ᠮᠣᠩᠭᠤᠯ ᠦᠰᠦᠭ ᠢᠶᠠᠷ ᠢᠶᠠᠨ ᠭᠤᠶᠤᠵᠤ ᠶᠠᠪᠤᠶ᠎ᠠ
ᠨᠡᠶᠢᠲᠡᠯᠡᠭᠰᠡᠨ ᠴᠠᠭ᠄
2019/12/6
                                  ——  ᠲᠸ᠊᠂ ᠨᠠᠮᠤᠭᠤᠬᠠᠨ         ᠶᠢᠷᠲᠢᠨᠴᠣ ᠳᠡᠭᠡᠷ᠎ᠡ ᠬᠡᠨ ᠴᠣ᠋ ᠪᠤᠯᠤᠭ ᠨᠢᠭᠡᠨ ᠦᠨᠳᠦᠰᠦᠳᠡᠨ ᠣᠭᠰᠠᠭᠠᠳᠠᠨ ᠳᠤ ᠬᠠᠷᠢᠶᠠᠯᠠᠭᠳᠠᠳᠠᠭ ᠶᠤᠮ ᠃ ᠶᠠᠮᠠᠷᠪᠠ ᠬᠦᠮᠦᠨ ᠡᠬᠦᠨ ᠠᠴᠠ ᠭᠠᠳᠠᠭᠤᠷ ᠣᠷᠣᠰᠢᠵᠤ ᠴᠢᠳᠠᠬᠤ ᠦᠭᠡᠢ ᠨᠢ ᠦᠨᠡᠨ᠃ ᠦᠨᠳᠦᠰᠦᠳᠡᠨ ᠨᠢ ᠨᠢᠬᠡᠨ ᠬᠠᠮᠳᠣ ᠶᠢᠨ ᠴᠤᠭᠴᠠ ᠪᠤᠯᠤᠭᠰᠠᠨ ᠤ ᠬᠤᠪᠢ ᠳᠤ ᠬᠤᠭᠤᠷᠤᠨᠳᠣ ᠪᠠᠨ ᠬᠠᠷᠢᠴᠠᠭ᠎ᠠ ᠬᠤᠯᠪᠤᠭ᠎ᠠ ᠭᠠᠷᠬᠤ ᠳᠤ ᠪᠠᠨ ᠶᠠᠭᠤᠨ ᠤ ᠣᠷᠢᠳ ᠦᠭᠡ ᠬᠡᠯᠡ ᠪᠠᠷ ᠨᠡᠪᠳᠡᠷᠡᠵᠦ ᠳᠣᠲᠤᠭᠠᠳᠣ ᠰᠡᠳᠬᠢᠯᠭᠡ ᠪᠠᠨ ᠢᠯᠡᠳᠬᠡᠳᠡᠭ᠃ ᠡᠬᠦᠨ ᠠᠴᠠ ᠦᠵᠡᠵᠦ ᠭᠠᠷᠬᠤ ᠨᠢ ᠦᠭᠡ ᠬᠡᠯᠡ ᠪᠤᠯ ᠨᠢᠭᠡᠨ ᠦᠨᠳᠦᠰᠦᠳᠡᠨ ᠪᠦᠷᠢᠯᠳᠦᠬᠦ ᠶᠢᠨ ᠴᠢᠬᠤᠯᠠ ᠨᠦᠬᠦᠴᠡᠯ ᠪᠦᠭᠡᠳ ᠲᠡᠭᠦᠨ ᠤ ᠬᠠᠮᠤᠭ ᠤᠨ ᠳᠣᠪᠤᠶᠢᠭᠰᠠᠨ ᠤᠨᠴᠠᠯᠢᠭ ᠪᠤᠯᠬᠤ ᠨᠢ ᠶᠠᠷᠢᠶᠠᠨ ᠦᠭᠡᠢ᠃ ᠳᠠᠬᠢᠪᠠᠯ ᠮᠤᠩᠭᠤᠯ ᠦᠰᠦᠭ ᠨᠢ ᠳᠡᠯᠡᠬᠡᠢ ᠳᠡᠭᠡᠷᠡᠬᠢ ᠴᠣᠷ ᠤᠨ ᠭᠠᠭᠴᠠ ᠪᠤᠰᠤᠭ᠎ᠠ ᠬᠡᠯᠪᠡᠷᠢ ᠲᠠᠢ ᠬᠡᠶᠢᠮᠦᠷᠯᠢᠭ ᠦᠰᠦᠭ ᠪᠠᠶᠢᠵᠤ᠂ ᠦᠭᠡᠰ ᠤᠨ ᠰᠠᠩ  ᠨᠢ ᠪᠠᠶᠠᠯᠢᠭ᠂ ᠬᠡᠯᠡ ᠶᠠᠷᠢᠶ᠎ᠠ ᠨᠢ ᠢᠷᠠᠭᠤ ᠰᠣᠨᠣᠰᠬᠤᠯᠠᠩ᠂ ᠳᠦᠷᠰᠦ ᠬᠡᠯᠪᠡᠷᠢ ᠨᠢ ᠮᠣᠩᠭᠤᠯ ᠬᠦᠮᠦᠨ ᠣᠷᠲᠤ ᠬᠤᠷᠮᠤᠢ ᠲᠠᠢ ᠳᠡᠪᠡᠯ ᠢᠶᠠᠨ ᠡᠮᠦᠰᠴᠣ ᠬᠡᠭᠡᠮᠰᠦᠭ ᠠᠯᠬᠤᠨ ᠪᠠᠶᠢᠭ᠎ᠠ ᠪᠤᠶᠤ ᠡᠰᠡᠭᠦᠯ᠎ᠡ ᠮᠣᠷᠢ ᠤᠨᠤᠨ ᠳᠣᠪᠳᠣᠯᠵᠤ ᠪᠠᠶᠢᠭ᠎ᠠ ᠬᠦᠮᠦᠨ ᠤ ᠰᠣᠨᠢᠨ ᠬᠠᠴᠢᠨ ᠦᠵᠡᠭᠳᠡᠯ ᠢ ᠬᠠᠷᠠᠭᠳᠠᠭᠤᠯᠵᠤ᠂ ᠦᠰᠦᠭ ᠪᠢᠴᠢᠭ ᠨᠢ ᠠᠮᠢᠳᠣ ᠬᠦᠳᠡᠯᠭᠡᠭᠡᠨ  ᠲᠠᠢ ᠬᠡᠮᠡᠷ ᠰᠠᠨᠠᠭᠳᠠᠭᠤᠯᠳᠠᠭ ᠪᠠᠶᠢᠯ᠎ᠠ᠃          ᠭᠡᠪᠡᠴᠦ ᠦᠨᠦᠳᠦᠷ ᠪᠢ ᠠᠳᠡ ᠮᠣᠩᠭᠤᠯ ᠦᠭᠡ ᠬᠡᠯᠡ ᠦᠰᠦᠭ ᠪᠢᠴᠢᠭ ᠤᠨ ᠢᠶᠠᠨ ᠬᠡᠳᠦᠶᠢᠳᠦᠭᠰᠡᠨ᠂ ᠰᠢᠯᠢᠳᠡᠭ ᠢ ᠨᠢ ᠮᠠᠭᠳᠠᠬᠤ ᠳᠡᠳᠦᠢ ᠪᠢᠰᠢ᠂ ᠬᠠᠷᠢᠨ ᠮᠣᠩᠭᠤᠯ ᠬᠡᠯᠡ ᠦᠰᠦᠭ ᠤᠨ ᠢᠶᠠᠨ ᠦᠨᠦᠳᠦᠷ ᠤᠨ ᠪᠠᠶᠢᠳᠠᠯ  ᠳᠤ ᠬᠡᠰᠡᠭ ᠶᠠᠭᠤᠮ᠎ᠠ ᠬᠡᠯᠡᠬᠦ ᠪᠠᠷ ᠪᠤᠯᠤᠯ᠎ᠠ᠃          ᠮᠢᠨᠤ ᠡᠭᠡᠴᠢ ᠨᠢᠭᠡ ᠪᠠᠭ᠎ᠠ ᠰᠣᠷᠭᠠᠭᠤᠯᠢ ᠶᠢᠨ ᠰᠣᠷᠬᠤ ᠠᠴᠠ ᠡᠮᠦᠨᠡᠬᠢ ᠠᠩᠬᠢ ᠳᠤ ᠬᠢᠴᠢᠶᠡᠯᠯᠡᠳᠡᠭ ᠪᠢᠯᠡ᠃ ᠡᠭᠡᠴᠢ ᠮᠢᠨᠢ ᠨᠠᠳᠠ ᠳᠤ᠄ ︽ᠪᠢ ᠮᠣᠩᠭᠤᠯ ᠬᠡᠦᠬᠡᠳ ᠲᠤ ᠮᠣᠩᠭᠤᠯ ᠦᠭᠡ ᠵᠢᠭᠠᠵᠤ ᠪᠤᠢ︾ ᠭᠡᠬᠦ ᠶᠤᠮ᠃ ᠠᠰᠠᠭᠤᠬᠤ ᠳᠤ ᠮᠣᠩᠭᠤᠯ ᠬᠡᠯᠡᠨ ᠤ ᠬᠢᠴᠢᠶᠡᠯ ᠵᠢᠭᠠᠬᠤ ᠨᠢ ᠬᠢᠲᠠᠳ ᠬᠡᠯᠡᠨ ᠤ ᠬᠢᠴᠢᠶᠡᠯ ᠵᠢᠭᠠᠬᠤ ᠠᠴᠠ ᠬᠤᠯᠠ ᠬᠦᠴᠢᠷ ᠶᠤᠮ ᠭᠡᠨ᠎ᠡ᠂ ᠤᠴᠢᠷ ᠨᠢ ᠡᠳᠦᠷ ᠳᠣᠲᠤᠮ ᠤᠨ ᠦᠭᠡ ᠶᠢ ᠲᠡᠳᠡ ᠴᠢᠨᠢ ᠪᠦᠷ ᠬᠢᠲᠠᠳ ᠢᠶᠠᠷ ᠶᠠᠷᠢᠴᠢᠬᠠᠨ᠎ᠠ᠃ ᠬᠠᠷᠢᠨ ᠮᠣᠩᠭᠤᠯ ᠬᠡᠯᠡ ᠪᠤᠯ ᠠᠳᠠᠯᠢ ᠦᠭᠡᠢ᠃ ︽ᠠ︾ ᠠᠴᠠ ᠡᠬᠢᠯᠡᠨ ᠵᠢᠭᠠᠬᠤ ᠳᠤ ᠪᠠᠨ ︽ᠠᠯᠮᠤᠷᠠᠳ ᠤᠨ ᠠ ︾ ᠭᠡᠬᠦᠯᠡᠷ ᠬᠡᠦᠬᠡᠳ ᠤᠳ ᠬᠠᠷᠢᠨ ᠦᠯᠦ ᠤᠶᠢᠯᠠᠭᠠᠬᠤ ᠨᠢᠳᠣ ᠪᠠᠷ ︽ᠠᠯᠮᠤᠷᠠᠳ ᠨᠢ ᠶᠠᠭᠤ ᠪᠤᠢ︖ ᠡᠨᠡ ᠴᠢᠨᠢ ᠫᠢᠩ ᠬᠦᠸᠧ ᠪᠠᠶᠢᠨ᠎ᠠ︾ ᠬᠡᠳ ᠢᠨᠢᠶᠡᠵᠡᠭᠡᠳᠡᠭ ᠭᠡᠨ᠎ᠡ᠃ ᠪᠠᠰᠠ ᠵᠠᠷᠢᠮ ᠨᠢ ︽ᠡᠮᠡᠭᠳᠡᠢ ᠲᠡᠮᠡᠭᠡ ᠶᠢ ᠶᠠᠭᠤ ᠭᠡᠵᠦ ᠬᠡᠯᠡᠳᠡᠭ ᠪᠤᠢ︖︾᠂ ︽ᠲᠡᠮᠡᠭᠡᠨ ᠤ ᠬᠠᠮᠠᠷ ᠳᠡᠭᠡᠷ᠎ᠡ ᠬᠠᠳᠬᠤᠳᠠᠭ ᠲᠡᠷᠡ ᠮᠤᠳᠤ ᠶᠢ ᠶᠠᠭᠤ ᠭᠡᠳᠡᠭ ᠪᠤᠢ︖︾ ᠭᠡᠬᠦ ᠮᠡᠲᠦ ᠶᠢᠨ ᠡᠯᠳᠡᠪ ᠤᠨ ᠠᠰᠠᠭᠤᠯᠳᠠ ᠭᠠᠷᠭᠠᠨ᠎ᠠ᠃ ᠡᠬᠦᠨ ᠢ ᠰᠣᠨᠣᠰᠣᠭᠠᠳ ᠢᠨᠢᠶᠡᠬᠦ ᠴᠣ᠋ ᠪᠢᠰᠢ᠂ ᠠᠭᠤᠷᠯᠠᠬᠤ ᠴᠣ᠋ ᠪᠢᠰᠢ᠂ ᠬᠠᠷᠢᠨ ᠭᠤᠳᠣᠷᠠᠬᠤ ᠰᠢᠭ᠋ ᠪᠤᠯᠤᠭᠰᠠᠨ ᠶᠤᠮ᠃ ᠲᠡᠶᠢᠮᠦ ᠰᠢᠤ︕ ᠲᠡᠷᠡ ᠬᠦ ᠪᠢᠳᠡᠨ ᠤ ᠤᠮᠤᠭᠰᠢᠭᠠᠳ ᠯᠠ ᠪᠠᠶᠢᠳᠠᠭ ᠪᠤᠰᠤᠭ᠎ᠠ ᠮᠣᠩᠭᠤᠯ ᠬᠡᠯᠡ ᠮᠢᠨᠢ ᠮᠣᠳᠣ ᠲᠠᠢ ᠠᠳᠠᠯᠢ ᠳᠠᠭᠠᠷᠢᠭᠳᠠᠵᠤ᠂ ᠰᠢᠳᠣ ᠲᠠᠢ ᠠᠳᠠᠯᠢ ᠣᠨᠠᠵᠤ ᠯᠠ ᠪᠠᠶᠢᠨ᠎ᠠ᠃ ᠠᠴᠤᠭ ᠠᠷᠠᠭ᠎ᠠ ᠨᠢ ᠠᠯᠳᠠᠭᠳᠠᠵᠤ ᠪᠠᠶᠢᠨ᠎ᠠ᠃ ᠡᠪᠡᠷ ᠬᠡᠵᠢᠭᠡ ᠠᠴᠠ ᠪᠠᠨ ᠡᠪᠳᠡᠷᠡᠵᠦ ᠪᠠᠶᠢᠨ᠎ᠠ᠃ ᠭᠡᠳᠡᠰᠦ ᠰᠡᠭᠦᠯ ᠠᠴᠠ ᠪᠠᠨ ᠭᠡᠭᠡᠭᠳᠡᠵᠦ ᠪᠠᠶᠢᠨ᠎ᠠ᠃          ᠨᠢᠭᠡᠨ ᠦᠨᠳᠦᠰᠦᠳᠡᠨ ᠤ ᠮᠠᠨᠳᠣᠵᠤ ᠪᠠᠭᠤᠷᠠᠬᠤ ᠨᠢ ᠲᠤᠰ ᠦᠨᠳᠦᠰᠦᠳᠡᠨ ᠤ ᠦᠭᠡ ᠬᠡᠯᠡ ᠦᠰᠦᠭ ᠪᠢᠴᠢᠭ ᠲᠠᠢ ᠨᠢᠭᠳᠠ ᠬᠤᠯᠪᠤᠭ᠎ᠠ ᠲᠠᠢ ᠭᠡᠳᠡᠭ ᠢ ᠣᠰᠠᠳᠣᠭᠰᠠᠨ ᠮᠠᠨᠵᠤ ᠦᠨᠳᠦᠰᠦᠳᠡᠨ ᠬᠢᠭᠡᠳ ᠮᠠᠨᠳᠣᠭᠰᠠᠨ ᠢᠪᠡᠷᠡᠶᠢᠴᠦᠳ ᠤᠨ ᠲᠡᠦᠬᠡ ᠶᠢ ᠣᠷᠪᠠᠭᠤᠯᠪᠠᠯ ᠮᠡᠳᠡᠨ᠎ᠡ᠃          ᠡᠬᠡ ᠬᠡᠯᠡ — ᠪᠢᠳᠡᠨ ᠤ ᠰᠡᠳᠬᠢᠯ ᠤᠨ ᠪᠠᠭ᠋ᠠᠷᠬᠠᠯ᠂ ᠵᠢᠪᠬᠤᠯᠠᠩᠳᠣ ᠠᠶᠠᠯᠭᠤ          ᠡᠬᠡ ᠬᠡᠯᠡ — ᠪᠢᠳᠡᠨ ᠤ ᠮᠦᠩᠬᠡ ᠶᠢᠨ ᠷᠠᠰᠢᠶᠠᠨ᠂ ᠬᠠᠶᠢᠷ᠎ᠠ ᠶᠢᠨ ᠠᠶᠠᠯᠭᠤ          ᠡᠬᠡ ᠬᠡᠯᠡ — ᠪᠠᠭᠰᠢ ᠰᠣᠷᠣᠭᠴᠢ ᠶᠢᠨ ᠮᠢᠨᠢ ᠰᠡᠳᠬᠢᠯ ᠠᠴᠠ ᠣᠨᠳᠣᠷᠴᠣ᠂ ᠬᠠᠷᠠᠴᠠ ᠶᠢ ᠬᠡᠷᠡᠯᠳᠦᠬᠦᠯᠬᠦ ᠢᠳᠡᠭᠡᠯ          ᠡᠬᠡ ᠬᠡᠯᠡ — ᠡᠪᠦᠭᠡᠳ ᠠᠴᠠ ᠮᠢᠨᠢ᠂ ᠠᠪᠤ ᠡᠵᠢ ᠶᠢᠨ ᠮᠢᠨᠢ ᠣᠯᠠᠮᠵᠢᠯᠠᠭᠳᠠᠭᠰᠠᠨ ᠦᠪ ᠰᠣᠶᠣᠯ          ᠡᠬᠡ ᠬᠡᠯᠡ — ᠦᠨᠦᠳᠦᠷ ᠪᠢᠳᠡᠨ ᠢ ᠠᠳᠡ ᠴᠤᠭᠯᠠᠭᠤᠯᠤᠭᠰᠠᠨ ᠡᠯᠴᠢᠨ ᠰᠠᠶᠢᠳ ︽ᠲᠦᠷᠦᠯᠬᠢ ᠬᠡᠯᠡ ᠪᠠᠶᠢᠭᠠᠳ ᠬᠡᠯᠡᠵᠦ ᠴᠢᠳᠠᠬᠤ ᠦᠭᠡᠢ ᠬᠦᠮᠦᠨ ᠪᠤᠯ ᠬᠦᠮᠦᠨ ᠪᠤᠯᠵᠤ ᠲᠦᠷᠦᠬᠡᠳ ᠡᠬᠡ ᠪᠠᠨ ᠲᠠᠨᠢᠬᠤ ᠦᠭᠡᠢ ᠯᠦᠭᠡ ᠠᠳᠠᠯᠢ᠂ ᠲᠦᠷᠦᠯᠬᠢ ᠦᠰᠦᠭ ᠪᠢᠴᠢᠭ ᠢᠶᠠᠨ ᠲᠠᠨᠢᠬᠤ ᠦᠭᠡᠢ ᠬᠦᠮᠦᠨ ᠪᠤᠯ ᠠᠪᠤ ᠪᠠᠨ ᠲᠠᠨᠢᠬᠤ ᠦᠭᠡᠢ ᠦᠨᠦᠴᠢᠨ ᠬᠦᠪᠡᠭᠦᠨ ᠠᠳᠠᠯᠢ︾ ᠭᠡᠬᠦ ᠨᠢᠭᠡᠨ ᠠᠭᠤᠤ ᠬᠦᠮᠦᠨ ᠠᠭᠸᠠᠩᠳᠠᠨᠳᠠᠷ ᠪᠠᠭᠰᠢ ᠶᠢᠨ ᠰᠣᠷᠭᠠᠯ ᠢ ᠦᠷᠦᠴᠡ ᠵᠢᠷᠦᠬᠡᠨ ᠳᠤ ᠦᠨᠢᠳᠡ ᠬᠠᠳᠠᠩᠰᠢᠭᠤᠯᠵᠤ ᠶᠠᠪᠤᠶ᠎ᠠ︕          ᠮᠣᠩᠭᠤᠯ ᠮᠢᠨᠢ ᠡᠭᠦᠷᠢᠳᠡ ᠮᠣᠩᠭᠤᠯ ᠢᠶᠠᠷ ᠢᠶᠠᠨ ᠪᠠᠶᠢᠭᠠᠰᠠᠢ︕          ᠪᠢᠳᠡ ᠮᠤᠩᠭᠤᠯ ᠦᠰᠦᠭ ᠢᠶᠠᠨ ᠵᠦᠪ ᠪᠢᠴᠢᠶ᠎ᠡ᠂ ᠵᠦᠪ ᠣᠩᠰᠢᠶ᠎ᠡ︕          ᠪᠢᠳᠡ ᠮᠣᠩᠭᠤᠯ ᠬᠡᠯᠡ ᠪᠠᠨ ᠴᠡᠪᠡᠷ ᠶᠠᠷᠢᠶ᠎ᠠ᠂ ᠢᠯᠭᠤᠮ ᠶᠠᠷᠢᠶ᠎ᠠ︕          ᠪᠢᠳᠡ ᠮᠣᠩᠭᠤᠯ ᠬᠦᠮᠦᠨ ᠪᠤᠯᠤᠭᠰᠠᠨ ᠤ ᠬᠤᠪᠢ ᠳᠤ ᠮᠣᠩᠭᠤᠯ ᠢᠶᠠᠷ ᠶᠠᠷᠢᠬᠤ ᠪᠤᠯ ᠮᠠᠨ ᠤ ᠳᠠᠷᠬᠠᠨ ᠡᠬᠦᠷᠭᠡ ᠮᠦᠨ᠃ ᠭᠡᠳᠡᠯ᠎ᠡ ᠴᠠᠭ ᠦᠶ᠎ᠡ ᠶᠢᠨ ᠬᠤᠪᠢᠰᠣᠯᠳᠠ ᠪᠠ ᠠᠮᠢᠳᠣᠷᠠᠯ ᠤᠨ ᠣᠷᠴᠢᠨ ᠠᠬᠤᠢ ᠬᠤᠳᠠᠵᠢᠵᠤ ᠪᠠᠶᠢᠭ᠎ᠠ ᠦᠨᠦᠳᠦᠷ ᠮᠣᠩᠭᠤᠯ ᠢᠶᠠᠷ ᠶᠠᠷᠢᠬᠤ ᠦᠭᠡᠢ ᠪᠤᠶᠤ ᠬᠤᠯᠢᠮᠠᠭ ᠶᠠᠷᠢᠬᠤ ᠦᠵᠡᠭᠳᠡᠯ ᠨᠡᠯᠢᠶᠡᠳ ᠬᠠᠷᠠᠭᠳᠠᠵᠤ ᠪᠠᠶᠢᠨ᠎ᠠ᠃ ᠪᠢᠳᠡ ᠮᠣᠩᠭᠤᠯ ᠠᠮᠢᠳᠣᠷᠠᠯ ᠠᠴᠠ ᠶᠠᠪᠤᠬᠤ ᠳᠣᠲᠤᠮ ᠬᠤᠯᠠᠳᠴᠣ ᠪᠤᠢ᠂ ᠮᠣᠩᠭᠤᠯ ᠠᠮᠢᠳᠣᠷᠠᠯ ᠠᠴᠠ  ᠪᠠᠨ ᠬᠤᠯᠠᠳᠴᠣ ᠮᠣᠩᠭᠤᠯ ᠦᠰᠦᠭ ᠪᠢᠴᠢᠭ ᠠᠴᠠ ᠪᠠᠨ ᠬᠤᠯᠠᠳᠠᠭᠰᠠᠨ ᠴᠠᠭ ᠲᠤ ᠪᠢᠳᠡ ᠬᠠᠮᠤᠭ ᠠᠴᠠ ᠶᠠᠳᠠᠭᠤ ᠬᠦᠮᠦᠨ ᠪᠤᠯᠵᠤ ᠬᠤᠴᠤᠷᠬᠤ ᠨᠢ ᠳᠠᠮᠵᠢᠭ ᠦᠭᠡᠢ᠃          ᠪᠢᠳᠡᠨ ᠳᠤ ᠠᠪᠳᠠᠷ᠎ᠠ ᠳᠦᠭᠦᠷᠡᠩ ᠠᠯᠳᠠ ᠮᠦᠩᠬᠦ᠂ ᠬᠤᠷᠭᠤ ᠳᠦᠭᠦᠷᠡᠩ ᠬᠤᠷᠭᠤᠢ ᠲᠤᠷᠭ᠎ᠠ ᠪᠠᠶᠢᠭᠠᠳ ᠶᠠᠮᠠᠷ ᠬᠡᠷᠡᠭ ᠪᠠᠶᠢᠬᠤ ᠪᠤᠢ᠂ ᠬᠠᠮᠤᠭ ᠤᠨ ᠶᠡᠭᠡ ᠬᠠᠳᠠᠭᠠᠯᠠᠮᠵᠢ ᠪᠠ ᠬᠦᠷᠦᠩᠭᠡ ᠪᠤᠯ ᠡᠬᠡ ᠬᠡᠯᠡ ᠡᠷᠳᠡᠨᠢ ᠶᠢᠨ ᠰᠣᠶᠣᠯ ᠶᠤᠮ ᠰᠢᠤ︕ ᠪᠢᠳᠡ ᠡᠬᠡ ᠬᠡᠯᠡ ᠪᠠᠨ ᠤᠷᠤᠰᠤᠮ᠎ᠠ ᠢᠯᠭᠤᠮ ᠬᠡᠯᠡᠵᠦ᠂ ᠦᠪᠡᠷ ᠤᠨ ᠦᠰᠦᠭ ᠢᠶᠠᠨ ᠪᠦᠷᠢᠨ ᠵᠦᠪ ᠪᠢᠴᠢᠵᠦ ᠴᠢᠳᠠᠵᠤ ᠪᠠᠶᠢᠪᠠᠯ ᠪᠢᠳᠡ ᠴᠢᠨᠢ ᠦᠨᠡᠨ ᠬᠦ ᠤᠮᠤᠭᠰᠢᠴᠢᠬᠠᠮᠠᠷ ᠪᠤᠰᠤᠭ᠎ᠠ ᠮᠣᠩᠭᠤᠯ ᠶᠣᠮ ᠰᠢᠤ︕                            ᠵᠢᠯᠤᠭᠤᠳᠤᠭᠰᠠᠨ ᠪᠠᠭᠰᠢ᠄ ᠨᠠᠬᠢᠶ᠎ᠠ
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号