| | | | — ᠪᠤᠷᠵᠢᠬᠢᠨ ᠴᠠᠭᠠᠨᠪᠠᠭᠠᠲᠣᠷ | | | | ᠵᠠᠰᠠᠨ ᠨᠠᠶᠢᠷᠠᠭᠤᠯᠬᠤ ᠭᠡᠵᠣ ᠪᠠᠶᠢᠭ᠎ᠠ ︽ᠮᠣᠩᠭᠤᠯ ᠵᠦᠪ ᠪᠢᠴᠢᠯᠭᠡ ᠶᠢᠨ ᠳᠣᠯᠢ︾ ᠳᠤ ᠬᠡᠳᠦᠨ ᠶᠠᠩᠵᠣ | ᠪᠠᠷ ᠪᠢᠴᠢᠭᠳᠡᠵᠣ ᠪᠠᠶᠢᠭᠰᠠᠨ ᠦᠰᠦᠭ ᠪᠣᠶᠣ ᠣᠣᠯ ᠨᠢ ᠳᠠᠰᠢᠶ᠎ᠠ ᠪᠢᠴᠢᠭᠳᠡᠵᠣ ᠪᠠᠶᠢᠭᠰᠠᠨ ᠦᠰᠦᠭ ᠢ ᠵᠠᠰᠠᠵᠣ | ᠳᠦᠷᠢᠮᠵᠢᠬᠦᠯᠬᠦ ᠁ ᠭᠡᠳ ᠬᠤᠶᠠᠷ ᠮᠢᠩᠭ᠎ᠠ ᠣᠷᠴᠢᠮ ᠦᠰᠦᠭ ᠳᠦᠷᠮᠵᠢᠬᠦᠯᠬᠦ ᠬᠠᠷᠢᠶᠠᠨ ᠳᠤ ᠣᠷᠣᠭᠰᠠᠨ | ᠪᠠᠶᠢᠨ᠎ᠠ᠃ ᠭᠡᠬᠦ ᠳᠤ ᠪᠠᠨ ᠡᠭᠦᠨ ᠤ ᠪᠠᠨ ᠳᠣᠬᠠᠢ ᠰᠠᠨᠠᠯ ᠵᠦᠪᠯᠡᠯᠭᠡ ᠶᠢ ᠦᠷᠭᠡᠨ ᠢᠶᠠᠷ ᠬᠤᠷᠢᠶᠠᠬᠤ ᠭᠡᠵᠣ ᠮᠣᠩᠭᠤᠯ | ᠬᠡᠯᠡ ᠪᠢᠴᠢᠭ ᠤᠨ ᠠᠵᠢᠯ ᠤᠨ ᠬᠠᠮᠢᠶᠠᠳᠠᠨ ᠳᠣᠰᠢᠶᠠᠯᠳᠠᠨ ᠪᠣᠯᠣᠨ ᠡᠷᠳᠡᠮᠳᠡᠨ ᠮᠡᠷᠭᠡᠳ ᠦᠨᠳᠦᠰᠦᠨ ᠱᠠᠳᠣᠨ | ᠪᠠᠭᠤᠵᠣ ᠠᠵᠢᠯ ᠢᠶᠠᠨ ᠡᠷᠴᠢᠮᠳᠡᠢ ᠬᠢᠵᠡᠭᠡᠵᠣ ᠪᠣᠢ᠃ ᠡᠭᠦᠨ ᠤ ᠳᠣᠬᠠᠢ ᠮᠠᠨ ᠤ ᠬᠤᠰᠢᠭᠤᠨ ᠳᠤ ᠴᠦ ᠳᠣᠰᠬᠠᠢ | ᠬᠤᠷᠠᠯ ᠬᠢᠵᠣ ᠰᠠᠨᠠᠯ ᠬᠤᠷᠢᠶᠠᠪᠠ᠃ ᠳᠣᠰ ᠬᠤᠷᠠᠯ ᠳᠤ ᠪᠢ ︽ᠰᠠᠷᠠᠯ︾ ᠬᠢᠭᠡᠳ ︽ᠰᠠᠭᠠᠷᠠᠯ︾ ᠤᠨ ᠳᠣᠬᠠᠢ | ᠰᠠᠨᠠᠯ ᠢᠶᠠᠨ ᠳᠡᠪᠰᠢᠭᠦᠯᠦᠭᠰᠡᠨ ᠶᠣᠮ᠃ ᠡᠬᠦᠨ ᠢᠶᠠᠨ ᠦᠰᠦᠭ ᠪᠢᠴᠢᠭ ᠢᠶᠠᠷ ᠢᠯᠡᠳᠬᠡᠨ ᠮᠡᠳᠡᠭᠦᠯᠬᠦ ᠶᠢ ᠬᠢᠴᠢᠶᠡᠯ᠎ᠡ᠃ | | ᠮᠣᠩᠭᠤᠯᠴᠣᠳ ᠪᠢᠳᠡ ᠦᠨᠢ ᠡᠷᠳᠡᠨ ᠠᠴᠠ ᠦᠰᠦᠭ ᠪᠢᠴᠢᠭ ᠤᠨ ᠰᠣᠶᠣᠯ ᠲᠠᠢ ᠠᠷᠠᠳ ᠳᠦᠮᠡᠨ ᠪᠢᠯᠡ᠃ | ᠨᠣᠮ ᠪᠢᠴᠢᠭ ᠢ ᠳᠡᠭᠡᠳᠦᠯᠡᠵᠣ ᠳᠠᠬᠢᠳᠠᠭ ᠨᠢ ᠨᠣᠮ ᠳᠤ ᠪᠢᠴᠢᠭᠳᠡᠭᠰᠡᠨ ᠳᠡᠷᠡ ᠭᠡᠭᠡᠨ ᠣᠶᠣᠨ ᠣᠬᠠᠭᠠᠨ ᠢ ᠪᠢᠰᠢᠷᠡᠨ | ᠰᠢᠳᠦᠳᠡᠭ ᠠᠴᠠ ᠪᠣᠯᠣᠭᠰᠠᠨ ᠪᠠᠶᠢᠭ᠎ᠠ᠃ ᠬᠤᠷᠸ᠎ᠠ ᠶᠢᠷᠳᠢᠨᠴᠣ ᠳᠤ ᠭᠠᠭᠴᠠ ᠣᠶᠣᠨ ᠣᠬᠠᠭᠠᠨ ᠯᠠ ᠮᠦᠩᠬᠡ | ᠣᠷᠣᠰᠢᠳᠠᠭ᠃ ᠣᠶᠣᠨ ᠣᠬᠠᠭᠠᠨ ᠨᠢ ᠦᠰᠦᠭ ᠪᠢᠴᠢᠭ ᠢᠶᠠᠷ ᠳᠠᠮᠵᠢᠭᠳᠠᠨ ᠦᠯᠡᠳᠡᠳᠡᠭ ᠪᠠᠶᠢᠨ᠎ᠠ᠃ ᠬᠦᠮᠦᠨ | ᠳᠦᠷᠦᠯᠬᠢᠳᠡᠨ ᠤ ᠠᠮᠢᠳᠣᠷᠠᠨ ᠣᠷᠣᠰᠢᠵᠣ ᠪᠠᠶᠢᠭ᠎ᠠ ᠨᠢ ᠡᠮᠦᠨᠡᠬᠢ ᠦᠶ᠎ᠡ ᠶᠢᠨ ᠬᠦᠮᠦᠨ ᠤ ᠦᠯᠡᠳᠡᠭᠡᠭᠰᠡᠨ ᠣᠶᠣᠨ | ᠣᠬᠠᠭᠠᠨ ᠤ ᠭᠡᠷᠡᠯ ᠭᠢᠯᠪᠠᠭ᠎ᠠ ᠶᠢ ᠨᠡᠩ ᠢᠯᠡᠭᠦᠦ ᠪᠠᠳᠠᠷᠠᠭᠠᠬᠤ ᠶᠢᠨ ᠳᠦᠯᠦᠭᠡ ᠶᠣᠮ᠃ ᠳᠡᠶᠢᠮᠣ ᠪᠣᠯᠬᠤᠷ ᠦᠰᠦᠭ | ᠪᠢᠴᠢᠭ ᠢ ᠵᠦᠪ ᠰᠠᠶᠢᠬᠠᠨ ᠪᠢᠴᠢᠵᠣ ᠣᠯᠠᠮᠵᠢᠯᠠᠬᠤ ᠪᠣᠯ ᠪᠢᠳᠡ ᠪᠦᠬᠦᠨ ᠤ ᠳᠠᠷᠬᠠᠨ ᠡᠭᠦᠷᠭᠡ ᠬᠠᠷᠢᠭᠤᠴᠠᠯᠭ᠎ᠠ ᠶᠣᠮ᠃ | ᠦᠭᠡᠨ ᠤ ᠰᠠᠨᠠᠭ᠎ᠠ ᠦᠰᠦᠭ ᠢᠶᠠᠷ ᠢᠯᠡᠷᠡᠳᠡᠭ ᠶᠣᠮ ᠪᠢᠯᠡ᠃ ᠦᠭᠡᠨ ᠳᠤ ᠰᠢᠩᠭᠡᠭᠰᠡᠨ ᠣᠳᠬ᠎ᠠ ᠦᠰᠦᠭ ᠲᠤ | ᠰᠢᠩᠭᠡᠳᠡᠭ᠃ ︽ᠦᠭᠡᠨ ᠳᠤ ᠨᠢᠭᠡ ᠣᠳᠬ᠎ᠠ ᠪᠣᠢ᠂ ᠦᠬᠡᠷ ᠲᠤ ᠨᠢᠭᠡ ᠭᠢᠸᠠᠩ ᠪᠣᠢ︾ ᠭᠡᠳᠡᠭ ᠲᠤ ᠳᠡᠷᠡ | ᠡᠷᠳᠡᠨᠢᠳᠣ ᠣᠳᠬ᠎ᠠ ᠶᠢ ᠨᠢ ᠭᠡᠯᠡᠭᠡᠳ ᠪᠠᠶᠢᠭᠰᠠᠨ ᠪᠣᠰᠣ ᠦᠦ︖ ᠪᠢᠳᠡᠨ ᠤ ᠠᠷᠠᠳ ᠳᠦᠮᠡᠨ ᠳᠡᠷᠡ ᠦᠰᠦᠭ | ᠪᠢᠴᠢᠭ ᠲᠤ ᠪᠠᠨ ᠰᠢᠳᠢ ᠶᠢᠨ ᠣᠳᠬ᠎ᠠ ᠶᠢ ᠦᠯᠡᠳᠡᠭᠡᠬᠦ ᠭᠡᠵᠣ ᠬᠢᠴᠢᠶᠡᠨ ᠵᠢᠳᠬᠦᠭᠰᠡᠨ ᠶᠣᠮ᠃ ᠶᠡᠷᠦ ᠠᠴᠠ ᠮᠠᠭᠤ | ᠮᠠᠭᠤᠬᠠᠢ ᠠᠴᠠ ᠵᠠᠶᠢᠯᠠᠭᠤᠯᠣᠨ ᠰᠠᠶᠢᠨ ᠰᠠᠶᠢᠬᠠᠨ ᠳᠤ ᠳᠡᠮᠡᠦᠯᠦᠭᠰᠡᠨ ᠳᠡᠷᠡ ᠣᠴᠢᠷ ᠪᠡᠯᠭᠡ ᠶᠢ ᠦᠰᠦᠭ ᠪᠢᠴᠢᠭ ᠲᠤ | ᠪᠠᠨ ᠰᠢᠩᠭᠡᠭᠡᠭᠰᠡᠨ ᠨᠢ ᠭᠠᠶᠢᠬᠠᠮᠰᠢᠭᠳᠠᠢ ᠶᠣᠮ᠃ | ᠠᠳᠡ ᠨᠢᠭᠡ ᠬᠡᠳᠦᠨ ᠵᠢᠱᠢᠶ᠎ᠡ ᠶᠠᠷᠢᠬᠤ ᠳᠤ᠄ ᠠᠷᠤᠭ ᠰᠠᠪᠠᠷ ᠤᠨ ᠠᠷᠤᠭ ᠢ ︽ᠠᠷᠠᠭ︾ ︵ᠠᠷᠠᠭ ᠶᠠᠰᠣ︶ | ᠠᠴᠠ ᠵᠠᠶᠢᠯᠠᠭᠤᠯᠵᠣ᠂ ︽ᠠᠷᠭ᠎ᠠ︾ ︵ᠠᠷᠭ᠎ᠠ ᠣᠬᠠᠭᠠᠨ︶ ᠠᠴᠠ ᠢᠯᠭᠠᠵᠣ ᠪᠢᠴᠢᠭᠰᠡᠨ ᠨᠢ ᠠᠷᠣ ᠳᠤ ᠪᠠᠨ | ᠡᠭᠦᠷᠳᠡᠭ ᠭᠡᠰᠡᠨ ᠰᠠᠨᠠᠭ᠎ᠠ ᠶᠢ ᠴᠦ ᠠᠯᠳᠠᠭᠤᠯᠣᠯ ᠦᠭᠡᠢ ᠪᠠᠶᠢᠯᠭᠠᠵᠣ ᠴᠢᠳᠠᠭᠰᠠᠨ ᠶᠣᠮ᠃ ᠦᠨᠡᠨ ᠳᠤ ᠪᠠᠨ ︽ | ᠠᠷᠤᠭ︾ ᠭᠡᠳᠡᠭ ᠴᠢᠨᠢ ︽ᠠᠷᠣ ᠡᠭᠦᠷᠭᠡ︾ ᠭᠡᠳᠡᠭ ᠠᠴᠠ ᠣᠯᠠᠷᠢᠵᠤ ᠢᠷᠡᠭᠰᠡᠨ ᠪᠠᠶᠢᠯᠭᠦᠢ᠃ ︽ᠦᠭ︾ ᠭᠡᠳᠡᠭ | ᠦᠭᠡᠨ ᠤ ᠳᠠᠷᠠᠭ᠎ᠠ ︽ᠨᠡ︾ ᠶᠢ ᠵᠠᠯᠭᠠᠬᠤ ᠳᠤ ︽ᠦᠭᠭᠦᠨ᠎ᠡ︾ ᠭᠡᠵᠣ ᠪᠢᠴᠢᠬᠦ ᠣᠨᠴᠠᠭᠠᠢ ᠳᠦᠷᠢᠮ ᠢ ᠬᠦᠷᠳᠡᠯ᠎ᠡ | ᠳᠣᠭᠳᠠᠭᠠᠭᠰᠠᠨ ᠨᠢ ︽ᠦᠬᠦᠨ᠎ᠡ︾ ᠭᠡᠳᠡᠭ ᠮᠠᠭᠤ ᠠᠴᠠ ᠵᠠᠶᠢᠯᠠᠭᠤᠯᠬᠤ ᠶᠢᠨ ᠰᠠᠨᠠᠭ᠎ᠠ ᠠᠴᠠ ᠡᠭᠦᠰᠦᠭᠰᠡᠨ ᠪᠣᠰᠣ ᠦᠦ | ᠃ ᠬᠦᠮᠦᠨ ᠤ ᠨᠡᠷ᠎ᠡ ᠶᠢ ᠪᠢᠴᠢᠬᠦ ᠳᠤ ᠡᠨᠡ ᠳᠠᠯ᠎ᠠ ᠪᠠᠷ ᠬᠢᠴᠢᠶᠡᠳᠡᠭ ᠪᠠᠶᠢᠭᠰᠠᠨ᠃ ᠵᠢᠱᠢᠶᠡᠯᠡᠪᠡᠯ᠄ ︽ᠮᠠᠭᠤ ᠨᠣᠬᠠᠢ︾ | ᠭᠡᠰᠡᠨ ᠨᠡᠷ᠎ᠡ ᠶᠢ ︽ᠮᠣᠣᠨᠣᠬᠠᠢ︾ ᠭᠡᠬᠦ ᠮᠡᠳᠦ ᠪᠠᠷ ᠪᠢᠴᠢᠳᠡᠭ ᠨᠢ ᠦᠰᠦᠭ ᠪᠢᠴᠢᠭ ᠢᠶᠠᠷ ᠢᠶᠠᠨ ᠳᠡᠷᠡ ᠮᠠᠭᠤ ᠠᠴᠠ | ᠵᠠᠶᠢᠯᠠᠭᠤᠯᠵᠣ ᠪᠠᠶᠢᠳᠠᠭ᠃ ᠦᠰᠦᠭ ᠪᠢᠴᠢᠭ ᠤᠨ ᠣᠳᠬ᠎ᠠ ᠨᠢ ᠬᠠᠷ᠎ᠠ ᠪᠣᠷᠣ ᠶᠠᠷᠢᠶᠠᠨ ᠠᠴᠠ ᠪᠠᠨ ᠳᠡᠭᠡᠭᠦᠷ ᠪᠠᠶᠢᠳᠠᠭ | ᠢ ᠡᠷᠬᠢᠮᠯᠡᠳᠡᠭ ᠶᠣᠰᠣᠨ ᠳᠡᠷᠡ ᠪᠢᠯᠡ᠃ ᠳᠡᠭᠡᠪᠡᠯ ᠪᠢ ᠠᠳᠡ ᠭᠤᠣᠯ ᠶᠠᠷᠢᠬᠤ ᠭᠡᠵᠣ ᠪᠠᠶᠢᠭ᠎ᠠ ︽ᠰᠠᠷᠠᠯ︾ ᠬᠢᠭᠡᠳ | ︽ᠰᠠᠭᠠᠷᠠᠯ︾ ᠤᠨ ᠳᠣᠬᠠᠢ ᠦᠭᠦᠯᠡᠰᠦ᠃ | ᠦᠨᠦᠳᠦᠷ ᠤᠨ ᠳᠦᠷᠢᠮᠵᠢᠬᠦᠯᠵᠣ ᠪᠠᠶᠢᠭ᠎ᠠ ᠦᠰᠦᠭ ᠤᠨ ᠳᠣᠳᠣᠷ᠎ᠠ ︽ᠰᠠᠷᠠᠯ︾ ᠭᠡᠳᠡᠭ ᠦᠰᠦᠭ ᠢ ︽ | ᠰᠠᠭᠠᠷᠠᠯ︾ ᠭᠡᠵᠣ ᠪᠢᠴᠢᠭᠡᠳ ᠣᠷᠣᠭᠤᠯᠣᠭᠰᠠᠨ ᠢ ᠨᠢ ᠪᠢ ᠶᠡᠬᠡᠳᠡ ᠭᠠᠶᠢᠬᠠᠳᠠᠭ᠃ ᠦᠨᠳᠦᠰᠦᠯᠡᠯ ᠪᠣᠯᠭᠠᠵᠣ | ᠪᠠᠶᠢᠭ᠎ᠠ ᠳᠣᠯᠢ ᠪᠢᠴᠢᠭ ᠨᠦᠭᠦᠳ ᠤᠨ ᠳᠣᠳᠣᠷ᠎ᠠ ᠱᠠᠭᠵᠠ ᠨᠠᠷ ᠤᠨ ᠳᠣᠯᠢ ᠪᠢᠴᠢᠭ ᠲᠤ ᠪᠦᠷ ︽ᠰᠠᠷᠠᠯ︾ ᠭᠡᠵᠣ | ᠪᠢᠴᠢᠵᠣ ᠪᠠᠶᠢᠭᠰᠠᠨ ᠢ ᠰᠡᠬᠦᠯᠴᠢ ᠶᠢᠨ ᠦᠶ᠎ᠡ ᠶᠢᠨ ᠳᠣᠯᠢ ᠨᠤᠭᠤᠳ ᠲᠤ ︽ᠰᠠᠭᠠᠷᠠᠯ︾ ᠭᠡᠵᠣ ᠪᠢᠴᠢᠬᠦ ᠶᠢ ᠵᠦᠪ | ᠪᠣᠯᠭᠠᠨ ᠦᠵᠡᠵᠡᠢ᠃ ᠦᠩᠭᠡᠷᠡᠭᠰᠡᠨ ᠤ ᠣᠯᠠᠩᠬᠢ ᠨᠣᠮ ᠵᠣᠬᠢᠶᠠᠯ ᠳᠤ ︽ᠰᠠᠷᠠᠯ︾ ᠭᠡᠵᠣ ᠪᠢᠴᠢᠭᠳᠡᠭᠰᠡᠭᠡᠷ ᠢᠷᠡᠭᠰᠡᠨ | ᠳᠡᠦᠬᠡ ᠲᠠᠢ ᠪᠣᠯᠬᠤᠷ ᠳᠡᠬᠦᠨ ᠳᠤ ᠨᠢ ᠶᠡᠬᠡᠯ᠎ᠡ ᠳᠠᠰᠣᠯ ᠪᠣᠯᠵᠣ ᠳᠡᠭᠦᠨ ᠤ ᠬᠢ ᠨᠢ ᠪᠣᠷᠣᠭᠤ ᠵᠦᠪ ᠤᠨ ᠳᠣᠬᠠᠢ ᠨᠢ | ᠪᠢ ᠳᠡᠮᠡᠢ ᠰᠠᠨᠠᠭᠠᠰᠢᠷᠠᠭᠰᠠᠨ ᠦᠭᠡᠢ ᠶᠠᠪᠣᠯ᠎ᠠ᠃ ᠬᠠᠷᠢᠨ ︽ᠰᠠᠭᠠᠷᠠᠯ︾ ᠭᠡᠵᠣ ᠪᠢᠴᠢᠬᠦ ᠪᠣᠯᠣᠭᠰᠠᠨ ᠠᠴᠠ ᠨᠠᠭᠠᠰᠢ | ᠰᠡᠳᠬᠢᠯ ᠳᠤ ᠶᠡᠭᠡ ᠡᠪ ᠬᠠᠪᠤ ᠦᠭᠡᠢ ᠪᠣᠯᠣᠭᠠᠳ ᠶᠠᠪᠣᠴᠢᠬᠠᠯ᠎ᠠ᠃ ᠮᠢᠨᠣ ᠬᠤᠪᠢ ᠬᠦᠮᠦᠨ ᠤ ᠣᠶᠢᠯᠠᠭᠠᠬᠤ ᠪᠠᠷ ︽ | ᠰᠠᠭᠠᠷᠠᠯ ᠮᠣᠷᠢ︾ ᠭᠡᠪᠡᠯ ︽ᠰᠠᠭᠠᠷᠮᠠᠭ ᠮᠣᠷᠢ︾ ᠶᠢ ᠬᠡᠯᠡᠵᠣ ᠪᠠᠶᠢᠨ᠎ᠠ ᠬᠡᠮᠡᠨ ᠪᠣᠳᠣᠬᠤ ᠶᠣᠮ᠃ ᠴᠢᠨᠠᠭᠰᠢᠯᠠᠭᠠᠳ | ᠳᠡᠷᠡ ᠨᠢ ᠦᠨᠦ ᠡᠯᠵᠢᠭᠡ ᠮᠣᠷᠢ ᠬᠤᠶᠠᠷ ᠤᠨ ᠳᠣᠮᠳᠠ ᠠᠴᠠ ᠭᠠᠷᠣᠭᠰᠠᠨ ᠯᠠᠭᠤᠰᠠ ᠶᠢ ᠬᠡᠯᠡᠳᠡᠭ ᠪᠠᠶᠢᠬ᠎ᠠ ᠭᠡᠵᠣ | ᠴᠦ ᠪᠣᠳᠣᠳᠠᠭ᠃ ᠶᠡᠷᠦ ᠠᠴᠠ ᠪᠠᠨ ᠮᠣᠷᠢᠨ ᠤ ᠵᠢᠰᠣᠮ ᠢᠶᠠᠷ ᠣᠶᠢᠯᠠᠭᠠᠭᠳᠠᠳᠠᠭ ᠦᠭᠡᠢ᠃ ᠬᠦᠯᠦᠭ ᠤᠨ ᠨᠢᠷᠣᠭᠤᠨ | ᠳᠡᠭᠡᠷ᠎ᠡ ᠳᠡᠦᠬᠡ ᠶᠢᠨ ᠣᠷᠳᠣ ᠠᠶᠠᠨ ᠢ ᠳᠣᠭᠤᠯᠣᠭᠠᠳ ᠢᠷᠡᠭᠰᠡᠨ ᠡᠨᠡ ᠣᠭᠰᠠᠭ᠎ᠠ ᠦᠨᠳᠦᠰᠦᠳᠡᠨ ᠬᠦᠯᠦᠭ ᠮᠣᠷᠢ | ᠪᠠᠨ ᠮᠠᠰᠢ ᠳᠡᠭᠡᠳᠦᠯᠡᠳᠡᠭ᠃ ᠶᠠᠳᠠᠵᠣ ᠮᠠᠭᠤᠳᠠᠭᠰᠠᠨ ᠶᠠᠰᠣᠨ ᠬᠡᠯᠬᠢᠶ᠎ᠡ ᠪᠣᠯᠣᠭᠰᠠᠨ ᠮᠣᠷᠢ ᠶᠢ ᠴᠦ ᠰᠠᠭᠠᠷᠮᠠᠭ ᠮᠣᠷᠢ | ᠪᠠᠷ ᠦᠵᠡᠳᠡᠭ ᠦᠭᠡᠢ᠃ ᠳᠡᠭᠡᠪᠡᠯ ᠣᠣᠯ ᠤᠨ ᠪᠢᠴᠢᠭᠳᠡᠵᠣ ᠪᠠᠶᠢᠭᠰᠠᠨ ︽ᠰᠠᠷᠠᠯ︾ ᠨᠢ ︽ᠪᠣᠭᠤᠷᠣᠯ︾ ᠭᠡᠳᠡᠭ | ᠦᠭᠡ ᠲᠠᠢ ︽ᠪᠣᠭᠤᠷᠣᠯ ᠰᠠᠷᠠᠯ︾ ᠭᠡᠳ ᠬᠤᠯᠪᠣᠭ᠎ᠠ ᠬᠤᠷᠰᠢᠶ᠎ᠠ ᠦᠭᠡ ᠪᠠᠷ ᠵᠠᠷᠣᠭᠳᠠᠳᠠᠭ ᠯᠠ ᠳ᠋ᠠ᠃ ᠳᠡᠭᠡᠪᠡᠯ | ᠪᠣᠭᠤᠷᠣᠯ ᠰᠠᠷᠠᠯ ᠦᠩᠭᠡ ᠪᠣᠯ ᠶᠡᠭᠡ ᠣᠶᠢᠷᠠᠯᠴᠠᠭ᠎ᠠ ᠦᠩᠭᠡ ᠪᠠᠶᠢᠨ᠎ᠠ᠃ ᠮᠣᠷᠢᠨ ᠤ ᠵᠢᠰᠣᠮ ᠳᠤ ᠴᠠᠭᠠᠨ ᠰᠠᠷᠠᠯ᠂ | ᠪᠣᠷᠣ ᠰᠠᠷᠠᠯ᠂ ᠬᠠᠷ᠎ᠠ ᠰᠠᠷᠠᠯ ᠁ ᠭᠡᠳ ᠵᠠᠷᠣᠭᠳᠠᠳᠠᠭ᠃ ︽ᠪᠣᠭᠤᠷᠣᠯ︾ ᠳᠤ ᠣᠷᠤᠭ ᠪᠣᠭᠤᠷᠣᠯ᠂ ᠣᠯᠠᠭᠠᠨ | ᠪᠣᠭᠤᠷᠣᠯ᠂ ᠬᠦᠭᠡ ᠪᠣᠭᠤᠷᠣᠯ ᠁ ᠭᠡᠳ ᠪᠠᠶᠢᠳᠠᠭ ᠪᠢᠯᠡ᠃ ︽ᠭᠡᠵᠢᠭᠡ ᠨᠢ ᠪᠣᠭᠤᠷᠣᠯᠳᠣᠵᠠᠢ︾ ᠭᠡᠪᠡᠯ ᠭᠡᠵᠢᠭᠡ | ᠨᠢ ᠴᠠᠶᠢᠭᠰᠠᠨ ᠪᠣᠶᠣ ᠬᠠᠷ᠎ᠠ ᠴᠠᠭᠠᠨ ᠭᠡᠵᠢᠭᠡ ᠬᠤᠯᠢᠯᠯᠳᠣᠭᠰᠠᠨ ᠪᠠᠶᠢᠳᠠᠯ ᠳᠤ ᠣᠷᠣᠭᠰᠠᠨ ᠢ ᠬᠡᠯᠡᠳᠡᠭ᠃ ︽ | ᠪᠣᠭᠤᠷᠣᠯ︾ ᠳᠤ ᠮᠦᠨ ᠦᠩᠭᠡ ᠨᠢ ᠪᠠᠭᠤᠷᠠᠵᠣ ᠵᠢᠰᠣ ᠨᠢ ᠪᠠᠭᠤᠷᠠᠵᠣ ᠬᠦᠴᠦ ᠨᠢ ᠪᠠᠭᠤᠷᠠᠵᠣ ᠭᠡᠰᠡᠨ ᠰᠠᠨᠠᠭ᠎ᠠ | ᠠᠭᠤᠯᠣᠭᠳᠠᠵᠣ ᠪᠠᠶᠢᠭ᠎ᠠ ᠶᠣᠮ᠃ | ᠳᠡᠭᠡᠪᠡᠯ ︽ᠪᠣᠭᠤᠷᠣᠯ︾ ᠭᠡᠳᠡᠭ ᠢ ᠶᠠᠭᠠᠬᠢᠭᠠᠳ ︽ᠪᠠᠭᠤᠷᠠᠯ ᠭᠡᠵᠣ ᠪᠢᠴᠢᠭᠰᠡᠨ ᠦᠭᠡᠢ ᠪᠣᠢ ᠭᠡᠪᠡᠯ ᠳᠡᠭᠡᠷ᠎ᠡ ᠦᠶ᠎ᠡ | ᠶᠢᠨ ᠪᠢᠴᠢᠭ ᠤᠨ ᠮᠡᠷᠭᠡᠳ ᠮᠠᠨᠢ ᠪᠠᠭᠤᠷᠠᠵᠣ ᠰᠠᠭᠠᠷᠠᠵᠣ ᠭᠡᠳᠡᠭ ᠮᠠᠭᠤᠬᠠᠢ ᠠᠴᠠ ᠵᠠᠶᠢᠯᠠᠭᠤᠯᠵᠣ ᠪᠢᠴᠢᠵᠣ | ᠳᠣᠭᠳᠠᠭᠠᠭᠰᠠᠨ ᠣᠴᠢᠷᠳᠡᠢ ᠪᠢᠯᠡ ᠦᠦ᠃ ᠳᠡᠷᠡ ᠨᠢ ᠪᠣᠭᠤᠷᠣᠯ ᠨᠠᠰᠣᠳᠠᠨ ᠤ ᠪᠠᠨ ᠪᠣᠷᠬᠠᠨ ᠳᠦᠷᠢ ᠪᠣᠳᠣᠯᠭ᠎ᠠ | ᠣᠬᠠᠭᠠᠨ ᠢ ᠳᠡᠭᠡᠳᠦᠯᠡᠭᠰᠡᠨ ᠰᠡᠳᠬᠢᠯᠭᠡ ᠶᠢ ᠰᠢᠩᠭᠡᠭᠡᠭᠰᠡᠨ ᠪᠢᠴᠢᠯᠭᠡ ᠪᠣᠯᠴᠢᠬᠠᠭᠰᠠᠨ ᠪᠠᠶᠢᠬᠤ ᠦᠭᠡᠢ ᠦᠦ᠃ | ᠳᠡᠭᠡᠪᠡᠯ ︽ᠰᠠᠷᠠᠯ︾ ᠨᠢ ᠴᠠᠭᠠᠨ ᠦᠩᠭᠡᠨ ᠳᠤ ᠣᠶᠢᠷᠠᠬᠠᠨ ᠦᠩᠭᠡ ᠭᠡᠳᠡᠭ ᠢ ᠳᠡᠷᠡ ᠣᠯᠠᠨ ᠳᠣᠯᠢ | ᠪᠢᠴᠢᠭ ᠲᠤ ᠳᠣᠳᠣᠷᠬᠠᠢ ᠳᠠᠶᠢᠯᠪᠣᠷᠢ ᠲᠠᠢ ᠪᠢᠯᠡ᠃ ᠭᠡᠪᠡᠴᠦ ︽ᠰᠠᠷᠠᠯ︾ ᠢ ︽ᠰᠠᠭᠠᠷᠠᠯ︾ ᠭᠡᠵᠣ ᠪᠢᠴᠢᠬᠦ ᠶᠣᠰᠣ | ᠵᠦᠢ ᠶᠢᠨ ᠪᠠᠷᠢᠮᠳᠠ ᠶᠢ ᠨᠢ ᠳᠣᠳᠣ ᠦᠬᠦᠯᠡᠭᠰᠡᠨ ᠦᠭᠡᠢ ᠪᠠᠶᠢᠳᠠᠭ᠃ ᠠᠳᠡ ᠪᠢ ︽ᠰᠠᠭᠠᠷᠠᠯ︾ ᠢ ᠦᠭᠡ ᠶᠢᠨ | ᠪᠦᠳᠦᠴᠡ ᠪᠠᠷ ᠵᠠᠳᠠᠯᠵᠣ ᠦᠵᠡᠶ᠎ᠡ᠃ ᠰᠠᠭᠠᠷᠠ + ᠯ — ᠰᠠᠭᠠᠷᠠᠯ ᠬᠡᠮᠡᠨ ᠵᠠᠳᠠᠯᠣᠭᠳᠠᠨᠠ᠃ ᠶᠠᠭᠠᠷᠠᠵᠣ ᠰᠠᠭᠠᠷᠠᠬᠤ | ᠶᠢᠨ ︽ᠰᠠᠭᠠᠷᠠ︾ ᠪᠣᠯ ᠭᠠᠷᠴᠠᠭ᠎ᠠ ᠦᠭᠡᠢ ᠦᠢᠯᠡ ᠦᠭᠡ ᠶᠣᠮ᠃ ︽ᠰᠠᠭᠠᠷᠠ︾ ᠭᠡᠳᠡᠭ ᠦᠢᠯᠡ ᠦᠭᠡᠨ ᠤ | ᠳᠠᠷᠠᠭ᠎ᠠ ︽ᠯ︾ ᠳᠠᠭᠠᠪᠣᠷᠢ ᠶᠢ ᠵᠠᠯᠭᠠᠬᠤ ᠳᠤ ︽ᠰᠠᠭᠠᠷᠠᠯ︾ ᠭᠡᠳᠡᠭ ᠵᠢᠩᠬᠢᠨᠢ ᠨᠡᠷ᠎ᠡ ᠦᠭᠡ ᠡᠭᠦᠰᠳᠡᠭ᠃ ᠡᠭᠦᠨ | ᠲᠠᠢ ᠣᠶᠢᠷᠠᠯᠴᠠᠭ᠎ᠠ ᠬᠡᠳᠦᠨ ᠦᠭᠡ ᠪᠣᠢ᠃ ᠳᠠᠷᠣᠢ᠄ ︽ᠴᠠᠭᠠᠷᠠᠯ︾ ᠭᠡᠳᠡᠭ ᠨᠢ ᠴᠠᠭᠠᠨ + ᠷᠠ + ᠯ — ᠴᠠᠭᠠᠷᠠᠯ | ᠪᠣᠯᠬᠤ︔ ︽ᠭᠡᠭᠡᠷᠡᠯ︾ ᠭᠡᠳᠡᠭ ᠨᠢ ᠭᠡᠭᠡᠨ + ᠷᠠ + ᠯ — ᠭᠡᠭᠡᠷᠡᠯ ᠪᠣᠯᠬᠤ︔ ︽ᠶᠠᠭᠠᠷᠠᠯ︾ ︵ᠶᠠᠭᠠᠷᠠᠵᠣ | ᠰᠠᠨᠳᠣᠷᠬᠤ ᠶᠢᠨ︶ ᠭᠡᠳᠡᠭ ᠨᠢ ᠶᠠᠭᠠᠷᠠ + ᠯ — ᠶᠠᠭᠠᠷᠠᠯ ᠪᠣᠯᠳᠠᠭ ᠨᠢ ᠪᠦᠷ ᠴᠦ ᠵᠢᠩᠬᠢᠨᠢ ᠨᠡᠷ᠎ᠡ ᠦᠭᠡ ᠪᠣᠯᠬᠤ | ᠠᠴᠠ ᠪᠢᠰᠢ ᠳᠡᠮᠳᠡᠭ ᠨᠡᠷ᠎ᠡ ᠪᠣᠯᠬᠤ ᠦᠭᠡᠢ ᠶᠣᠮ᠃ ︽ᠯ︾ ᠳᠠᠭᠠᠪᠣᠷᠢ ᠨᠢ ᠳᠡᠮᠳᠡᠭ ᠦᠭᠡ ᠡᠭᠦᠰᠭᠡᠬᠦ | ᠳᠣᠬᠢᠶᠠᠯᠳᠣᠯ ᠴᠦ ᠪᠣᠢ᠃ ︽ᠰᠢᠷᠭᠠᠯ︾ ᠭᠡᠳᠡᠭ ᠦᠭᠡ ᠨᠢ ᠰᠢᠷᠭ᠎ᠠ + ᠯ — ᠰᠢᠷᠭᠠᠯ ᠭᠡᠵᠣ ᠳᠡᠮᠳᠡᠭ ᠨᠡᠷ᠎ᠡ | ᠦᠭᠡ ᠪᠣᠯᠳᠠᠭ᠃ ᠡᠨᠡ ᠨᠢ ᠳᠡᠮᠳᠡᠭ ᠦᠭᠡ ᠠᠴᠠ ᠳᠡᠮᠳᠡᠭ ᠦᠭᠡ ᠡᠭᠦᠰᠦᠭᠰᠡᠨ ᠳᠡᠳᠦᠢ ᠶᠣᠮ᠃ ᠬᠠᠷᠢᠨ ︽ | ᠰᠠᠭᠠᠷᠠ︾ ᠭᠡᠳᠡᠭ ᠠᠴᠠ ︽ᠰᠠᠭᠠᠷᠠᠯ︾ ᠭᠡᠳᠡᠭ ᠦᠭᠡ ᠪᠦᠳᠦᠭᠰᠡᠨ ᠲᠠᠢ ᠠᠳᠠᠯᠢ ᠦᠭᠡᠢ ᠶᠣᠮ᠃ ︽ᠰᠠᠷᠠᠯ︾ ᠢ | ︽ᠰᠠᠭᠠᠷᠠᠯ︾ ᠭᠡᠵᠣ ᠪᠢᠴᠢᠬᠦ ᠪᠠᠷ ᠳᠣᠭᠳᠠᠭᠠᠪᠠᠯ ᠡᠭᠦᠨ ᠲᠠᠢ ᠬᠤᠷᠰᠢᠵᠣ ᠶᠠᠷᠢᠭᠳᠠᠳᠠᠭ ︽ᠪᠣᠭᠤᠷᠣᠯ︾ ᠢ ᠴᠦ ︽ | ᠪᠠᠭᠤᠷᠠᠯ︾ ᠭᠡᠵᠣ ᠪᠢᠴᠢᠬᠦ ᠣᠴᠢᠷᠳᠠᠢ ᠪᠣᠯᠣᠨ᠎ᠠ᠃ ᠳᠠᠷᠣᠢ ︽ᠪᠠᠭᠤᠷᠠᠯ ᠰᠠᠭᠠᠷᠠᠯ︾ ᠭᠡᠵᠣ ᠳᠣᠬᠢᠷᠠᠭᠰᠠᠨ | ᠬᠤᠷᠰᠢᠶ᠎ᠠ ᠦᠭᠡ ᠪᠣᠯᠣᠨ᠎ᠠ᠃ ᠳᠡᠭᠡᠭᠡᠳ ᠪᠢᠴᠢᠬᠡᠬᠦ ᠶᠣᠮ ᠪᠣᠯ ᠪᠢᠳᠡᠨ ᠤ ᠦᠰᠦᠭ ᠪᠢᠴᠢᠭ ᠢ ᠳᠦᠷᠢᠮᠵᠢᠬᠦᠯᠬᠦ ᠨᠢ | ᠬᠦᠭᠵᠢᠯᠳᠡ ᠪᠣᠯᠬᠤ ᠦᠦ ᠬᠦᠨᠦᠭᠡᠯᠳᠡ ᠪᠣᠯᠬᠤ ᠦᠦ ᠭᠡᠳᠡᠭ ᠢ ᠪᠣᠳᠣᠬᠤ ᠬᠡᠷᠡᠭᠳᠡᠢ ᠪᠠᠶᠢᠨ᠎ᠠ᠃ ︽ᠰᠠᠭᠠᠷᠠᠯ︾ ᠢ ︽ | ᠰᠠᠷᠠᠯ︾ ᠭᠡᠵᠣ ᠪᠢᠴᠢᠬᠦ ᠶᠢᠨ ᠶᠣᠰᠣ ᠵᠦᠢ ᠨᠢ ᠬᠠᠮᠢᠭ᠎ᠠ ᠨᠢ ᠪᠠᠶᠢᠨ᠎ᠠ ᠬᠡᠮᠡᠨ ᠠᠰᠠᠭᠤᠬᠤ ᠮᠠᠭᠠᠳ᠃ ᠡᠭᠦᠨ ᠢ | ᠳᠣᠣᠷᠠᠬᠢ ᠮᠡᠳᠦ ᠬᠡᠳᠦᠨ ᠳᠠᠯ᠎ᠠ ᠪᠠᠷ ᠶᠠᠷᠢᠶ᠎ᠠ᠃ ᠬᠠᠮᠤᠭ ᠨᠢᠭᠡᠳᠦᠭᠡᠷ ᠲᠤ ᠪᠢᠳᠡᠨ ᠤ ᠳᠡᠭᠡᠷ᠎ᠡ ᠦᠶ᠎ᠡ ᠶᠢᠨ ᠪᠢᠴᠢᠭ | ᠤᠨ ᠮᠡᠷᠭᠡᠳ ᠳᠡᠷᠡ ᠬᠦ ᠰᠠᠭᠠᠷᠠᠭᠰᠠᠨ ᠳᠣᠷᠣᠶᠢᠳᠠᠭᠰᠠᠨ ᠭᠡᠳᠡᠭ ᠠᠴᠠ ᠵᠠᠶᠢᠯᠠᠭᠤᠯᠵᠣ ︽ᠰᠠᠷᠠᠯ︾ ᠭᠡᠵᠣ ᠪᠢᠴᠢᠵᠣ | ᠳᠣᠭᠳᠠᠭᠠᠭᠰᠠᠨ ᠨᠢ ᠭᠠᠷᠴᠠᠭ᠎ᠠ ᠦᠭᠡᠢ᠃ ᠡᠨᠡ ᠪᠣᠯ ᠦᠨᠡᠨ ᠳᠤ ᠪᠠᠨ ᠭᠠᠶᠢᠬᠠᠮᠰᠢᠭᠳᠠᠢ ᠣᠬᠠᠭᠠᠨ ᠪᠢᠯᠢᠭ ᠶᠣᠮ᠃ | ︽ᠰᠠᠷᠠᠯ︾ ᠢ ︽ᠰᠠᠭᠠᠷᠠᠯ︾ ᠭᠡᠵᠣ ᠪᠢᠴᠢᠪᠡᠯ ᠠᠮᠢᠳᠣ ᠪᠠᠷ ᠨᠢ ᠦᠬᠦᠬᠦᠯᠴᠢᠬᠡᠭᠰᠡᠨ ᠶᠠᠪᠣᠳᠠᠯ ᠪᠣᠯᠣᠨ᠎ᠠ ᠭᠡᠵᠣ | ᠦᠵᠡᠭᠰᠡᠨ ᠨᠢ ᠶᠠᠷᠢᠶᠠᠨ ᠦᠭᠡᠢ᠃ ︽ᠮᠣᠩᠭᠤᠯ ᠤᠨ ᠨᠢᠭᠤᠴᠠ ᠳᠣᠪᠴᠢᠶᠠᠨ︾ ᠳᠤ ︽ᠦᠭᠡ ᠪᠠᠷ ᠦᠬᠦᠭᠦᠯᠦᠭᠰᠡᠨ | ᠢ ᠦᠪᠴᠢᠵᠣ ᠪᠣᠯᠳᠠᠭ ᠦᠭᠡᠢ᠂ ᠠᠮᠠ ᠪᠠᠷ ᠠᠯᠠᠭᠰᠠᠨ ᠢ ᠠᠴᠢᠵᠣ ᠪᠣᠯᠳᠠᠭ ᠦᠭᠡᠢ︾ ᠭᠡᠳᠡᠭ ᠮᠠᠰᠢ ᠣᠴᠢᠷᠳᠡᠢ | ᠨᠢᠭᠡᠨ ᠦᠭᠡ ᠪᠠᠶᠢᠳᠠᠭ᠃ ᠡᠷᠳᠡᠨᠢᠳᠦ ᠬᠦᠯᠦᠭ ᠮᠣᠷᠢᠨ ᠤ ᠪᠠᠨ ᠰᠦᠷ ᠰᠦᠯᠳᠡ ᠶᠢ ᠠᠮᠠ ᠪᠠᠷ ᠠᠯᠠᠬᠤ ᠦᠭᠡᠢ | ᠦᠰᠦᠭ ᠢᠶᠠᠷ ᠦᠬᠦᠭᠦᠯᠬᠦ ᠦᠭᠡᠢ ᠶᠢᠨ ᠳᠦᠯᠦᠭᠡ ︽ᠰᠠᠭᠠᠷᠠᠯ︾ ᠢ ᠳᠡᠪᠴᠢᠭᠰᠡᠨ ᠪᠣᠢ ᠶᠡ᠃ ᠡᠨᠡ ᠪᠣᠯ ᠮᠣᠩᠬᠠᠭ | ᠬᠦᠮᠦᠨ ᠤ ᠰᠡᠳᠬᠢᠬᠦᠢ ᠪᠢᠰᠢ ᠮᠣᠩᠭᠤᠯ ᠬᠦᠮᠦᠨ ᠤ ᠰᠡᠳᠬᠢᠬᠦᠢ ᠪᠠᠷ ᠬᠠᠨᠳᠣᠭᠰᠠᠨ ᠪᠢᠯᠢᠭ ᠰᠢᠩᠭᠡᠭᠰᠡᠨ ᠪᠢᠴᠢᠭ ᠤᠨ | ᠰᠣᠶᠣᠯ ᠭᠡᠵᠣ ᠡᠨᠡ ᠪᠠᠶᠢᠭ᠎ᠠ᠃ ᠬᠤᠶᠠᠳᠣᠭᠠᠷ ᠲᠤ᠂ ︽ᠰᠠ︾ ᠭᠡᠵᠣ ᠢᠵᠠᠭᠤᠷ ᠦᠭᠡ ᠪᠣᠢ᠃ ᠰᠠ ᠮᠦᠩᠭᠦᠨ ᠤ | ︽ᠰᠠ︾ ᠨᠢ ᠭᠡᠭᠡᠨ ᠴᠠᠭᠠᠬᠠᠨ ᠦᠩᠭᠡ ᠶᠢ ᠢᠯᠡᠷᠬᠡᠶᠢᠯᠡᠳᠡᠭ᠃ ︽ᠰᠠᠷ᠎ᠠ︾ ︵ᠨᠠᠷᠠ ᠰᠠᠷᠠᠨ ᠤ︶ ᠨᠢ ᠮᠦᠨ ᠡᠨᠡ | ︽ᠰᠠ︾ ᠢᠵᠠᠭᠤᠷ ᠠᠴᠠ ᠡᠭᠦᠰᠦᠭᠰᠡᠨ ᠦᠭᠡ ᠪᠠᠶᠢᠵᠣ ᠪᠣᠯᠬᠤ ᠳᠠᠯ᠎ᠠ ᠲᠠᠢ᠃ ᠳᠡᠭᠡᠪᠡᠯ ︽ᠰᠠᠷᠠᠯ︾ ᠨᠢ᠄ ᠰᠠᠷᠨ | + ᠯ — ᠰᠠᠷᠠᠯ ᠪᠣᠯᠵᠣ ᠰᠠᠷᠠᠨ ᠳᠤ ᠣᠶᠢᠷᠠᠳᠣᠭᠰᠠᠨ ᠭᠡᠭᠡᠨ ᠴᠠᠭᠠᠨ ᠦᠩᠭᠡ ᠶᠢ ᠵᠢᠭᠠᠬᠤ ᠳᠡᠮᠳᠡᠭ ᠨᠡᠷ᠎ᠡ ᠦᠭᠡ | ᠪᠣᠯᠴᠢᠬᠠᠬᠤ ᠪᠢᠰᠢ ᠦᠦ᠃ ︽ᠬᠤᠷᠢᠨ ᠨᠠᠢᠮᠠᠳᠣ ᠳᠠᠶᠢᠯᠪᠣᠷᠢ ᠳᠣᠯᠢ︾ ᠳᠤ ︽ᠰᠠ︾ ᠶᠢ ︽ᠠᠯᠳᠠᠨ ᠮᠦᠩᠭᠦᠨ | ᠦᠩᠭᠡᠳᠡᠢ ᠨᠠᠷᠢᠨ ᠰᠢᠷᠬᠡᠭ ᠣᠳᠠᠰᠣ ᠪᠠᠷ ᠰᠦᠯᠵᠢᠵᠣ ᠬᠢᠭᠰᠡᠨ ᠳᠣᠣᠵᠠ ᠶᠢ ᠰᠠ ᠬᠡᠮᠡᠮᠣᠢ︾ ᠭᠡᠵᠣ ᠳᠠᠶᠢᠯᠪᠣᠷᠢᠯᠠᠵᠠᠢ | ᠃ ᠳᠠᠷᠣᠢ ᠠᠩᠬᠠᠨ ᠤ ᠶᠠᠷᠢᠭᠰᠠᠨ ᠰᠠ ᠮᠦᠩᠭᠦᠨ ᠤ ︽ᠰᠠ︾ ᠲᠠᠢ ᠠᠳᠠᠯᠢᠬᠠᠨ ᠪᠠᠶᠢᠨ᠎ᠠ᠃ ᠮᠦᠨ ︽ᠰᠠᠷᠠᠯ︾ | ᠨᠢ ᠮᠦᠩᠭᠦᠨ ᠦᠩᠭᠡᠳᠡᠢ ᠭᠡᠳᠡᠭ ᠠᠴᠠ ᠵᠦᠷᠢᠬᠦ ᠭᠠᠵᠠᠷ ᠦᠭᠡᠢ ᠶᠣᠮ᠃ ᠭᠤᠷᠪᠠᠳᠣᠭᠠᠷ ᠲᠤ᠂ ᠮᠣᠩᠭᠤᠯᠴᠣᠳ | ᠮᠣᠷᠢ ᠪᠠᠨ ᠵᠢᠭᠦᠷᠳᠡᠨ ᠰᠢᠪᠠᠭᠤ ᠮᠡᠳᠦ ᠬᠤᠷᠳᠣᠨ ᠪᠠᠶᠢᠬᠤ ᠶᠢ ᠪᠡᠯᠭᠡᠰᠢᠶᠡᠵᠣ ᠮᠣᠷᠢᠨ ᠤ ᠪᠠᠨ ᠵᠢᠰᠦᠮ ᠢ ︽ | ᠰᠢᠪᠠᠭᠤᠨ ᠰᠠᠷᠠᠯ︾ ︽ᠳᠣᠭᠤᠷᠣᠣ ᠬᠠᠯᠳᠠᠷ︾ ︽ᠳᠡᠭᠳᠡᠭᠡᠬᠡᠢ ᠬᠡᠭᠡᠷ︾ ᠁ ᠭᠡᠳ ᠪᠠᠶᠢᠳᠠᠭ᠃ ᠰᠢᠪᠠᠭᠤᠨ ᠳᠤ | ᠰᠠᠷ ᠰᠢᠪᠠᠭᠤ ᠭᠡᠵᠣ ᠪᠣᠢ᠃ ︽ᠬᠤᠷᠢᠨ ᠨᠠᠢᠮᠠᠳᠣ ᠳᠠᠶᠢᠯᠪᠣᠷᠢ ᠳᠣᠯᠢ︾ ᠳᠤ ᠰᠠᠷ ᠰᠢᠪᠠᠭᠤᠨ ᠤ ᠳᠣᠬᠠᠢ ︽ᠡᠯᠢᠶ᠎ᠡ | ᠳᠤᠷ ᠠᠳᠠᠯᠢᠬᠠᠨ ᠪᠦᠭᠡᠳ ᠦᠩᠭᠡ ᠴᠠᠭᠠᠨ᠂ ᠰᠡᠬᠦᠯ ᠤᠨ ᠣᠭ ᠴᠠᠭᠠᠨ︾ ᠭᠡᠵᠣ ᠴᠠᠭᠠᠨ ᠦᠩᠭᠡ ᠲᠠᠢ ᠶᠢ ᠨᠢ | ᠳᠣᠳᠣᠷᠬᠠᠶᠢᠯᠠᠭᠰᠠᠨ ᠪᠠᠶᠢᠳᠠᠭ᠃ ᠳᠡᠭᠡᠪᠡᠯ ᠡᠨᠡᠬᠦ ᠰᠠᠷ ᠰᠢᠪᠠᠭᠤᠨ ᠤ ︽ᠰᠠ︾ ᠨᠢ ᠳᠡᠭᠡᠷᠡᠬᠢ ᠶᠠᠷᠢᠭᠳᠠᠭᠰᠠᠨ ︽ | ᠰᠠ︾ ᠲᠠᠢ ᠠᠳᠠᠯᠢᠬᠠᠨ ᠣᠳᠬ᠎ᠠ ᠲᠠᠢ ᠪᠠᠶᠢᠭ᠎ᠠ ᠶᠣᠮ᠃ ᠳᠡᠭᠡᠪᠡᠯ ︽ᠰᠠᠷᠠᠯ︾ ᠢ ᠰᠠᠷ ᠰᠢᠪᠠᠭᠤᠨ ᠤ ︽ᠰᠠᠷ︾ | ᠠᠴᠠ ᠴᠦ ᠢᠵᠠᠭᠤᠷ ᠠᠪᠴᠣ ᠪᠢᠴᠢᠬᠦ ᠪᠣᠯᠣᠮᠵᠢ ᠪᠣᠢ᠃ ᠳᠠᠷᠣᠢ ᠰᠠᠷ + ᠯ — ᠰᠠᠷᠠᠯ ᠪᠣᠯᠵᠣ ᠰᠠᠷ ᠰᠢᠪᠠᠭᠤ ᠲᠠᠢ | ᠠᠳᠠᠯᠢᠬᠠᠨ ᠦᠩᠭᠡ ᠲᠠᠢ ᠭᠡᠰᠡᠨ ᠳᠡᠮᠳᠡᠭ ᠦᠭᠡ ᠡᠭᠦᠰᠴᠦ ᠪᠣᠯᠣᠨ᠎ᠠ᠃ ᠡᠶᠢᠮᠣ ᠪᠣᠯᠬᠤᠷ ︽ᠰᠠᠭᠠᠷᠠᠯ︾ ᠢ ᠬᠠᠰᠢᠯᠠ | ︽ᠰᠠᠷᠠᠯ︾ ᠭᠡᠵᠣ ᠪᠢᠴᠢᠬᠦ ᠨᠢ ᠳᠡᠭᠡᠷ᠎ᠡ ᠪᠠᠶᠢᠬ᠎ᠠ᠃ ︽ᠰᠠᠷᠠᠯ︾ ᠭᠡᠵᠣ ᠪᠢᠴᠢᠬᠦ ᠨᠢ ︽ᠰᠠᠭᠠᠷᠠᠯ︾ ᠭᠡᠵᠣ | ᠪᠢᠴᠢᠭᠰᠡᠨ ᠠᠴᠠ ᠢᠯᠡᠭᠦᠦ ᠪᠠᠷ ᠶᠣᠰᠣ ᠵᠦᠢ ᠳᠤ ᠨᠡᠶᠢᠴᠡᠭᠰᠡᠨ ᠳᠠᠯ᠎ᠠ ᠲᠠᠢ᠃ ᠭᠡᠷᠡᠯ ᠭᠡᠭᠡ ᠲᠠᠢ ᠦᠩᠭᠡᠨ ᠳᠤ | ᠣᠶᠢᠷᠠᠳᠣᠭᠰᠠᠨ ᠬᠠᠶᠢᠷᠠᠯᠠᠨ ᠳᠡᠭᠡᠳᠦᠯᠡᠭᠦ ᠬᠦᠨᠳᠦᠳᠭᠡᠯ ᠳᠤ ᠣᠶᠢᠷᠠᠳᠣᠭᠰᠠᠨ ᠰᠡᠳᠬᠢᠯᠭᠡᠨ ᠤ ᠰᠡᠷᠡᠭᠦᠨ ᠳᠣᠩᠭᠠᠯᠠᠭ | ᠲᠤ ᠣᠶᠢᠷᠠᠳᠣᠭᠰᠠᠨ ᠰᠠᠶᠢᠨ ᠰᠠᠶᠢᠬᠠᠨ ᠤ ᠰᠠᠷᠠᠭᠤᠯ ᠣᠬᠠᠭᠠᠨ ᠳᠤ ᠣᠶᠢᠷᠠᠳᠣᠭᠰᠠᠨ ᠦᠭᠡᠳᠡ ᠨᠢ ᠳᠠᠳᠠᠬᠤ ᠦᠯᠵᠡᠢ | ᠳᠡᠮᠪᠡᠷᠢᠯ ᠳᠤ ᠣᠶᠢᠷᠠᠳᠣᠭᠰᠠᠨ ᠪᠢᠴᠢᠭ ᠤᠨ ᠮᠡᠷᠭᠡᠳ ᠤᠨ ᠪᠢᠯᠢᠭ ᠰᠢᠩᠭᠡᠭᠰᠡᠨ ︽ᠰᠠᠷᠠᠯ︾ ᠬᠡᠮᠡᠬᠦ ᠪᠢᠴᠢᠯᠭᠡ ᠪᠠᠨ | ᠰᠠᠨᠠᠭᠠᠨ ᠳᠤ ᠪᠠᠨ ᠠᠪᠴᠣ ᠬᠡᠷᠡᠭᠯᠡᠵᠡᠭᠡᠶ᠎ᠡ᠃ | | | | |