ᠬᠡᠰᠢᠭᠳᠡᠨ ᠬᠤᠰᠢᠭᠤᠨ ᠤ ︽ᠰᠢᠳᠠᠷ᠎ᠠ ᠶᠢᠨ ᠤᠬᠠᠭᠠᠨ︾ ᠰᠢᠳᠠᠷ᠎ᠠ ᠵᠢᠷᠬᠢᠭᠡ ᠶᠢᠨ ᠰᠤᠷᠭᠠᠭᠤᠯᠢ
ᠨᠡᠶᠢᠲᠡᠯᠡᠭᠰᠡᠨ ᠴᠠᠭ᠄
2019/2/26
       ᠰᠢᠳᠠᠷ᠎ᠠ ᠨᠢ ᠪᠠᠭᠠᠴᠦᠳ ᠭᠡᠦᠭᠡᠳ ᠢ ᠲᠡᠰᠪᠦᠷᠢ ᠲᠠᠭᠠᠭᠠᠮᠠᠭᠠᠢ᠂ ᠠᠵᠢᠭᠴᠢ ᠬᠢᠷᠠᠬᠠᠢ ᠪᠤᠯᠭᠠᠵᠦ᠂ ᠲᠤᠬᠢᠶᠠᠯᠳᠤᠭᠰᠠᠨ ᠠᠰᠠᠭᠤᠳᠠᠯ ᠢ ᠤᠷᠠᠨ ᠢᠶᠠᠷ ᠰᠢᠢᠳᠪᠦᠷᠢᠯᠡᠬᠦ ᠤᠬᠠᠭᠠᠨ ᠢ ᠵᠢᠭᠠᠵᠦ᠂ ᠬᠦᠮᠦᠨ ᠤ ᠰᠡᠳᠬᠢᠬᠦᠢ ᠶᠢ ᠬᠢᠵᠠᠭᠠᠷ ᠦᠭᠡᠢ ᠲᠡᠰᠢ ᠲᠡᠯᠡᠳᠡᠭ ᠤᠨᠴᠠ ᠴᠢᠳᠠᠪᠬᠢ ᠲᠠᠢ ᠪᠠᠶᠢᠳᠠᠭ᠃ ᠬᠡᠰᠢᠭᠳᠡᠨ ᠬᠤᠰᠢᠭᠤᠨ ᠤ ︽ᠰᠢᠳᠠᠷ᠎ᠠ ᠶᠢᠨ ᠤᠬᠠᠭᠠᠨ︾ ᠰᠢᠳᠠᠷ᠎ᠠ ᠵᠢᠷᠬᠢᠭᠡ ᠶᠢᠨ ᠰᠤᠷᠭᠠᠭᠤᠯᠢ ᠨᠢ 2018 ᠤᠨ ᠤ 5 ᠰᠠᠷ᠎ᠠ ᠶᠢᠨ 12᠎ ᠤ ᠡᠳᠦᠷ ᠵᠢᠩᠬᠢᠨᠢ ᠎ ᠪᠠᠷ ᠬᠢᠴᠢᠶᠡᠯ ᠡᠬᠢᠯᠡᠭᠰᠡᠨ ᠪᠠᠶᠢᠨ᠎ᠠ᠃  ᠲᠣᠰ ᠰᠣᠷᠭᠠᠭᠤᠯᠢ ᠨᠢ ᠰᠤᠷᠭᠠᠨ ᠬᠦᠮᠦᠵᠢᠯ ᠤᠨ ᠲᠤᠪᠴᠢᠶ᠎ᠠ᠂ ᠰᠢᠨᠵᠢᠯᠡᠬᠦ ᠤᠬᠠᠭᠠᠨ ᠮᠡᠷᠬᠡᠵᠢᠯ ᠤᠨ ᠲᠤᠪᠴᠢᠶᠠᠨ ᠤ ᠬᠢᠨᠠᠯᠳᠠ ᠪᠠᠶᠢᠴᠠᠭᠠᠯᠳᠠ ᠪᠠᠷ ᠰᠤᠷᠭᠠᠭᠤᠯᠢ ᠪᠠᠶᠢᠭᠤᠯᠬᠤ ᠪᠠᠷᠢᠮᠵᠢᠶᠠᠨ ᠳᠤ ᠬᠦᠷᠴᠦ ᠵᠦᠪᠰᠢᠶᠡᠷᠡᠭᠳᠡᠵᠡᠢ᠃
       ︽ᠰᠢᠳᠠᠷ᠎ᠠ ᠶᠢᠨ ᠤᠬᠠᠭᠠᠨ︾ ᠰᠢᠳᠠᠷ᠎ᠠ ᠵᠢᠷᠬᠢᠭᠡ ᠶᠢᠨ ᠰᠤᠷᠭᠠᠭᠤᠯᠢ ᠶᠢᠨ ᠵᠠᠬᠢᠷᠣᠯ᠂ ᠰᠣᠷᠭᠠᠭᠴᠢ ᠭᠥᠴᠥᠨᠳᠡᠭᠦᠰ 2012.9—2018.3 ᠪᠤᠯᠳᠠᠯ᠎ᠠ ᠬᠡᠰᠢᠭᠳᠡᠨ ᠬᠤᠰᠢᠭᠤᠨ ᠤ ᠪᠢᠷᠠᠭᠤ ᠳᠠᠬᠢ ᠮᠤᠩᠭᠤᠯ ᠪᠠᠭ᠎ᠠ ᠰᠤᠷᠭᠠᠭᠤᠯᠢ ᠳᠤ ᠰᠢᠳᠠᠷ᠎ᠠ ᠶᠢᠨ ᠰᠤᠷᠭᠠᠭᠴᠢ ᠪᠠᠷ  ᠠᠵᠢᠯᠯᠠᠭᠰᠠᠨ ᠪᠣᠳᠠᠳᠣ ᠠᠵᠢᠯ ᠤᠨ ᠲᠣᠷᠰᠢᠯᠭ᠎ᠠ ᠲᠠᠢ ᠪᠠᠨ ᠤᠶᠠᠯᠳᠣᠭᠤᠯᠣᠨ᠂ ᠡᠯ᠎ᠡ ᠭᠠᠵᠠᠷ ᠤᠨ ᠠᠯᠳᠠᠷᠳᠦ ᠰᠢᠳᠠᠷᠴᠢᠨ᠂ ᠨᠡᠷᠡᠳᠦ ᠰᠤᠷᠭᠠᠭᠴᠢ᠂ ᠡᠷᠳᠡᠮᠳᠡᠨ ᠪᠠᠭᠰᠢ ᠨᠠᠷ ᠰᠠᠨᠠᠯ ᠲᠣᠷᠰᠢᠯᠭ᠎ᠠ ᠪᠠᠨ ᠰᠣᠯᠢᠯᠴᠠᠨ᠂ ᠪᠠᠭ᠎ᠠ ᠰᠣᠷᠭᠠᠭᠤᠯᠢ ᠶᠢᠨ ᠨᠢᠭᠡ ᠤᠨ ᠠᠴᠠ ᠲᠡᠭᠡᠳᠦ ᠲᠤᠮᠳᠠᠳᠦ ᠪᠤᠶᠤ ᠲᠤᠰᠬᠠᠢ ᠮᠡᠷᠭᠡᠵᠢᠯ ᠤᠨ ᠰᠤᠷᠭᠠᠭᠤᠯᠢ ᠬᠦᠷᠳᠡᠯᠡᠬᠢ ᠰᠢᠳᠠᠷ᠎ᠠ ᠶᠢᠨ ᠤᠬᠠᠭᠠᠨ ᠵᠢᠭᠠᠬᠤ ᠮᠠᠲ᠋ᠧᠷᠢᠶᠠᠯ ᠪᠤᠯᠬᠤ ︽ᠰᠢᠳᠠᠷ᠎ᠠ ᠶᠢᠨ ᠣᠬᠠᠭᠠᠨ︾ ᠬᠡᠬᠦ ᠨᠤᠮ ᠢ ᠨᠠᠶᠢᠷᠠᠭᠤᠯᠤᠨ ᠲᠠᠭᠤᠰᠬᠠᠭᠠᠳ ᠨᠢᠭᠡᠨ ᠢᠵᠢ ᠵᠢᠭᠠᠨ ᠰᠣᠷᠭᠠᠬᠤ ᠲᠣᠭᠳᠠᠯᠴᠠᠭ᠎ᠠ ᠶᠢ ᠪᠦᠷᠢᠯᠳᠦᠬᠦᠯᠦᠭᠰᠡᠨ ᠪᠠᠶᠢᠨ᠎ᠠ᠃
       ᠣᠷᠴᠢᠮ ᠤᠨ ᠵᠢᠯ ᠳᠤ᠂ ᠭᠥᠴᠥᠨᠳᠡᠭᠦᠰ ᠪᠠᠭᠰᠢ ᠶᠢᠨ ᠵᠢᠯᠣᠭᠤᠳᠣᠭᠰᠠᠨ ᠰᠣᠷᠣᠭᠴᠢᠳ ᠪᠦᠬᠦ ᠣᠯᠣᠰ᠂ ᠣᠷᠣᠨ᠂ ᠬᠤᠲᠠ ᠶᠢᠨ ᠣᠯᠠᠨ ᠣᠳᠠᠭᠠᠨ ᠤ ᠰᠢᠳᠠᠷ᠎ᠠ ᠶᠢᠨ ᠮᠦᠷᠦᠶᠢᠴᠡᠬᠡᠨ ᠳᠤ ᠬᠢᠯᠠᠯᠵᠠᠭᠰᠠᠨ ᠠᠮᠵᠢᠯᠲᠠ ᠣᠯᠵᠣ᠂ ᠮᠣᠩᠭᠤᠯ ᠬᠡᠤᠬᠡᠳ ᠤᠨ ᠣᠢ ᠣᠬᠠᠭᠠᠨ ᠢ ᠨᠡᠶᠢᠳᠡ ᠣᠯᠠᠨ ᠳᠤ ᠭᠠᠶᠢᠬᠠᠭᠤᠯᠵᠠᠢ᠃
       ᠤᠳᠤᠬᠠᠨ ᠳᠤ ᠠᠩᠬ᠎ᠠ ᠲᠡᠰ ᠤᠨ ᠠᠩᠬᠢ ᠳᠤ 12 ᠰᠤᠷᠤᠭᠴᠢ ᠲᠠᠢ᠂ ᠲᠤᠮᠳᠠ ᠲᠡᠰ ᠤᠨ ᠠᠩᠬᠢ ᠳᠤ 14 ᠰᠤᠷᠤᠭᠴᠢ ᠲᠠᠢ᠃ ᠲᠤᠰ ᠰᠤᠷᠭᠠᠭᠤᠯᠢ ᠨᠢ ᠬᠡᠰᠢᠭᠳᠡᠨ ᠬᠤᠰᠢᠭᠤᠨ ᠤ ᠪᠢᠷᠠᠭᠤ ᠪᠠᠯᠭᠠᠰᠤᠨ ᠤ ᠴᠢᠯᠦᠭᠡᠯᠡᠯᠳᠦ ᠵᠠᠮ ᠤᠨ ᠲᠤᠮᠳᠠ ᠬᠡᠰᠡᠭ ᠲᠤ ᠪᠠᠳᠠᠷᠠᠯᠲᠦ ︵ᠰᠢᠩ ᠸᠠᠩ︶ ᠰᠠᠭᠤᠭᠠᠯᠢ ᠠᠷᠠᠳ ᠤᠨ ᠲᠤᠭᠤᠷᠢᠭ ᠤᠨ ᠪᠠᠷᠠᠭᠤᠨ ᠡᠬᠦᠳᠡᠨ ᠳᠤ ᠵᠡᠭᠡᠯᠢ ᠨᠢᠭᠤᠷᠯᠠᠭᠰᠡᠨ ᠬᠤᠶᠠᠷ ᠲᠠᠪᠬᠤᠷ ᠠᠰᠠᠷ ᠲᠤ ᠪᠠᠶᠢᠷᠢᠰᠢᠵᠦ ᠪᠠᠶᠢᠨ᠎ᠠ᠃ ᠬᠢᠴᠢᠶᠡᠯ ᠤᠷᠤᠬᠤ ᠪᠠ ᠨᠤᠮ ᠦᠵᠡᠬᠦ ᠲᠠᠯᠠᠪᠤᠷ᠂ ᠪᠤᠯᠪᠠᠰᠤᠷᠠᠯ ᠰᠤᠷᠢᠭ᠎ᠠ ᠬᠢᠬᠦ᠂ ᠤᠷᠤᠯᠳᠤᠭᠠᠨ ᠶᠠᠪᠤᠭᠤᠯᠬᠤ ᠲᠣᠰᠬᠠᠢ ᠲᠠᠯᠠᠪᠤᠷ ᠲᠠᠢ᠃
※ ︽ᠰᠢᠳᠠᠷ᠎ᠠ ᠶᠢᠨ ᠣᠬᠠᠭᠠᠨ︾ ᠨᠤᠮ ᠤᠨ ᠣᠷᠣᠰᠢᠯ                                   —— ᠨᠤᠮ ᠮᠢᠯᠢᠶᠠᠬᠤ ᠥᠴᠢᠯ ᠥᠭᠡ        ᠵᠠᠯᠠᠭᠤ ᠰᠢᠳᠠᠷᠠᠴᠢᠨ ᠪᠥᠭᠡᠳ ᠰᠤᠳᠤᠯᠤᠭᠠᠴᠢ ᠭᠥᠴᠥᠨᠳᠡᠭᠦᠰ ︽ᠰᠢᠳᠠᠷ᠎ᠡ ᠶᠢᠨ ᠤᠬᠠᠭᠠᠨ︾ ᠭᠡᠮᠡᠭᠦ ᠲᠤᠮᠤᠬᠠᠨ ᠪᠥᠳᠥᠭᠡᠯ ᠢ ᠨᠠᠶᠢᠷᠠᠭᠤᠯᠤᠨ ᠪᠢᠴᠢᠭᠡᠳ ᠮᠢᠨᠥ ᠡᠷᠳᠡᠮᠳᠤ ᠮᠡᠷᠭᠡᠨ ᠱᠠᠪᠢ ᠪᠤᠶᠠᠨᠪᠠᠭᠠᠳᠤᠷ ᠳ᠋ᠤᠺᠲ᠋ᠤᠷ ᠫᠷᠤᠹᠧᠰᠰᠤᠷ ᠢᠶᠠᠷ ᠲᠡᠮᠵᠢᠭᠤᠯᠤᠨ ᠤᠷᠤᠰᠢᠯ ᠪᠢᠴᠢᠭᠦᠯᠭᠦ ᠶᠢ ᠨᠠᠶᠢᠳᠠᠭᠰᠠᠨ᠎ᠡ᠂ ᠰᠢᠳᠠᠷ᠎ᠡ ᠳᠤ ᠪᠠᠭ᠋ᠠᠳᠠᠢ ᠰᠡᠳᠭᠢᠯ ᠳᠤ ᠪᠠᠨ ᠭᠥᠳᠥᠯᠥᠭᠳᠡᠨ᠂ ᠤᠡᠭᠰᠢᠭ᠌ᠰᠠᠨ ᠤ ᠲᠠᠷᠠᠭ᠎ᠠ ᠪᠤᠳᠤᠰᠤᠭᠠᠢ ᠭᠡᠮᠡᠨ ᠵᠥᠪᠰᠢᠶᠡᠷᠡᠭᠦ ᠲᠠᠳᠠᠭᠠᠯᠵᠠᠬᠤ ᠶᠢᠨ ᠵᠠᠭᠠᠭ ᠲᠤ ᠭᠥᠯᠢᠶᠡᠨ ᠠᠪᠤᠭᠰᠠᠨ ᠪᠥᠯᠥᠭᠡ᠃ ᠡᠶᠢᠨ ᠭᠦ ᠶᠠᠮᠠᠷ ᠠᠭᠰᠠᠨ ᠴᠤ 1300 ᠭᠠᠷᠤᠢ ᠬᠠᠭᠤᠳᠠᠰᠤ ᠲᠠᠢ᠂ 14 ᠪᠥᠯᠥᠭ ᠪᠥᠭᠦᠢ 222 ᠭᠡᠰᠡᠭ ᠢᠶᠠᠷ ᠪᠥᠷᠢᠯᠳᠥᠭᠰᠡᠨ ᠲᠤᠮᠤᠬᠠᠨ ᠪᠥᠳᠥᠭᠡᠯ ᠲᠠᠢ ᠤᠡᠭᠰᠢᠨ ᠲᠠᠨᠢᠯᠴᠠᠭᠰᠠᠨ ᠤ ᠲᠠᠷᠠᠭ᠎ᠠ᠂ ᠵᠠᠯᠠᠭᠤ ᠭᠥᠮᠥᠨ ᠤ ᠰᠡᠳᠭᠢᠯ ᠤᠶᠤᠨ᠂ ᠭᠥᠴᠥ ᠭᠥᠳᠡᠯᠮᠥᠷᠢ ᠰᠢᠩᠭᠡᠭᠰᠡᠨ ᠰᠠᠶᠢᠨ ᠪᠥᠳᠥᠭᠡᠯ ᠪᠤᠯᠤᠯ᠎ᠡ ᠭᠡᠮᠡᠨ ᠥᠵᠡᠵᠤ᠂ ᠨᠤᠮ ᠮᠢᠯᠢᠶᠠᠬᠤ ᠥᠴᠢᠯ ᠥᠭᠡ ᠪᠤᠯᠭᠠᠨ ᠲᠡᠷᠠᠭᠠᠭᠢ ᠵᠥᠢᠯ ᠢ ᠲᠡᠮᠳᠡᠭᠯᠡᠨ ᠭᠡᠯᠡᠭᠦ ᠶᠢ ᠭᠥᠰᠡᠪᠡ᠃        ᠨᠢᠭᠡ᠂ ᠮᠤᠩᠭᠤᠯ ᠰᠢᠳᠠᠷ᠎ᠡ ᠪᠤᠯ ᠮᠤᠩᠭᠤᠯᠴᠤᠳ ᠤᠨ ᠰᠤᠶᠤᠯ ᠲᠡᠤᠭᠡ ᠶᠢᠨ ᠨᠡᠨᠳᠢᠨ ᠥᠪ ᠮᠥᠨ᠃ ᠮᠢᠨᠥ ᠪᠠᠶ᠎ᠡ ᠭᠥᠯᠭᠡᠳᠤ ᠲᠤᠭᠯᠠᠭᠠᠮ ᠰᠢᠳᠠᠷ᠎ᠡ ᠶᠢ ᠰᠤᠨᠢᠷᠬᠠᠭᠴᠢ ᠶᠢᠨ ᠬᠤᠪᠢ ᠪᠠᠷ ᠭᠤᠴᠢᠭᠠᠳ ᠵᠢᠯ ᠤᠨ ᠲᠡᠷᠳᠡᠭᠡ ︽ᠮᠤᠩᠭᠤᠯ ᠰᠢᠳᠠᠷ᠎ᠡ ᠪᠠ ᠮᠤᠩᠭᠤᠯ ᠰᠤᠶᠤᠯ︾ ᠭᠡᠮᠡᠭᠦ ᠨᠤᠮ ᠢ ᠪᠢᠴᠢᠭᠰᠡᠨ ᠪᠥᠭᠡᠳ ᠲᠤᠰ ᠨᠤᠮ ᠢ ᠥᠪᠥᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ 1993 ᠤᠨ ᠳᠤ ᠠᠯᠪᠠᠨ ᠶᠤᠰᠤ ᠪᠠᠷ ᠭᠡᠪᠯᠡᠭᠦᠯᠵᠤ ᠤᠯᠠᠨ ᠨᠡᠶᠢᠳᠡ ᠶᠢᠨ ᠭᠥᠷᠳᠡᠭᠡᠯ ᠪᠤᠯᠭᠠᠭᠰᠠᠨ ᠪᠢᠯᠡ᠃ ᠮᠢᠨᠥ ᠤᠭ ᠰᠠᠨᠠᠭᠠᠨ ᠳᠤ ︽ᠨᠠᠭᠠᠳᠤᠮ ᠤᠨ ᠭᠢᠨᠢ ᠲᠡᠭᠡᠳᠤ ᠨᠠᠢᠮᠠᠨ ᠭᠥᠯᠳᠤ ᠰᠢᠳᠠᠷ᠎ᠡ︾ ᠪᠤᠯᠪᠠᠰᠤ ᠮᠤᠩᠭᠤᠯᠴᠤᠳ ᠤᠨ ᠥᠪ ᠰᠤᠶᠤᠯ ᠤᠨ ᠲᠡᠭᠡᠵᠢ᠂ ᠭᠥᠮᠥᠰ ᠤᠨ ᠤᠢ ᠪᠢᠯᠢᠭ ᠢ ᠨᠡᠭᠡᠭᠡᠭᠳᠡᠭᠦᠯᠥᠨ ᠤᠬᠠᠭᠠᠨ ᠪᠤᠳᠤᠯᠭ᠎ᠠ ᠶᠢ ᠭᠥᠭᠵᠢᠭᠦᠯᠭᠦ ᠳᠤ ᠤᠨᠴᠠᠭᠠᠢ ᠠᠴᠢ ᠬᠤᠯᠪᠤᠭᠳᠠᠯ ᠲᠠᠢ ᠲᠤᠭᠯᠠᠭᠠᠮ ᠭᠡᠮᠡᠭᠦ ᠶᠢ ᠨᠤᠳᠠᠯᠠᠵᠤ᠂ ᠴᠠᠭᠠᠰᠢᠯᠠᠪᠠᠯ ᠰᠢᠳᠠᠷ᠎ᠡ ᠮᠤᠩᠭᠤᠯ ᠠᠴᠠ ᠡᠭᠦᠰᠥᠭᠰᠡᠨ ᠭᠡᠭᠦ ᠰᠠᠨᠠᠭ᠎ᠠ ᠶᠢ ᠲᠠᠮ ᠢᠯᠡ ᠪᠠᠷ ᠲᠡᠮᠳᠡᠭᠯᠡᠭᠰᠡᠨ ᠳᠤ ᠪᠠᠨ ᠶᠡᠭᠡ ᠰᠡᠳᠭᠢᠯ ᠲᠥᠭᠦᠷᠡᠩ ᠶᠠᠪᠤᠳᠠᠭ ᠪᠢᠯᠡ᠃ ᠭᠡᠳᠥᠢ ᠲᠠᠶᠢᠨ ᠠᠭᠰᠠᠨ ᠴᠤ ᠨᠤᠮ ᠢ ᠵᠠᠰᠠᠵᠤ ᠰᠠᠶᠢᠵᠢᠷᠠᠭᠤᠯᠬᠤ᠂ ᠨᠡᠮᠡᠵᠤ ᠲᠡᠯᠭᠡᠷᠡᠭᠦᠯᠭᠦ ᠵᠥᠢᠯ ᠵᠥᠡᠭᠳᠡᠭᠡᠨ ᠪᠠᠶᠢᠵᠤ᠂ ᠮᠠᠲ᠋ᠧᠷᠢᠶᠠᠯ ᠴᠤᠭᠯᠠᠭᠤᠯᠤᠭᠰᠠᠭᠠᠷ ᠪᠠᠶᠢᠪᠠᠴᠤ ᠡᠳᠥᠭᠡ ᠭᠥᠷᠳᠡᠯ᠎ᠡ ᠭᠠᠷᠳᠠᠵᠤ ᠪᠢᠴᠢᠭᠦ ᠵᠠᠪ ᠥᠭᠡᠢ ᠶᠠᠪᠤᠭᠰᠠᠭᠠᠷ ᠠᠳᠠᠯ᠎ᠡ ᠥᠪᠥᠷ ᠮᠤᠩᠭᠤᠯ ᠳᠤ ᠤᠯᠠᠨ ᠮᠡᠷᠭᠡᠳ ᠮᠤᠩᠭᠤᠯ ᠰᠢᠳᠠᠷ᠎ᠡ ᠳᠤ ᠠᠩᠬᠠᠷᠤᠯ ᠢᠶᠠᠨ ᠬᠠᠨᠳᠤᠭᠤᠯᠵᠤ ᠨᠢᠭᠡ ᠯᠠ ᠮᠡᠳᠡᠭᠦ ᠳᠤ ᠬᠤᠷᠢ ᠰᠢᠬᠠᠮ ᠨᠤᠮ ᠪᠥᠳᠥᠭᠡᠯ ᠭᠡᠪᠯᠡᠭᠳᠡᠭᠰᠡᠨ ᠬᠠᠷᠠᠭᠳᠠᠯ᠎ᠡ᠃        ᠮᠤᠩᠭᠤᠯ ᠰᠢᠳᠠᠷ᠎ᠡ ᠶᠢᠨ ᠲᠤᠬᠠᠢ ᠥᠪᠥᠷ ᠮᠤᠩᠭᠤᠯ ᠳᠤ ᠭᠡᠪᠯᠡᠭᠳᠡᠭᠰᠡᠨ ᠠᠩᠬᠠᠨ ᠤ ᠨᠤᠮ ᠨᠢ ᠴᠠᠳᠠᠨ ᠪᠠᠭᠰᠢ ᠶᠢᠨ ︽ᠮᠤᠩᠭᠤᠯ ᠰᠢᠳᠠᠷ᠎ᠡ︾ ᠪᠤᠯᠤᠨ᠎ᠡ᠂ ᠤᠭ ᠨᠤᠮ 1978 ᠤᠨ ᠳᠤ ᠭᠡᠪᠯᠡᠭᠳᠡᠵᠡᠢ᠃ ᠫᠤᠩᠰᠤᠭᠷᠢᠨᠴᠢᠨ ᠭᠤᠸᠠᠢ ᠶᠢᠨ ︽ᠮᠤᠩᠭᠤᠯ ᠰᠢᠳᠠᠷ᠎ᠡ ᠶᠢᠨ ᠱᠥᠭᠦᠯᠴᠡᠭᠡᠨ︾ ᠭᠡᠭᠦ ᠨᠤᠮ 1980 ᠤᠨ ᠳᠤ ᠭᠡᠪᠯᠡᠭᠳᠡᠵᠡᠢ᠃ ᠡᠭᠦᠨ ᠠᠴᠠ ᠲᠠᠷᠠᠭ᠎ᠠ ᠤᠯᠳᠤᠢ ᠮᠢᠨᠥ ︽ᠮᠤᠩᠭᠤᠯ ᠰᠢᠳᠠᠷ᠎ᠡ ᠪᠠ ᠮᠤᠩᠭᠤᠯ ᠰᠤᠶᠤᠯ︾ ᠭᠡᠮᠡᠭᠦ ᠨᠤᠮ 1993 ᠤᠨ ᠳᠤ ᠭᠡᠪᠯᠡᠭᠳᠡᠵᠡᠢ᠃ ᠡᠷᠭᠢᠭᠡᠳ ᠰᠠᠨᠠᠬᠤ ᠳᠤ ᠡᠨᠡ ᠨᠢ ᠥᠨᠡᠭᠡᠷ ᠮᠤᠩᠭᠤᠯ ᠰᠢᠳᠠᠷ᠎ᠡ ᠶᠢᠨ ᠲᠤᠬᠠᠢ ᠠᠩᠬᠠᠨ ᠤ ᠰᠤᠳᠤᠯᠭ᠎ᠠ ᠪᠠᠶᠢᠭᠰᠠᠨ ᠪᠥᠭᠡᠳ ᠮᠤᠩᠭᠤᠯ ᠰᠢᠳᠠᠷ᠎ᠡ ᠶᠢᠨ ᠭᠥᠭᠵᠢᠯ ᠢ ᠤᠷᠢᠶᠠᠯᠠᠨ ᠲᠠᠭᠤᠳᠠᠭᠰᠠᠨ ᠲᠤᠩᠬᠠᠭ ᠪᠠᠶᠢᠭᠰᠠᠨ ᠶᠤᠮ᠃        ᠰᠢᠨ᠎ᠡ ᠮᠢᠩᠭᠠᠨ ᠭᠠᠷᠤᠭᠰᠠᠨ ᠠᠴᠠ ᠬᠤᠶᠢᠰᠢ ᠮᠤᠩᠭᠤᠯ ᠰᠢᠳᠠᠷ᠎ᠡ ᠶᠢᠨ ᠲᠤᠬᠠᠢ ᠰᠤᠳᠤᠯᠭ᠎ᠠ᠂ ᠬᠤᠯᠪᠤᠭ᠎ᠠ ᠨᠡᠶᠢᠭᠡᠮᠯᠢᠭ᠂ ᠤᠷᠤᠯᠳᠤᠭᠠᠨ ᠶᠠᠭ ᠯᠠ ᠬᠤᠷ᠎ᠡ ᠶᠢᠨ ᠲᠠᠷᠠᠭᠠᠭᠢ ᠬᠤᠯᠤᠰᠤᠨ ᠰᠥᠶ᠎ᠡ ᠮᠡᠳᠥ ᠤᠯᠠᠰᠢᠷᠠᠵᠠᠢ᠃ ᠵᠢᠱᠢᠶ᠎ᠡ ᠨᠢ᠄ ᠠ᠊ · ᠭᠠᠨᠭ᠍ᠰᠦ᠋ᠭᠡ ᠶᠢᠨ ︽ᠮᠤᠩᠭᠤᠯ ᠰᠢᠳᠠᠷ᠎ᠡ ᠰᠤᠷᠬᠤ ᠪᠢᠴᠢᠭ︾᠂ 2006 ᠤᠨ︔ ᠭᠤᠴᠤᠤ ᠶᠢᠨ ︽ᠮᠤᠩᠭᠤᠯ ᠰᠢᠳᠠᠷ᠎ᠡ ᠶᠢᠨ ᠭᠠᠶᠢᠬᠠᠮᠰᠢᠭ︾᠂ 2006 ᠤᠨ︔ ᠨᠠᠮᠰᠠᠷᠠᠢ ᠶᠢᠨ ︽ᠤᠯᠠᠨ ᠤᠯᠤᠰ ᠤᠨ ᠰᠢᠳᠠᠷ᠎ᠡ ᠶᠢᠨ ᠱᠥᠭᠦᠯᠴᠡᠭᠡ︾᠂ 2008 ᠤᠨ︔ ᠥ᠊ · ᠬᠠᠶᠢᠮᠴᠤᠭ᠂  ᠢ᠊ · ᠲᠤᠩᠭᠠᠯᠠᠭ ᠤᠨ ︽ᠮᠤᠩᠭᠤᠯ ᠰᠢᠳᠠᠷ᠎ᠡ ᠶᠢᠨ ᠬᠤᠵᠢᠯ ᠤᠳ︾᠂ 1997 ᠤᠨ︔ ᠶᠠᠩ ᠶᠢᠨ ᠱᠠᠨ ᠤ ︽ᠮᠤᠩᠭᠤᠯ ᠰᠢᠳᠠᠷ᠎ᠡ︾᠂ 2009 ᠤᠨ︔ ᠵᠢᠷᠭᠠᠯ ᠤᠨ ︽ᠮᠤᠩᠭᠤᠯ ᠰᠢᠳᠠᠷ᠎ᠡ ᠰᠤᠷᠬᠤ ᠪᠢᠴᠢᠭ︾᠂ 2013 ᠤᠨ︔ ︽ᠮᠤᠩᠭᠤᠯ ᠵᠠᠩ ᠥᠢᠯᠡ︾᠎ ᠶᠢᠨ ᠤᠶᠤᠨ ᠤ ᠪᠤᠳᠢ ᠳᠠᠬᠢ ︽ᠰᠢᠳᠠᠷ᠎ᠡ︾᠎ ᠶᠢᠨ ᠪᠥᠯᠥᠭ︔ ︽ᠮᠤᠩᠭᠤᠯ ᠰᠤᠳᠤᠯᠤᠯ ᠤᠨ ᠨᠡᠪᠳᠡᠷᠭᠡᠢ ᠲᠤᠯᠢ︾᠎ ᠶᠢᠨ ᠲᠡᠮᠢᠷ ᠤᠨ ᠪᠤᠳᠢ ᠳᠠᠬᠢ ᠠ᠊ · ᠭᠠᠨᠭ᠍ᠰᠦ᠋ᠭᠡ ᠶᠢᠨ ᠪᠢᠴᠢᠭᠰᠡᠨ ᠰᠢᠳᠠᠷ᠎ᠡ ᠶᠢᠨ ᠭᠡᠰᠡᠭ︔ ᠲᠡᠭᠦᠨᠴᠢᠯᠡᠨ ᠭᠥᠴᠥᠨᠳᠡᠭᠦᠰ ᠨᠥᠭᠦᠷ ᠤᠨ ᠪᠢᠴᠢᠭᠰᠡᠨ ︽ᠰᠢᠳᠠᠷ᠎ᠡ ᠶᠢᠨ ᠤᠬᠠᠭᠠᠨ︾ ᠨᠤᠮ 2018 ᠤᠨ ᠵᠡᠷᠭᠡ ᠶᠢ ᠪᠠᠭᠳᠠᠭᠠᠨ ᠥᠭᠦᠯᠡᠵᠤ ᠪᠤᠯᠤᠨ᠎ᠡ᠃ ᠵᠤᠭᠢᠶᠠᠭᠴᠢ ᠭᠥᠴᠥᠨᠳᠡᠭᠦᠰ ︽ᠰᠢᠳᠠᠷ᠎ᠡ ᠶᠢ ᠮᠤᠩᠭᠤᠯ ᠭᠥᠮᠥᠨ 3500 ᠵᠢᠯ ᠤᠨ ᠡᠮᠥᠨ᠎ᠡ ᠡᠭᠦᠳᠥᠨ ᠵᠤᠭᠢᠶᠠᠵᠤ᠂ ᠢᠳᠡᠭ ᠢᠳᠡᠭ ᠢᠶᠠᠷ ᠤᠯᠠᠮᠵᠢᠯᠠᠭᠳᠠᠨ ᠲᠡᠯᠭᠡᠷᠡᠭᠰᠡᠭᠡᠷ ᠪᠥᠭᠦ ᠲᠡᠯᠡᠭᠡᠢ ᠶᠢᠨ ᠭᠡᠪᠴᠢᠶᠡᠨ᠎ᠡ ᠲᠡᠷᠬᠠᠭᠳᠠᠵᠠᠢ︾ ᠭᠡᠮᠡᠭᠦ ᠲᠤᠮᠤ ᠰᠡᠳᠥᠪ ᠢ ᠭᠥᠨᠳᠡᠨ ᠲᠡᠯᠪᠢᠵᠠᠢ᠃        ᠰᠢᠳᠠᠷ᠎ᠡ ᠮᠤᠩᠭᠤᠯ ᠠᠴᠠ ᠡᠭᠦᠰᠥᠭᠰᠡᠨ ᠭᠡᠳᠡᠭ ᠲᠤ ᠪᠢᠳᠡ ᠰᠠᠨᠠᠯ ᠨᠢᠭᠡ ᠪᠠᠶᠢᠭ᠎ᠠ ᠪᠤᠯᠪᠠᠴᠤ ᠤᠨ ᠴᠠᠭ ᠤᠨ ᠬᠤᠪᠢ ᠳᠤ ᠬᠠᠷᠠᠬᠠᠨ ᠲᠤᠭᠳᠠᠭᠠᠭᠰᠠᠨ ᠵᠥᠢᠯ ᠠᠯᠠᠭ᠎ᠠ ᠪᠠᠶᠢᠭ᠎ᠠ ᠶᠤᠮ᠃ ᠪᠢᠳᠡᠨ ᠤ ᠪᠤᠳᠤᠯ ᠢᠶᠠᠷ ᠰᠢᠳᠠᠷ᠎ᠡ ︵ᠮᠤᠩᠭᠤᠯ ᠰᠢᠳᠠᠷ᠎ᠡ ᠭᠡᠵᠤ ᠲᠤᠳᠤᠳᠬᠠᠬᠤ ᠱᠠᠭᠠᠷᠳᠠᠯᠭ᠎ᠠ ᠲᠠᠢ ᠪᠤᠯᠵᠠᠢ︶ ᠪᠤᠯ ᠮᠤᠩᠭᠤᠯᠴᠤᠳ ᠤᠨ ᠠᠩ ᠭᠥᠷᠥᠭᠡ᠂ ᠨᠡᠭᠦᠳᠡᠯ ᠤᠨ ᠮᠠᠯ ᠠᠵᠤ ᠠᠬᠤᠢ᠂ ᠡᠷ᠎ᠡ ᠶᠢᠨ ᠭᠤᠷᠪᠠᠨ ᠨᠠᠭᠠᠳᠤᠮ ᠤᠨ ᠲᠥᠪᠯᠡᠷᠡᠭᠰᠡᠨ ᠢᠯᠡᠷᠡᠯ ᠪᠤᠯᠵᠤ ᠮᠤᠩᠭᠤᠯ ᠠᠴᠠ ᠡᠭᠦᠰᠥᠭᠰᠡᠨ ᠪᠥᠷᠢᠨ ᠥᠨᠳᠥᠰᠥᠯᠡᠯ ᠪᠠᠶᠢᠭ᠎ᠠ᠃ ᠰᠢᠳᠠᠷ᠎ᠡ ᠶᠢᠨ ᠭᠥᠳᠡᠯᠥᠭᠡ᠂ ᠲᠤᠬᠠᠢᠢᠯᠠᠪᠠᠯ᠂ ᠨᠢᠭᠡ ᠪᠠᠭᠤᠳᠠᠯ ᠠᠴᠠ ᠨᠥᠭᠦᠭᠡ ᠪᠠᠭᠤᠳᠠᠯ ᠳᠤ ᠭᠥᠷᠭᠦ ᠶᠢ ︽ᠨᠢᠭᠡ ᠨᠡᠭᠦᠳᠡᠯ︾ ᠭᠡᠳᠡᠭ᠃ ᠰᠢᠳᠠᠷ᠎ᠡ ᠶᠢᠨ ᠪᠤᠳᠠ ᠶᠢᠨ ᠲᠤᠰ ᠪᠠᠶ᠎ᠡ ᠨᠢ ᠮᠤᠩᠭᠤᠯᠴᠤᠳ ᠤᠨ ᠲᠡᠪᠤᠨ ᠬᠤᠰᠢᠭᠤ ᠮᠠᠯ ᠤᠨ ᠭᠤᠤᠯ ᠪᠥᠷᠢᠯᠳᠥᠭᠦᠨ ᠮᠤᠷᠢ᠂ ᠲᠡᠮᠡᠭᠡ᠂ ᠮᠥᠨ ᠮᠤᠷᠢ ᠲᠡᠮᠡᠭᠡ ᠥᠭᠡᠷ ᠭᠥᠯᠥᠭᠰᠡᠨ ᠲᠡᠷᠭᠡ ᠭᠡᠳ ᠰᠢᠳᠠᠷ᠎ᠡ ᠶᠢᠨ ᠥᠨᠳᠥᠰᠥᠨ ᠪᠥᠷᠢᠯᠳᠥᠭᠦᠨ ᠪᠤᠯᠵᠠᠢ᠃ ᠰᠢᠳᠠᠷ᠎ᠡ ᠶᠢᠨ ᠲᠤᠬᠠᠢ ᠰᠤᠳᠤᠯᠤᠭᠰᠠᠨ ᠡᠷᠳᠡᠮᠳᠡᠨ ᠶᠢᠨ ᠭᠠᠩ ᠨᠥᠭᠦᠷ ᠢᠶᠠᠷ ︽ᠭᠡᠯᠡ ᠭᠢᠭᠡᠳ ᠭᠡᠯᠡ ᠰᠤᠶᠤᠯ ᠰᠤᠳᠤᠯᠤᠯ︾ ᠭᠡᠮᠡᠭᠦ ᠲᠤᠮᠤᠬᠠᠨ ᠪᠥᠳᠥᠭᠡᠯ ᠳᠤ ᠪᠠᠨ ᠲᠤᠰᠬᠠᠢ ᠨᠢᠭᠡ ᠵᠥᠢᠯ ᠢᠶᠠᠷ ︽ᠭᠢᠶᠠᠨ ᠤᠭᠰᠠᠭᠠᠳᠠᠨ ᠤ ᠰᠢᠳᠠᠷ᠎ᠡ ᠶᠢᠨ ᠰᠤᠶᠤᠯ︾ ᠭᠡᠮᠡᠭᠦ ᠥᠭᠦᠯᠡᠯ ᠪᠢᠴᠢᠵᠤ ︽ᠮᠤᠩᠭᠤᠯ ᠰᠢᠳᠠᠷ᠎ᠡ ᠶᠢᠨ ᠭᠥᠯᠭᠡᠨ ᠲᠡᠭᠡᠷᠡᠭᠢ ᠪᠠᠷᠰᠠ ᠪᠤᠯ ᠡᠮ᠎ᠡ ᠪᠠᠷᠰ ᠮᠥᠨ᠂ ᠨᠤᠶᠠᠨ ᠨᠢ ᠡᠷ᠎ᠡ ᠪᠠᠷᠰ ᠮᠥᠨ᠃ ᠪᠠᠷᠰ ᠤᠨ ᠮᠤᠲ᠋ᠢᠹ ᠨᠢ ᠠᠷᠰᠯᠠᠨ ᠮᠥᠨ᠂ ᠡᠶᠢᠮᠥ ᠠᠴᠠ ᠮᠤᠩᠭᠤᠯ ᠰᠢᠳᠠᠷ᠎ᠡ ᠪᠤᠯ ᠠᠷᠰᠯᠠᠨ ᠤ ᠰᠤᠶᠤᠯ ᠤᠨ ᠪᠡᠯᠭᠡᠳᠡᠯ ᠮᠥᠨ᠃ ᠮᠤᠩᠭᠤᠯ ᠰᠢᠳᠠᠷ᠎ᠡ ᠨᠢ ᠲᠡᠯᠡᠭᠡᠢ ᠶᠢᠨ ᠰᠢᠳᠠᠷ᠎ᠡ᠂ ᠭᠢᠳᠡᠳ ᠰᠢᠳᠠᠷ᠎ᠡ ᠲᠠᠢ ᠭᠠᠷᠤᠯ ᠨᠢᠭᠡᠳᠡᠢ ᠪᠥᠭᠡᠳ ᠮᠤᠩᠭᠤᠯᠴᠤᠳ ᠤᠨ ᠲᠡᠭᠡᠳᠥᠰ ᠠᠴᠠ ᠡᠭᠦᠰᠥᠯ ᠲᠠᠢ︾ ︵᠎ ᠶᠢᠨ ᠭᠠᠩ᠄ ︽ᠭᠡᠯᠡ ᠭᠢᠭᠡᠳ ᠭᠡᠯᠡ ᠰᠤᠶᠤᠯ ᠰᠤᠳᠤᠯᠤᠯ︾᠂ ᠪᠡᠭᠡᠵᠢᠩ᠂ 2013 ᠤᠨ᠂ ᠲᠡᠯ᠎ᠡ 843︶ ᠭᠡᠮᠡᠨ ᠲᠡᠮᠳᠡᠭᠯᠡᠵᠡᠢ᠃        ᠮᠤᠩᠭᠤᠯ ᠤᠯᠤᠰ ᠤᠨ ᠠᠷᠭᠢᠤᠯᠤᠭᠢᠴᠢ ᠡᠷᠳᠡᠮᠳᠡᠨ  ᠳ᠋᠊ · ᠡᠷᠳᠡᠨᠢᠪᠠᠭᠠᠳᠤᠷ ᠨᠥᠭᠦᠷ ᠮᠤᠩᠭᠤᠯ ᠤᠯᠤᠰ ᠤᠨ ᠠᠷᠤ ᠬᠠᠨᠭ᠍ᠭᠠᠢ ᠠᠶᠢᠮᠠᠭ ᠤᠨ ᠨᠤᠳᠤᠭ ᠲᠤ ︽ᠭᠤᠤᠯ ᠮᠤᠳᠤ — ᠬᠤᠶᠠᠷ︾ ᠨᠡᠷ᠎ᠡ ᠲᠠᠢ ᠠᠷᠭᠢᠤᠯᠤᠭᠢ ᠶᠢᠨ ᠰᠤᠳᠤᠯᠭ᠎ᠠ ᠭᠢᠵᠤ᠂ ᠮᠠᠨ ᠤ ᠡᠷᠢᠨ ᠤ ᠡᠮᠥᠨ᠎ᠡ ᠪᠤᠶᠤ ᠨᠡᠶᠢᠳᠡ ᠶᠢᠨ ᠤᠨ ᠲᠤᠭᠠᠯᠠᠯ ᠤᠨ ᠡᠮᠥᠨᠡᠭᠢ ᠨᠢᠭᠡᠳᠥᠭᠡᠷ ᠵᠠᠭᠤᠨ ᠤ ᠥᠶ᠎ᠡ ᠶᠢᠨ ᠡᠾᠦ᠋ᠡᠭᠨᠤ ᠶᠢᠨ ᠢᠵᠠᠭᠤᠷᠳᠠᠨ ᠤ ᠪᠤᠯᠠᠰᠢ ᠶᠢ ᠮᠠᠯᠳᠠᠨ ᠢᠯᠡᠷᠡᠭᠦᠯᠵᠤ᠂ ᠬᠤᠪᠤᠷ ᠴᠤᠬᠠᠭ ᠡᠳ᠋ ᠥᠯᠡᠳᠡᠭᠳᠡᠯ ᠤᠯᠤᠭᠰᠠᠨ ᠤ ᠲᠤᠳᠤᠷ᠎ᠡ ᠢᠷᠪᠢᠰ ᠪᠤᠶᠤ ᠪᠠᠷᠰ ᠤᠨ ᠲᠥᠷᠰᠤ ᠲᠠᠢ ᠠᠯᠳᠠᠨ ᠴᠢᠮᠡᠭᠯᠡᠯ ᠤᠯᠵᠠᠢ᠃ ᠡᠭᠦᠨ ᠢ ᠪᠠᠨ ᠳ᠋ᠤᠺᠲ᠋ᠤᠷ ᠫᠷᠤᠹᠧᠰᠰᠤᠷ ᠳ᠋᠊ · ᠡᠷᠳᠡᠨᠢᠪᠠᠭᠠᠳᠤᠷ ᠨᠥᠭᠦᠷ ︽ᠪᠠᠷᠰᠠ︾ ᠭᠡᠮᠡᠨ ᠨᠡᠷᠡᠯᠡᠭᠰᠡᠨ ᠪᠥᠭᠡᠳ ︽ᠮᠤᠩᠭᠤᠯᠴᠤᠳ ᠪᠠᠷᠰᠠ ᠭᠡᠳᠡᠭ ᠡᠨᠡ ᠪᠠᠶᠢᠭᠠᠯᠢ ᠲᠡᠭᠡᠷ᠎ᠡ ᠪᠠᠶᠢᠬᠤ ᠥᠭᠡᠢ ᠪᠡᠯᠭᠡᠳᠡᠯ ᠤᠨ ᠭᠥᠴᠥᠷᠭᠡᠭ ᠠᠮᠢᠳᠠᠨ ᠢ ᠤᠭ ᠲᠤᠭᠤᠢ ᠠᠯᠳᠠᠨ ᠴᠢᠮᠡᠭᠯᠡᠯ ᠲᠡᠭᠡᠷ᠎ᠡ ᠲᠥᠷᠰᠥᠯᠡᠭᠰᠡᠨ ᠪᠠᠶᠢᠳᠠᠯ ᠢᠶᠠᠷ ᠲᠥᠰᠥᠭᠡᠯᠡᠨ ᠤᠶᠤᠨ ᠰᠠᠨᠠᠭᠠᠨ ᠳᠤ ᠪᠠᠨ ᠪᠤᠢ ᠪᠤᠯᠭᠠᠵᠤ᠂ ᠮᠠᠰᠢ ᠬᠤᠯᠠ ᠵᠠᠢ ᠳᠤ ᠮᠠᠰᠢ ᠬᠤᠷᠳᠤᠨ ᠭᠥᠶᠥᠳᠡᠭ ᠶᠡᠷᠥ ᠪᠤᠰᠤ ᠶᠢᠨ ᠭᠥᠴᠥ ᠴᠢᠳᠠᠯ ᠲᠠᠢ ᠠᠮᠢᠳᠠᠨ ᠭᠡᠮᠡᠨ ᠢᠳᠡᠭᠡᠳᠡᠭ︾ ︵ᠳ᠋᠊ · ᠡᠷᠳᠡᠨᠢᠪᠠᠭᠠᠳᠤᠷ᠄ ︽ᠡᠾᠦ᠋ᠨ ᠤᠯᠤᠰ ᠤᠨ ᠰᠤᠶᠤᠯ ᠤᠨ ᠥᠪ︾᠂ 2016 ᠤᠨ᠂ ᠲᠠᠯ᠎ᠡ 56︶ ᠭᠡᠵᠤ ᠤᠨᠴᠠᠯᠠᠨ ᠲᠡᠮᠳᠡᠭᠯᠡᠵᠡᠢ᠃ ᠥᠭᠡᠷ᠎ᠡ ᠪᠠᠷ ᠭᠡᠯᠡᠪᠡᠯ᠂ ᠬᠤᠶᠠᠷ ᠮᠢᠩᠭ᠎ᠠ ᠭᠠᠷᠤᠢ ᠵᠢᠯ ᠤᠨ ᠡᠮᠥᠨᠡᠭᠢ ᠡᠾᠦ᠋ᠡᠭᠨᠤ ᠶᠢᠨ ᠰᠤᠶᠤᠯ ᠤᠷᠠᠯᠢᠭ ᠲᠤ ᠮᠤᠩᠭᠤᠯ ᠰᠢᠳᠠᠷ᠎ᠡ ᠶᠢᠨ ᠪᠠᠷᠰᠠ ᠲᠥᠷᠰᠥᠯᠡᠭᠳᠡᠨ ᠥᠯᠡᠳᠡᠭᠰᠡᠨ ᠶᠠᠪᠤᠳᠠᠯ ᠨᠢ ᠰᠢᠳᠠᠷ᠎ᠡ ᠮᠤᠩᠭᠤᠯ ᠠᠴᠠ ᠡᠭᠦᠰᠥᠭᠰᠡᠨ ᠤ ᠪᠠᠰᠠ ᠨᠢᠭᠡ ᠪᠠᠷᠢᠮᠳᠠ ᠪᠤᠢ ‍ᠶ᠎ᠡ᠃ ᠡᠨᠡ ᠮᠡᠳᠥᠴᠢᠯᠡᠨ ᠴᠠᠭᠠᠰᠢᠳᠠ ᠶᠢᠨ ᠰᠤᠳᠤᠯᠭ᠎ᠠ ᠪᠠᠷ ᠢᠶᠠᠨ ᠰᠢᠳᠠᠷ᠎ᠡ ᠮᠤᠩᠭᠤᠯ ᠠᠴᠠ ᠡᠭᠦᠰᠥᠭᠰᠡᠨ ᠭᠡᠳᠡᠭ ᠢ ᠥᠨᠳᠥᠰᠥ ᠪᠠᠷᠢᠮᠳᠠ ᠲᠠᠢ ᠪᠠᠷ ᠪᠠᠳᠤᠯᠠᠵᠤ ᠴᠢᠳᠠᠬᠤ ᠳᠤ ᠭᠥᠷᠪᠡᠯ ᠥᠨᠳᠥᠰᠥᠳᠡᠨ ᠤ ᠥᠪ ᠰᠤᠶᠤᠯ ᠢᠶᠠᠨ ᠬᠠᠮᠠᠭᠠᠯᠠᠬᠤ ᠳᠤ ᠥᠨᠢᠳᠡ ᠪᠠᠯᠠᠷᠠᠰᠢ ᠥᠭᠡᠢ ᠭᠠᠪᠢᠶ᠎ᠡ ᠵᠢᠳᠭᠦᠯ ᠪᠤᠯᠬᠤ ᠲᠤᠯᠠ ᠠᠳᠡ ᠠᠮᠵᠢᠯᠳᠠ ᠭᠥᠰᠡᠵᠤ ᠢᠷᠤᠭᠡᠯ ᠲᠡᠪᠰᠢᠭᠦᠯᠵᠤ ᠪᠠᠶᠢᠨ᠎ᠡ᠃        ᠬᠤᠶᠠᠷ ᠲᠤ᠂ ᠤᠭ ᠪᠥᠳᠥᠭᠡᠯ ᠤᠨ ᠪᠠᠰᠠ ᠨᠢᠭᠡ ᠴᠢᠬᠤᠯᠠ ᠤᠨᠴᠠᠯᠢᠭ ᠪᠤᠯ ᠮᠤᠩᠭᠤᠯ ᠰᠢᠳᠠᠷ᠎ᠡ ᠪᠤᠯᠤᠨ ᠲᠡᠯᠡᠭᠡᠢ ᠶᠢᠨ ᠰᠢᠳᠠᠷ᠎ᠡ ᠶᠢᠨ ᠭᠠᠷᠤᠭ᠎ᠠ᠂ ᠥᠷᠨᠢᠯᠳᠡ᠂ ᠲᠡᠭᠦᠰᠭᠡᠯ ᠵᠡᠷᠭᠡ ᠶᠢ ᠨᠠᠷᠢᠯᠢᠬ ᠬᠠᠷᠢᠴᠠᠭᠤᠯᠤᠨ ᠰᠤᠳᠤᠯᠵᠤ᠂ ᠰᠢᠳᠠᠷ᠎ᠡ ᠰᠤᠷᠬᠤ ᠭᠡᠤᠭᠡᠳ ᠪᠠᠭᠠᠴᠤᠳ᠂ ᠰᠤᠨᠢᠷᠬᠠᠭᠴᠢᠳ ᠪᠥᠭᠦᠨ ᠳᠤ ᠥᠭᠭᠦᠭᠡᠵᠢ ᠲᠠᠢ ᠰᠤᠷᠬᠤ ᠪᠢᠴᠢᠭ ᠪᠤᠯᠵᠠᠢ᠃ ᠰᠡᠭᠦᠯ ᠤᠨ ᠥᠶ᠎ᠡ ᠳᠤ ᠥᠪᠥᠷ ᠮᠤᠩᠭᠤᠯ ᠤᠨ ᠰᠢᠳᠠᠷ᠎ᠡ ᠶᠢᠨ ᠨᠡᠶᠢᠭᠡᠮᠯᠢᠭ ᠬᠤᠯᠪᠤᠭ᠎ᠠ᠂ ᠤᠷᠤᠨ ᠤ ᠲᠥᠪ ᠠᠴᠠ ᠠᠪᠤᠭᠠᠳ ᠠᠶᠢᠮᠠᠭ ᠬᠤᠰᠢᠭᠤ ᠭᠥᠷᠳᠡᠯ᠎ᠡ ᠪᠠᠶᠢᠭᠤᠯᠤᠭᠳᠠᠵᠤ᠂ ᠶᠠᠩᠵᠤ ᠪᠥᠷᠢ ᠶᠢᠨ ᠱᠠᠩᠨᠠᠯᠳᠤ ᠤᠷᠤᠯᠳᠤᠭᠠᠨ ᠵᠤᠭᠢᠶᠠᠨ ᠪᠠᠶᠢᠭᠤᠯᠤᠭᠳᠠᠬᠤ ᠪᠤᠯᠵᠠᠢ᠃ ᠡᠭᠦᠨ ᠢ ᠲᠠᠭᠠᠯᠳᠤᠨ ᠮᠤᠩᠭᠤᠯ ᠰᠢᠳᠠᠷ᠎ᠡ ᠪᠠᠷ ᠭᠢᠴᠢᠶᠡᠯᠯᠡᠭᠦ ᠭᠡᠤᠭᠡᠳ ᠤᠨ ᠲᠤᠭ᠎ᠠ ᠴᠤ ᠤᠯᠠᠰᠢᠷᠠᠵᠤ᠂ ᠨᠢᠭᠡᠳᠥᠯᠳᠡᠢ ᠰᠤᠷᠬᠤ ᠪᠢᠴᠢᠭ᠂ ᠪᠠᠭᠰᠢ ᠶᠡᠭᠡ ᠪᠠᠷ ᠱᠠᠭᠠᠷᠳᠠᠭᠳᠠᠬᠤ ᠪᠤᠯᠪᠠ᠃ ᠤᠭ ᠨᠤᠮ ᠡᠳᠡᠭᠡᠷ ᠱᠠᠭᠠᠷᠳᠠᠯᠭ᠎ᠠ ᠶᠢ ᠪᠥᠷᠢᠨ ᠲᠥᠭᠦᠷ ᠬᠠᠨᠭ᠍ᠭᠠᠬᠤ ᠪᠤᠯᠤᠮᠵᠢ ᠲᠠᠢ ᠭᠡᠳᠡᠭ ᠨᠢ ᠵᠤᠭᠢᠶᠠᠭᠴᠢ ᠶᠢᠨ ᠲᠡᠮᠳᠡᠭᠯᠡᠭᠰᠡᠨ ᠤᠯᠠᠨ ᠰᠠᠶᠢᠨ ᠰᠢᠳᠠᠷᠠᠴᠢᠨ ᠤ ᠲᠤᠭᠯᠠᠯᠳᠠ ᠶᠢᠨ ᠥᠷᠥᠭ ᠪᠠᠶᠢᠭ᠎ᠠ ᠠᠴᠠ ᠬᠠᠷᠠᠭᠳᠠᠨ᠎ᠡ᠃ ᠵᠤᠭᠢᠶᠠᠭᠴᠢ ᠤᠭ ᠨᠤᠮ ᠢᠶᠠᠨ ᠪᠢᠴᠢᠭᠦ ᠳᠤ ᠪᠠᠨ ᠤᠯᠠᠨ ᠭᠠᠵᠠᠷ ᠵᠤᠭᠢᠶᠠᠭᠳᠠᠭᠰᠠᠨ ᠰᠢᠯᠢᠳᠡᠭ ᠰᠠᠶᠢᠨ ᠰᠢᠳᠠᠷᠠᠴᠢᠳ ᠤᠨ ᠤᠷᠤᠯᠳᠤᠭᠠᠨ ᠤ ᠲᠡᠮᠳᠡᠭᠯᠡᠯ ᠢ ᠨᠢᠭᠡᠪᠥᠷᠢᠴᠢᠯᠡᠨ ᠲᠡᠮᠳᠡᠭᠯᠡᠵᠤ᠂ ᠵᠢᠭᠠᠨ ᠰᠤᠷᠭᠠᠯᠳᠠ ᠳᠤ ᠪᠠᠨ ᠰᠤᠩᠭᠤᠳᠠᠭ ᠵᠢᠱᠢᠶ᠎ᠡ ᠪᠤᠯᠭᠠᠨ ᠵᠠᠳᠠᠯᠤᠨ ᠲᠡᠶᠢᠯᠪᠤᠷᠢᠯᠠᠭᠰᠠᠨ ᠢᠶᠠᠷ ᠢᠶᠠᠨ ᠰᠢᠳᠠᠷ᠎ᠡ ᠰᠤᠷᠬᠤ ᠭᠥᠮᠥᠨ ᠪᠥᠷᠢ ᠳᠤ ᠥᠭᠭᠦᠭᠡᠵᠢ ᠰᠠᠶᠢᠳᠠᠢ ᠨᠤᠮ ᠪᠤᠯᠵᠠᠢ᠃       ᠭᠤᠷᠪᠠ ᠳᠤ᠂ ᠲᠡᠯᠡᠭᠡᠢ ᠨᠡᠶᠢᠳᠡ ᠳᠤ ᠰᠢᠳᠠᠷ᠎ᠡ ᠨᠢᠭᠡᠨᠳᠡ ︽ᠤᠶᠤᠨ ᠤ ᠰᠫᠤᠷᠲ︾ ᠭᠡᠳᠡᠭ ᠤᠳᠬ᠎ᠠ ᠪᠠᠷ ᠢᠶᠠᠨ ᠰᠤᠷᠭᠠᠯᠳᠠ ᠶᠢᠨ ᠭᠥᠳᠥᠯᠪᠥᠷᠢ ᠳᠤ ᠤᠷᠤᠭᠠᠳ ᠤᠨ ᠤᠳᠠᠵᠤ ᠪᠠᠶᠢᠭ᠎ᠠ ᠪᠢᠯᠡ᠃ ᠬᠠᠷᠢᠨ ᠮᠠᠨ ᠤ ᠥᠪᠥᠷ ᠮᠤᠩᠭᠤᠯ ᠳᠤ ᠥᠡᠭᠭᠡᠷᠡᠭᠰᠡᠨ ᠵᠠᠭᠤᠨ ᠤ ᠶᠡᠷᠡᠭᠡᠳ ᠤᠨ ᠠᠴᠠ ᠬᠤᠶᠢᠰᠢ ᠵᠠᠷᠢᠮ ᠨᠢᠭᠡᠨ ᠬᠤᠰᠢᠭᠤ᠂ ᠵᠠᠷᠢᠮ ᠨᠢᠭᠡᠨ ᠰᠤᠷᠭᠠᠭᠤᠯᠢ ᠨᠢ ᠵᠢᠭᠠᠨ ᠰᠤᠷᠭᠠᠬᠤ ᠭᠥᠳᠥᠯᠪᠥᠷᠢ ᠳᠤ ᠪᠠᠨ ᠬᠠᠮᠤᠷᠤᠭᠤᠯᠤᠭᠰᠠᠨ ᠪᠤᠶᠤ ᠰᠠᠶᠢᠨ ᠲᠤᠷ᠎ᠡ ᠶᠢᠨ ᠠᠩᠭᠢ ᠨᠡᠭᠡᠭᠡᠵᠤ ᠡᠭᠢᠯᠡᠭᠰᠡᠨ ᠨᠢ ᠪᠠᠶᠠᠷᠯᠠᠭᠤᠰᠢᠳᠠᠢ ᠪᠠᠶᠢᠨ᠎ᠡ᠃ ᠭᠥᠴᠥᠨᠳᠡᠭᠦᠰ ᠪᠠᠭᠰᠢ ᠪᠤᠯ ᠤᠯᠠᠨ ᠵᠢᠯ ᠡᠶᠢᠮᠥᠷᠭᠦᠤ ᠨᠥᠭᠦᠴᠡᠯ ᠪᠠᠶᠢᠳᠠᠯ ᠳᠤ᠂ ᠰᠤᠷᠤᠭᠴᠢᠳ ᠲᠤ ᠮᠤᠩᠭᠤᠯ ᠰᠢᠳᠠᠷ᠎ᠡ ᠶᠢᠨ ᠭᠢᠴᠢᠶᠡᠯ ᠵᠢᠭᠠᠵᠤ ᠶᠠᠪᠤᠭ᠎ᠠ ᠪᠤᠶᠠᠨᠳᠠᠢ ᠭᠥᠮᠥᠰ ᠤᠨ ᠨᠢᠭᠡ ᠪᠤᠯᠬᠤ ᠠᠵᠤᠭᠤ᠃       ᠰᠢᠳᠠᠷ᠎ᠡ ᠶᠢᠨ ᠠᠴᠢ ᠬᠤᠯᠪᠤᠭᠳᠠᠯ ᠢ ᠮᠤᠩᠭᠤᠯᠴᠤᠳ ᠲᠡᠭᠡᠷ᠎ᠡ ᠥᠶ᠎ᠡ ᠠᠴᠠ ᠰᠠᠶᠢᠨ ᠤᠢᠢᠯᠠᠭᠠᠵᠤ ᠪᠠᠶᠢᠭᠰᠠᠨ ᠃ ᠵᠢᠱᠢᠶ᠎ᠡ ᠨᠢ ︽ᠱᠠᠭ ᠮᠡᠳᠡᠭᠦ ᠥᠭᠡᠢ ᠶᠠᠭ ᠠᠮᠢᠳᠠᠨ︾ ᠭᠡᠵᠤ ᠭᠥᠯᠭᠡᠳᠤ ᠲᠤᠭᠯᠠᠭᠠᠮ ᠮᠡᠳᠡᠳᠡᠭ ᠥᠭᠡᠢ ᠭᠥᠮᠥᠨ ᠢ ᠱᠤᠭᠯᠠᠳᠠᠭ ᠪᠠᠶᠢᠭᠰᠠᠨ ᠪᠠ ᠰᠢᠳᠠᠷ᠎ᠡ ᠶᠢ ᠥᠨᠡᠯᠡᠭᠦ ᠳᠤ ᠪᠠᠨ ︽ᠭᠥᠮᠥᠰ ᠤᠨ ᠰᠡᠳᠭᠢᠯ ᠰᠠᠨᠠᠭ᠎ᠠ ᠶᠢ ᠰᠡᠷᠭᠦᠯᠡᠩ ᠪᠤᠯᠭᠠᠬᠤ ᠪᠥᠭᠡᠳ ᠪᠤᠰᠤᠳ ᠲᠤᠷ ᠡᠰᠡ ᠲᠡᠶᠢᠯᠥᠭᠳᠡᠭᠦ ᠵᠤᠷᠢᠭ ᠪᠤᠳᠤᠯᠭ᠎ᠠ ᠶᠢ ᠭᠥᠭᠢᠭᠦᠯᠥᠮᠤᠢ︾ ︵ᠭᠢᠨᠭ᠍ᠭᠠᠨ ᠵᠡᠭᠦᠨ ᠮᠤᠵᠢ ᠶᠢᠨ ᠵᠠᠯᠠᠨ ᠠᠶᠢᠯ ᠤᠨ ᠪᠠᠭᠰᠢ ᠶᠢᠨ ᠰᠤᠷᠭᠠᠭᠤᠯᠢ ᠶᠢᠨ ᠨᠥᠭᠦᠳ ᠤᠨ ᠬᠤᠷᠠᠯ ᠤᠨ ᠰᠡᠳᠭᠦᠯ᠂ ︽ᠭᠢᠨᠭ᠍ᠭᠠᠨ︾ ᠲᠠᠪᠤᠳᠤᠭᠠᠷ ᠬᠤᠭᠤᠴᠠᠭ᠎ᠠ᠂ 1941 ᠤᠨ︶ ᠭᠡᠮᠡᠨ ᠲᠡᠮᠳᠡᠭᠯᠡᠭᠰᠡᠨ ᠪᠠᠶᠢᠳᠠᠭ᠃ ᠮᠤᠩᠭᠤᠯ ᠰᠢᠳᠠᠷ᠎ᠡ ᠰᠤᠷᠬᠤ ᠪᠠᠷ ᠲᠡᠮᠵᠢᠭᠤᠯᠤᠨ᠂ ᠪᠢᠳᠡ ᠭᠡᠤᠭᠡᠳ ᠪᠠᠭᠠᠴᠤᠳ ᠤᠨ ᠤᠶᠤᠨ ᠤᠬᠠᠭᠠᠨ ᠢ ᠨᠡᠭᠡᠭᠡᠭᠳᠡᠭᠦᠯᠵᠤ ᠰᠡᠳᠭᠢᠨ ᠪᠤᠳᠤᠬᠤ ᠴᠢᠳᠠᠪᠤᠷᠢ ᠶᠢ ᠭᠥᠮᠥᠵᠢᠭᠦᠯᠭᠦ ᠠᠴᠠ ᠭᠠᠳᠠᠨ᠎ᠡ ᠲᠡᠰᠪᠤᠷᠢ ᠲᠡᠪᠴᠢᠶᠡᠷᠢ᠂ ᠲᠤᠷ᠎ᠡ ᠰᠤᠨᠢᠷᠬᠠᠯ᠂ ᠤᠷᠮ᠎ᠡ ᠵᠤᠷᠢᠭ ᠢ ᠨᠢ ᠭᠥᠭᠵᠢᠭᠡᠳᠡᠭ ᠠᠵᠢ᠃ ᠲᠡᠭᠦᠨᠴᠢᠯᠡᠨ ᠮᠤᠩᠭᠤᠯᠴᠤᠳ ᠤᠨ ᠨᠡᠭᠦᠳᠡᠯ ᠤᠨ ᠠᠮᠢᠳᠤᠷᠠᠯ ᠤᠨ ᠭᠡᠪ ᠮᠠᠶ᠋ᠢᠭ ᠢ ᠲᠥᠷᠰᠤ ᠭᠡᠯᠪᠡᠷᠢ ᠪᠠᠷ ᠨᠢ ᠲᠠᠨᠢᠯᠴᠠᠭᠤᠯᠵᠤ ᠪᠤᠯᠤᠨ᠎ᠡ᠃ ᠡᠨᠡ ᠲᠠᠯ᠎ᠡ ᠳᠤ ᠭᠥᠴᠥᠨᠳᠡᠭᠦᠰ ᠪᠠᠭᠰᠢ ᠶᠡᠭᠡᠭᠡᠨ ᠭᠥᠴᠥ ᠭᠥᠳᠡᠯᠮᠥᠷᠢ ᠵᠠᠷᠤᠴᠠᠭᠤᠯᠵᠤ᠂ ᠤᠯᠠᠨ ᠭᠠᠵᠠᠷ ᠶᠠᠪᠤᠵᠤ ᠨᠠᠰᠤᠳᠠᠶᠢᠴᠤᠳ ᠢ ᠰᠤᠷᠪᠤᠯᠵᠢᠯᠠᠨ᠂ ᠭᠡᠤᠭᠡᠳ ᠪᠠᠭᠠᠴᠤᠳ ᠲᠤ ᠨᠡᠩ ᠥᠷ᠎ᠡ ᠠᠰᠢᠭ ᠲᠠᠢ ᠰᠢᠳᠠᠷ᠎ᠡ ᠰᠤᠷᠭᠠᠬᠤ ᠶᠢ ᠵᠤᠷᠢᠭᠰᠠᠨ ᠨᠢ ᠤᠭ ᠪᠥᠳᠥᠭᠡᠯ ᠠᠴᠠ ᠲᠤᠳᠤᠬᠠᠨ ᠬᠠᠷᠠᠭᠳᠠᠵᠤ ᠪᠠᠶᠢᠨ᠎ᠡ        ᠲᠥᠷᠪᠡ ᠳᠤ᠂ ᠤᠭ ᠨᠤᠮ ᠳᠤ ᠵᠤᠭᠢᠶᠠᠭᠴᠢ ᠨᠢᠭᠡ ᠪᠥᠯᠥᠭ ᠠᠬᠠᠮᠠᠳ ᠰᠢᠳᠠᠷᠠᠴᠢᠳ ᠤᠨ ᠨᠠᠮᠳᠠᠷ ᠲᠡᠤᠭᠡ ᠶᠢ ᠡᠮᠭᠢᠳᠭᠡᠨ ᠲᠡᠮᠳᠡᠭᠯᠡᠵᠡᠢ᠃ ᠡᠨᠡ ᠪᠤᠯ ᠮᠤᠩᠭᠤᠯ ᠰᠢᠳᠠᠷ᠎ᠡ ᠶᠢᠨ ᠲᠡᠤᠭᠡ᠂ ᠮᠤᠩᠭᠤᠯ ᠰᠢᠳᠠᠷ᠎ᠡ ᠶᠢ ᠭᠥᠭᠵᠢᠭᠦᠯᠭᠦ ᠳᠤ ᠬᠤᠪᠢ ᠨᠡᠮᠡᠷᠢ ᠤᠷᠤᠭᠤᠯᠤᠭᠰᠠᠨ ᠭᠥᠮᠥᠰ ᠢ ᠲᠤᠷᠠᠰᠬᠠᠨ ᠲᠡᠮᠳᠡᠭᠯᠡᠭᠦ ᠳᠤ ᠮᠠᠰᠢ ᠶᠡᠭᠡ ᠠᠴᠢ ᠬᠤᠯᠪᠤᠭᠳᠠᠯ ᠲᠠᠢ ᠵᠥᠢᠯ ᠶᠤᠮ᠃ ᠰᠡᠭᠦᠯ ᠤᠨ ᠥᠶ᠎ᠡ ᠳᠤ ᠮᠠᠨ ᠤ ᠬᠢᠨ ᠰᠤᠶᠤᠯ ᠤᠨ ᠥᠪ ᠢ ᠲᠡᠭᠡᠭᠡᠭᠴᠢ ᠭᠡᠵᠤ ᠶᠡᠭᠡ ᠶᠠᠷᠢᠬᠤ ᠪᠤᠯᠤᠭᠰᠠᠨ᠂ ᠲᠡᠭᠡᠪᠡᠯ ᠡᠳᠡᠭᠡᠷ ᠭᠥᠮᠥᠰ ᠪᠤᠯ ᠮᠤᠩᠭᠤᠯ ᠰᠢᠳᠠᠷ᠎ᠡ ᠶᠢᠨ ᠬᠤᠵᠢᠯ᠂ ᠨᠡᠭᠦᠳᠡᠯ ᠭᠠᠷᠤᠭ᠎ᠠ᠂ ᠥᠷᠨᠢᠯᠳᠡ ᠲᠡᠭᠦᠰᠭᠡᠯ ᠪᠥᠭᠦᠨ ᠢ ᠪᠠᠶᠠᠴᠢᠯᠡᠨ ᠲᠡᠭᠡᠭᠡᠭᠴᠢ ᠭᠥᠮᠥᠰ ᠪᠢᠯᠡ᠃ ᠮᠤᠩᠭᠤᠯ ᠰᠢᠳᠠᠷ᠎ᠡ ᠶᠢ ᠥᠪᠯᠡᠨ ᠤᠯᠠᠮᠵᠢᠯᠠᠭᠴᠢ ᠶᠢᠨ ᠠᠭᠤᠯᠭ᠎ᠠ ᠪᠤᠯ ᠲᠦᠢᠯ ᠤᠨ ᠪᠠᠶᠠᠯᠢᠭ ᠶᠤᠮ᠃ ᠡᠭᠦᠨ ᠳᠤ ᠤᠯᠠᠮᠵᠢᠯᠠᠯᠳᠤ ᠰᠡᠶᠢᠯᠪᠤᠷᠢ ᠶᠢ ᠬᠠᠳᠠᠭᠠᠯᠠᠭᠴᠢ᠂ ᠰᠡᠶᠢᠯᠪᠤᠷᠢᠴᠢᠨ᠂ ᠰᠢᠳᠠᠷ᠎ᠡ ᠶᠢᠨ ᠲᠤᠬᠠᠢ ᠠᠮᠠᠨ ᠵᠤᠭᠢᠶᠠᠯ ᠡᠮᠭᠢᠳᠭᠡᠭᠴᠢ᠂ ᠰᠤᠷᠬᠤ ᠪᠢᠴᠢᠭ ᠨᠠᠶᠢᠷᠠᠭᠤᠯᠤᠭᠴᠢ᠂ ᠨᠡᠶᠢᠭᠡᠮᠯᠢᠭ ᠤᠨ ᠭᠡᠰᠢᠭᠦᠳ᠂ ᠮᠠᠩᠯᠠᠢ ᠰᠢᠳᠠᠷᠠᠴᠢᠨ ᠭᠡᠳ ᠤᠯᠠᠨ ᠵᠥᠢᠯ ᠤᠨ ᠭᠥᠮᠥᠰ ᠬᠠᠮᠤᠷᠤᠭᠳᠠᠵᠤ ᠪᠠᠶᠢᠭ᠎ᠠ᠃        ᠲᠠᠪᠤ᠂ ᠲᠤᠰ ᠨᠤᠮ ᠤᠨ ᠪᠠᠰᠠ ᠨᠢᠭᠡ ᠤᠨᠴᠠᠯᠢᠭ ᠪᠤᠯ ᠨᠤᠮ ᠤᠨ ᠢᠶᠠᠨ ᠠᠭᠤᠯᠭ᠎ᠠ ᠶᠢ ᠥᠨᠳᠥᠰᠥᠯᠡᠵᠤ᠂ ᠮᠤᠩᠭᠤᠯ ᠰᠢᠳᠠᠷ᠎ᠡ ᠶᠢᠨ ᠲᠤᠬᠠᠢ ᠢᠷᠠᠭᠤ ᠨᠠᠶᠢᠷᠠᠭ ᠢ ᠭᠡᠰᠡᠭ ᠪᠥᠯᠥᠭ ᠪᠥᠷᠢ ᠳᠤ ᠰᠢᠭᠢᠳᠭᠡᠵᠤ ᠥᠭᠭᠦᠭᠰᠡᠨ ᠢᠶᠠᠷ ᠥᠨᠳᠥᠰᠥᠳᠡᠨ ᠤ ᠰᠤᠶᠤᠯ ᠤᠨ ᠥᠪ ᠢ ᠪᠥᠷᠢᠨ ᠪᠥᠳᠥᠨ ᠢᠶᠠᠷ ᠨᠢ ᠥᠪᠯᠡᠵᠤ ᠥᠯᠡᠳᠡᠭᠡᠭᠦ ᠳᠤ ᠮᠠᠰᠢ ᠴᠢᠬᠤᠯᠠ ᠠᠴᠢ ᠲᠤᠰᠠ ᠲᠠᠢ ᠠᠵᠢᠯ ᠪᠤᠯᠵᠠᠢ᠃        ᠵᠢᠷᠭᠤᠭ᠎ᠠ᠂ ᠭᠥᠴᠥᠨᠳᠡᠭᠦᠰ ᠨᠥᠭᠦᠷ ᠠᠴᠠ ᠥᠪᠥᠷ ᠮᠤᠩᠭᠤᠯ ᠤᠷᠤᠨ ᠳᠤ ᠤᠢᠢᠷ᠎ᠡ ᠶᠢᠨ ᠭᠡᠳᠥᠨ ᠵᠢᠯ ᠤᠨ ᠲᠤᠷᠰᠢ ᠶᠠᠪᠤᠭᠳᠠᠭᠰᠠᠨ ᠲᠤᠮᠤ ᠲᠤᠮᠤ ᠭᠡᠪᠴᠢᠶᠡᠨ ᠤ ᠮᠤᠩᠭᠤᠯ ᠰᠢᠳᠠᠷ᠎ᠡ ᠶᠢᠨ ᠤᠷᠤᠯᠳᠤᠭᠠᠨ ᠤ ᠰᠢᠯᠢᠳᠡᠭ ᠲᠡᠮᠳᠡᠭᠯᠡᠯ ᠤᠳ ᠢ ᠤᠯᠠᠨ ᠠᠷᠭ᠎ᠠ ᠵᠠᠮ ᠢᠶᠠᠷ ᠴᠤᠭᠯᠠᠭᠤᠯᠤᠨ ᠡᠮᠭᠢᠳᠭᠡᠵᠤ᠂ ᠲᠡᠳᠡᠭᠡᠷ ᠢᠶᠠᠨ ᠵᠠᠳᠠᠯᠤᠨ ᠰᠤᠳᠤᠯᠬᠤ ᠳᠤ ᠪᠠᠨ ᠥᠪᠥᠷ ᠮᠤᠩᠭᠤᠯ ᠤᠨ ᠰᠢᠳᠠᠷ᠎ᠡ ᠶᠢᠨ ᠲᠠᠪᠴᠠᠩ ᠳᠤ ᠲᠡᠷᠢᠭᠦᠨ ᠡᠩᠨᠡᠭᠡᠨ ᠳᠤ ᠪᠠᠶᠢᠷᠢᠯᠠᠵᠤ ᠪᠠᠶᠢᠭ᠎ᠠ ᠠᠯᠳᠠᠷᠳᠤ ᠰᠢᠳᠠᠷᠠᠴᠢᠳ ᠠᠴᠠ ᠪᠠᠨ ᠵᠥᠪᠯᠡᠯᠭᠡ ᠠᠪᠤᠭᠰᠠᠨ ᠢᠶᠠᠷ ᠪᠠᠷᠠᠬᠤ ᠥᠭᠡᠢ ︽ᠲᠡᠯᠡᠭᠡᠢ ᠶᠢᠨ ᠰᠢᠳᠠᠷ᠎ᠡ ᠶᠢᠨ ᠭᠠᠷᠤᠭ᠎ᠠ ᠶᠢᠨ ᠪᠥᠷᠢᠨ ᠲᠤᠯᠢ ᠪᠢᠴᠢᠭ︾᠎ ᠢᠶᠠᠷ ᠭᠢᠨᠠᠯᠳᠠ ᠪᠤᠯᠭᠠᠨ ᠮᠤᠩᠭᠤᠯ ᠰᠢᠳᠠᠷ᠎ᠡ ᠶᠢᠨ ᠭᠠᠷᠤᠭ᠎ᠠ ᠶᠢ ᠠᠩᠬ᠎ᠠ ᠠᠯᠬᠤᠮ ᠰᠢᠰᠲ᠋ᠧᠮᠵᠢᠭᠦᠯᠪᠡ᠃ ᠡᠨᠡ ᠪᠤᠯ ᠰᠢᠳᠠᠷ᠎ᠡ ᠶᠢᠨ ᠵᠢᠭᠠᠨ ᠰᠤᠷᠭᠠᠯᠳᠠ ᠲᠡᠳᠥᠢ ᠥᠭᠡᠢ ᠪᠥᠭᠦ᠋ᠢᠯᠡ ᠮᠤᠩᠭᠤᠯ ᠰᠢᠳᠠᠷ᠎ᠡ ᠶᠢᠨ ᠥᠢᠯᠡᠰ ᠲᠤ ᠡᠷᠭᠦᠭᠰᠡᠨ ᠬᠠᠷᠠᠮ ᠥᠭᠡᠢ ᠰᠢᠳᠤᠷᠭᠤ ᠬᠠᠨᠳᠢᠪ ᠪᠠᠶᠢᠨᠠᠮ᠃        ᠲᠤᠯᠤᠭ᠎ᠠ᠂ ᠮᠤᠩᠭᠤᠯ ᠠᠷᠠᠳ ᠤᠨ ᠥᠭᠡᠨ ᠳᠤ ᠡᠮᠥᠨ᠎ᠡ ᠭᠠᠷᠤᠭᠰᠠᠨ ᠴᠢᠭᠢᠨ ᠠᠴᠠ ᠬᠤᠶᠢᠨ᠎ᠡ ᠭᠠᠷᠤᠭᠰᠠᠨ ᠡᠪᠡᠷ ᠬᠠᠳᠠᠭᠤ ᠭᠡᠭᠴᠢ ᠪᠠᠷ᠂ ᠭᠥᠴᠥᠨᠳᠡᠭᠦᠰ ᠤᠨ ᠨᠤᠮ ᠨᠢ ᠡᠮᠥᠨ᠎ᠡ ᠭᠠᠷᠤᠭᠰᠠᠨ ᠪᠥᠭᠦ ᠨᠤᠮ ᠠᠴᠠ ᠰᠤᠩᠭᠤᠳᠠᠭ ᠵᠥᠢᠯᠡᠰ ᠢ ᠰᠢᠩᠭᠡᠭᠡᠨ ᠠᠪᠤᠭᠰᠠᠨ ᠢᠶᠠᠷ ᠪᠠᠷᠠᠬᠤ ᠥᠭᠡᠢ᠂ ᠥᠪᠡᠷ ᠤᠨ ᠢᠶᠠᠨ ᠰᠢᠳᠠᠷ᠎ᠡ ᠶᠢᠨ ᠰᠢᠨᠵᠢᠯᠡᠭᠡᠨ ᠮᠠᠲ᠋ᠧᠷᠢᠶᠠᠯ ᠳᠤ ᠪᠠᠨ ᠲᠥᠰᠢᠭᠯᠡᠵᠤ᠂ ᠵᠢᠭᠠᠨ ᠰᠤᠷᠭᠠᠬᠤ ᠲᠤᠷᠰᠢᠯᠭ᠎ᠠ ᠪᠠᠨ ᠳ᠋ᠦᠡᠭᠨᠡᠨ ᠬᠠᠮᠤᠭ ᠤᠨ ᠪᠥᠷᠢᠨ ᠲᠡᠭᠦᠯᠳᠡᠷ ᠰᠢᠳᠠᠷ᠎ᠡ ᠶᠢᠨ ᠲᠤᠬᠠᠢ ᠰᠤᠷᠬᠤ ᠪᠢᠴᠢᠭ ᠢ ᠨᠠᠶᠢᠷᠠᠭᠤᠯᠤᠨ ᠪᠢᠴᠢᠭᠰᠡᠨ ᠢᠶᠠᠷ ᠢᠶᠠᠨ ᠮᠤᠩᠭᠤᠯ ᠰᠢᠳᠠᠷ᠎ᠡ ᠶᠢᠨ ᠵᠢᠭᠠᠨ ᠰᠤᠷᠭᠠᠯᠳᠠ ᠪᠤᠯᠤᠨ ᠬᠤᠵᠢᠮ ᠤᠨ ᠭᠥᠮᠥᠰ ᠤᠨ ᠭᠢᠨᠠᠨ ᠯᠠᠪᠯᠠᠬᠤ ᠳᠤ ᠬᠠᠮᠤᠭ ᠤᠨ ᠨᠠᠶᠢᠳᠠᠪᠤᠷᠢ ᠲᠠᠢ ᠭᠠᠷ ᠠᠪᠤᠯᠭ᠎ᠠ ᠪᠤᠯᠬᠤ ᠶᠢ ᠪᠠᠳᠤ ᠢᠳᠡᠭᠡᠵᠤ ᠪᠠᠶᠢᠨ᠎ᠡ᠃        ᠨᠠᠢᠮᠠ᠂ ᠥᠨᠥᠳᠥᠷ ᠪᠢᠳᠡ ᠥᠪᠡᠷ ᠢᠶᠠᠨ ᠭᠢᠭᠦ ᠥᠭᠡᠢ᠂ ᠭᠥᠮᠥᠨ ᠤ ᠭᠢᠭᠰᠡᠨ ᠢ ᠲᠤᠭᠤᠬᠤ ᠥᠭᠡᠢ᠂ ᠬᠤᠳᠠᠯ ᠥᠨᠡᠨ ᠤ ᠬᠤᠭᠤᠷᠤᠨᠳᠤ ᠶᠠᠩᠰᠢᠵᠤ ᠰᠠᠭᠤᠬᠤ ᠶᠢᠨ ᠤᠷᠤᠨ ᠳᠤ ᠭᠥᠴᠥᠨᠳᠡᠭᠦᠰ ᠰᠢᠭ ᠭᠠᠷ ᠪᠠᠶ᠎ᠡ᠂ ᠰᠡᠳᠭᠢᠯ ᠵᠢᠳᠭᠦᠯ ᠭᠠᠷᠭᠠᠨ ᠤᠷᠤᠯᠴᠠᠪᠠᠰᠤ ᠪᠠᠶᠢᠬᠤ ᠥᠭᠡᠢ ᠠᠴᠠ ᠪᠠᠶᠢᠬᠤ ᠪᠤᠯᠵᠤ᠂ ᠲᠤᠨᠳᠠᠭᠤᠷ ᠠᠴᠠ ᠲᠥᠭᠦᠷᠡᠩ ᠪᠤᠯᠵᠤ᠂ ᠲᠤᠯᠢᠮᠠᠭ ᠠᠴᠠ ᠲᠡᠭᠦᠰ ᠪᠤᠯᠵᠤ ᠮᠤᠩᠭᠤᠯ ᠤᠨ ᠰᠤᠶᠤᠯ ᠮᠠᠨᠳᠤᠨ ᠪᠠᠳᠠᠷᠠᠬᠤ ᠶᠢ ᠪᠠᠳᠤ ᠢᠳᠡᠭᠡᠵᠤ᠂ ᠡᠨᠡ ᠭᠦ ᠵᠢᠵᠢᠭ ᠥᠴᠢᠯ ᠢ ᠤᠷᠤᠰᠢᠯ ᠪᠤᠯᠭᠠᠨ ᠡᠷᠭᠦᠪᠡᠢ᠃        ᠨᠤᠮ ᠤᠨ ᠴᠠᠭᠠᠨ ᠪᠤᠶᠠᠨ ᠲᠡᠯᠭᠡᠷᠡᠭᠦ ᠪᠤᠯᠳᠤᠭᠠᠢ︕                   ᠮᠤᠩᠭᠤᠯ ᠤᠯᠤᠰ ᠤᠨ ᠰᠢᠨᠵᠢᠯᠡᠭᠦ ᠤᠬᠠᠭᠠᠨ ᠤ ᠠᠺᠠᠳᠧᠮᠢ ᠶᠢᠨ ᠲᠡᠤᠭᠡ                   ᠠᠷᠭᠢᠤᠯᠤᠭᠢ ᠶᠢᠨ ᠭᠥᠷᠢᠶᠡᠯᠡᠩ᠂ ᠲᠣᠮᠳᠠᠳᠣ ᠵᠠᠭᠤᠨ ᠤ ᠥᠶ᠎ᠡ ᠶᠢᠨ                   ᠮᠤᠩᠭᠤᠯ  ᠲᠡᠤᠭᠡ ᠎ ᠶᠢᠨ  ᠰᠠᠯᠪᠤᠷᠢ  ᠶᠢᠨ  ᠡᠷᠳᠡᠮ ᠰᠢᠨᠵᠢᠯᠡᠭᠡᠨ ᠤ                   ᠲᠡᠷᠢᠭᠦᠯᠡᠭᠦ  ᠠᠵᠢᠯᠳᠠᠨ᠂  ᠳ᠋ᠤᠺᠲ᠋ᠤᠷ᠂  ᠫᠷᠤᠹᠧᠰᠰᠤᠷ                                  ᠪᠤᠷᠵᠢᠭᠢᠨ ᠤᠪᠤᠭᠳᠤ  ᠠ᠊ · ᠫᠤᠩᠰᠤᠭ                                                  2018.2.28 
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号