬᠦ ᠣᠴᠢᠷᠳᠠᠢ ᠪᠣᠯᠣᠨ᠎ᠠ᠃ ᠳᠠᠷᠣᠢ ︽ᠪᠠᠭᠤᠷᠠᠯ ᠰᠠᠭᠠᠷᠠᠯ︾ ᠭᠡᠵᠣ ᠳᠣᠬᠢᠷᠠᠭᠰᠠᠨ ᠬᠤᠷᠰᠢᠶ᠎ᠠ ᠦᠭᠡ ᠪᠣᠯᠣᠨ᠎ᠠ᠃ ᠳᠡᠭᠡᠭᠡᠳ ᠪᠢᠴᠢᠬᠡᠬᠦ ᠶᠣᠮ ᠪᠣᠯ ᠪᠢᠳᠡᠨ ᠤ ᠦᠰᠦᠭ ᠪᠢᠴᠢᠭ ᠢ ᠳᠦᠷᠢᠮᠵᠢᠬᠦᠯᠬᠦ ᠨᠢ ᠬᠦᠭᠵᠢᠯᠳᠡ ᠪᠣᠯᠬᠤ ᠦᠦ ᠬᠦᠨᠦᠭᠡᠯᠳᠡ ᠪᠣᠯᠬᠤ ᠦᠦ ᠭᠡᠳᠡᠭ ᠢ ᠪᠣᠳᠣᠬᠤ ᠬᠡᠷᠡᠭᠳᠡᠢ ᠪᠠᠶᠢᠨ᠎ᠠ᠃  ︽ᠰᠠᠭᠠᠷᠠᠯ︾ ᠢ ︽ᠰᠠᠷᠠᠯ︾ ᠭᠡᠵᠣ ᠪᠢᠴᠢᠬᠦ ᠶᠢᠨ ᠶᠣᠰᠣ ᠵᠦᠢ ᠨᠢ ᠬᠠᠮᠢᠭ᠎ᠠ ᠨᠢ ᠪᠠᠶᠢᠨ᠎ᠠ ᠬᠡᠮᠡᠨ ᠠᠰᠠᠭᠤᠬᠤ ᠮᠠᠭᠠᠳ᠃ ᠡᠭᠦᠨ ᠢ ᠳᠣᠣᠷᠠᠬᠢ ᠮᠡᠳᠦ ᠬᠡᠳᠦᠨ ᠳᠠᠯ᠎ᠠ ᠪᠠᠷ ᠶᠠᠷᠢᠶ᠎ᠠ᠃  ᠬᠠᠮᠤᠭ ᠨᠢᠭᠡᠳᠦᠭᠡᠷ ᠲᠤ ᠪᠢᠳᠡᠨ ᠤ ᠳᠡᠭᠡᠷ᠎ᠡ ᠦᠶ᠎ᠡ ᠶᠢᠨ ᠪᠢᠴᠢᠭ  ᠤᠨ ᠮᠡᠷᠭᠡᠳ ᠳᠡᠷᠡ ᠬᠦ ᠰᠠᠭᠠᠷᠠᠭᠰᠠᠨ ᠳᠣᠷᠣᠶᠢᠳᠠᠭᠰᠠᠨ ᠭᠡᠳᠡᠭ ᠠᠴᠠ ᠵᠠᠶᠢᠯᠠᠭᠤᠯᠵᠣ ︽ᠰᠠᠷᠠᠯ︾ ᠭᠡᠵᠣ ᠪᠢᠴᠢᠵᠣ ᠳᠣᠭᠳᠠᠭᠠᠭᠰᠠᠨ ᠨᠢ ᠭᠠᠷᠴᠠᠭ᠎ᠠ ᠦᠭᠡᠢ᠃ ᠡᠨᠡ ᠪᠣᠯ ᠦᠨᠡᠨ ᠳᠤ ᠪᠠᠨ ᠭᠠᠶᠢᠬᠠᠮᠰᠢᠭᠳᠠᠢ ᠣᠬᠠᠭᠠᠨ ᠪᠢᠯᠢᠭ ᠶᠣᠮ᠃ ︽ᠰᠠᠷᠠᠯ︾ ᠢ ︽ᠰᠠᠭᠠᠷᠠᠯ︾ ᠭᠡᠵᠣ ᠪᠢᠴᠢᠪᠡᠯ ᠠᠮᠢᠳᠣ ᠪᠠᠷ ᠨᠢ ᠦᠬᠦᠬᠦᠯᠴᠢᠬᠡᠭᠰᠡᠨ ᠶᠠᠪᠣᠳᠠᠯ ᠪᠣᠯᠣᠨ᠎ᠠ ᠭᠡᠵᠣ ᠦᠵᠡᠭᠰᠡᠨ ᠨᠢ ᠶᠠᠷᠢᠶᠠᠨ ᠦᠭᠡᠢ᠃ ︽ᠮᠣᠩᠭᠤᠯ ᠤᠨ ᠨᠢᠭᠤᠴᠠ ᠳᠣᠪᠴᠢᠶᠠᠨ︾ ᠳᠤ ︽ᠦᠭᠡ ᠪᠠᠷ ᠦᠬᠦᠭᠦᠯᠦᠭᠰᠡᠨ  ᠢ ᠦᠪᠴᠢᠵᠣ ᠪᠣᠯᠳᠠᠭ ᠦᠭᠡᠢ᠂ ᠠᠮᠠ ᠪᠠᠷ ᠠᠯᠠᠭᠰᠠᠨ ᠢ ᠠᠴᠢᠵᠣ ᠪᠣᠯᠳᠠᠭ ᠦᠭᠡᠢ︾ ᠭᠡᠳᠡᠭ ᠮᠠᠰᠢ ᠣᠴᠢᠷᠳᠡᠢ ᠨᠢᠭᠡᠨ ᠦᠭᠡ ᠪᠠᠶᠢᠳᠠᠭ᠃ ᠡᠷᠳᠡᠨᠢᠳᠦ ᠬᠦᠯᠦᠭ ᠮᠣᠷᠢᠨ ᠤ ᠪᠠᠨ ᠰᠦᠷ ᠰᠦᠯᠳᠡ ᠶᠢ ᠠᠮᠠ ᠪᠠᠷ ᠠᠯᠠᠬᠤ ᠦᠭᠡᠢ ᠦᠰᠦᠭ ᠢᠶᠠᠷ ᠦᠬᠦᠭᠦᠯᠬᠦ ᠦᠭᠡᠢ ᠶᠢᠨ ᠳᠦᠯᠦᠭᠡ ︽ᠰᠠᠭᠠᠷᠠᠯ︾ ᠢ ᠳᠡᠪᠴᠢᠭᠰᠡᠨ ᠪᠣᠢ ‍ᠶ᠎ᠡ᠃ ᠡᠨᠡ ᠪᠣᠯ ᠮᠣᠩᠬᠠᠭ ᠬᠦᠮᠦᠨ ᠤ ᠰᠡᠳᠬᠢᠬᠦᠢ ᠪᠢᠰᠢ ᠮᠣᠩᠭᠤᠯ ᠬᠦᠮᠦᠨ ᠤ ᠰᠡᠳᠬᠢᠬᠦᠢ ᠪᠠᠷ ᠬᠠᠨᠳᠣᠭᠰᠠᠨ ᠪᠢᠯᠢᠭ ᠰᠢᠩᠭᠡᠭᠰᠡᠨ ᠪᠢᠴᠢᠭ ᠤᠨ ᠰᠣᠶᠣᠯ ᠭᠡᠵᠣ ᠡᠨᠡ ᠪᠠᠶᠢᠭ᠎ᠠ᠃ ᠬᠤᠶᠠᠳᠣᠭᠠᠷ ᠲᠤ᠂ ︽ᠰᠠ︾ ᠭᠡᠵᠣ ᠢᠵᠠᠭᠤᠷ ᠦᠭᠡ ᠪᠣᠢ᠃ ᠰᠠ ᠮᠦᠩᠭᠦᠨ ᠤ ︽ᠰᠠ︾ ᠨᠢ ᠭᠡᠭᠡᠨ ᠴᠠᠭᠠᠬᠠᠨ ᠦᠩᠭᠡ ᠶᠢ ᠢᠯᠡᠷᠬᠡᠶᠢᠯᠡᠳᠡᠭ᠃ ︽ᠰᠠᠷᠠ︾ ︵ᠨᠠᠷᠠ ᠰᠠᠷᠠᠨ ᠤ︶ ᠨᠢ ᠮᠦᠨ ᠡᠨᠡ ︽ᠰᠠ︾ ᠢᠵᠠᠭᠤᠷ ᠠᠴᠠ ᠡᠭᠦᠰᠦᠭᠰᠡᠨ ᠦᠭᠡ ᠪᠠᠶᠢᠵᠣ ᠪᠣᠯᠬᠤ ᠳᠠᠯ᠎ᠠ ᠲᠠᠢ᠃ ᠳᠡᠭᠡᠪᠡᠯ ︽ᠰᠠᠷᠠᠯ︾ ᠨᠢ᠄ ᠰᠠᠷᠨ + ‍ᠯ — ᠰᠠᠷᠠᠯ ᠪᠣᠯᠵᠣ ᠰᠠᠷᠠᠨ ᠳᠤ ᠣᠶᠢᠷᠠᠳᠣᠭᠰᠠᠨ ᠭᠡᠭᠡᠨ ᠴᠠᠭᠠᠨ ᠦᠩᠭᠡ ᠶᠢ ᠵᠢᠭᠠᠬᠤ ᠳᠡᠮᠳᠡᠭ ᠨᠡᠷ᠎ᠡ ᠦᠭᠡ ᠪᠣᠯᠴᠢᠬᠠᠬᠤ ᠪᠢᠰᠢ ᠦᠦ᠃ ︽ᠬᠤᠷᠢᠨ ᠨᠠᠢᠮᠠᠳᠣ ᠳᠠᠶᠢᠯᠪᠣᠷᠢ ᠳᠣᠯᠢ︾ ᠳᠤ ︽ᠰᠠ︾ ᠶᠢ ︽ᠠᠯᠳᠠᠨ ᠮᠦᠩᠭᠦᠨ ᠦᠩᠭᠡᠳᠡᠢ ᠨᠠᠷᠢᠨ ᠰᠢᠷᠬᠡᠭ ᠣᠳᠠᠰᠣ ᠪᠠᠷ ᠰᠦᠯᠵᠢᠵᠣ ᠬᠢᠭᠰᠡᠨ ᠳᠣᠣᠵᠠ ᠶᠢ ᠰᠠ ᠬᠡᠮᠡᠮᠣᠢ︾ ᠭᠡᠵᠣ ᠳᠠᠶᠢᠯᠪᠣᠷᠢᠯᠠᠵᠠᠢ ᠃ ᠳᠠᠷᠣᠢ ᠠᠩᠬᠠᠨ ᠤ ᠶᠠᠷᠢᠭᠰᠠᠨ ᠰᠠ ᠮᠦᠩᠭᠦᠨ ᠤ ︽ᠰᠠ︾ ᠲᠠᠢ ᠠᠳᠠᠯᠢᠬᠠᠨ ᠪᠠᠶᠢᠨ᠎ᠠ᠃ ᠮᠦᠨ ︽ᠰᠠᠷᠠᠯ︾  ᠨᠢ ᠮᠦᠩᠭᠦᠨ ᠦᠩᠭᠡᠳᠡᠢ ᠭᠡᠳᠡᠭ ᠠᠴᠠ ᠵᠦᠷᠢᠬᠦ ᠭᠠᠵᠠᠷ ᠦᠭᠡᠢ ᠶᠣᠮ᠃ ᠭᠤᠷᠪᠠᠳᠣᠭᠠᠷ ᠲᠤ᠂ ᠮᠣᠩᠭᠤᠯᠴᠣᠳ ᠮᠣᠷᠢ ᠪᠠᠨ ᠵᠢᠭᠦᠷᠳᠡᠨ ᠰᠢᠪᠠᠭᠤ ᠮᠡᠳᠦ ᠬᠤᠷᠳᠣᠨ ᠪᠠᠶᠢᠬᠤ ᠶᠢ ᠪᠡᠯᠭᠡᠰᠢᠶᠡᠵᠣ ᠮᠣᠷᠢᠨ ᠤ ᠪᠠᠨ ᠵᠢᠰᠦᠮ ᠢ ︽ᠰᠢᠪᠠᠭᠤᠨ ᠰᠠᠷᠠᠯ︾ ︽ᠳᠣᠭᠤᠷᠣᠣ ᠬᠠᠯᠳᠠᠷ︾ ︽ᠳᠡᠭᠳᠡᠭᠡᠬᠡᠢ ᠬᠡᠭᠡᠷ︾ ᠁ ᠭᠡᠳ ᠪᠠᠶᠢᠳᠠᠭ᠃ ᠰᠢᠪᠠᠭᠤᠨ ᠳᠤ ᠰᠠᠷ ᠰᠢᠪᠠᠭᠤ ᠭᠡᠵᠣ ᠪᠣᠢ᠃ ︽ᠬᠤᠷᠢᠨ ᠨᠠᠢᠮᠠᠳᠣ ᠳᠠᠶᠢᠯᠪᠣᠷᠢ ᠳᠣᠯᠢ︾ ᠳᠤ ᠰᠠᠷ ᠰᠢᠪᠠᠭᠤᠨ ᠤ ᠳᠣᠬᠠᠢ ︽ᠡᠯᠢᠶ᠎ᠡ  ᠳᠤᠷ ᠠᠳᠠᠯᠢᠬᠠᠨ ᠪᠦᠭᠡᠳ ᠦᠩᠭᠡ ᠴᠠᠭᠠᠨ᠂ ᠰᠡᠬᠦᠯ ᠤᠨ ᠣᠭ ᠴᠠᠭᠠᠨ︾ ᠭᠡᠵᠣ ᠴᠠᠭᠠᠨ ᠦᠩᠭᠡ ᠲᠠᠢ ᠶᠢ ᠨᠢ ᠳᠣᠳᠣᠷᠬᠠᠶᠢᠯᠠᠭᠰᠠᠨ ᠪᠠᠶᠢᠳᠠᠭ᠃ ᠳᠡᠭᠡᠪᠡᠯ ᠡᠨᠡᠬᠦ ᠰᠠᠷ ᠰᠢᠪᠠᠭᠤᠨ ᠤ ︽ᠰᠠ︾ ᠨᠢ ᠳᠡᠭᠡᠷᠡᠬᠢ ᠶᠠᠷᠢᠭᠳᠠᠭᠰᠠᠨ ︽ᠰᠠ︾ ᠲᠠᠢ ᠠᠳᠠᠯᠢᠬᠠᠨ ᠣᠳᠬ᠎ᠠ ᠲᠠᠢ ᠪᠠᠶᠢᠭ᠎ᠠ ᠶᠣᠮ᠃ ᠳᠡᠭᠡᠪᠡᠯ ︽ᠰᠠᠷᠠᠯ︾ ᠢ ᠰᠠᠷ ᠰᠢᠪᠠᠭᠤᠨ ᠤ ︽ᠰᠠᠷ︾  ᠠᠴᠠ ᠴᠦ ᠢᠵᠠᠭᠤᠷ ᠠᠪᠴᠣ ᠪᠢᠴᠢᠬᠦ ᠪᠣᠯᠣᠮᠵᠢ ᠪᠣᠢ᠃ ᠳᠠᠷᠣᠢ ᠰᠠᠷ + ‍ᠯ — ᠰᠠᠷᠠᠯ ᠪᠣᠯᠵᠣ ᠰᠠᠷ ᠰᠢᠪᠠᠭᠤ ᠲᠠᠢ ᠠᠳᠠᠯᠢᠬᠠᠨ ᠦᠩᠭᠡ ᠲᠠᠢ ᠭᠡᠰᠡᠨ ᠳᠡᠮᠳᠡᠭ ᠦᠭᠡ ᠡᠭᠦᠰᠴᠦ ᠪᠣᠯᠣᠨ᠎ᠠ᠃ ᠡᠶᠢᠮᠣ ᠪᠣᠯᠬᠤᠷ ︽ᠰᠠᠭᠠᠷᠠᠯ︾ ᠢ ᠬᠠᠰᠢᠯᠠ ︽ᠰᠠᠷᠠᠯ︾ ᠭᠡᠵᠣ ᠪᠢᠴᠢᠬᠦ ᠨᠢ ᠳᠡᠭᠡᠷ᠎ᠡ ᠪᠠᠶᠢᠬ᠎ᠠ᠃  ︽ᠰᠠᠷᠠᠯ︾ ᠭᠡᠵᠣ ᠪᠢᠴᠢᠬᠦ ᠨᠢ ︽ᠰᠠᠭᠠᠷᠠᠯ︾ ᠭᠡᠵᠣ ᠪᠢᠴᠢᠭᠰᠡᠨ ᠠᠴᠠ ᠢᠯᠡᠭᠦᠦ ᠪᠠᠷ ᠶᠣᠰᠣ ᠵᠦᠢ ᠳᠤ ᠨᠡᠶᠢᠴᠡᠭᠰᠡᠨ ᠳᠠᠯ᠎ᠠ ᠲᠠᠢ᠃ ᠭᠡᠷᠡᠯ ᠭᠡᠭᠡ ᠲᠠᠢ ᠦᠩᠭᠡᠨ ᠳᠤ ᠣᠶᠢᠷᠠᠳᠣᠭᠰᠠᠨ ᠬᠠᠶᠢᠷᠠᠯᠠᠨ ᠳᠡᠭᠡᠳᠦᠯᠡᠭᠦ ᠬᠦᠨᠳᠦᠳᠭᠡᠯ ᠳᠤ ᠣᠶᠢᠷᠠᠳᠣᠭᠰᠠᠨ ᠰᠡᠳᠬᠢᠯᠭᠡᠨ ᠤ ᠰᠡᠷᠡᠭᠦᠨ ᠳᠣᠩᠭᠠᠯᠠᠭ  ᠲᠤ ᠣᠶᠢᠷᠠᠳᠣᠭᠰᠠᠨ ᠰᠠᠶᠢᠨ ᠰᠠᠶᠢᠬᠠᠨ ᠤ ᠰᠠᠷᠠᠭᠤᠯ ᠣᠬᠠᠭᠠᠨ ᠳᠤ ᠣᠶᠢᠷᠠᠳᠣᠭᠰᠠᠨ ᠦᠭᠡᠳᠡ ᠨᠢ ᠳᠠᠳᠠᠬᠤ ᠦᠯᠵᠡᠢ ᠳᠡᠮᠪᠡᠷᠢᠯ ᠳᠤ ᠣᠶᠢᠷᠠᠳᠣᠭᠰᠠᠨ ᠪᠢᠴᠢᠭ ᠤᠨ ᠮᠡᠷᠭᠡᠳ ᠤᠨ ᠪᠢᠯᠢᠭ ᠰᠢᠩᠭᠡᠭᠰᠡᠨ ︽ᠰᠠᠷᠠᠯ︾ ᠬᠡᠮᠡᠬᠦ ᠪᠢᠴᠢᠯᠭᠡ ᠪᠠᠨ ᠰᠠᠨᠠᠭᠠᠨ ᠳᠤ ᠪᠠᠨ ᠠᠪᠴᠣ ᠬᠡᠷᠡᠭᠯᠡᠵᠡᠭᠡᠶ᠎ᠡ᠃  
 
ᠢᠷᠡᠯᠲᠡ᠄ ᠪᠤᠷᠵᠢᠬᠢᠨ ᠴᠠᠭᠠᠨᠪᠠᠭᠠᠲᠣᠷ ᠤᠨ ᠪᠦᠷᠭᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号